ᠱᠠᠭᠱᠤᠤᠷᠭᠠᠨᠠШагшуургана

ᠱᠠᠭᠱᠤᠤᠷᠭᠠᠨᠠ
ᠦᠶᠡᠲᠦ ᠤᠷᠭᠤᠮᠠᠯ ᠤ᠋ᠨ ᠢᠵᠠᠭᠤᠷ
ᠣᠯᠠᠨ ᠨᠠᠰᠤᠲᠤ ᠡᠪᠡᠰᠦᠯᠢᠭ ᠤᠷᠭᠤᠮᠠᠯ᠃ ᠬᠥᠨᠳᠡᠯᠡᠨ ᠤᠷᠭᠤᠬᠤ ᠦᠨᠳᠦᠰᠦᠯᠢᠭ ᠡᠰᠢ ᠨᠢ ᠣᠯᠠᠨ ᠰᠤᠳᠠᠯ ᠪᠦᠬᠦᠢ ᠢᠬᠴᠤ ᠬᠠᠢᠷᠰᠤᠨ ᠢᠯᠲᠠᠰᠤ ᠲᠠᠢ᠃ ᠰᠦᠷᠡᠯ ᠨᠢ ᠭᠠᠭᠴᠠᠭᠠᠷ ᠰᠢᠯᠤᠭᠤᠨ ᠤᠷᠭᠤᠨ᠎ᠠ᠂70—100cm ᠥᠨᠳᠥᠷ᠂ ᠦᠶ᠎ᠡ ᠳ᠋ᠦ᠍ᠨᠢ ᠨᠢᠭ ᠦᠰᠦ ᠲᠡᠢ᠃ ᠨᠠᠪᠴᠢᠨ ᠤ᠋ ᠲᠣᠭᠳᠣᠢ ᠨᠢ ᠦ ᠰᠢᠭ ᠦᠰᠦ ᠲᠡᠢ ᠪᠤᠶᠤ ᠵᠥᠪᠬᠡᠨ ᠬᠥᠪᠡᠭᠡ ᠳ᠋ᠦ᠍ᠨᠢ ᠰᠣᠷᠮᠤᠤᠰᠤ ᠦᠰᠦ ᠲᠡᠢ; ᠨᠠᠪᠴᠢ ᠨᠢ15—30cm ᠤᠷᠲᠤ᠂5—14mm ᠥᠷᠭᠡᠨ᠂ ᠲᠡᠭᠰᠢᠬᠡᠨ ᠪᠦᠰᠡ ᠰᠢᠭ ᠬᠠᠪᠲᠠᠭᠠᠢ ᠲᠡᠪᠡᠨᠡ ᠬᠡᠯᠪᠡᠷᠢ ᠲᠡᠢ ᠪᠤᠶᠤ ᠪᠠᠬᠠᠨ ᠳᠣᠲᠣᠭᠰᠢ ᠬᠤᠮᠢᠭᠠᠷ᠂ ᠦᠰᠦ ᠦᠭᠡᠢ ᠪᠤᠶᠤ ᠨᠢᠭ ᠣᠬᠣᠷ ᠦᠰᠦ ᠲᠡᠢ᠂ ᠬᠥᠪᠡᠭᠡ ᠳ᠋ᠦ᠍ᠨᠢ ᠰᠣᠷᠮᠤᠤᠰᠤ ᠦᠰᠦ ᠲᠡᠢ᠃ ᠱᠣᠷᠣᠯᠵᠢᠨ ᠬᠡᠯᠪᠡᠷᠢᠲᠦ ᠪᠠᠭ᠎ᠠ ᠴᠡᠴᠡᠭ ᠨᠢ10—26mm ᠤᠷᠲᠤ᠂ ᠭᠣᠣᠯ ᠲᠡᠩᠭᠡᠯᠢᠭ ᠨᠢ ᠠᠷᠵᠠᠭᠠᠷ ᠪᠤᠶᠤ ᠲᠠᠷᠠᠮᠠᠭ ᠵᠢᠵᠢᠭ ᠥᠷᠭᠡᠰᠦ ᠦᠰᠦ ᠲᠡᠢ ᠪᠥᠭᠡᠳ ᠰᠢᠯᠤᠭᠤᠨ ᠤᠷᠭᠤᠬᠤ ᠰᠠᠯᠠᠭ᠎ᠠ ᠲᠠᠢ; ᠵᠢᠵᠢᠭ ᠲᠦᠷᠦᠭᠦᠦ ᠨᠢ ᠥᠨᠳᠡᠭᠡᠯᠵᠢᠨ ᠬᠠᠪᠲᠠᠭᠠᠢ ᠲᠡᠪᠡᠨᠡ ᠬᠡᠯᠪᠡᠷᠢ ᠲᠡᠢ᠂3—5mm ᠤᠷᠲᠤ᠂ ᠴᠠᠢᠪᠤᠷ ᠨᠣᠭᠣᠭᠠᠨ ᠪᠤᠶᠤ ᠭᠦᠨ ᠪᠣᠷᠣ; ᠬᠠᠯᠢᠰᠤ ᠨᠢ ᠥᠨᠳᠡᠭᠡᠯᠵᠢᠨ ᠬᠠᠪᠲᠠᠭᠠᠢ ᠲᠡᠪᠡᠨᠡ ᠬᠡᠯᠪᠡᠷᠢ ᠲᠡᠢ᠂ ᠱᠣᠪᠣᠭᠣᠷ ᠦᠵᠦᠭᠦᠷ ᠲᠡᠢ᠂3—5 ᠬᠦᠷᠡᠢᠭᠰᠡᠨ ᠰᠤᠳᠠᠯ ᠲᠠᠢ᠂ ᠦᠰᠦ ᠦᠭᠡᠢ᠂ ᠬᠣᠶᠠᠳᠤᠭᠠᠷ ᠬᠠᠯᠢᠰᠤ ᠨᠢ ᠵᠢᠵᠢᠭ ᠲᠦᠷᠦᠭᠦᠦ ᠲᠡᠢ ᠪᠡᠨ ᠢᠵᠢᠯ ᠤᠷᠲᠤ ᠪᠤᠶᠤ ᠪᠠᠬᠠᠨ ᠣᠬᠣᠷ; ᠨᠢᠭᠡᠳᠦᠭᠡᠷ ᠭᠠᠳᠠᠷ ᠬᠡᠪᠡᠭ ᠨᠢ3—5 ᠰᠤᠳᠠᠯ ᠲᠠᠢ᠂ ᠰᠤᠷ ᠦᠭᠡᠢ᠂ ᠰᠠᠭᠤᠷᠢ ᠲᠠᠪᠠᠭ ᠨᠢ ᠦᠰᠦ ᠦᠭᠡᠢ ᠪᠠ ᠲᠡᠭᠦᠨ ᠦ᠌ ᠳᠣᠲᠣᠷ ᠬᠡᠪᠡᠭ ᠨᠢ ᠨᠡᠯᠢᠶᠡᠳ ᠣᠬᠣᠷ᠂2.5mm ᠤᠷᠲᠤ ᠲᠣᠭᠤᠰᠤᠪᠴᠢᠲᠤ ᠭᠤᠷᠪᠠᠨ ᠡᠷ᠎ᠡ ᠲᠣᠭᠣᠷᠴᠣᠭ ᠢ᠋ ᠬᠦᠷᠢᠶᠡᠯᠡᠵᠦ ᠪᠣᠢ~ ᠬᠣᠶᠠᠳᠤᠭᠠᠷ ᠭᠠᠳᠠᠷ ᠬᠡᠪᠡᠭ ᠨᠢ2.5—3.5mm ᠤᠷᠲᠤ᠂ ᠢᠯᠡ ᠪᠤᠰᠤ ᠲᠠᠪᠤᠨ ᠰᠤᠳᠠᠯ ᠲᠠᠢ᠂ ᠰᠤᠷ ᠦᠭᠡᠢ ᠪᠤᠶᠤ ᠭᠣᠣᠯ ᠰᠤᠳᠠᠯ ᠨᠢ ᠭᠠᠳᠠᠭᠰᠢ ᠴᠤᠬᠤᠢᠵᠤ ᠰᠤᠷ ᠮᠡᠲᠦ ᠵᠢᠵᠢᠭ ᠦᠵᠦᠭᠦᠷ ᠪᠣᠯᠵᠠᠢ᠂ ᠰᠠᠭᠤᠷᠢ ᠲᠠᠪᠠᠭ ᠤ᠋ᠨ ᠭᠠᠳᠠᠷ ᠲᠠᠯ᠎ᠠ ᠪᠣᠯᠤᠨ ᠥᠪᠥᠷ ᠲᠠᠯ᠎ᠠ ᠶ᠋ᠢᠨ ᠦᠰᠦ ᠨᠢ ᠬᠡᠪᠡᠭ ᠦ᠋ᠨ ᠬᠠᠭᠠᠰ ᠤ᠋ᠨ ᠴᠢᠨᠡᠭᠡ ᠤᠷᠲᠤ ᠪᠠ ᠳᠣᠲᠣᠷ ᠬᠡᠪᠡᠭ ᠨᠢ ᠪᠠᠬᠠᠨ ᠣᠬᠣᠷ᠃
ᠠᠭᠤᠯᠠᠨ ᠬᠠᠵᠠᠭᠤ᠂ ᠬᠤᠵᠢᠷᠯᠢᠭ ᠡᠯᠡᠰᠦᠷᠬᠡᠭ ᠭᠠᠵᠠᠷ᠂ ᠨᠤᠭᠤ ᠲᠠᠯ᠎ᠠ᠂ ᠬᠣᠯᠢᠮᠠᠭ ᠣᠢ ᠮᠣᠳᠣᠨ ᠳᠣᠲᠣᠷ᠎ᠠ ᠪᠤᠶᠤ ᠴᠢᠭᠢᠭᠲᠡᠢ ᠭᠠᠵᠠᠷ ᠳᠤ ᠤᠷᠭᠤᠨ᠎ᠠ᠃
ᠮᠠᠨ ᠤ᠋ ᠤᠯᠤᠰ ᠤ᠋ᠨ ᠬᠥᠬᠡᠨᠠᠭᠤᠷ᠂ ᠰᠢᠨᠵᠢᠶᠠᠩ᠂ ᠲᠥᠪᠡᠳ ᠡᠴᠡ ᠪᠤᠰᠤᠳ ᠡᠯ᠎ᠡ ᠮᠣᠵᠢ ᠣᠷᠣᠨ ᠳ᠋ᠤ᠌ ᠪᠦᠷ ᠤᠷᠭᠤᠳᠠᠭ᠃
ᠡᠰᠢ ᠨᠠᠪᠴᠢ ᠨᠢ ᠴᠠᠭᠠᠰᠤ᠂ ᠳᠡᠭᠡᠰᠦ ᠶ᠋ᠢᠨ ᠲᠦᠭᠦᠬᠡᠢ ᠡᠳ᠋᠃ ᠰᠠᠢᠨ ᠪᠣᠷᠳᠣᠭ᠎ᠠ ᠮᠥᠨ᠃ ᠤᠰᠤ ᠰᠢᠷᠣᠢ ᠶ᠋ᠢ ᠬᠠᠮᠠᠭᠠᠯᠠᠬᠤ ᠰᠠᠢᠨ ᠤᠷᠭᠤᠮᠠᠯ᠃
ᠬᠢᠲᠠᠳ ᠨᠡᠷ᠎ᠡ᠄野古草
ᠠᠩᠭ᠌ᠯᠢ ᠨᠡᠷ᠎ᠡ᠄Anlndineikla hirta(Thunb,) Tanaka
ᠦᠰᠦᠭ ᠠᠮᠢᠯᠠᠭᠤᠯᠤᠭᠴᠢ᠄ ᠣ ᠰᠡᠴᠡᠨᠲᠦ
ᠬᠢᠨᠠᠭᠴᠢ᠄ ᠲᠤᠶᠠᠭ᠎ᠠ
