《ᠬᠥᠬᠡ ᠰᠤᠳᠤᠷ》 ᠤᠨ ᠨᠥᠬᠥᠪᠦᠷᠢ ᠲᠡᠪᠲᠡᠷ - ᠢᠨᠵᠠᠨᠨᠠᠰᠢ < ᠳᠥᠴᠢᠨ ᠲᠠᠪᠤᠳᠤᠭᠠᠷ ᠪᠦᠯᠦᠭ> "Хөх судар" он нөхвөр дэвтэр - Инжинаш <Дөчин тавдугаар бүлэг> ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. 《ᠬᠥᠬᠡ ᠰᠤᠳᠤᠷ》 ᠤᠨ ᠨᠥᠬᠥᠪᠦᠷᠢ ᠲᠡᠪᠲᠡᠷ - ᠢᠨᠵᠠᠨᠨᠠᠰᠢ < ᠳᠥᠴᠢᠨ ᠲᠠᠪᠤᠳᠤᠭᠠᠷ ᠪᠦᠯᠦᠭ> "Хөх судар" он нөхвөр дэвтэр - Инжинаш <Дөчин тавдугаар бүлэг>

《ᠬᠥᠬᠡ ᠰᠤᠳᠤᠷ》 ᠤᠨ ᠨᠥᠬᠥᠪᠦᠷᠢ ᠲᠡᠪᠲᠡᠷ - ᠢᠨᠵᠠᠨᠨᠠᠰᠢ < ᠳᠥᠴᠢᠨ ᠲᠠᠪᠤᠳᠤᠭᠠᠷ ᠪᠦᠯᠦᠭ> "Хөх судар" он нөхвөр дэвтэр - Инжинаш <Дөчин тавдугаар бүлэг>

ᠠᠩᠭᠢᠯᠠᠯ:ᠲᠡᠦᠬᠡ ᠰᠣᠶᠣᠯ
2024-05-16

279

《ᠬᠥᠬᠡ ᠰᠤᠳᠤᠷ》 ᠤᠨ ᠨᠥᠬᠥᠪᠦᠷᠢ ᠲᠡᠪᠲᠡᠷ - ᠳᠥᠴᠢᠨ ᠲᠠᠪᠤᠳᠤᠭᠠᠷ ᠪᠦᠯᠦᠭ


       ᠬᠥᠬᠡ ᠮᠣᠩᠭᠣᠯ ᠤᠯᠤᠰ ᠤ᠋ᠨ ᠴᠢᠩᠭᠢᠰ ᠬᠠᠭᠠᠨ ᠤ᠋ ᠲᠡᠷᠢᠭᠦᠨ ᠣᠨ ᠤᠯᠠᠭᠠᠨ ᠪᠠᠷᠰ ᠵᠢᠯ᠃ ᠳᠤᠮᠳᠠᠳᠤ ᠠᠯᠲᠠᠨ ᠤᠯᠤᠰ ᠤ᠋ᠨ ᠵᠠᠩᠽᠥ᠋ᠩ ᠬᠠᠭᠠᠨ ᠤ᠋ ᠳᠠᠢ ᠾᠧ ᠬᠡᠮᠡᠬᠦ ᠶ᠋ᠢᠨ ᠵᠢᠷᠭᠤᠳᠤᠭᠠᠷ ᠣᠨ ᠪᠠᠢᠭᠰᠠᠭᠠᠷ ᠃ ᠡᠮᠦᠨᠡᠲᠦ ᠰᠥᠩ ᠤᠯᠤᠰ ᠤ᠋ᠨ ᠨᠢᠩᠽᠥ᠋ᠩ ᠦ᠋ᠨ ᠺᠠᠢ ᠰᠢ ᠬᠡᠮᠡᠬᠦ ᠶ᠋ᠢᠨ ᠬᠣᠶᠠᠳᠤᠭᠠᠷ ᠣᠨ ᠪᠠᠢᠭᠰᠠᠭᠠᠷ᠃

                 ᠳᠥᠴᠢᠨ ᠲᠠᠪᠤᠳᠤᠭᠠᠷ ᠪᠦᠯᠦᠭ 

          ᠡᠵᠡᠨ ᠪᠣᠭᠳᠠ ᠶᠢᠰᠦᠨ ᠥᠷᠯᠥᠭᠡ ᠬᠤᠲᠤᠭ ᠭᠤᠶᠤᠨ ᠶᠢᠰᠦᠨ ᠡᠩ ᠢ᠋ᠶ᠋ᠡᠨ ᠡᠷᠭᠦᠮᠵᠢᠯᠡᠮᠦᠢ  
            ᠡᠴᠢᠭᠡ ᠲᠡᠭᠷᠢ ᠶᠢᠰᠦᠨ ᠥᠩᠭᠡᠲᠦ ᠺᠠᠷᠣᠳᠢ ᠶ᠋ᠢ ᠪᠠᠭᠤᠯᠭᠠᠨ ᠶᠡᠷᠦᠩᠬᠡᠢᠯᠡᠬᠦᠢ ᠶ᠋ᠢᠨ ᠲᠠᠮᠠᠭ᠎ᠠ ᠶ᠋ᠢ ᠵᠢᠭᠠᠯᠭᠠᠮᠤᠢ     

               ᠡᠷᠲᠡᠨ ᠦ᠌ ᠪᠣᠭᠳᠠ ᠺᠦᠩ ᠡᠴᠢᠭᠡ ᠪᠠᠢᠲᠠᠯ᠎ᠠ ᠡᠴᠢᠭᠡ ᠶ᠋ᠢᠨ ᠰᠢᠮ᠎ᠡ ᠪᠤᠰᠤ ᠬᠡᠮᠡᠵᠦᠬᠦᠢ ᠬᠡᠮᠡᠮᠦ    
               ᠡᠷᠳᠡᠮᠲᠦ ᠶᠣᠣ ᠬᠠᠭᠠᠨ ᠡᠬᠡ ᠶ᠋ᠢᠨ ᠬᠡᠪᠡᠯᠢᠨ᠎ᠡ ᠠᠷᠪᠠᠨ ᠳᠥᠷᠪᠡᠨ ᠰᠠᠷ᠎ᠠ ᠠᠵᠤᠬᠤᠢ ᠃    
               ᠡᠯᠪᠡᠷᠢᠯᠳᠦ ᠱᠦᠨ ᠦ᠌ ᠡᠬᠡ ᠰᠣᠯᠣᠩᠭ᠎ᠠ ᠶ᠋ᠢ ᠰᠢᠷᠲᠡᠭᠰᠡᠭᠡᠷ ᠱᠦᠨ ᠢ᠋ ᠵᠢᠷᠮᠦᠰᠦᠨ ᠪᠣᠯᠪᠠ     
               ᠡᠳᠦᠭᠡᠬᠢ ᠲᠠᠢᠽᠦ ᠴᠠᠭᠠᠨ ᠭᠡᠷᠡᠯ ᠥᠭᠡᠯᠦᠨ ᠢ᠋ ᠪᠦᠷᠬᠦᠭᠰᠡᠨ ᠢ᠋ᠶ᠋ᠡᠷ ᠴᠢᠩᠭᠢᠰ ᠢ᠋ ᠮᠡᠨᠳᠦᠯᠡᠪᠡᠢ᠃ 

       ᠲᠡᠨᠳᠡᠴᠡ ᠪᠧᠲ᠋ᠠ᠋ ᠤᠯᠤᠰ ᠤ᠋ᠨ ᠣᠯᠠᠨ ᠰᠠᠢᠳ ᠤ᠋ᠳ ᠮᠥᠨ ᠮᠥᠨ ᠬᠡᠮᠡᠪᠡᠴᠦ ᠪᠡᠷ ᠭᠠᠭᠴᠠ ᠡᠮᠦᠨᠡᠲᠦ ᠪᠡᠶ᠎ᠡ ᠶ᠋ᠢᠨ ᠯᠢᠶᠣᠣ ᠤᠯᠤᠰ ᠤ᠋ᠨ ᠬᠠᠭᠤᠴᠢᠨ ᠰᠠᠢᠳ ᠪᠠᠳᠤᠨ᠎ᠠ ᠠᠢᠮᠠᠭ ᠤ᠋ᠨ ᠢᠯᠠᠭᠤᠭᠰᠠᠨ᠂ ᠸᠠᠩᠭᠦᠪ ᠠᠢᠮᠠᠭ ᠤ᠋ᠨ ᠲᠠᠴᠢᠩᠬᠤᠷᠯᠤᠤ ᠨᠠᠷ ᠠᠮᠠᠨ ᠳᠡᠭᠡᠷ᠎ᠡ ᠬᠡᠳᠦᠢ ᠠ ᠠ ᠬᠡᠮᠡᠪᠡᠰᠦ᠂ ᠠᠯᠤᠰ ᠴᠠᠭᠠᠨ᠎ᠠ ᠪᠠᠨ ᠠᠶᠤᠨ ᠲᠦᠭᠰᠢᠵᠦ  ᠨᠢᠭᠡᠨ ᠰᠥᠨᠢ ᠠᠮᠤᠷ ᠤᠨᠲᠠᠨ ᠡᠰᠡ ᠴᠢᠳᠠᠪᠠᠴᠤ ᠠᠷᠭ᠎ᠠ ᠪᠤᠰᠤ ᠡᠷᠲᠡ ᠪᠣᠰᠤᠨ ᠠᠷᠢᠭᠤᠳᠬᠠᠨ ᠤᠬᠢᠶᠠᠵᠤ᠂ ᠠᠯᠢᠪᠠ ᠲᠦᠰᠢᠮᠡᠳ ᠦ᠋ᠨ ᠰᠦᠷᠦᠭ ᠲᠦ᠍ᠷ ᠣᠷᠣᠵᠤ᠂ ᠠᠯᠲᠠᠨ ᠮᠠᠨᠳᠠᠯ ᠤ᠋ᠨ ᠴᠢᠭᠤᠯᠭᠠᠨ᠎ᠠ ᠢᠷᠡᠵᠦ᠂ ᠠᠷᠠᠢ ᠪᠠᠷᠰ ᠴᠠᠭ ᠤ᠋ᠨ ᠡᠬᠢ ᠪᠣᠯᠣᠮᠠᠭᠴᠠ ᠤᠷᠢᠨ ᠵᠠᠯᠠᠬᠤ ᠠᠯᠢᠪᠠ ᠫᠤᠤ ᠲᠡᠮᠳᠡᠭ ᠳᠣᠬᠢᠶ᠎ᠠ ᠬᠥᠭᠵᠢᠮ ᠬᠠᠮᠲᠤ ᠪᠠᠷ ᠡᠭᠦᠰᠬᠡᠯᠴᠡᠨ᠂ ᠲᠠᠢᠽᠦ ᠶ᠋ᠢ ᠮᠠᠨᠳᠠᠯ ᠳ᠋ᠤᠷ ᠵᠠᠯᠠᠷᠠᠬᠤ ᠴᠠᠭ ᠪᠣᠯᠪᠠ ᠭᠡᠮᠡᠨ ᠱᠠᠭᠠᠷᠳᠠᠯᠴᠠᠨ ᠵᠠᠯᠠᠬᠤᠶ᠎ᠠ ᠲᠠᠢᠽᠦ ᠠᠷᠭ᠎ᠠ ᠦᠭᠡᠢ ᠠᠯᠭᠤᠷ ᠠᠭᠠᠵᠢᠮ ᠠᠷᠢᠭᠤᠤᠬᠠᠨ ᠤᠬᠢᠶᠠᠵᠤ᠂ ᠠᠯᠲᠠᠨ ᠯᠤᠤ ᠶ᠋ᠢᠨ ᠮᠠᠯᠠᠭ᠎ᠠ ᠬᠤᠪᠴᠠᠳ ᠢ᠋ᠶ᠋ᠠᠨ ᠬᠡᠳᠦᠷᠴᠦ ᠠᠩᠭᠢᠷ ᠴᠠᠭᠠᠨ ᠠᠭᠲᠠ ᠳ᠋ᠠᠭᠠᠨ ᠮᠣᠷᠢᠯᠠᠨ ᠠᠭᠤᠤ ᠥᠨᠳᠥᠷ ᠠᠯᠲᠠᠨ ᠮᠠᠨᠳᠠᠯ ᠳ᠋ᠤᠷ ᠠᠪᠠᠷᠢᠨ ᠭᠠᠷᠲᠠᠯ᠎ᠠ ᠪᠠᠷᠰ ᠴᠠᠭ ᠤ᠋ᠨ ᠳᠤᠮᠳᠠ ᠪᠣᠯᠵᠤᠬᠤᠢ᠃  
       ᠲᠡᠳᠦᠢ ᠲᠠᠢᠽᠦ ᠭᠠᠳᠠᠨ᠎ᠠ ᠠ᠋ᠴᠠ ᠪᠠᠰᠠ ᠨᠢᠭᠡᠨ ᠵᠡᠷᠭᠡ ᠶᠣᠰᠣᠯᠠᠨ ᠮᠥᠷᠭᠥᠵᠦ ᠪᠣᠰᠤᠭᠠᠳ᠂ ᠮᠥᠨ ᠬᠦ᠌ ᠥᠪᠡᠷᠦᠨ ᠮᠣᠳᠣᠷ ᠢ᠋ᠶ᠋ᠠᠷ ᠣᠨᠣᠪᠴᠢ ᠪᠠᠷᠢᠨ ᠭᠤᠷᠪᠠᠨ ᠣᠨᠢᠰᠣᠨ ᠤ᠋ ᠤᠶᠠᠵᠤ ᠰᠢᠷᠢᠭᠰᠡᠨ ᠰᠢᠷ᠎ᠠ ᠭᠬᠢᠪ ᠢ᠋ ᠲᠢᠶᠧ ‍ᠽᠢᠯᠡᠭᠰᠡᠨ ᠯᠠᠴᠠ ᠶ᠋ᠢᠨ ᠲᠠᠮᠠᠭ᠎ᠠ ᠲᠡᠮᠳᠡᠭ ᠦ᠋ᠨ ᠣᠷᠣᠮ ᠵᠢᠷᠤᠬᠠᠢ ᠶ᠋ᠢ ᠣᠯᠠᠨ ᠰᠠᠢᠳ ᠤ᠋ᠳ ᠯᠤᠭ᠎ᠠ ᠪᠠᠨ ᠨᠠᠷᠢᠪᠴᠢᠯᠠᠨ ᠰᠢᠨᠵᠢᠨ ᠪᠠᠢᠴᠠᠭᠠᠨ ᠦᠵᠡᠯᠴᠡᠪᠡᠰᠦ ᠥᠴᠦᠬᠡᠨ ᠴᠦ᠍ ᠥ ᠰᠡᠪ ᠡᠰᠡ ᠭᠠᠷᠤᠭᠰᠠᠨ ᠤ᠋ ᠲᠤᠯᠠᠳᠠ᠂ ᠲᠠᠢᠽᠦ ᠪᠢᠴᠢᠬᠠᠨ ᠣᠨᠣᠪᠴᠢ ᠬᠢᠲᠤᠭ᠎ᠠ ᠪᠠᠷ ᠪᠢᠲᠡᠭᠦᠮᠵᠢ ᠲᠢᠶᠧ ᠽᠢ ᠶ᠋ᠢ ᠰᠡᠨᠵᠢᠯᠡᠨ ᠡᠪᠳᠡᠵᠦ᠂ ᠮᠤᠬᠤᠯᠢ ᠪᠤᠭᠤᠷᠵᠢ ᠵᠡᠷᠭᠡ ᠵᠡᠷᠭᠡ ᠤᠷᠠᠵᠤ ᠬᠡᠭᠵᠡᠯᠦᠨ᠂ ᠭᠤᠷᠪᠠᠨ ᠡᠲᠡᠭᠡᠳ ᠪᠠᠷᠢᠯᠴᠠᠭᠰᠠᠨ ᠭᠤᠷᠪᠠᠨ ᠲᠦᠯᠬᠢᠭᠦᠷ ᠢ᠋ᠶ᠋ᠡᠷ ᠭᠤᠷᠪᠠᠨ ᠠᠯᠲᠠᠨ ᠤ᠋ ᠣᠷᠣᠰ ᠣᠨᠢᠰᠣ ᠶ᠋ᠢ ᠨᠡᠭᠡᠭᠡᠵᠦ᠂ ᠳᠥᠷᠪᠡᠨ ᠳᠥᠷᠪᠡ᠂ ᠬᠣᠶᠠᠷ ᠲᠠᠪᠤᠨ᠂ ᠵᠢᠷᠭᠤᠭᠠᠨ ᠰᠠᠢᠳ᠂ ᠶᠢᠰᠦᠨ ᠡᠩ ᠠᠢᠮᠠᠭ ᠤ᠋ᠳ ᠤ᠋ᠨ ᠲᠡᠷᠢᠭᠦᠯᠡᠭᠴᠢ ᠨᠠᠷ ᠢ᠋ ᠬᠠᠮᠲᠤ ᠴᠤᠭᠭᠠᠷ ᠤᠷᠢᠳᠠ ᠣᠷᠣᠭᠤᠯᠤᠨ ᠴᠥᠮ ᠦᠵᠡᠯᠴᠡᠬᠦ ᠪᠡᠷ ᠲᠡᠭᠰᠢᠯᠡᠨ ᠵᠢᠭᠰᠠᠭᠠᠭᠰᠠᠨ ᠬᠣᠢᠨ᠎ᠠ ᠰᠠᠶᠢ ᠲᠠᠢᠽᠦ ᠵᠠᠯᠠᠷᠠᠨ ᠣᠷᠣᠵᠤ᠂ ᠬᠠᠭᠠᠨ ᠰᠠᠭᠤᠷᠢ ᠶ᠋ᠢᠨ ᠬᠣᠢᠲᠤ ᠡᠴᠢᠵᠦ ᠦᠵᠡᠪᠡᠰᠦ᠂ ᠶᠢᠰᠦᠨ ᠶᠡᠬᠡ ᠰᠢᠵᠢᠷ ᠠᠯᠲᠠᠨ ᠰᠢᠷ᠎ᠠ ᠲᠣᠰᠣᠨ ᠵᠤᠯᠠ ᠬᠡᠪ ᠭᠡᠭᠡᠬᠡᠨ ᠲᠤᠶᠠᠭᠠᠯᠠᠨ ᠭᠡᠢᠭᠦᠯᠦᠨ ᠨᠣᠴᠣᠵᠤ ᠳᠤᠷᠪᠠᠯᠵᠠᠨ ᠬᠥᠭᠵᠢᠬᠦ ᠪᠥᠭᠡᠳ ᠥᠴᠥᠭᠡᠳᠦᠷ ᠦ᠋ᠨ ᠯᠤᠤ ᠴᠠᠭ ᠲᠤᠷ ᠠᠰᠠᠭᠠᠭᠰᠠᠨ ᠡᠷᠡᠬᠡᠢ ᠬᠤᠷᠤᠭᠤ ᠴᠢᠨᠡᠭᠡ ᠪᠦᠳᠦᠭᠦᠨ᠂ ᠯᠤᠤ ᠶ᠋ᠢᠨ ᠬᠥᠭᠡᠰᠦᠨ ᠦ᠌ ᠤᠯᠠᠭᠠᠨ ᠽᠠᠨᠳᠠᠨ ᠤ᠋ ᠯᠦᠩ ᠰᠢᠶᠠᠨ ᠰᠢᠶᠠᠩ ᠬᠦᠵᠢ ᠠᠷᠪᠠᠨ ᠬᠤᠪᠢ ᠠ᠋ᠴᠠ ᠠᠷᠠᠢ ᠳᠣᠯᠣᠭᠠᠨ ᠬᠤᠪᠢ ᠰᠢᠲᠠᠵᠤ᠂ ᠬᠦᠵᠢ ᠶ᠋ᠢᠨ ᠪᠡᠶ᠎ᠡ ᠪᠠᠰᠠ ᠭᠤᠷᠪᠠᠨ ᠬᠤᠪᠢ ᠦᠯᠡᠵᠦ᠂ ᠪᠠᠰᠠ ᠰᠠᠢᠬᠠᠨ ᠦᠨᠦᠷ ᠠᠩᠬᠢᠯᠤᠨ᠂ ᠤᠲᠤᠭ᠎ᠠ ᠤᠨᠳᠤᠷᠤᠨ ᠪᠠᠭᠠᠭᠢᠵᠤ᠂ ᠭᠠᠯ ᠭᠢᠯᠤᠪᠠᠨ ᠦᠵᠡᠭᠳᠡᠨ᠂ ᠭᠤᠷᠪᠠᠨ ᠬᠦᠵᠢ ᠶ᠋ᠢᠨ ᠳᠡᠭᠡᠷ᠎ᠡ ᠲᠣᠭᠲᠠᠭᠰᠠᠨ ᠰᠢᠲᠠᠵᠤ ᠥᠩᠭᠡᠷᠡᠭᠰᠡᠨ ᠦᠨᠡᠰᠦ ᠴᠦ᠍ ᠤᠨᠠᠭᠰᠠᠨ ᠦᠭᠡᠢ ᠪᠡᠷ ᠴᠥᠮ ᠴᠢᠪ ᠴᠢᠬᠡ ᠵᠣᠭ ᠵᠣᠭᠰᠣᠭᠰᠠᠭᠠᠷ ᠪᠣᠢ ᠠᠮᠤᠢ᠃ ᠣᠯᠠᠨ ᠰᠠᠢᠳ ᠲᠦᠰᠢᠮᠡᠳ ᠦ᠋ᠨ ᠰᠣᠴᠢᠨ ᠭᠠᠢᠬᠠᠵᠤ᠂ ᠰᠣᠨᠢᠷᠬᠠᠨ ᠰᠦᠰᠦᠭᠯᠡᠯᠴᠡᠬᠦ ᠶ᠋ᠢ ᠴᠦ᠍ ᠪᠠᠢᠲᠤᠭᠠᠢ᠂ ᠰᠤᠤᠲᠤ ᠪᠣᠭᠳᠠ ᠲᠠᠢᠽᠦ ᠥᠪᠡᠷ ᠢ᠋ᠶ᠋ᠡᠨ ᠴᠦ᠍ ᠰᠣᠴᠢᠨ ᠭᠠᠢᠬᠠᠵᠤ᠂ ᠰᠣᠨᠢᠷᠬᠠᠨ ᠬᠠᠷᠠᠵᠤ ᠰᠠᠶᠢ ᠠᠯᠠᠭ᠎ᠠ ᠶᠤᠭᠠᠨ ᠬᠠᠮᠲᠤᠳᠬᠠᠨ ᠮᠠᠩᠯᠠᠢ ᠶᠤᠭᠠᠨ ᠬᠦᠰᠡᠷ᠎ᠡ ᠲᠤᠯᠲᠠᠯ᠎ᠠ ᠮᠥᠷᠭᠥᠵᠦ᠂ ᠮᠠᠰᠢᠳᠠ ᠰᠦᠰᠦᠭᠯᠡᠨ ᠬᠣᠶᠠᠷ ᠦᠭᠡᠢ ᠪᠢᠰᠢᠷᠡᠭᠡᠳ᠂ ᠮᠠᠭᠲᠠᠨ ᠰᠠᠢᠰᠢᠶᠠᠨ ᠡᠢᠨ ᠭᠡᠮᠡᠨ ᠥᠴᠢᠷᠦᠨ : 
          ᠮᠠᠰᠢ ᠪᠠᠭᠠᠲᠤᠷ ᠪᠠᠳᠠᠷᠠᠩᠭᠤᠢ ᠴᠠᠭᠠᠨ ᠲᠡᠭᠷᠢ 
          ᠮᠠᠭᠠᠳ ᠪᠠᠲᠤ ᠮᠢᠩᠭᠠᠨ ᠦᠶ᠎ᠡ ᠶ᠋ᠢᠨ ᠰᠦᠯᠳᠡ᠃ 
          ᠮᠠᠳᠠᠭ ᠦᠭᠡᠢ ᠲᠡᠮᠦᠵᠢᠨ ᠬᠥᠪᠡᠭᠦᠨ ᠢ᠋ ᠲᠡᠳᠬᠦᠵᠦ 
          ᠮᠠᠨᠳᠠᠯ ᠤ᠋ᠨ ᠬᠦᠵᠢ ᠶ᠋ᠢ ᠮᠠᠷᠭᠠᠲᠠ ᠪᠣᠯᠲᠠᠯ᠎ᠠ ᠡᠭᠦᠰᠬᠡᠯᠭᠡᠵᠦᠭᠦᠢ᠃ 
ᠭᠡᠮᠡᠨ ᠶᠢᠰᠦᠨᠲᠡ ᠮᠥᠷᠭᠥᠵᠦ᠂ ᠰᠢ ᠢᠦᠢ ᠤᠯᠤᠰ ᠤ᠋ᠨ ᠰᠢᠨ᠎ᠡ ᠬᠦᠵᠢ ᠶ᠋ᠢ ᠪᠠᠰᠠ ᠭᠤᠷᠪᠠᠨᠲᠠ ᠡᠭᠦᠰᠬᠡᠨ ᠡᠷᠭᠦᠵᠦ᠂ ᠡᠨᠡ ᠦᠯᠡᠳᠡᠭᠰᠡᠨ ᠲᠥᠭᠡ ᠤᠷᠲᠤ ᠭᠤᠷᠪᠠᠨ ᠬᠦᠵᠢ ᠶ᠋ᠢᠨ ᠬᠥᠯ ᠢ᠋ ᠲᠠᠢᠽᠦ ᠪᠡᠶ᠎ᠡ ᠪᠡᠷ ᠤᠨᠲᠠᠷᠠᠭᠠᠨ ᠠᠪᠴᠤ᠄   
          ᠦᠯᠡᠳᠡᠭᠰᠡᠨ ᠬᠦᠵᠢᠰ ᠦ᠋ᠨ ᠭᠤᠷᠪᠠᠨ ᠬᠥᠯ ᠦ᠋ᠨ ᠦᠨᠳᠦᠰᠦᠨ 
          ᠥᠨᠢ ᠤᠳᠠᠭᠠᠨ ᠤ᠋ ᠢᠵᠠᠭᠤᠷ ᠶᠠᠰᠤᠨ ᠤ᠋ ᠦᠯᠡᠳᠡᠪᠦᠷᠢ᠂ 
          ᠦᠶ᠎ᠡ ᠤᠯᠠᠷᠢᠨ ᠲᠡᠭᠷᠢ ᠶ᠋ᠢᠨ ᠦᠷᠡᠰ ᠦ᠋ᠨ ᠦᠷᠡᠵᠢᠯᠲᠡ 
          ᠦᠳᠡᠰᠢ ᠶ᠋ᠢ ᠥᠩᠭᠡᠷᠡᠭᠡᠭᠰᠡᠨ ᠬᠤᠪᠢᠯᠭᠠᠨ ᠤ᠋ ᠬᠣᠴᠣᠷᠯᠠᠯ ᠮᠥᠨ ᠬᠡᠮᠡᠵᠦᠬᠦᠢ᠃ 
          ᠦᠶ᠎ᠡ ᠰᠤᠨᠪᠠᠴᠤ ᠦᠨᠳᠦᠰᠦᠨ ᠦᠯᠦ ᠰᠤᠯᠠᠷᠠᠶᠤ 
          ᠦᠨᠡᠨ ᠰᠢᠮ᠎ᠡ ᠶ᠋ᠢ ᠰᠠᠢᠲᠤᠷ ᠬᠠᠳᠠᠭᠠᠯᠠᠬᠤ ᠬᠡᠷᠡᠭᠲᠡᠢ᠃ 
          ᠦᠨᠡᠨ ᠰᠢᠮ᠎ᠡ ᠶ᠋ᠢ ᠥᠨᠢᠳᠡ ᠡᠰᠡ ᠠᠯᠳᠠᠭᠰᠠᠨ ᠴᠠᠭᠳᠠ 
          ᠥᠨᠳᠥᠷ ᠡᠷᠬᠢᠮ ᠥᠪᠡᠷᠲᠡᠭᠡᠨ ᠡᠷᠭᠢᠵᠦ ᠤᠨᠳᠤᠷᠬᠤ ᠪᠣᠯᠠᠢ᠃ 
ᠬᠡᠮᠡᠵᠦ᠂ ᠭᠤᠷᠪᠠᠨ ᠪᠦᠬᠦᠯᠢ ᠪᠣᠷᠣ ᠪᠤᠯᠠᠭ᠎ᠠ ᠶ᠋ᠢᠨ ᠪᠢᠲᠡᠭᠦᠦ ᠲᠤᠯᠤᠮ᠎ᠠ ᠳ᠋ᠤᠷ ᠠᠬᠤᠭᠤᠯᠤᠨ ᠣᠷᠢᠶᠠᠵᠤ᠂ ᠨᠢᠭᠡᠨ ᠢ᠋ ᠪᠤᠷᠬᠠᠨ ᠬᠠᠯᠲᠤᠨ᠎ᠠ ᠶ᠋ᠢᠨ ᠶᠡᠬᠡ ᠴᠠᠭᠠᠨ ᠴᠢᠯᠠᠭᠤᠨ ᠣᠪᠣᠭ᠎ᠠ ᠶ᠋ᠢᠨ ᠳᠣᠣᠷ᠎ᠠ᠂ ᠬᠣᠶᠠᠷ ᠶᠡᠬᠡ ᠴᠢᠯᠠᠭᠤᠨ ᠣᠭᠣᠷ ᠤ᠋ᠨ ᠳᠣᠲᠣᠷ᠎ᠠ ᠰᠠᠷᠯᠤᠭ ᠤ᠋ᠨ ᠡᠪᠡᠷ ᠲᠣᠷ ᠬᠢᠵᠦ᠂ ᠨᠢᠭᠡᠨ ᠣᠭᠣᠷ ᠢ᠋ᠶ᠋ᠠᠷ ᠬᠥᠮᠥᠷᠢᠨ ᠂ ᠣᠪᠣᠭ᠎ᠠ ᠴᠢᠯᠠᠭᠤᠨ ᠤ᠋ ᠵᠢᠷᠦᠬᠡ ᠪᠣᠯᠭᠠᠨ ᠳᠠᠷᠤᠭᠤᠯᠵᠤ ᠂ ᠶᠡᠬᠡ ᠣᠪᠣᠭ᠎ᠠ ᠶ᠋ᠢ ᠣᠪᠣᠭᠠᠯᠠᠭᠤᠯᠤᠨ ᠣᠩᠭᠣᠯᠠᠭᠤᠯᠤᠭᠠᠳ᠂ ᠨᠢᠭᠡᠨ ᠢ᠋ ᠲᠥᠷᠥ ᠳ᠋ᠦ᠍ᠷ ᠲᠠᠬᠢᠬᠤ ᠰᠦᠯᠳᠡ ᠲᠡᠭᠷᠢ ᠶ᠋ᠢᠨ ᠰᠤᠮᠤ ᠬᠠᠳᠬᠤᠬᠤ ᠠᠯᠲᠠᠨ ᠰᠠᠭᠤᠯᠠᠭ᠎ᠠ ᠳ᠋ᠤᠷ ᠠᠬᠤᠭᠤᠯᠤᠨ ᠳᠠᠷᠤᠭᠠᠳ᠂ ᠨᠢᠭᠡᠨ ᠢ᠋ ᠶᠢᠰᠦᠨ ᠶᠡᠬᠡ ᠮᠠᠨᠵᠢᠯᠭᠠᠲᠤ ᠰᠦᠯᠳᠡ ᠶ᠋ᠢᠨ ᠶᠡᠬᠡ  ᠴᠠᠭᠠᠨ ᠲᠤᠭ ᠤ᠋ᠨ ᠣᠷᠣᠢ ᠶ᠋ᠢᠨ ᠰᠠᠷᠢᠶ᠎ᠠ ᠶ᠋ᠢᠨ ᠣᠩᠬᠢ ᠶ᠋ᠢᠨ ᠳᠣᠲᠣᠷ᠎ᠠ ᠠᠬᠤᠭᠤᠯᠤᠨ ᠣᠷᠣᠰᠢᠭᠤᠯᠪᠠᠢ᠃ ᠡᠨᠡ ᠲᠤᠭ ᠡᠳᠦᠭᠡ ᠣᠷᠳᠣᠰ ᠬᠤᠰᠢᠭᠤᠨ ᠤ᠋ ᠪᠣᠭᠳᠠ ᠶ᠋ᠢᠨ ᠣᠩᠭᠣᠨ ᠤ᠋ ᠦᠷᠭᠦᠭᠡᠨ᠎ᠡ ᠳᠠᠬᠢᠵᠤ ᠪᠣᠢ ᠠᠮᠤᠢ᠃ ᠡᠭᠦᠨ ᠢ᠋ ᠬᠡᠯᠡᠬᠦ ᠦᠭᠡᠢ᠃  
       ᠥᠭᠦᠯᠡᠬᠦ ᠢᠨᠦ᠂ ᠲᠠᠢᠽᠦ ᠰᠠᠢᠨ ᠪᠡᠯᠭᠡ ᠶ᠋ᠢ ᠣᠯᠵᠤ ᠳᠣᠲᠣᠷ᠎ᠠ ᠪᠠᠶᠠᠰᠬᠤᠯᠠᠩ ᠲᠠᠢ ᠳ᠋ᠤᠷ ᠵᠢᠨᠦᠩ ᠮᠤᠬᠤᠯᠢ ᠣᠯᠠᠨ ᠰᠠᠢᠳ ᠢ᠋ᠶ᠋ᠠᠷ ᠲᠠᠢᠽᠦ ᠶ᠋ᠢ ᠱᠠᠭᠠᠷᠳᠠᠭᠤᠯᠬᠤ ᠦᠭᠡᠢ  ᠬᠠᠷᠢᠨ ᠣᠯᠠᠨ ᠢ᠋ ᠠᠪᠴᠤ ᠮᠥᠷᠭᠥᠵᠦ ᠪᠠᠷᠠᠭᠠᠳ ᠰᠥᠭᠥᠳᠦᠭᠰᠡᠭᠡᠷ ᠮᠡᠳᠡᠭᠦᠯᠦᠷᠦᠨ:  
      《ᠨᠢᠳᠤᠨᠤᠨ ᠭᠤᠷᠪᠠᠨ ᠰᠠᠷ᠎ᠠ ᠳ᠋ᠤᠷ ᠲᠠᠢ ᠪᠠᠢ ᠬᠡᠮᠡᠬᠦ ᠱᠤᠺᠠᠷ᠎ᠠ ᠣᠳᠣᠨ ᠡᠳᠦᠷ ᠨᠠᠷᠠᠨ ᠳ᠋ᠤᠷ ᠬᠠᠭᠠᠰ ᠰᠠᠷ᠎ᠠ ᠢᠯᠡᠭᠦᠦ ᠢᠯᠡᠷᠡᠨ ᠦᠵᠡᠭᠳᠡᠵᠦ᠂ ᠨᠢᠳᠤᠨᠤᠨ ᠨᠢᠭᠡᠨ ᠵᠢᠯ ᠶᠡᠬᠡᠯ᠎ᠡ ᠭᠠᠩ ᠬᠠᠪᠰᠠᠷᠭᠠᠨ ᠪᠣᠯᠵᠤ᠂ ᠬᠣᠯᠠ ᠶ᠋ᠢᠨ ᠮᠡᠳᠡᠭᠡ ᠶ᠋ᠢ ᠰᠣᠨᠣᠰᠪᠠᠰᠤ ᠂ ᠡᠮᠦᠨ᠎ᠡ ᠬᠢᠲᠠᠳ ᠨᠠᠩᠭᠢᠶᠠᠳ ᠤ᠋ᠨ ᠰᠥᠩ ᠤᠯᠤᠰ ᠤ᠋ᠨ ᠡᠮᠦᠨ᠎ᠡ ᠵᠠᠬ᠎ᠠ ᠶ᠋ᠢᠨ ᠭᠤᠸᠠᠩ ᠭᠠᠵᠠᠷ ᠠ᠋ᠴᠠ ᠡᠬᠢᠯᠡᠨ᠂ ᠬᠣᠢᠲᠤ ᠣᠷᠣᠰ ᠤᠯᠤᠰ ᠤ᠋ᠨ ᠬᠣᠢᠲᠤ ᠤᠮᠠᠷ᠎ᠠ ᠮᠥᠰᠥᠨ ᠳᠠᠯᠠᠢ ᠳ᠋ᠤᠷ ᠲᠤᠯᠲᠠᠯ᠎ᠠ᠂ ᠪᠣᠷᠣᠭᠠᠨ ᠬᠤᠷ᠎ᠠ ᠦᠭᠡᠢ ᠪᠡᠷ ᠦᠯᠦ ᠪᠠᠷᠠᠮ᠂ ᠨᠢᠳᠤᠨᠤᠨ ᠨᠠᠮᠤᠷ ᠶᠢᠰᠦᠨ ᠰᠠᠷ᠎ᠠ ᠠ᠋ᠴᠠ ᠡᠬᠢᠯᠡᠨ ᠨᠢᠭᠡᠨ ᠡᠪᠦᠯ ᠨᠢᠭᠡᠨ ᠬᠠᠪᠤᠷ ᠡᠳᠦᠭᠡ ᠪᠣᠯᠲᠠᠯ᠎ᠠ ᠨᠢᠭᠡᠨ ᠯᠠᠪᠰᠠᠭ᠎ᠠ ᠴᠠᠰᠤᠨ ᠴᠤ᠌ ᠦᠭᠡᠢ ᠳ᠋ᠦ᠍ᠷ  ᠡᠨᠡ ᠬᠠᠪᠤᠷᠤᠨ ᠲᠠᠯ᠎ᠠ ᠶ᠋ᠢᠨ ᠵᠦᠯᠭᠡ ᠡᠪᠡᠰᠦ ᠨᠣᠭᠣᠭ᠎ᠠ ᠨᠢᠭᠡᠮᠦᠰᠦᠨ ᠤᠷᠭᠤᠬᠤ ᠦᠭᠡᠢ ᠲᠤᠯᠠ ᠬᠣᠯᠠ ᠣᠢᠷ᠎ᠠ ᠨᠡᠢᠲᠡ ᠪᠦᠬᠦᠨ ᠰᠥᠩ ᠤᠯᠤᠰ᠂ ᠠᠯᠲᠠᠨ ᠤᠯᠤᠰ᠂ ᠵᠡᠭᠦᠨ ᠰᠣᠯᠣᠩᠭ᠎ᠠ ᠤᠯᠤᠰ᠂ ᠪᠠᠷᠠᠭᠤᠨ ᠲᠠᠩᠭᠤᠳ ᠤᠯᠤᠰ᠂ ᠬᠣᠢᠲᠤ ᠣᠷᠣᠰ ᠤᠯᠤᠰ ᠬᠦᠷᠲᠡᠯ᠎ᠡ ᠬᠡᠳᠦᠨ ᠲᠦᠮᠡᠨ ᠭᠠᠵᠠᠷ ᠤ᠋ᠨ ᠬᠥᠮᠦᠨ ᠠᠮᠢᠲᠠᠨ ᠤ᠋ ᠮᠠᠯ ᠲᠡᠵᠢᠭᠡᠪᠦᠷᠢ ᠡᠴᠡ ᠳᠠᠷᠠᠭᠠᠯᠠᠨ ᠠᠭᠤᠯᠠ ᠬᠡᠭᠡᠷ᠎ᠡ ᠶ᠋ᠢᠨ ᠠᠩ ᠬᠦᠷᠦᠭᠡᠳ ᠲᠦ᠍ᠷ ᠬᠦᠷᠲᠡᠯ᠎ᠡ ᠴᠥᠮ ᠵᠤᠳ ᠭᠠᠮᠰᠢᠭ ᠪᠣᠯᠤᠨ ᠠᠮᠢᠳᠤᠷᠠᠯ ᠢ᠋ ᠠᠯᠳᠠᠬᠤᠢ ᠳ᠋ᠤᠷ ᠬᠦᠷᠴᠦ ᠪᠣᠢ ᠲᠤᠯᠠ᠂ ᠡᠵᠡᠨ ᠪᠡᠯᠡᠬᠡᠨ ᠡᠨᠡ ᠠᠷᠢᠭᠤᠳᠬᠠᠨ ᠴᠡᠪᠡᠷᠯᠡᠬᠦ ᠴᠠᠭ ᠲᠤᠷ ᠲᠣᠬᠢᠶᠠᠯᠳᠤᠭᠤᠯᠤᠨ᠂ ᠬᠠᠪᠤᠷᠤᠨ ᠰᠢᠮᠡᠳᠦ ᠴᠠᠰᠤ ᠭᠤᠶᠤᠵᠤ ᠬᠠᠢᠷᠠᠯᠠᠮᠤ ! 》 ᠬᠡᠮᠡᠭᠰᠡᠨ ᠳ᠋ᠦ᠍ᠷ ᠲᠠᠢᠽᠦ ᠮᠠᠰᠢᠳᠠ ᠪᠡᠶᠡᠰᠦᠨ ᠵᠠᠬᠢᠷᠤᠨ᠄ 
      《ᠵᠢᠨᠦᠩ ᠮᠢᠨᠦ ᠰᠡᠳᠬᠢᠬᠦ ᠶ᠋ᠢ ᠵᠢᠭᠠᠭᠰᠠᠨ ᠮᠡᠲᠦ ᠤᠨᠤᠪᠠᠢ!》 ᠭᠡᠮᠡᠨ ᠲᠠᠪᠤᠨ ᠥᠲᠡᠭᠦᠰ  ᠲᠠᠪᠤᠨ ᠪᠠᠭᠠᠲᠤᠷ ᠤ᠋ᠳ ᠠᠷᠪᠠᠨ ᠲᠠᠪᠤᠨ ᠪᠠᠬ᠎ᠠ ᠪᠠᠭ᠎ᠠ ᠵᠠᠩᠵᠤᠨ ᠲᠠᠪᠤᠨ ᠮᠢᠩᠭᠠᠨ ᠴᠡᠷᠢᠭ ᠢ᠋ ᠠᠪᠴᠤ  ᠲᠠᠪᠤᠨ ᠠᠩᠭᠢ ᠪᠠᠷ ᠲᠡᠭᠷᠢ ᠶ᠋ᠢᠨ ᠮᠠᠨᠳᠠᠯ  ᠭᠠᠵᠠᠷ ᠤ᠋ᠨ ᠮᠠᠨᠳᠠᠯ  ᠨᠠᠷᠠᠨ ᠤ᠋ ᠮᠠᠨᠳᠠᠯ  ᠰᠠᠷᠠᠨ ᠤ᠋ ᠮᠠᠨᠳᠠᠯ᠂ ᠲᠠᠷᠢᠶᠠᠯᠠᠩ ᠤ᠋ᠨ ᠮᠠᠨᠳᠠᠯ  ᠡᠨᠡ ᠲᠠᠪᠤᠨ ᠮᠠᠨᠳᠠᠯ ᠳ᠋ᠤᠷ ᠶᠡᠬᠡ ᠲᠠᠬᠢᠯ ᠡᠷᠭᠦᠨ᠂ ᠬᠦᠵᠢ ᠵᠤᠯᠠ ᠴᠠᠢ ᠰᠠᠷᠬᠤᠳ ᠡᠷᠭᠦᠵᠦ ᠮᠥᠷᠭᠥᠨ ᠳᠠᠭᠠᠳᠬᠠᠨ ᠬᠤᠲᠤᠭ ᠭᠤᠶᠤᠨ ᠵᠠᠯᠪᠠᠷᠢᠭᠲᠤᠨ ᠭᠡᠮᠡᠨ ᠮᠠᠲᠠᠯ ᠠ᠋ᠴᠠ ᠪᠠᠭᠤᠯᠭᠠᠨ ᠂ ᠴᠠᠭᠠᠰᠤᠨ ᠰᠠᠭᠤᠷᠢ ᠲᠠᠬᠢᠬᠤ ᠴᠠᠴᠠᠷ ᠲᠤᠷ ᠶᠠᠪᠤᠭᠤᠯᠪᠠ᠃ ᠳᠥᠷᠪᠡᠨ ᠳᠡᠭᠦᠦ᠂ ᠳᠥᠷᠪᠡᠨ ᠲᠠᠢᠽᠢ᠂ ᠳᠥᠷᠪᠡᠨ ᠬᠦᠯᠦᠭ᠂ ᠳᠥᠷᠪᠡᠨ ᠤᠷᠤᠭ  ᠳᠥᠴᠢᠨ ᠪᠠᠭ᠎ᠠ ᠵᠠᠩᠵᠤᠨ᠂ ᠨᠠᠢ᠍ᠮᠠᠨ ᠮᠢᠩᠭᠠᠨ ᠴᠡᠷᠢᠭ ᠠᠪᠴᠤ᠂ ᠨᠡᠢᠲᠡ ᠨᠠᠢ᠍ᠮᠠᠨ ᠠᠩᠭᠢ ᠪᠠᠷ ᠬᠤᠪᠢᠶᠠᠨ ᠲᠡᠭᠰᠢᠯᠡᠨ ᠪᠤᠷᠬᠠᠳ ᠤ᠋ᠨ ᠰᠦᠮ᠎ᠡ  ᠬᠤᠷᠮᠤᠰᠲᠠ ᠶ᠋ᠢᠨ ᠰᠦᠮ᠎ᠡ᠂ ᠣᠳᠣᠳ ᠤ᠋ᠨ ᠰᠦᠮ᠎ᠡ  ᠪᠣᠭᠳᠠᠰ ᠤ᠋ᠨ ᠰᠦᠮ᠎ᠡ᠂ ᠬᠤᠪᠢᠯᠭᠠᠳ ᠤ᠋ᠨ ᠰᠦᠮ᠎ᠡ  ᠰᠠᠬᠢᠭᠤᠯᠰᠤᠨ ᠤ᠋ ᠰᠦᠮ᠎ᠡ  ᠡᠵᠡᠳ ᠦ᠋ᠨ ᠰᠦᠮ᠎ᠡ᠂ ᠬᠠᠳ ᠤ᠋ᠨ ᠰᠦᠮ᠎ᠡ ᠡᠨᠡ ᠨᠠᠢ᠍ᠮᠠᠨ ᠠᠢᠮᠠᠭ ᠤ᠋ᠨ ᠰᠦᠮ᠎ᠡ ᠦ᠋ᠳ ᠦ᠋ᠨ ᠰᠢᠷ᠎ᠠ ᠥᠷᠭᠥᠭᠡ ᠳ᠋ᠦ᠍ᠷ ᠲᠠᠬᠢᠬᠤ ᠴᠠᠭᠠᠰᠤᠨ ᠰᠠᠭᠤᠷᠢ ᠶ᠋ᠢᠨ ᠡᠮᠦᠨ᠎ᠡ ᠶᠡᠬᠡ ᠲᠠᠬᠢᠯ ᠳᠠᠬᠢᠨ ᠬᠦᠵᠢ ᠵᠤᠯᠠ ᠴᠠᠢ ᠰᠠᠷᠬᠤᠳ ᠳᠠᠬᠢᠵᠤ ᠮᠥᠷᠭᠥᠵᠦ ᠳᠠᠭᠠᠳᠬᠠᠨ ᠬᠤᠲᠤᠭ ᠭᠤᠶᠤᠨ ᠵᠠᠯᠪᠢᠷᠠᠭᠲᠤᠨ ᠭᠡᠮᠡᠨ ᠮᠠᠨᠳᠠᠯ ᠠ᠋ᠴᠠ ᠪᠠᠭᠤᠯᠭᠠᠨ᠂ ᠰᠢᠷ᠎ᠠ ᠥᠷᠭᠥᠭᠡ ᠪᠦᠷᠢ ᠳ᠋ᠦ᠍ᠷ ᠨᠠᠢ᠍ᠮᠠᠨ ᠬᠤᠪᠢ ᠪᠠᠷ ᠲᠠᠬᠢᠷ᠎ᠠ ᠶᠠᠪᠤᠭᠤᠯᠵᠤ ᠂ ᠦᠯᠡᠭᠰᠡᠨ ᠵᠢᠨᠦᠩ ᠵᠠᠩᠵᠤᠨ ᠰᠡᠴᠡᠳ ᠪᠠᠭᠠᠲᠤᠳ ᠴᠡᠷᠢᠭ ᠬᠤᠶᠠᠭ ᠤ᠋ᠳ ᠢ᠋ ᠠᠪᠴᠤ᠂ ᠲᠠᠢᠽᠦ ᠴᠠᠪ ᠴᠦ᠍ ᠵᠣᠭᠣᠭᠯᠠᠭᠠᠳᠤᠢ ᠪᠠᠷ ᠸᠴᠢᠷ ᠮᠠᠨᠳᠠᠯ ᠤ᠋ᠨ ᠭᠠᠳᠠᠨ᠎ᠠ ᠶᠡᠬᠡ ᠶᠠᠨᠳᠠᠷ᠎ᠠ  ᠲᠠᠪᠤᠨ ᠮᠠᠨᠳᠠᠯ ᠤ᠋ᠨ ᠲᠠᠪᠤᠨ ᠰᠢᠷᠡᠭᠡ  ᠶᠢᠰᠦᠨ ᠰᠦᠮ᠎ᠡ ᠶ᠋ᠢᠨ ᠶᠢᠰᠦᠨ ᠰᠢᠷᠡᠭᠡ᠂ ᠢᠯᠡᠭᠦᠦ ᠨᠢᠭᠡᠨ ᠰᠢᠷᠡᠭᠡ ᠢᠨᠤ ᠲᠠᠢᠽᠦ ᠶ᠋ᠢᠨ ᠥᠪᠡᠷᠦᠨ ᠡᠪᠦᠭᠡᠳ ᠦ᠋ᠨ ᠲᠡᠢ ᠮᠢᠶᠣᠤ ᠰᠦᠮ᠎ᠡ ᠶ᠋ᠢᠨ ᠰᠢᠷᠡᠭᠡ ᠪᠤᠶᠤ᠃ ᠡᠨᠡ ᠠᠷᠪᠠᠨ ᠲᠠᠪᠤᠨ ᠰᠢᠷᠡᠭᠡᠨ ᠦ᠌ ᠠᠷᠪᠠᠨ ᠲᠠᠪᠤᠨ ᠬᠦᠵᠢ ᠵᠤᠯᠠ ᠶ᠋ᠢ ᠲᠠᠢᠽᠦ ᠴᠥᠮ ᠥᠪᠡᠷᠦᠨ ᠮᠣᠳᠣᠷ ᠢ᠋ᠶ᠋ᠠᠷ ᠡᠷᠭᠦᠨ ᠂ ᠥᠪᠡᠷᠦᠨ ᠪᠡᠶ᠎ᠡ ᠪᠡᠷ ᠳᠠᠬᠢᠵᠤ ᠲᠠᠪᠢᠭᠯᠠᠨ᠂ ᠪᠡᠶ᠎ᠡ ᠶᠡᠬᠡᠯ᠎ᠡ ᠴᠢᠯᠡᠭᠡᠷᠡᠲᠡᠯ᠎ᠡ ᠮᠥᠷᠭᠥᠵᠦ ᠪᠠᠷᠠᠭᠠᠳ᠂ ᠮᠠᠯᠠᠭ᠎ᠠ ᠪᠠᠨ ᠠᠪᠴᠤ ᠬᠬᠢᠪ ᠬᠠᠯᠢᠮ ᠡᠷᠭᠦᠨ ᠬᠠᠪᠤᠷᠤᠨ ᠤᠯᠠᠭᠠᠨ ᠨᠡᠷᠡᠨ᠎ᠡ ᠡᠮᠦᠨᠡᠰᠢ ᠬᠠᠨᠳᠤᠨ ᠰᠥᠭᠥᠳᠴᠦ ᠥᠨᠳᠥᠷ ᠳᠠᠭᠤᠨ ᠢ᠋ᠶ᠋ᠠᠷ᠄ 
          ᠬᠥᠬᠡ ᠮᠥᠩᠬᠡ ᠲᠡᠭᠷᠢ ᠡᠴᠢᠭᠡ ᠶ᠋ᠢ ᠬᠦᠵᠢ ᠵᠤᠯᠠ ᠪᠠᠷ ᠲᠠᠬᠢᠮᠣᠢ 
          ᠬᠥᠪᠬᠡᠯᠡᠬᠦ ᠲᠡᠭᠷᠢ ᠶ᠋ᠢᠨ ᠠᠭᠤᠷ ᠠᠮᠢᠰᠬᠤᠯ ᠴᠠᠭ ᠳᠣᠲᠣᠷ᠎ᠠ ᠨᠠᠢᠷᠯᠠᠲᠤᠭᠠᠢ᠃ 
          ᠬᠦᠷᠦᠭᠰᠡᠨ ᠠᠯᠢ ᠡᠯ᠎ᠡ ᠤᠯᠤᠰ ᠤ᠋ᠨ ᠮᠢᠨᠦ ᠬᠥᠮᠦᠨ ᠠᠮᠢᠲᠠᠨ ᠢ᠋ ᠠᠪᠤᠷᠠᠲᠤᠭᠠᠢ 
          ᠬᠥᠭᠡᠷᠦᠬᠦᠢ ᠡᠨᠡ ᠣᠯᠠᠨ᠎ᠠ ᠬᠤᠷ᠎ᠠ ᠤᠰᠤᠨ ᠢ᠋ ᠬᠠᠢᠷᠠᠯᠠᠲᠤᠭᠠᠢ᠃ 
          ᠬᠠᠭᠠᠨ ᠮᠥᠩᠬᠡ ᠲᠡᠭᠷᠢ ᠡᠴᠢᠭᠡ ᠶ᠋ᠢ ᠬᠠᠮᠤᠭ ᠲᠠᠬᠢᠯ ᠢ᠋ᠶ᠋ᠠᠷ ᠳᠠᠭᠢᠮᠤᠢ 
          ᠬᠠᠳᠠᠨ ᠬᠠᠭᠤᠷᠠᠢ ᠭᠠᠩ ᠬᠠᠪᠰᠠᠷᠭᠠᠨ ᠭᠱᠠᠨ ᠵᠠᠭᠤᠷ᠎ᠠ ᠠᠷᠢᠯᠲᠤᠭᠠᠢ᠃ 
          ᠬᠠᠯᠠᠬᠠᠢ ᠲᠡᠮᠦᠵᠢᠨ ᠬᠥᠪᠡᠭᠦᠨ ᠬᠠᠭᠠᠨ ᠰᠠᠭᠤᠬᠤ ᠵᠠᠶᠠᠭ᠎ᠠ ᠦᠨᠡᠨ ᠪᠣᠯᠪᠠᠰᠤ 
          ᠬᠠᠩᠭᠠᠯᠲᠠᠲᠤ ᠬᠤᠷ᠎ᠠ ᠤᠰᠤᠨ ᠪᠠᠭᠤᠵᠤ ᠬᠠᠮᠤᠭ ᠪᠦᠭᠦᠳᠡᠭᠡᠷ ᠢ᠋ ᠵᠢᠷᠭᠠᠭᠤᠯᠲᠤᠭᠠᠢ  
ᠭᠡᠮᠡᠨ ᠭᠤᠷᠪᠠᠨ ᠵᠡᠷᠭᠡ ᠥᠨᠳᠥᠷ ᠳᠠᠭᠤᠨ ᠢ᠋ᠶ᠋ᠠᠷ ᠳᠠᠭᠤᠳᠠᠨ ᠤᠩᠰᠢᠭᠠᠳ᠂ ᠰᠢᠷᠣᠢ ᠶ᠋ᠢᠨ ᠭᠠᠵᠠᠷ ᠬᠣᠣᠰ ᠡᠪᠦᠳᠦᠭ ᠢ᠋ᠶ᠋ᠡᠷ ᠡᠮᠦᠨᠡᠰᠢ ᠬᠠᠨᠳᠤᠨ ᠬᠠᠳᠠᠮ᠎ᠠ ᠨᠡᠷᠡᠨ᠎ᠡ ᠰᠥᠭᠥᠳᠦᠭᠰᠡᠨ᠎ᠡ  ᠬᠠᠮᠤᠭ ᠰᠠᠢᠳ ᠲᠦᠰᠢᠮᠡᠳ  ᠡᠵᠡᠳ ᠨᠣᠶᠠᠳ ᠬᠠᠮᠲᠤ ᠪᠦᠭᠦᠳᠡᠭᠡᠷ ᠶᠡᠬᠡᠯ᠎ᠡ ᠠᠶᠤᠯᠳᠤᠵᠤ : 
       《ᠠᠪᠠᠢ ᠮᠠᠨ ᠤ᠋ ᠴᠡᠷᠢᠭ ᠦ᠋ᠨ ᠶᠡᠬᠡ ᠵᠢᠨᠦ᠋ᠩ ᠮᠤᠬᠤᠯᠢ ᠬᠡᠮᠡᠭᠴᠢ ᠠᠳᠠᠪᠠᠰᠢ ᠰᠡᠴᠡᠨ ᠮᠡᠷᠭᠡᠨ ᠭᠡᠭᠡᠨ ᠲᠤᠩᠭᠠᠯᠠᠭ ᠤ᠋ᠨ ᠲᠤᠢᠯ ᠬᠥᠮᠦᠨ ᠪᠥᠭᠡᠲᠡᠯ᠎ᠡ  ᠬᠡᠳᠦᠨ ᠣᠨ ᠤ᠋ ᠡᠢᠮᠦ ᠶᠡᠬᠡ ᠲᠡᠭᠷᠢ ᠶ᠋ᠢᠨ ᠭᠠᠮᠰᠢᠭ ᠤ᠋ᠨ ᠭᠠᠯ ᠤᠯᠠᠢᠮ᠎ᠠ ᠭᠠᠩ ᠬᠠᠪᠰᠠᠷᠭᠠᠨ  ᠬᠠᠭᠰᠠᠮ᠎ᠠ ᠬᠠᠭᠤᠷᠠᠢ ᠬᠠᠩᠭᠢᠨᠠᠮ᠎ᠠ ᠰᠠᠯᠬᠢᠨ ᠳ᠋ᠤᠷ ᠬᠤᠷ᠎ᠠ ᠤᠰᠤᠨ ᠢ᠋ ᠬᠠᠮᠢᠭ᠎ᠠ ᠠ᠋ᠴᠠ ᠭᠣᠶᠣᠭᠤᠯᠬᠤ ᠠᠵᠢ ? 》ᠭᠡᠮᠡᠨ ᠬᠠᠮᠤᠭ ᠪᠦᠭᠦᠳᠡᠭᠡᠷ ᠴᠢᠷᠠᠢ ᠠᠯᠳᠠᠵᠤ ᠬᠠᠷᠢᠯᠴᠠᠨ ᠰᠢᠷᠳᠡᠯᠴᠡᠵᠦ ᠪᠠᠢᠲᠠᠯ᠎ᠠ ᠲᠠᠢᠽᠦ ᠯᠤᠤ ᠴᠠᠭ ᠤ᠋ᠨ ᠳᠤᠮᠳᠠ ᠰᠢᠷᠣᠢ ᠶ᠋ᠢᠨ ᠭᠠᠵᠠᠷ ᠨᠡᠷᠡᠨ᠎ᠡ ᠰᠥᠭᠥᠳᠲᠡᠯ᠎ᠡ  ᠮᠥᠨ ᠴᠠᠭ ᠤ᠋ᠨ ᠰᠡᠭᠦᠯ ᠢ᠋ᠶ᠋ᠡᠷ ᠤᠨᠤᠨ ᠮᠤᠷᠠᠨ ᠤ᠋ ᠤᠷᠤᠰᠬᠠᠯ ᠠ᠋ᠴᠠ ᠬᠥᠬᠡᠪᠲᠦᠷ ᠠᠪᠤᠷᠭᠤ ᠮᠡᠩ ᠮᠣᠭᠠᠢ ᠰᠤᠮᠤ ᠬᠠᠷᠪᠤᠬᠤ ᠮᠡᠲᠦ ᠳᠡᠭᠳᠡᠨ ᠭᠠᠷᠴᠤ ᠬᠠᠭᠠᠰ ᠣᠭᠲᠠᠷᠭᠤᠢ ᠳ᠋ᠤᠷ ᠬᠦᠷᠦᠮᠡᠭᠴᠡ ᠭᠡᠨᠡᠳᠲᠡ ᠡᠮᠦᠨ᠎ᠡ ᠡᠴᠡ ᠬᠠᠯᠠᠭᠤᠨ ᠰᠠᠯᠬᠢᠨ ᠱᠤᠤᠭᠢᠨ ᠰᠠᠯᠬᠢᠯᠠᠮᠠᠭᠴᠠ ᠬᠥᠬᠡ ᠠᠭᠤᠷ ᠢ᠋ ᠨᠢᠭᠡᠨᠲᠡ ᠦᠯᠢᠶᠡᠨ ᠣᠭᠲᠠᠷᠭᠤᠢ ᠳᠦᠭᠦᠷᠡᠩ ᠡᠭᠦᠯᠡᠲᠦᠮᠡᠭᠴᠡ ᠡᠭᠦᠯᠡᠨ ᠦ᠌ ᠳᠣᠲᠣᠷ᠎ᠠ ᠬᠠᠪᠤᠷᠤᠨ ᠠᠶᠤᠩᠭ᠎ᠠ ᠬᠦᠷᠬᠢᠷᠡᠨ ᠳᠤᠤᠭᠠᠷᠴᠤ᠂ ᠴᠠᠬᠢᠯᠭᠠᠨ ᠴᠠᠬᠢᠯᠠᠨ᠂ ᠭᠢᠯᠪᠢᠯᠭᠡᠨ ᠭᠢᠯᠪᠢᠵᠤ᠂ ᠪᠣᠷᠣᠭᠠᠨ ᠤ᠋ ᠳᠤᠰᠤᠯ ᠵᠢᠰᠢᠭᠦᠦ ᠪᠡᠷ ᠬᠡᠢᠰᠦᠨ ᠲᠡᠰᠢᠵᠦ ᠡᠭᠦᠰᠬᠡᠪᠡ᠃ ᠡᠨᠡ ᠦᠨᠡᠬᠡᠷ᠄ 
          ᠠᠷᠤ ᠡᠯᠡᠰᠦᠨ᠎ᠡ ᠭᠤᠷᠪᠠᠨ ᠰᠠᠷ᠎ᠠ ᠳ᠋ᠤᠷ ᠠᠶᠤᠩᠭ᠎ᠠ ᠭᠢᠯᠪᠢᠯᠭᠡᠨ ᠪᠠᠳᠠᠷᠠᠬᠤ 
          ᠠᠷᠪᠠᠨ ᠣᠷᠣᠨ ᠤ᠋ ᠲᠠᠢᠽᠦ ᠪᠣᠭᠳᠠ ᠨᠢᠭᠡᠨᠲᠡ ᠰᠥᠭᠥᠳᠦᠭᠰᠡᠨ᠎ᠡ ᠪᠣᠯᠪᠠᠢ᠃ 
          ᠠᠯᠢᠪᠠ ᠬᠠᠭᠠᠨ ᠵᠠᠶᠠᠭᠠᠳᠠᠨ᠎ᠠ ᠡᠢᠮᠦ ᠬᠡᠷᠡᠭ ᠦ᠋ᠳ ᠪᠣᠢ ᠪᠣᠯᠪᠠᠴᠤ ᠪᠠᠷ 
          ᠭᠱᠠᠨ ᠵᠠᠭᠤᠷ᠎ᠠ ᠡᠢᠮᠦ ᠲᠦᠷᠭᠡᠨ ᠢᠨᠦ ᠠᠳᠠᠪᠠᠰᠢ ᠬᠡᠳᠦ ᠪᠠᠢᠮᠤᠢ ᠤᠤ ? 
       ᠠᠶ᠎ᠠ ᠦᠨᠡᠬᠡᠷ ᠲᠡᠭᠷᠢ ᠶ᠋ᠢᠨ ᠭᠠᠢᠬᠠᠮᠰᠢᠭ ᠭᠠᠵᠠᠷ ᠤ᠋ᠨ ᠶᠢᠯᠸᠢ ᠬᠡᠮᠡᠭᠴᠢ ᠶ᠋ᠢ ᠲᠠᠰᠤᠯᠤᠨ ᠬᠡᠯᠡᠬᠦᠶ᠎ᠡ ᠮᠠᠰᠢ ᠪᠡᠷᠬᠡ᠃ ᠤᠳᠠᠭᠰᠠᠨ ᠦᠭᠡᠢ ᠭᠠᠳᠠᠨ᠎ᠠ ᠵᠣᠭᠰᠣᠪᠠᠰᠤ ᠪᠣᠯᠬᠤ ᠦᠭᠡᠢ ᠪᠣᠷᠣᠭᠠᠨ ᠶᠡᠬᠡᠳᠡ ᠣᠷᠣᠬᠤᠢ ᠳ᠋ᠤᠷ ᠬᠥᠷᠥᠭᠰᠡᠨ᠎ᠡ  ᠲᠠᠬᠢᠯ ᠰᠢᠷᠡᠭᠡ ᠪᠦᠬᠦᠨ ᠢ᠋ ᠸᠴᠢᠷ ᠮᠠᠨᠳᠠᠯ ᠤ᠋ᠨ ᠲᠣᠭᠣᠷᠢᠭᠰᠠᠨ ᠶᠡᠬᠡ ᠣᠶᠣᠭ ᠰᠠᠷᠠᠪᠴᠢ ᠳ᠋ᠤᠷ ᠣᠷᠣᠭᠤᠯᠵᠤ᠂ ᠲᠠᠲ᠋ᠠᠷ ᠤ᠋ᠨ ᠰᠢᠷᠢᠬᠤᠳᠤᠭ ᠲᠠᠢᠽᠦ ᠶ᠋ᠢᠨ ᠠᠩᠭᠢᠷ ᠴᠠᠭᠠᠨ ᠬᠦᠯᠦᠭ ᠢ᠋ ᠪᠠᠷᠢᠵᠤ᠂ ᠳᠡᠳ᠋ ᠪᠠᠭᠤᠳᠠᠯ ᠤ᠋ᠨ ᠰᠢᠷ᠎ᠠ ᠦᠷᠭᠦᠭᠡᠨ᠎ᠡ ᠵᠠᠯᠠᠷᠠᠨ ᠪᠠᠭᠤᠵᠤ᠂ ᠰᠢᠷᠢᠬᠤᠳᠤᠭ ᠤ᠋ᠨ ᠨᠢᠭᠡᠨ ᠡᠩ ᠦ᠋ᠨ ᠵᠠᠬᠢᠷᠬᠤ᠂ ᠨᠠᠢ᠍ᠮᠠᠨ ᠠᠩᠭᠢ ᠠᠢᠮᠠᠭ ᠤ᠋ᠳ ᠤ᠋ᠨ ᠣᠯᠠᠨ ᠴᠥᠭᠡᠨ ᠢ᠋ ᠲᠡᠩᠴᠡᠭᠦᠯᠦᠨ ᠲᠡᠭᠰᠢᠯᠡᠵᠦ᠂ ᠭᠠᠪᠢᠶ᠎ᠠ ᠵᠢᠳᠬᠦᠯᠭᠡ ᠶ᠋ᠢ ᠢᠯᠭᠠᠨ ᠰᠠᠯᠭᠠᠨ ᠱᠠᠩᠨᠠᠨ ᠡᠷᠭᠦᠮᠵᠢᠯᠡᠨ ᠬᠥᠬᠢᠭᠦᠯᠦᠨ ᠬᠦᠷᠲᠡᠭᠡᠵᠦ᠂ ᠬᠠᠳ ᠤ᠋ᠨ ᠰᠦᠮ᠎ᠡ ᠶ᠋ᠢᠨ ᠰᠠᠬᠢᠭᠤᠯᠰᠤᠨ ᠰᠠᠭᠤᠷᠢ ᠶ᠋ᠢ ᠳᠠᠬᠢᠵᠤ ᠲᠠᠪᠢᠭᠯᠠᠨ ᠭᠠᠯ ᠢ᠋ᠶ᠋ᠠᠷ  ᠮᠠᠨᠠᠷᠠᠨᠲᠤᠭᠤᠯᠤᠨ ᠡᠷᠭᠦᠵᠦ ᠣᠭᠲᠠᠷᠭᠤᠢ ᠳ᠋ᠤᠷ ᠵᠠᠯᠠᠲᠠᠯ᠎ᠠ᠂ ᠬᠠᠪᠤᠷᠤᠨ ᠬᠤᠷ᠎ᠠ ᠨᠡᠩ ᠶᠡᠬᠡ ᠪᠣᠯᠵᠤ ᠠᠯᠢᠪᠠ ᠴᠠᠴᠠᠷ ᠲᠠᠭᠲᠤ ᠥᠷᠥᠭᠡ ᠮᠠᠢᠬᠠᠨ ᠳᠡᠭᠡᠷ᠎ᠡ ᠳᠠᠷᠴᠢᠭᠢᠨᠠᠨ ᠱᠠᠭᠢᠨ ᠳᠤᠰᠤᠯᠠᠬᠤᠢ ᠳ᠋ᠤᠷ ᠭᠦᠷᠦᠭᠰᠡᠨ᠎ᠡ ᠣᠯᠠᠨ ᠭᠠᠳᠠᠭᠠᠳᠤ ᠰᠠᠢᠳ ᠤ᠋ᠳ ᠪᠦᠭᠦᠳᠡᠭᠡᠷ ᠵᠢᠨᠦᠩ ᠦ᠋ᠨ ᠴᠠᠴᠠᠷ ᠲᠤᠷ ᠴᠤᠭᠯᠠᠯᠳᠤᠨ ᠢᠷᠡᠵᠦ ᠪᠢᠰᠢᠷᠡᠨ ᠭᠠᠢᠬᠠᠵᠤ᠂ ᠮᠥᠷᠭᠥᠯᠴᠡᠨ ᠮᠠᠭᠲᠠᠬᠤᠢ ᠳ᠋ᠤᠷ ᠲᠠᠴᠢᠩᠬᠣᠷᠯᠣᠣ ᠂ ᠢᠯᠠᠭᠤᠭᠰᠠᠨ ᠬᠣᠶᠠᠭᠤᠯᠠ ᠬᠣᠣᠰᠯᠠᠨ ᠥᠴᠢᠷᠦᠨ :  
          ᠠᠯᠲᠠᠨ ᠭᠠᠳᠠᠰᠤ ᠣᠷᠴᠢᠯᠠᠩ ᠳ᠋ᠤᠷ ᠪᠠᠭᠤᠪᠠᠰᠤ 
          ᠠᠯᠢᠪᠠ ᠣᠳᠣᠳ ᠳᠠᠭᠠᠯᠴᠠᠮᠤᠢ ᠬᠡᠮᠡᠯᠦᠭᠡ 
          ᠠᠶᠤᠯᠲᠤ ᠵᠢᠨᠦᠩ ᠲᠣᠳᠤᠷᠬᠠᠶ᠎ᠠ ᠮᠠᠭᠠᠳ 
          ᠠᠯᠲᠠᠨ ᠣᠳᠣᠨ ᠤ᠋ ᠨᠢᠭᠡᠨ ᠢᠨᠤ ᠯᠠᠪ ᠪᠣᠯᠵᠤᠬᠤᠢ᠃ 
ᠬᠡᠮᠡᠭᠰᠡᠨ ᠳ᠋ᠦ᠍ᠷ ᠣᠯᠠᠨ ᠢ᠋ᠶ᠋ᠠᠷ ᠪᠠᠶᠠᠷᠯᠠᠯᠴᠠᠨ᠂ ᠵᠢᠨᠦᠩ ᠮᠤᠬᠤᠯᠢ ᠮᠡᠬᠦᠢᠨ ᠶᠣᠰᠣᠯᠠᠵᠤ ᠬᠠᠷᠢᠭᠤ ᠥᠴᠢᠷᠦᠨ᠄ 
          ᠠᠯᠲᠠᠨ ᠭᠠᠳᠠᠰᠤ ᠮᠥᠨ ᠦ᠌ ᠲᠤᠯᠠᠳᠠ 
          ᠠᠯᠢᠪᠠ ᠦᠢᠯᠡᠰ ᠡᠨᠡ ᠮᠡᠲᠦ ᠬᠢᠯᠪᠠᠷ ᠪᠢᠰᠢᠦ ? 
          ᠠᠷᠪᠠᠨ ᠬᠡᠳᠦᠲᠡᠢᠬᠡᠨ ᠠᠪᠤᠯᠴᠠᠵᠤ ᠳᠠᠭᠠᠭᠰᠠᠨ ᠢ᠋ᠶ᠋ᠠᠷ 
          ᠠᠳᠠᠪᠠᠰᠢ ᠢᠲᠡᠭᠡᠮᠵᠢᠯᠡᠭᠰᠡᠨ ᠦ᠌ ᠦᠨᠡᠨ ᠰᠦᠰᠦᠭ ᠪᠤᠶᠤ᠃ 
ᠬᠡᠮᠡᠵᠦ ᠣᠯᠠᠨ ᠰᠠᠢᠳ ᠪᠦᠭᠦᠳᠡᠭᠡᠷ ᠢ᠋ ᠦᠯᠡᠳᠡᠭᠡᠨ᠂ ᠪᠠᠶᠠᠷ ᠤ᠋ᠨ ᠬᠤᠷ᠎ᠠ ᠶ᠋ᠢᠨ ᠪᠠᠶᠠᠰᠬᠤᠯᠠᠩ ᠬᠤᠷᠢᠮ ᠬᠤᠷᠢᠮᠯᠠᠬᠤᠶ᠎ᠠ ᠨᠠᠷᠠᠨ ᠪᠠᠬᠠᠨ ᠲᠠᠰᠢᠮᠠᠭᠴᠠ ᠭᠡᠨᠡᠳᠲᠡ ᠨᠢᠭᠡᠨ ᠵᠡᠷᠭᠡ ᠶ᠋ᠢᠨ ᠵᠡᠭᠦᠨ ᠬᠣᠢᠲᠤ ᠶ᠋ᠢᠨ ᠬᠦᠢᠲᠡᠨ ᠰᠠᠯᠬᠢᠨ ᠱᠤᠤᠭᠢᠨ ᠬᠥᠳᠡᠯᠦᠮᠡᠭᠴᠡ᠂ ᠬᠤᠷ᠎ᠠ ᠶ᠋ᠢᠨ ᠬᠦᠴᠦᠨ ᠤᠯᠠᠮ ᠶᠡᠬᠡᠳᠴᠦ ᠴᠠᠭᠠᠨ ᠭᠠᠯᠠᠭᠤ ᠶ᠋ᠢᠨ ᠥᠳᠥ ᠮᠡᠲᠦ ᠶᠡᠬᠡ ᠯᠠᠪᠰᠠᠭᠲᠤ ᠴᠠᠰᠤ ᠪᠣᠯᠤᠨ ᠬᠤᠪᠢᠯᠵᠤ᠂ ᠳᠡᠭᠡᠷ᠎ᠡ ᠳᠣᠣᠷ᠎ᠠ ᠬᠠᠷᠢᠯᠴᠠᠨ ᠰᠣᠯᠢᠴᠠᠯᠳᠤᠨ ᠯᠠᠪᠰᠠᠭᠯᠠᠨ ᠣᠷᠣᠭᠰᠠᠭᠠᠷ ᠭᠱᠠᠨ ᠵᠠᠭᠤᠷ᠎ᠠ ᠨᠢᠭᠡᠨ ᠲᠣᠬᠣᠢ ᠰᠢᠬᠠᠮ ᠪᠣᠯᠵᠤ᠂ ᠠᠭᠤᠯᠠ ᠲᠠᠯ᠎ᠠ᠂ ᠬᠡᠭᠡᠷ᠎ᠡ ᠪᠡᠯᠴᠢᠭᠡᠷ᠂ ᠬᠠᠮᠲᠤ ᠨᠢᠭᠡᠨ᠎ᠡ ᠴᠠᠪ ᠴᠠᠢᠮ᠎ᠠ ᠪᠣᠯᠵᠤ᠂ ᠮᠥᠩᠭᠥᠨ ᠦ᠌ ᠣᠷᠴᠢᠯᠠᠩ ᠬᠠᠰ ᠤ᠋ᠨ ᠶᠢᠷᠲᠢᠨᠴᠦ᠂ ᠳᠡᠭᠡᠷ᠎ᠡ ᠳᠣᠣᠷ᠎ᠠ ᠬᠣᠯᠠ ᠣᠢᠷ᠎ᠠ᠂ ᠨᠢᠭᠡᠮᠦᠰᠦᠨ ᠢᠯᠭᠠᠭᠳᠠᠬᠤ ᠦᠭᠡᠢ ᠪᠣᠯᠵᠤ᠂ ᠡᠨᠡ ᠣ ᠶ᠋ᠢᠨ ᠣᠭᠲᠠᠷᠭᠤᠢ᠂ ᠬᠠᠰ ᠤ᠋ᠨ ᠳᠡᠯᠡᠬᠡᠢ ᠳ᠋ᠦ᠍ᠷ ᠵᠢᠪᠬᠤᠯᠠᠩᠲᠤ ᠪᠠᠯᠭᠠᠰᠤᠨ ᠤ᠋ ᠲᠦᠭ ᠲᠦᠮᠡᠨ ᠬᠣᠲᠠ ᠤᠨᠢᠭᠤᠯ᠂ ᠬᠡᠷᠡᠮ ᠬᠡᠴᠡ ᠪᠠ ᠶᠡᠬᠡ ᠪᠠᠭ᠎ᠠ ᠣᠷᠳᠣᠨ᠂ ᠴᠠᠴᠠᠷ ᠲᠠᠭᠲᠤ᠂ ᠥᠷᠭᠥᠭᠡ ᠮᠠᠢᠬᠠᠨ᠂ ᠪᠠᠭᠤᠳᠠᠯ ᠪᠠᠭᠤᠷᠢ᠂ ᠨᠡᠢᠲᠡ ᠪᠦᠭᠦᠳᠡᠭᠡᠷ ᠬᠣᠨᠢᠨ ᠤ᠋ ᠤᠩᠭᠠᠰᠤ ᠶ᠋ᠢᠨ ᠠᠭᠤᠯᠠ ᠣᠪᠣᠭ᠎ᠠ᠂ ᠬᠤᠨ ᠭᠠᠯᠠᠭᠤ ᠶ᠋ᠢᠨ ᠭᠠᠯᠪᠠ ᠮᠡᠲᠦ ᠪᠣᠯᠤᠨ ᠬᠤᠪᠢᠯᠵᠤᠬᠤᠢ᠃ ᠴᠡᠷᠢᠭ ᠦ᠋ᠨ ᠶᠡᠬᠡ ᠵᠢᠨᠦᠩ ᠮᠤᠬᠤᠯᠢ ᠴᠠᠭᠯᠠᠰᠢ ᠦᠭᠡᠢ ᠶᠡᠬᠡ ᠪᠠᠶᠠᠷᠯᠠᠨ᠂ ᠣᠯᠠᠨ ᠨᠣᠶᠠᠳ ᠲᠤᠷ ᠬᠣᠣᠷᠠᠵᠠ ᠪᠤᠷᠵᠠ ᠬᠤᠪᠢ ᠨᠡᠮᠡᠨ ᠪᠠᠷᠢᠭᠤᠯᠵᠤ ᠥᠭᠦᠯᠡᠷᠦᠨ : 
      《ᠡᠨᠡ ᠴᠠᠰᠤ ᠳᠣᠷᠣᠨ᠎ᠠ ᠤᠮᠠᠷ᠎ᠠ ᠶ᠋ᠢᠨ ᠡᠰᠡᠷᠭᠦ ᠰᠠᠯᠬᠢᠨ ᠤ᠋ ᠵᠦᠭ ᠣᠷᠣᠬᠤ ᠲᠤᠯᠠ ᠯᠠᠪ ᠣᠳᠣ ᠶᠡᠬᠡ ᠴᠠᠰᠤ ᠪᠣᠯᠵᠤ ᠵᠤᠳ ᠭᠠᠮᠰᠢᠭ ᠪᠣᠯᠤᠮᠤᠢ᠃ ᠡᠴᠦᠰ ᠲᠦ᠍ᠷ ᠪᠠᠰᠠ ᠡᠵᠡᠨ ᠢ᠋ ᠭᠤᠶᠤᠵᠤ ᠮᠠᠨᠳᠠᠯ ᠳ᠋ᠤᠷ ᠳᠠᠬᠢᠨ ᠠᠪᠠᠷᠢᠭᠤᠯᠤᠨ ᠥᠴᠢᠨ ᠵᠠᠯᠪᠠᠷᠢᠵᠤ ᠴᠠᠰᠤ ᠠᠷᠢᠯᠬᠤᠢ ᠶ᠋ᠢ ᠭᠣᠶᠣᠯᠭᠠᠬᠤᠢ ᠳ᠋ᠤᠷ ᠬᠦᠷᠦᠭᠦᠯᠦᠮᠦᠢ᠃ ᠣᠯᠠᠨ ᠨᠣᠶᠠᠳ ᠢ᠋ᠶ᠋ᠠᠷ ᠪᠡᠯᠡᠳᠬᠡᠯᠴᠡᠪᠡᠰᠦ ᠵᠣᠬᠢᠮᠤᠢ 》ᠬᠡᠮᠡᠬᠦᠢ ᠳ᠋ᠦ᠍ᠷ ᠡᠨᠡ ᠤᠳᠠᠭ᠎ᠠ ᠣᠯᠠᠨ ᠢ᠋ᠶ᠋ᠠᠷ ᠦᠨᠡᠬᠡᠷ ᠢᠲᠡᠭᠡᠮᠵᠢᠯᠡᠪᠡ᠃ ᠨᠢᠭᠡᠨ ᠰᠥᠨᠢ ᠴᠠᠰᠤ ᠵᠣᠭᠰᠣᠭᠰᠠᠨ ᠦᠭᠡᠢ᠂ ᠵᠢᠴᠢ ᠥᠷᠯᠥᠭᠡ ᠭᠡᠭᠡᠷᠡᠮᠡᠭᠴᠡ᠂ ᠴᠠᠰᠤ ᠬᠡᠲᠦᠷᠬᠡᠶ᠎ᠡ ᠶᠡᠬᠡᠳᠴᠦ᠂ ᠴᠠᠰᠤᠨ ᠭᠠᠮᠰᠢᠭ ᠲᠤᠷ ᠣᠢᠷᠠᠲᠤᠭᠰᠠᠨ ᠲᠤᠯᠠ ᠣᠯᠠᠨ ᠢ᠋ᠶ᠋ᠠᠷ ᠡᠪᠦᠳᠦᠭ ᠡᠴᠡ ᠭᠦᠨ ᠵᠤᠵᠠᠭᠠᠨ ᠴᠠᠰᠤᠨ᠎ᠠ ᠭᠦᠶᠦᠯᠳᠦᠨ ᠡᠵᠡᠨ ᠢ᠋ ᠮᠠᠨᠳᠠᠯ ᠳ᠋ᠤᠷ ᠵᠠᠯᠠᠬᠤ ᠶᠡᠬᠡ ᠳᠣᠬᠢᠶ᠎ᠠ ᠲᠡᠮᠳᠡᠭ ᠫᠤᠤ ᠬᠥᠭᠵᠢᠮ ᠢ᠋ ᠡᠭᠦᠰᠬᠡᠨ  ᠡᠵᠡᠨ ᠢ᠋ ᠵᠠᠯᠠᠬᠤᠶ᠎ᠠ ᠲᠠᠢᠽᠦ ᠥᠪᠡᠷᠦᠨ ᠨᠢᠭᠤᠷ ᠲᠠᠢ ᠪᠣᠯᠤᠭᠰᠠᠨ ᠳ᠋ᠤᠷ ᠬᠠᠷᠢᠨᠴᠤ ᠪᠠᠶᠠᠰᠬᠤ ᠦᠭᠡᠢ᠂ ᠣᠯᠠᠨ ᠮᠠᠯ ᠲᠡᠵᠢᠭᠡᠪᠦᠷᠢ ᠠᠮᠢᠲᠠᠨ ᠠᠳᠤᠭᠤᠰᠤᠨ ᠤ᠋ ᠬᠣᠭᠣᠯᠠ ᠪᠣᠯᠬᠤ ᠬᠥᠬᠡ ᠨᠣᠭᠣᠭ᠎ᠠ ᠣᠷᠭᠣᠬᠤᠢ ᠳ᠋ᠤᠷ ᠮᠠᠰᠢᠳᠠ ᠲᠠᠭᠠᠯᠠᠨ ᠪᠡᠶᠡᠰᠦᠨ ᠪᠠᠢᠲᠠᠯ᠎ᠠ᠂ ᠡᠳᠦᠭᠡ ᠴᠠᠰᠤ ᠨᠢᠭᠡᠨᠲᠡ ᠶᠡᠬᠡᠳᠴᠦ ᠵᠤᠳ ᠭᠠᠮᠰᠢᠭ ᠪᠣᠯᠬᠤᠢ ᠳ᠋ᠤᠷ ᠬᠦᠷᠴᠦ᠂ ᠠᠷᠤ ᠭᠠᠵᠠᠷ ᠪᠠᠢᠨ ᠪᠠᠢᠨ ᠶᠡᠬᠡ ᠴᠠᠰᠤᠨ ᠤ᠋ ᠭᠠᠮᠰᠢᠭ ᠲᠤᠷ ᠮᠠᠯ ᠰᠦᠷᠦᠭ ᠵᠦᠳᠡᠷᠡᠨ ᠦᠬᠦᠳᠡᠭ ᠲᠤᠯᠠᠳᠠ᠂ ᠬᠡᠳᠦᠢ ᠬᠠᠪᠤᠷᠤᠨ ᠴᠠᠰᠤ ᠭᠡᠪᠡᠴᠦ ᠣᠷᠣᠭᠰᠠᠨ ᠠᠨᠤ ᠬᠡᠳᠦ ᠶᠡᠬᠡ  ᠥᠷᠭᠥᠭᠡ ᠭᠡᠷ ᠦ᠋ᠨ ᠡᠭᠦᠳᠡ ᠴᠥᠮ ᠬᠠᠭᠠᠰ ᠢᠯᠡᠭᠦᠦ ᠪᠤᠯᠠᠭᠳᠠᠨ ᠪᠥᠭᠯᠡᠭᠳᠡᠬᠦ ᠳ᠋ᠦ᠍ᠷ ᠬᠦᠷᠦᠭᠰᠡᠨ ᠲᠤᠯᠠ᠂ ᠵᠦᠷᠭᠢᠳ ᠦ᠋ᠨ ᠴᠤᠤ ᠮᠡᠷᠭᠡᠨ ᠲᠠᠢᠽᠦ ᠶ᠋ᠢᠨ ᠬᠦᠯᠦᠭ ᠢ᠋ ᠬᠥᠲᠥᠯᠦᠨ ᠢᠷᠡᠲᠡᠯ᠎ᠡ᠂ ᠲᠠᠢᠽᠦ ᠯᠠᠪᠰᠠᠭᠯᠠᠬᠤ ᠴᠠᠰᠤᠨ᠎ᠠ ᠰᠢᠷᠭᠤᠯᠤᠨ᠂ ᠸᠴᠢᠷ ᠮᠠᠨᠳᠠᠯ ᠳ᠋ᠤᠷ ᠠᠪᠠᠷᠢᠨ ᠭᠠᠷᠴᠤ᠂ ᠤᠭ ᠰᠢᠷᠡᠭᠡ ᠪᠦᠬᠦᠨ᠎ᠡ ᠬᠦᠷᠴᠦ ᠮᠥᠷᠭᠥᠭᠡᠳ ᠬᠦᠵᠢ ᠵᠤᠯᠠ ᠶ᠋ᠢ ᠡᠷᠭᠦᠵᠦ᠂ ᠡᠪᠦᠳᠦᠭ ᠳᠠᠪᠠᠬᠤ ᠬᠥᠷ ᠴᠠᠰᠤᠨ᠎ᠠ ᠬᠣᠢᠰᠢ ᠬᠠᠨᠳᠤᠨ ᠰᠥᠭᠥᠳᠴᠦ ᠮᠠᠯᠠᠭ᠎ᠠ ᠶᠤᠭᠠᠨ ᠠᠪᠴᠤ᠂ ᠠᠯᠠᠭ᠎ᠠ ᠶᠤᠭᠠᠨ ᠬᠠᠮᠲᠤᠳᠬᠠᠨ ᠥᠨᠳᠥᠷ ᠳᠠᠭᠤᠨ ᠢ᠋ᠶ᠋ᠠᠷ ᠬᠤᠲᠤᠭ ᠭᠤᠶᠤᠨ ᠥᠴᠢᠷᠦᠨ : 
          ᠬᠥᠬᠡ ᠮᠥᠩᠬᠡ ᠲᠡᠭᠷᠢ ᠡᠴᠢᠭᠡ ᠶ᠋ᠢ ᠬᠦᠵᠢ ᠵᠤᠯᠠ ᠪᠠᠷ ᠳᠠᠭᠢᠮᠤᠢ 
          ᠬᠥᠯᠳᠡᠭᠦᠦ ᠬᠦᠢᠲᠡᠨ ᠦ᠌ ᠰᠠᠯᠬᠢᠨ ᠴᠠᠰᠤ ᠴᠠᠭ ᠳᠣᠲᠣᠷ᠎ᠠ ᠨᠠᠮᠬᠠᠷᠠᠲᠤᠭᠠᠢ᠃ 
          ᠬᠦᠰᠡᠭᠰᠡᠨ ᠤᠯᠤᠰ ᠤ᠋ᠨ ᠬᠥᠮᠦᠨ ᠠᠮᠢᠲᠠᠨ ᠢ᠋ ᠮᠢᠨᠦ ᠬᠥᠭᠵᠢᠭᠦᠯᠦᠨ ᠬᠥᠬᠢᠭᠦᠯᠵᠦ 
          ᠬᠥᠷᠯᠡᠭᠰᠡᠨ ᠴᠠᠰᠤ ᠶ᠋ᠢ ᠳᠦᠷᠭᠡᠨ᠎ᠡ ᠬᠡᠢᠰᠬᠡᠵᠦ ᠤᠯᠠᠭᠠᠨ ᠨᠠᠷᠠᠨ ᠢ᠋ ᠭᠠᠷᠭᠠᠲᠤᠭᠠᠢ᠃ 
          ᠬᠠᠭᠠᠨ ᠮᠥᠩᠬᠡ ᠲᠡᠭᠷᠢ ᠶ᠋ᠢ ᠬᠠᠩᠭᠠᠬᠤᠢ ᠶ᠋ᠢᠨ ᠲᠠᠬᠢᠯ ᠢ᠋ᠶ᠋ᠠᠷ ᠳᠠᠭᠢᠮᠤᠢ᠃ 
          ᠬᠠᠢᠷᠠᠯᠠᠨ ᠬᠦᠷᠲᠡᠭᠡᠭᠰᠡᠨ ᠪᠣᠷᠣᠭᠠᠨ ᠴᠠᠰᠤᠨ᠎ᠠ ᠬᠠᠮᠲᠤ ᠪᠦᠭᠦᠳᠡᠭᠡᠷ ᠬᠠᠨᠪᠠᠢ᠃ 
          ᠬᠠᠷᠠᠭᠠᠯᠵᠠᠭᠴᠢ ᠲᠡᠮᠦᠵᠢᠨ ᠬᠥᠪᠡᠭᠦᠨ ᠬᠠᠭᠠᠨ ᠰᠠᠭᠤᠬᠤ ᠵᠠᠶᠠᠭᠠᠲᠠᠢ ᠪᠣᠯᠪᠠᠰᠤ 
          ᠬᠠᠢᠯᠤᠭᠤᠯᠤᠨ ᠭᠡᠰᠬᠡᠬᠦ ᠤᠯᠠᠭᠠᠨ ᠨᠠᠷᠠᠨ ᠭᠠᠷᠴᠤ ᠬᠠᠮᠤᠭ ᠪᠦᠬᠦᠨ ᠢ᠋ ᠪᠠᠶᠠᠰᠬᠠᠲᠤᠭᠠᠢ᠃ 
ᠭᠡᠮᠡᠨ ᠬᠤᠷᠠᠭᠰᠠᠨ ᠴᠠᠰᠤᠨ ᠤ᠋ ᠳᠣᠲᠣᠷ᠎ᠠ ᠬᠣᠣᠰ ᠡᠪᠦᠳᠦᠭ ᠢ᠋ᠶ᠋ᠡᠨ ᠬᠣᠷᠮᠣᠢ ᠪᠠᠨ ᠪᠦᠷᠬᠦᠲᠡᠯ᠎ᠡ ᠰᠥᠭᠥᠳᠴᠦ ᠮᠥᠷᠭᠥᠬᠦᠶ᠎ᠡ᠂ ᠰᠠᠯᠬᠢᠨ ᠭᠡᠨᠡᠳᠲᠡ ᠡᠷᠭᠢᠵᠦ᠂ ᠪᠠᠰᠠ ᠡᠮᠦᠨ᠎ᠡ ᠡᠴᠡ ᠰᠠᠯᠬᠢᠯᠠᠨ  ᠡᠭᠦᠯᠡ ᠬᠡᠰᠡᠭ ᠬᠡᠰᠡᠭ ᠪᠣᠯᠤᠯᠴᠠᠨ ᠬᠡᠰᠡᠭᠯᠡᠵᠦ  ᠡᠭᠡᠳᠡᠷᠡᠭᠰᠡᠨ ᠰᠦᠨ ᠦ᠌ ᠡᠭᠡᠳᠡᠩ ᠮᠡᠲᠦ  ᠡᠨᠳᠡ ᠲᠡᠨᠳᠡ ᠡᠭᠦᠯᠡᠨ ᠦ᠌ ᠵᠠᠪᠰᠠᠷ ᠢ᠋ᠶ᠋ᠠᠷ ᠬᠥᠬᠡ ᠣᠭᠲᠠᠷᠭᠤᠢ ᠦᠵᠡᠭᠳᠡᠵᠦ᠂ ᠣᠯᠠᠨ ᠰᠠᠢᠳ ᠤ᠋ᠳ ᠴᠤᠭᠯᠠᠯᠴᠠᠨ ᠮᠥᠷᠭᠥᠵᠦ᠂ ᠲᠠᠢᠽᠦ ᠶ᠋ᠢ ᠭᠤᠷᠪᠠᠳᠤᠭᠠᠷ ᠰᠢᠷ᠎ᠠ ᠦᠷᠭᠦᠭᠡᠨ᠎ᠡ ᠵᠠᠯᠠᠵᠤ᠂ ᠪᠠᠶᠠᠷ ᠤ᠋ᠨ ᠬᠤᠨᠳᠠᠭ᠎ᠠ ᠡᠷᠭᠦᠲᠡᠯ᠎ᠡ ᠴᠠᠰᠤ ᠲᠠᠭ ᠵᠣᠭᠰᠣᠵᠤ ᠬᠣᠢᠲᠤ ᠠ᠋ᠴᠠ ᠡᠮᠦᠨᠡᠰᠢ ᠣᠭᠲᠠᠷᠭᠤᠢ ᠠᠷᠢᠯᠤᠨ ᠠᠷᠴᠢᠭᠰᠠᠨ ᠬᠥᠬᠡ ᠪᠢᠳᠦᠷᠶ᠎ᠡ ᠶ᠋ᠢᠨ ᠲᠣᠯᠢ ᠮᠡᠲᠦ᠂ ᠬᠥᠬᠡᠮᠳᠦᠭ ᠠᠭᠠᠷ ᠤ᠋ᠨ ᠳᠠᠯᠠᠢ ᠢᠯᠡᠷᠡᠨ ᠭᠠᠷᠴᠤ᠂ ᠬᠠᠪᠤᠷᠤᠨ ᠳᠤᠯᠠᠭᠠᠨ ᠤ᠋ ᠤᠯᠠᠭᠠᠨ ᠨᠠᠷᠠᠨ ᠬᠣᠭ ᠲᠣᠭᠣᠰᠣᠨ ᠥᠭᠡᠶ᠎ᠡ ᠨᠢᠯᠴᠢᠭᠢᠨᠡᠨ ᠰᠢᠷᠠᠵᠤ ᠭᠡᠢᠭᠦᠯᠦᠨ ᠰᠠᠴᠤᠷᠠᠨ᠂ ᠲᠦᠮᠡᠨ ᠪᠠᠷ᠎ᠠ ᠳ᠋ᠤᠷ ᠲᠤᠶᠠᠭ᠎ᠠ ᠲᠤᠨᠤᠷᠠᠵᠤ᠂ ᠮᠢᠩᠭᠠᠨ ᠮᠥ᠋ᠷᠡᠨ᠎ᠡ ᠭᠡᠷᠡᠯ ᠬᠢᠯᠪᠠᠰᠤᠨ  ᠭᠤᠷᠪᠠᠨ ᠬᠠᠪᠤᠷ ᠤ᠋ᠨ ᠳᠤᠯᠠᠭᠠᠨ ᠴᠠᠰᠤ ᠡᠯᠡᠰᠦᠨ᠎ᠡ ᠰᠢᠮᠡᠳᠴᠦ᠂ ᠰᠠᠢᠬᠠᠨ ᠦᠨᠦᠷ ᠬᠥᠮᠥᠨ᠎ᠡ ᠲᠠᠭᠠᠯᠠᠮᠵᠢᠲᠠᠢ᠃ ᠡᠨᠡ ᠡᠳᠦᠷ ᠴᠤᠤ ᠮᠡᠷᠭᠡᠨ ᠦ᠌ ᠨᠢᠭᠡᠨ ᠡᠩ ᠦ᠋ᠨ ᠬᠠᠮᠢᠶᠠᠷᠤᠨ ᠵᠠᠬᠢᠷᠬᠤ ᠨᠢᠭᠡᠨ ᠥᠩᠭᠡ ᠶ᠋ᠢᠨ ᠨᠠᠢ᠍ᠮᠠᠨ ᠠᠩᠭᠢ ᠠᠢᠮᠠᠭ ᠤ᠋ᠳ ᠤ᠋ᠨ ᠳᠠᠩ ᠲᠡᠭᠰᠢ ᠶ᠋ᠢ ᠲᠡᠭᠰᠢᠳᠬᠡᠨ ᠲᠡᠩᠨᠡᠭᠦᠯᠵᠦ  ᠭᠠᠪᠢᠶ᠎ᠠ ᠵᠢᠳᠬᠦᠯᠭᠡ ᠶ᠋ᠢ ᠢᠯᠭᠠᠨ ᠰᠠᠯᠭᠠᠨ ᠬᠥᠬᠢᠭᠦᠯᠦᠨ ᠱᠠᠩᠨᠠᠨ ᠡᠷᠭᠦᠮᠵᠢᠯᠡᠪᠡᠢ᠃ ᠬᠠᠪᠤᠷᠤᠨ ᠴᠠᠰᠤ ᠬᠠᠨᠲᠠᠯ᠎ᠠ ᠣᠷᠣᠭᠠᠳ᠂ ᠪᠠᠰᠠ ᠬᠠᠩᠭᠢᠨᠠᠲᠠᠯ᠎ᠠ ᠠᠷᠢᠯᠤᠨ᠂ ᠲᠦᠮᠡᠨ ᠪᠣᠳᠠᠰ ᠰᠢᠮ᠎ᠡ ᠲᠡᠢ ᠪᠣᠯᠵᠤ᠂ ᠳᠤᠯᠠᠭᠠᠨ ᠢᠯᠴᠢ ᠭᠠᠵᠠᠷ ᠤ᠋ᠨ ᠵᠡᠷᠭᠡᠯᠭᠡᠨ᠎ᠡ ᠵᠢᠷᠪᠢᠭᠢᠨᠡᠨ᠂ ᠤᠯᠤᠰ ᠢᠷᠭᠡᠳ᠂ ᠴᠡᠷᠢᠭ ᠬᠤᠶᠠᠭ ᠤ᠋ᠳ ᠪᠦᠭᠦᠳᠡᠭᠡᠷ ᠪᠠᠭᠤᠳᠠᠯ ᠪᠠᠭᠤᠷᠢ ᠥᠷᠭᠥᠭᠡ ᠮᠠᠢᠬᠠᠨ ᠢ᠋ᠶ᠋ᠠᠨ ᠡᠮᠦᠨ᠎ᠡ ᠨᠠᠷᠠᠨ ᠤ᠋ ᠢᠯᠡ ᠳ᠋ᠦ᠍ᠷ ᠪᠠᠷᠢᠵᠤ᠂ ᠭᠡᠭᠦᠦ ᠶ᠋ᠢᠨ ᠰᠦᠨ ᠢ᠋ᠶ᠋ᠠᠷ ᠨᠡᠷᠡᠭᠰᠡᠨ ᠠᠷᠠᠵᠠ ᠬᠣᠣᠷᠠᠵᠠ ᠪᠠᠨ ᠤᠤᠭᠤᠯᠴᠠᠨ᠂ ᠬᠤᠭᠤᠷ ᠴᠤᠭᠤᠷ ᠳᠠᠷᠤᠨ ᠳᠠᠭᠤᠯᠠᠯᠴᠠᠨ ᠬᠤᠷᠢᠮᠯᠠᠨ ᠨᠠᠢᠵᠠᠮᠯᠠᠨ ᠵᠢᠷᠭᠠᠯᠳᠤᠨ ᠴᠡᠩᠭᠡᠯᠳᠦᠬᠦᠶ᠎ᠡ ᠣᠯᠠᠨ ᠤ᠋ ᠠᠯᠳᠠᠷᠰᠢᠯᠠᠯ ᠦᠭᠡᠰ ᠭᠠᠷᠤᠭᠰᠠᠨ ᠠᠨᠤ᠄ 
          ᠠᠯᠲᠠᠢ ᠬᠠᠩᠭᠠᠢ ᠳ᠋ᠤᠷ ᠬᠠᠭᠠᠨ ᠵᠠᠶᠠᠭᠠᠲᠠᠨ ᠮᠠᠨᠳᠤᠯᠠᠪᠠᠢ 
          ᠠᠯᠲᠠᠨ ᠳᠡᠯᠡᠬᠡᠢ ᠶ᠋ᠢ ᠳᠡᠭᠡᠳᠦ ᠪᠣᠭᠳᠠ ᠮᠠᠨᠳᠤᠭᠤᠯᠤᠮᠤᠢ᠃ 
          ᠠᠷᠤ ᠥᠪᠥᠷ ᠢ᠋ ᠡᠷᠬᠡᠲᠦ ᠡᠵᠡᠨ ᠡᠩᠬᠡᠵᠢᠭᠦᠯᠦᠷᠦᠨ 
          ᠠᠷᠪᠠᠨ ᠲᠦᠮᠡᠨ ᠢ᠋ᠶ᠋ᠡᠷ ᠡᠨᠡᠳᠬᠡᠭ ᠲᠢᠪ ᠲᠣᠷ ᠬᠦᠷᠦᠮᠦᠢ ᠬᠡᠮᠡᠵᠦᠬᠦᠢ᠃  
       ᠲᠡᠨᠳᠡᠴᠡ ᠳᠥᠷᠪᠡᠳᠦᠭᠡᠷ ᠥᠷᠯᠥᠭᠡ ᠲᠡᠭᠷᠢ ᠭᠠᠵᠠᠷ ᠤ᠋ᠨ ᠬᠤᠷ᠎ᠠ ᠴᠠᠰᠤ ᠬᠠᠢᠯᠤᠭᠠᠳ ᠪᠠᠰᠠ ᠬᠠᠯᠠᠭᠤᠨ ᠨᠠᠷᠠᠨ ᠭᠠᠷᠤᠨ ᠡᠭᠦᠰᠬᠡᠭᠰᠡᠨ ᠬᠡᠰᠢᠭ ᠲᠣᠷ ᠮᠥᠷᠭᠥᠬᠦ ᠶᠡᠬᠡ ᠲᠠᠬᠢᠯ ᠳᠠᠪᠢᠭ ᠲᠤᠷ ᠮᠦᠷᠭᠦᠭᠦᠷ᠎ᠡ ᠮᠠᠨᠳᠠᠯ ᠳ᠋ᠤᠷ ᠠᠪᠠᠷᠢᠬᠤᠶ᠎ᠠ ᠣᠢᠷᠠᠳ ᠤ᠋ᠨ ᠬᠠᠷ᠎ᠠ ᠬᠢᠷᠤ᠂ ᠡᠵᠡᠨ ᠦ᠌ ᠡᠷᠡᠮᠡᠭ ᠰᠢᠷ᠎ᠠ ᠬᠦᠯᠦᠭ ᠢ᠋ ᠬᠥᠲᠥᠯᠵᠦ᠂ ᠶᠢᠰᠦᠨ ᠳᠠᠪᠬᠤᠷ᠎ᠠ ᠠᠪᠡᠷᠢᠨ᠂ ᠶᠡᠬᠡ ᠲᠠᠬᠢᠯ ᠳᠡᠪᠢᠭ ᠲᠠᠯᠪᠢᠵᠤ ᠮᠥᠷᠭᠥᠬᠦᠶ᠎ᠡ  ᠮᠤᠬᠤᠯᠢ ᠪᠤᠭᠤᠷᠵᠢ᠂ ᠡᠷᠡᠬᠡᠢ ᠬᠤᠷᠤᠭᠤ ᠴᠢᠨᠡᠭᠡ ᠪᠦᠳᠦᠭᠦᠨ ᠬᠣᠶᠠᠷ ᠪᠠᠭᠴᠠ ᠮᠣᠭᠠᠢ ᠶ᠋ᠢᠨ ᠵᠢᠷᠦᠬᠡ ᠶ᠋ᠢᠨ ᠠᠭᠠᠷᠤ ᠽᠠᠨᠳᠠᠨ ᠤ᠋ ᠬᠦᠵᠢ ᠶ᠋ᠢ ᠪᠠᠷᠢᠵᠤ᠂ ᠲᠡᠷᠢᠭᠦᠨ ᠥᠷᠯᠥᠭᠡ ᠶ᠋ᠢᠨ ᠬᠤᠲᠤᠭ ᠭᠤᠶᠤᠭᠰᠠᠨ ᠬᠦᠵᠢ ᠮᠥᠨ ᠬᠦ᠌ ᠡᠨᠡ ᠪᠠᠭᠴᠠ ᠶ᠋ᠢᠨ ᠳᠣᠲᠣᠷᠠᠬᠢ ᠨᠢᠭᠡᠨ ᠠᠳᠠᠯᠢ ᠰᠢ ᠢᠦᠢ ᠭᠠᠵᠠᠷ ᠤ᠋ᠨ ᠪᠠᠷᠠᠭᠤᠨ ᠲᠡᠭᠷᠢ ᠶ᠋ᠢᠨ ᠬᠦᠵᠢ ᠪᠥᠭᠡᠲᠡᠯ᠎ᠡ᠂ ᠲᠡᠢᠨ  ᠠᠷᠪᠠᠨ ᠴᠠᠭ ᠢᠯᠡᠭᠦᠦ ᠰᠢᠲᠠᠭᠠᠳ ᠪᠠᠰᠠ ᠨᠢᠭᠡᠨ ᠲᠥᠭᠡ ᠦᠯᠡᠪᠡ᠃ ᠬᠣᠵᠢᠮ ᠤ᠋ᠨ ᠬᠡᠳᠦᠨ ᠤᠳᠠᠭ᠎ᠠ ᠡᠷᠭᠦᠭᠰᠡᠨ ᠬᠦᠵᠢ ᠪᠠᠰᠠᠴᠤ ᠮᠥᠨ ᠪᠠᠭᠴᠠ ᠶ᠋ᠢᠨ ᠠᠪ ᠠᠳᠠᠯᠢ ᠬᠦᠵᠢ ᠪᠥᠭᠡᠲᠡᠯ᠎ᠡ ᠳᠥᠷᠪᠡᠨ ᠴᠠᠭ ᠪᠣᠯᠲᠠᠯ᠎ᠠ ᠰᠢᠲᠠᠭᠰᠠᠨ ᠬᠦᠵᠢ ᠭᠠᠷᠤᠭᠰᠠᠨ ᠦᠭᠡᠢ ᠪᠥᠭᠡᠳ ᠳᠡᠭᠡᠷᠡᠬᠢ ᠦᠨᠡᠰᠦ ᠨᠢᠭᠡᠨ ᠲᠥᠭᠡ ᠥᠨᠳᠥᠷ ᠴᠦ᠍ ᠡᠰᠡ ᠲᠣᠭᠲᠠᠨ ᠰᠠᠳᠠᠷᠠᠵᠤᠬᠤᠢ ᠬᠡᠮᠡᠪᠡ᠃ 
       ᠲᠡᠨᠳᠡᠴᠡ ᠶᠡᠬᠡ ᠲᠠᠬᠢᠯ ᠳᠠᠬᠢᠨ᠂ ᠵᠠᠭᠤᠨ ᠲᠦᠰᠢᠮᠡᠳ ᠮᠥᠷᠭᠥᠵᠦ ᠪᠠᠷᠠᠭᠠᠳ᠂ ᠡᠵᠡᠨ ᠰᠠᠶᠢ ᠴᠠᠢ ᠵᠣᠭᠣᠭᠯᠠᠬᠤᠶ᠎ᠠ ᠦᠵᠡᠪᠡᠰᠦ᠂ ᠨᠠᠷᠠᠨ ᠰᠠᠶᠢ ᠮᠠᠨᠳᠤᠵᠤ᠂ ᠲᠦᠮᠡᠨ ᠪᠠᠷ᠎ᠠ ᠲᠣᠭᠣᠰᠣᠨ ᠦᠭᠡᠢ᠂ ᠨᠠᠷᠠᠨ ᠪᠠᠷᠠᠭᠤᠨᠰᠢ ᠲᠡᠰᠢᠵᠦ᠂ ᠠᠷᠤ ᠡᠯᠡᠰᠦᠨ ᠦ᠌ ᠴᠠᠰᠤ ᠬᠠᠢᠯᠬᠤ ᠤᠳᠠᠭᠠᠨ᠂ ᠴᠠᠭᠠᠨ ᠴᠠᠰᠤᠨ ᠤ᠋ ᠴᠠᠪ ᠴᠡᠢᠮ᠎ᠡ ᠬᠡᠭᠡᠷ᠎ᠡ ᠡᠴᠡ ᠬᠤᠷ ᠳᠡᠯᠲᠦ ᠶᠢᠰᠦᠨ ᠰᠠᠢᠬᠠᠨ ᠴᠠᠭᠠᠨ ᠠᠭᠲᠠ ᠢᠩᠭᠠᠷᠴᠠᠨ ᠴᠢᠩᠭᠠᠷᠴᠠᠭᠰᠠᠭᠠᠷ ᠸᠴᠢᠷ ᠣᠷᠣᠢᠲᠤ ᠮᠠᠨᠳᠠᠯ ᠤ᠋ᠨ ᠳᠣᠣᠷ᠎ᠠ ᠬᠦᠷᠴᠦ ᠢᠷᠡᠭᠰᠡᠨ᠎ᠡ᠂ ᠵᠢᠪᠬᠤᠯᠠᠩᠲᠤ ᠪᠠᠯᠭᠠᠰᠤᠨ ᠤ᠋ ᠣᠯᠠᠨ ᠬᠠᠭᠠᠯᠭᠠᠨ ᠤ᠋ ᠴᠡᠷᠢᠭ ᠦ᠋ᠳ ᠲᠠᠭᠠᠯᠴᠠᠨ ᠳᠣᠪᠲᠣᠯᠤᠯᠴᠠᠨ ᠢᠷᠡᠯᠴᠡᠵᠦ ᠤᠷᠠᠭᠳᠠᠨ ᠪᠠᠷᠢᠵᠤ ᠪᠠᠢᠴᠠᠭᠠᠨ ᠦᠵᠡᠪᠡᠰᠦ ᠳᠤᠮᠳᠠᠳᠤ ᠠᠯᠲᠠᠨ ᠤᠯᠤᠰ ᠤ᠋ᠨ ᠬᠣᠢᠲᠤ ᠬᠢᠵᠠᠭᠠᠷ ᠤ᠋ᠨ ᠠᠳᠤᠭᠤᠨ ᠰᠦᠷᠦᠭ  ᠶᠡᠬᠡ ᠴᠠᠰᠤᠨ᠎ᠠ ᠰᠢᠭᠤᠷᠭᠠᠳᠠᠨ ᠰᠠᠯᠬᠢᠨ ᠡᠰᠡᠷᠭᠦ ᠬᠣᠢᠲᠤ ᠵᠦᠭ ᠳᠣᠪᠲᠣᠯᠤᠨ ᠢᠷᠡᠵᠦᠬᠦᠢ᠃ ᠮᠣᠷᠢ ᠪᠦᠷᠢ ᠳ᠋ᠦ᠍ᠷ ᠠᠯᠲᠠᠨ ᠤᠯᠤᠰ ᠤ᠋ᠨ ᠠᠳᠤᠭᠤᠨ ᠤ᠋ ᠲᠠᠮᠠᠭ᠎ᠠ ᠲᠣᠳᠣᠷᠬᠠᠢ ᠠᠮᠤᠢ᠃ ᠡᠭᠦᠨ ᠳ᠋ᠦ᠍ᠷ ᠵᠢᠨᠦᠩ ᠮᠤᠬᠤᠯᠢ  
      《ᠮᠣᠷᠢᠨ ᠬᠡᠳᠦᠢ ᠥᠴᠦᠬᠡᠨ ᠪᠣᠯᠪᠠᠴᠤ᠂ ᠪᠡᠯᠭᠡ ᠢᠨᠤ ᠶᠡᠬᠡ᠃ ᠡᠨᠡ ᠢᠨᠦ ᠡᠮᠦᠨ᠎ᠡ ᠤᠯᠤᠰ ᠤ᠋ᠨ ᠬᠥᠮᠦᠨ ᠢᠨᠦ ᠳᠠᠭᠠᠬᠤᠢ ᠶ᠋ᠢᠨ ᠤᠷᠢᠳ ᠠᠳᠤᠭᠤᠰᠤᠨ ᠠᠨᠤ ᠡᠷᠢᠨ ᠢᠷᠡᠪᠡ᠃ ᠠᠷᠠᠳ ᠠᠨᠤ ᠳᠠᠭᠠᠬᠤᠢ ᠶ᠋ᠢᠨ ᠤᠷᠢᠳ ᠠᠳᠤᠭᠤᠨ ᠠᠨᠤ ᠢᠷᠡᠵᠦ ᠳᠠᠭᠠᠪᠠᠢ 》 ᠭᠡᠮᠡᠨ ᠠᠭᠲᠠ ᠶ᠋ᠢᠨ ᠬᠣᠷᠣᠭ᠎ᠠ ᠳ᠋ᠤᠷ ᠬᠣᠷᠢᠭᠤᠯᠤᠨ ᠪᠣᠷᠳᠣᠭᠤᠯᠵᠤ᠂ ᠠᠯᠲᠠᠨ ᠤᠯᠤᠰ ᠢ᠋ ᠳᠠᠢᠯᠠᠬᠤ ᠪᠡᠯᠭᠡ ᠵᠣᠬᠢᠷᠠᠪᠠ ᠭᠡᠮᠡᠨ ᠴᠠᠭᠠᠨ ᠠᠭᠲᠠ ᠶ᠋ᠢᠨ ᠰᠦᠷᠦᠭᠴᠢᠨ᠎ᠡ ᠵᠠᠬᠢᠶ᠎ᠠ ᠥᠭᠭᠦᠭᠦᠯᠵᠦ᠂ ᠴᠠᠭᠠᠨ ᠠᠭᠲᠠ ᠪᠦᠷᠢ ᠳ᠋ᠦ᠍ᠷ ᠲᠡᠩᠨᠡᠭᠦᠯᠦᠨ᠂ ᠲᠣᠰᠪᠣᠷᠢ ᠨᠢᠭᠡᠨ ᠠᠭᠲᠠ ᠳᠠᠭᠠᠭᠤᠯᠤᠨ ᠠᠯᠲᠠᠨ ᠤᠯᠤᠰ ᠤ᠋ᠨ ᠬᠢᠵᠠᠭᠠᠷ ᠤ᠋ᠨ ᠬᠣᠷᠢᠶ᠎ᠠ ᠳ᠋ᠤᠷ ᠭᠥᠷᠥᠭᠦᠯᠦᠭᠲᠦᠨ ᠭᠡᠮᠡᠨ ᠤᠭᠰᠠᠭ᠎ᠠ ᠵᠠᠩᠵᠤᠨ ᠵᠠᠮᠪᠠᠯ ᠳ᠋ᠤᠷ ᠵᠠᠬᠢᠶ᠎ᠠ ᠥᠭᠪᠡ᠃  
       ᠲᠡᠳᠦᠢ ᠲᠠᠢᠽᠦ ᠶ᠋ᠢ ᠵᠠᠯᠠᠵᠤ ᠳᠥᠷᠪᠡᠳᠦᠭᠡᠷ ᠰᠢᠷ᠎ᠠ ᠥᠷᠭᠥᠭᠡ ᠳ᠋ᠦ᠍ᠷ ᠬᠤᠪᠢᠯᠭᠠᠨ ᠰᠠᠬᠢᠭᠤᠯᠰᠤᠨ ᠤ᠋ ᠰᠠᠭᠤᠷᠢ ᠶ᠋ᠢ ᠳᠠᠬᠢᠵᠤ ᠲᠠᠪᠢᠭᠯᠠᠨ ᠴᠠᠢ ᠰᠠᠷᠬᠤᠳ ᠰᠠᠴᠤᠨ ᠮᠥᠷᠭᠥᠵᠦ᠂ ᠭᠠᠯ ᠢ᠋ᠶ᠋ᠠᠷ ᠳᠡᠭᠳᠡᠭᠡᠨ ᠣᠭᠲᠠᠷᠭᠤᠢ ᠳ᠋ᠤᠷ ᠵᠠᠯᠠᠭᠠᠳ᠂ ᠬᠠᠷ᠎ᠠ ᠬᠢᠷᠤ ᠶ᠋ᠢᠨ ᠨᠢᠭᠡᠨ ᠡᠩ ᠦ᠋ᠨ ᠬᠠᠮᠢᠶᠠᠷᠤᠨ ᠵᠠᠬᠢᠷᠬᠤ ᠨᠢᠭᠡᠨ ᠥᠩᠭᠡ ᠶ᠋ᠢᠨ ᠨᠠᠢ᠍ᠮᠠᠨ ᠠᠩᠭᠢ ᠶ᠋ᠢᠨ ᠠᠢᠮᠠᠭ ᠤ᠋ᠳ ᠤ᠋ᠨ ᠭᠠᠪᠢᠶ᠎ᠠ ᠵᠢᠳᠬᠦᠯᠭᠡ ᠶ᠋ᠢ ᠢᠯᠭᠠᠨ ᠰᠠᠯᠭᠠᠨ ᠲᠡᠭᠰᠢᠯᠡᠨ ᠲᠡᠭᠰᠢᠳᠬᠡᠵᠦ ᠱᠠᠩᠨᠠᠨ ᠡᠷᠭᠦᠮᠵᠢᠯᠡᠪᠡ᠃ ᠭᠤᠷᠪᠠᠨ ᠰᠠᠷ᠎ᠠ ᠶ᠋ᠢᠨ ᠠᠷᠪᠠᠨ ᠲᠠᠪᠤᠨ᠎ᠠ ᠲᠡᠷᠭᠡᠯ ᠰᠠᠷᠠᠨ ᠤ᠋ ᠮᠠᠨᠳᠠᠯ ᠳᠡᠭᠡᠷ᠎ᠡ ᠲᠠᠪᠤᠳᠤᠭᠠᠷ ᠥᠷᠯᠥᠭᠡ ᠶ᠋ᠢᠨ ᠬᠤᠲᠤᠭ ᠭᠤᠶᠤᠷ᠎ᠠ ᠭᠠᠷᠬᠤᠶ᠎ᠠ ᠤᠷᠢᠶᠠᠩᠬᠠᠨ ᠤ᠋ ᠤᠷᠤᠭ ᠰᠡᠴᠡᠨ ᠵᠠᠯᠮ᠎ᠠ᠂ ᠲᠠᠢᠽᠦ ᠶ᠋ᠢᠨ ᠰᠡᠷᠭᠦᠯᠡᠩ ᠬᠡᠮᠡᠬᠦ ᠬᠦᠯᠦᠭ ᠮᠣᠷᠢᠨ ᠢ᠋ ᠬᠥᠲᠥᠯᠵᠦ᠂ ᠡᠵᠡᠨ ᠢ᠋ ᠵᠠᠯᠠᠵᠤ ᠸᠴᠢᠷ ᠮᠠᠨᠳᠠᠯ ᠤ᠋ᠨ ᠣᠷᠣᠢ ᠳ᠋ᠤᠷ ᠠᠪᠠᠷᠢᠨ᠂ ᠬᠦᠵᠢ ᠵᠤᠯᠠ ᠡᠷᠭᠦᠨ ᠬᠤᠲᠤᠭ ᠭᠤᠶᠤᠨ ᠮᠥᠷᠭᠥᠵᠦ ᠪᠠᠷᠠᠭᠠᠳ᠂ ᠬᠠᠵᠠᠭᠤ ᠶ᠋ᠢᠨ ᠠᠷᠰᠯᠠᠨᠲᠤ ᠰᠠᠭᠤᠷᠢ ᠳ᠋ᠤᠷ ᠢ᠋ᠶ᠋ᠠᠨ ᠰᠠᠭᠤᠵᠤ ᠴᠠᠢ ᠵᠣᠭᠣᠭᠯᠠᠵᠤ᠂ ᠲᠠᠪᠤᠨ ᠥᠲᠡᠭᠦᠰ ᠲᠡᠷᠢᠭᠦᠯᠡᠨ ᠣᠯᠠᠨ ᠰᠡᠴᠡᠳ ᠦ᠋ᠨ ᠵᠦᠭ ᠵᠠᠬᠢᠷᠤᠨ :
      《ᠡᠨᠡ ᠥᠷᠯᠥᠭᠡ ᠶ᠋ᠢᠨ ᠵᠡᠭᠦᠳᠦᠨ᠎ᠡ᠂ ᠲᠡᠷᠭᠡᠯ ᠰᠠᠷᠠᠨ ᠤ᠋ ᠮᠠᠨᠳᠠᠯ ᠠ᠋ᠴᠠ ᠰᠠᠷᠠᠨ ᠥᠬᠢᠨ ᠲᠡᠭᠷᠢ ᠲᠠᠶᠠᠭ ᠮᠣᠳᠣᠨ ᠢ᠋ ᠪᠠᠷᠠᠭᠤᠨ ᠮᠥᠷᠦᠨ ᠳ᠋ᠦ᠍ᠷ ᠡᠷᠭᠦᠨ ᠵᠡᠭᠦᠨ ᠰᠤᠭᠤᠨ ᠳ᠋ᠤᠷ ᠮᠠᠨᠤᠬᠤ ᠴᠢᠯᠠᠭᠤᠨ ᠤ᠋ ᠬᠠᠯᠢᠰᠤᠲᠤ  ᠳᠣᠲᠣᠷ᠎ᠠ ᠭᠡᠭᠡᠬᠡᠨ᠂ ᠭᠠᠳᠠᠨ᠎ᠠ ᠪᠢᠲᠡᠭᠦᠦ ᠲᠠᠷᠪᠤᠰ ᠤ᠋ᠨ ᠴᠢᠨᠡᠭᠡᠨ ᠶᠡᠬᠡ ᠰᠠᠷᠠᠨ ᠢ᠋ ᠨᠠᠳᠤᠷ ᠥᠭᠪᠡ ᠭᠡᠮᠡᠨ ᠵᠡᠭᠦᠳᠦᠯᠡᠪᠡ᠃ ᠲᠠᠨ ᠤ᠋ ᠣᠯᠠᠨ ᠰᠡᠴᠡᠳ ᠰᠠᠢᠳ ᠲᠠᠢᠯᠤᠭᠲᠤᠨ! 》 ᠬᠡᠮᠡᠭᠰᠡᠨ᠎ᠡ ᠳ᠋ᠠᠲᠠᠳᠤᠩᠭ᠎ᠠ ᠮᠡᠳᠡᠭᠦᠯᠦᠷᠦᠨ : 
      《ᠡᠨᠡ ᠮᠢᠨᠦ ᠤᠯᠤᠰ ᠲᠥᠷᠥ ᠳ᠋ᠦ᠍ᠷ ᠤᠳᠬᠠᠰ ᠦᠰᠦᠭ᠂ ᠪᠢᠴᠢᠭ ᠰᠤᠳᠤᠷ ᠳᠡᠯᠭᠡᠷᠡᠬᠦᠢ ᠶ᠋ᠢᠨ ᠪᠢᠲᠡᠭᠦᠦ ᠲᠡᠮᠳᠡᠭ ᠮᠥᠨ᠃ ᠰᠠᠷᠠᠨ ᠬᠡᠮᠡᠭᠴᠢ ᠲᠦᠮᠡᠨ ᠪᠢᠯᠢᠭ ᠦ᠋ᠨ ᠣᠬᠢ ᠮᠠᠩᠯᠠᠢ ᠂ ᠵᠠᠭᠤᠨ ᠤᠯᠤᠰ ᠤ᠋ᠨ ᠪᠢᠴᠢᠭ ᠦᠰᠦᠭ ᠤᠳᠬᠠᠰ ᠰᠤᠳᠤᠷ᠂ ᠨᠡᠢᠲᠡ ᠪᠡᠷ ᠴᠥᠮ ᠣᠶᠤᠨ ᠪᠢᠯᠢᠭ ᠡᠴᠡ ᠡᠭᠦᠰᠦᠨ ᠳᠡᠯᠭᠡᠷᠡᠮᠦᠢ᠃ ᠪᠠᠭ᠎ᠠ ᠰᠠᠷᠠᠨ ᠤ᠋ ᠭᠠᠳᠠᠭᠤᠷ ᠪᠢᠲᠡᠭᠦᠦ᠂ ᠮᠠᠨᠤᠬᠤ ᠴᠢᠯᠠᠭᠤᠨ ᠤ᠋ ᠬᠠᠯᠢᠰᠤ ᠲᠠᠢ ᠬᠡᠮᠡᠭᠴᠢ ᠢᠨᠦ ᠲᠠᠪᠢᠨ ᠲᠠᠪᠤᠨ ᠣᠨ ᠳ᠋ᠤᠷ ᠶᠡᠬᠡ ᠤᠳᠬᠠᠰ ᠤ᠋ᠨ ᠡᠭᠦᠰᠬᠡᠯ ᠪᠦᠲᠦᠵᠦ᠂ᠪᠤᠰᠤ ᠨᠢᠭᠡᠨ ᠵᠦᠢᠯ ᠦ᠋ᠨ ᠦᠰᠦᠭ ᠭᠠᠷᠴᠤ ᠶᠡᠬᠡ ᠤᠯᠤᠰ ᠤ᠋ᠨ ᠤᠳᠬᠠᠰ ᠪᠣᠯᠤᠮᠤᠢ 》ᠬᠡᠮᠡᠲᠡᠯ᠎ᠡ ᠨᠠᠢ᠍ᠮᠠᠨ ᠠᠢᠮᠠᠭ ᠤ᠋ᠨ ᠡᠵᠡᠨ ᠠᠯᠲᠠᠨᠱᠠᠭ᠎ᠠ ᠲᠠᠢᠽᠢ᠂ ᠳᠥᠷᠪᠡᠨ ᠶᠡᠬᠡ ᠰᠢᠷ᠎ᠠ ᠪᠢᠳᠡᠭᠦᠮᠵᠢᠲᠦ ᠬᠢᠲᠠᠳ ᠦᠰᠦᠭ ᠦ᠋ᠨ ᠨᠤᠭᠤᠯᠪᠤᠷᠢ᠂ ᠪᠣᠳᠣᠷᠣᠣᠯ ᠪᠢᠴᠢᠭ ᠢ ᠡᠷᠭᠦᠨ ᠪᠠᠷᠢᠪᠠ᠃ ᠬᠤᠷᠢᠶᠠᠭᠰᠠᠨ ᠬᠠᠭᠤᠴᠢᠨ ᠯᠢᠶᠣᠣ ᠤᠯᠤᠰ ᠤ᠋ᠨ ᠨᠤᠭᠤᠯᠪᠤᠷᠢ ᠬᠣᠶᠠᠷ ᠬᠤᠪᠢ ᠪᠠᠰᠠ ᠠᠯᠲᠠᠨ ᠤᠯᠤᠰ ᠤ᠋ᠨ ᠬᠠᠷᠢᠶᠠᠲᠤ ᠰᠠᠢᠳ ᠪᠠ ᠵᠠᠩᠵᠤᠨ ᠤ᠋ ᠨᠤᠭᠤᠯᠪᠤᠷᠢ ᠬᠣᠶᠠᠷ ᠬᠤᠪᠢ᠂ ᠳᠥᠷᠪᠡᠭᠦᠯᠡ ᠶ᠋ᠢ ᠴᠥᠮ ᠢ᠋ᠶ᠋ᠡᠷ ᠠᠯᠲᠠᠨ ᠤᠯᠤᠰ ᠤ᠋ᠨ ᠬᠣᠯᠠ ᠤᠭᠰᠠᠭ᠎ᠠ ᠪᠣᠯᠬᠤ ᠸᠠᠨ ᠶᠠᠨ ᠠ ᠰᠢᠨ ᠨᠠ ᠪᠠᠷ ᠠᠪᠤᠨ ᠢᠷᠡᠵᠦᠬᠦᠢ  
       ᠲᠡᠳᠦᠢ ᠵᠢᠨᠦᠩ ᠮᠤᠬᠤᠯᠢ᠂ ᠪᠡᠯᠭᠡ ᠶᠡᠬᠡᠯ᠎ᠡ ᠵᠣᠬᠢᠷᠠᠪᠠ ᠭᠡᠮᠡᠨ ᠳᠠᠷᠤᠢ ᠠ ᠰᠢᠨ ᠨᠠ ᠶ᠋ᠢ ᠪᠠᠷᠠᠭᠠᠳᠠᠭᠤᠯᠤᠨ ᠮᠥᠷᠭᠥᠭᠦᠯᠵᠦ᠂ ᠳᠥᠷᠪᠡᠨ ᠡᠩ ᠦ᠋ᠨ ᠲᠡᠷᠢᠭᠦᠯᠡᠭᠴᠢ ᠰᠠᠢᠳ ᠠᠯᠲᠠᠨᠱᠠᠭ᠎ᠠ᠂ ᠵᠠᠮᠪᠠᠯ ᠨᠣᠶᠠᠨ᠂ ᠲᠠᠴᠢᠩᠬᠤᠷᠯᠤᠤ᠂ ᠢᠯᠠᠭᠤᠭᠰᠠᠨ ᠳᠥᠷᠪᠡᠭᠦᠯᠡ ᠪᠡᠷ ᠬᠤᠷᠢᠮᠯᠠᠨ ᠳᠠᠢᠯᠠᠬᠤ ᠶ᠋ᠢ ᠲᠤᠰᠢᠶᠠᠨ ᠪᠠᠭᠤᠯᠭᠠᠵᠤ᠂ ᠡᠵᠡᠨ ᠦ᠌ ᠤᠳᠬᠠᠰ ᠳᠡᠯᠭᠡᠷᠡᠬᠦ ᠵᠡᠭᠦᠳᠦᠨ ᠳ᠋ᠦ᠍ᠷ ᠶᠡᠬᠡᠯ᠎ᠡ ᠨᠡᠢᠴᠡᠪᠡ ᠭᠡᠮᠡᠨ ᠪᠡᠯᠡᠭᠯᠡᠵᠦ ᠡᠵᠡᠨ ᠢ᠋ ᠲᠠᠪᠤᠳᠤᠭᠠᠷ ᠰᠢᠷ᠎ᠠ ᠣᠷᠲᠣᠨ᠎ᠠ ᠵᠠᠯᠠᠵᠤ ᠂ ᠲᠡᠭᠷᠢ ᠶ᠋ᠢᠨ ᠰᠢᠳᠢᠲᠡᠨ ᠦ᠌ ᠨᠡᠷ᠎ᠡ ᠶ᠋ᠢᠨ ᠰᠠᠭᠤᠷᠢᠨ᠎ᠠ ᠳᠠᠬᠢᠵᠤ ᠲᠠᠪᠢᠭᠯᠠᠨ᠂ ᠬᠦᠵᠢ ᠵᠤᠯᠠ ᠴᠠᠢ ᠰᠠᠷᠬᠤᠳ ᠡᠷᠭᠦᠨ ᠮᠥᠷᠭᠥᠵᠦ ᠂ ᠭᠠᠯ ᠢ᠋ᠶ᠋ᠠᠷ ᠮᠡᠨᠡᠷᠡᠯᠳᠦᠨ ᠳᠡᠭᠳᠡᠭᠡᠨ ᠲᠡᠭᠷᠢ ᠳ᠋ᠦ᠍ᠷ ᠵᠠᠯᠠᠨ ᠣᠷᠣᠰᠢᠭᠤᠯᠤᠭᠠᠳ ᠮᠥᠨ ᠣᠷᠳᠣᠨ ᠳ᠋ᠠᠭᠠᠨ ᠬᠤᠷᠢᠮᠯᠠᠨ ᠨᠣᠢᠷᠰᠤᠪᠠ᠃ ᠡᠨᠡ ᠡᠳᠦᠷ ᠳᠥᠷᠪᠡᠨ ᠬᠤᠪᠢ ᠬᠢᠲᠠᠳ ᠦᠰᠦᠭ ᠦ᠋ᠨ ᠪᠣᠳᠣᠷᠣᠣᠯ ᠪᠢᠴᠢᠭ ᠢ᠋ ᠳ᠋ᠠᠲᠠᠳᠤᠩᠭ᠎ᠠ᠂ ᠯᠢᠦ ᠵᠦᠩ ᠯᠦ᠍᠂ ᠵᠠᠮᠪᠠᠯ᠂ ᠵᠠᠯᠮ᠎ᠠ ᠨᠠᠷ ᠲᠤᠷ ᠰᠡᠢᠷᠡᠭᠦᠯᠦᠨ ᠮᠡᠳᠡᠭᠦᠯ ᠭᠡᠮᠡᠨ ᠲᠤᠰᠢᠶᠠᠪᠠ᠃ ᠡᠨᠡ ᠳᠥᠷᠪᠡᠨ ᠪᠣᠳᠣᠷᠣᠣᠯ ᠪᠢᠴᠢᠭ ᠦ᠋ᠨ ᠬᠡᠷᠡᠭ ᠶᠠᠪᠤᠳᠠᠯ ᠮᠠᠰᠢ ᠣᠯᠠᠨ ᠲᠤᠯᠠ ᠡᠳᠦᠭᠡ ᠲᠦᠷ ᠲᠣᠭᠠᠴᠢᠬᠤ ᠦᠭᠡᠢ᠂ ᠦᠨᠡᠬᠡᠷ ᠥᠴᠥᠭᠡᠳᠦᠷ ᠡᠮᠦᠨᠡᠲᠦ ᠤᠯᠤᠰ ᠤ᠋ᠨ ᠠᠳᠤᠭᠤ ᠠᠨᠤ ᠳᠠᠭᠠᠲᠠᠯ᠎ᠠ ᠡᠨᠡ ᠡᠳᠦᠷ ᠳᠠᠷᠤᠢ ᠡᠮᠦᠨ᠎ᠡ ᠤᠯᠤᠰ ᠤ᠋ᠳ ᠤ᠋ᠨ ᠬᠥᠮᠦᠨ ᠢᠨᠦ ᠲᠠᠭᠠᠯᠴᠠᠨ ᠢᠷᠡᠵᠦᠬᠦᠢ᠃ ᠲᠡᠢᠨ ᠬᠦ᠌ ᠡᠭᠦᠨᠦ ᠤᠴᠢᠷ ᠶᠠᠪᠤᠳᠠᠯ ᠢ᠋ ᠬᠣᠢᠨ᠎ᠠ ᠠᠯᠭᠤᠷ ᠢ᠋ᠶ᠋ᠠᠷ ᠲᠣᠭᠠᠴᠢᠰᠤᠭᠠᠢ᠃ ᠡᠨᠡ ᠡᠳᠦᠷ ᠰᠡᠴᠡᠨ ᠵᠡᠯᠮ᠎ᠡ ᠤᠷᠤᠭ ᠰᠠᠢᠳ ᠤ᠋ᠨ ᠮᠣᠷᠢ ᠪᠠᠷᠢᠭᠰᠠᠨ ᠥᠷᠯᠥᠭᠡ ᠤᠳᠬᠠᠰ ᠬᠢᠭᠡᠳ ᠬᠢᠲᠠᠳ ᠤᠯᠤᠰ ᠤ᠋ᠨ ᠪᠣᠳᠣᠷᠣᠣᠯ ᠢᠷᠡᠵᠦ ᠳᠠᠪᠬᠤᠷ ᠪᠡᠯᠭᠡ ᠪᠠᠷᠢᠯᠳᠤᠪᠠ ᠭᠡᠮᠡᠨ ᠵᠠᠯᠮ᠎ᠠ ᠶ᠋ᠢᠨ ᠨᠢᠭᠡᠨ ᠡᠩ ᠦ᠋ᠨ ᠬᠠᠷᠢᠶᠠᠲᠤ ᠵᠠᠬᠢᠷᠬᠤ ᠨᠢᠭᠡᠨ ᠥᠩᠭᠡ ᠶ᠋ᠢᠨ ᠨᠠᠢ᠍ᠮᠠᠨ ᠠᠩᠭᠢ ᠶ᠋ᠢᠨ ᠠᠢᠮᠠᠭ ᠤ᠋ᠳ ᠤ᠋ᠨ ᠭᠠᠪᠢᠶ᠎ᠠ ᠵᠢᠳᠬᠦᠯᠭᠡ ᠶ᠋ᠢ ᠢᠯᠭᠠᠨ ᠰᠠᠯᠭᠠᠨ ᠱᠠᠩᠨᠠᠨ ᠡᠷᠭᠦᠮᠵᠢᠯᠡᠪᠡᠢ᠃ 
       ᠳᠣᠯᠣᠳᠤᠭᠠᠷ ᠥᠷᠯᠥᠭᠡ ᠶ᠋ᠢᠨ ᠮᠠᠨᠳᠠᠯ ᠳ᠋ᠤᠷ ᠠᠪᠠᠷᠢᠬᠤᠶ᠎ᠠ᠂ ᠬᠦᠯᠦᠭ ᠪᠤᠭᠤᠷᠤᠯ᠂ ᠡᠵᠡᠨ ᠦ᠌ ᠪᠤᠭᠤ ᠰᠠᠷᠠᠯ ᠪᠥᠷᠲᠡ ᠬᠦᠯᠦᠭ ᠢ᠋ ᠪᠠᠷᠢᠵᠤ ᠮᠣᠷᠳᠠᠨ ᠶᠢᠰᠦᠨ ᠳᠠᠪᠬᠤᠷ ᠤ᠋ᠨ ᠣᠷᠣᠢ ᠳ᠋ᠤᠷ ᠭᠠᠷᠴᠤ  ᠮᠣᠷᠢᠨ ᠠ᠋ᠴᠠ ᠪᠠᠭᠤᠪᠠ᠃ ᠬᠠᠭᠠᠨ ᠥᠷᠭᠥᠭᠡ ᠣᠷᠲᠣᠨ᠎ᠠ ᠵᠠᠯᠠᠷᠠᠨ ᠣᠷᠣᠵᠤ᠂ ᠬᠦᠵᠢ ᠵᠤᠯᠠ ᠡᠷᠭᠦᠨ ᠬᠤᠲᠤᠭ ᠭᠤᠶᠤᠨ ᠵᠠᠯᠪᠠᠷᠢᠭᠠᠳ᠂ ᠠᠷᠰᠯᠠᠨᠲᠤ ᠰᠠᠭᠤᠳᠠᠯ ᠳ᠋ᠤᠷ ᠰᠠᠭᠤᠵᠤ᠂ ᠵᠠᠭᠤᠨ ᠲᠦᠰᠢᠮᠡᠳ ᠮᠥᠷᠭᠥᠵᠦ ᠪᠠᠷᠠᠮᠠᠭᠴᠠ᠂ ᠨᠢᠭᠡᠨ ᠡᠬᠡ ᠡᠴᠡ ᠨᠢᠭᠡᠨ ᠴᠠᠭ ᠲᠤᠷ ᠬᠠᠮᠲᠤ ᠲᠥᠷᠥᠭᠰᠡᠨ᠂ ᠮᠠᠢᠯᠵᠢ ᠶ᠋ᠢᠨ ᠭᠤᠷᠪᠠᠨ ᠪᠠᠷᠰ ᠤ᠋ᠨ ᠪᠠᠭ᠎ᠠ ᠵᠠᠩᠵᠤᠨ ᠠᠬ᠎ᠠ ᠳᠡᠭᠦᠦ ᠭᠤᠷᠪᠠᠭᠤᠯᠠ ᠬᠠᠮᠲᠤ ᠰᠥᠭᠥᠳᠴᠦ᠂ ᠭᠤᠷᠪᠠᠨ ᠵᠦᠢᠯ ᠦ᠋ᠨ ᠪᠡᠯᠭᠡᠲᠦ ᠠᠮᠢᠲᠠᠨ ᠢ᠋ ᠡᠷᠭᠦᠨ ᠪᠠᠷᠢᠪᠠ᠃ ᠲᠡᠷᠢᠭᠦᠨ ᠨᠢᠭᠡᠨ ᠢᠨᠦ ᠠᠯᠠᠭᠲᠠᠢ ᠠᠭᠤᠯᠠ ᠠ᠋ᠴᠠ ᠠᠮᠢᠳᠤ ᠪᠠᠷ ᠪᠠᠷᠢᠭᠰᠠᠨ᠂ ᠬᠥᠭᠵᠢᠬᠦ ᠭᠠᠯ ᠤ᠋ᠨ ᠨᠥᠯᠡ ᠮᠡᠲᠦ ᠰᠠᠯᠠᠭ᠎ᠠ ᠦᠷᠭᠦᠯᠵᠢᠯᠡᠭᠰᠡᠨ ᠬᠣᠣᠰ ᠡᠪᠡᠷᠲᠦ ᠠᠯᠲᠠᠨ ᠦᠰᠦᠲᠦ ᠭᠤᠷᠪᠠᠨ ᠰᠠᠯᠠᠭᠠᠲᠤ ᠲᠤᠭᠤᠷᠠᠢ ᠲᠠᠢ ᠤᠷᠲᠤ ᠰᠡᠭᠦᠯᠲᠦ ᠲᠠᠢᠷ ᠪᠤᠭᠤ᠂ ᠨᠢᠭᠡᠨ ᠡᠷ᠎ᠡ ᠨᠢᠭᠡᠨ ᠡᠮ᠎ᠡ ᠨᠢᠭᠡᠨ ᠬᠣᠣᠰ᠂ ᠬᠣᠶᠠᠳᠤᠭᠠᠷ ᠠᠨᠤ᠂ ᠣᠷᠣᠰ ᠤᠯᠤᠰ ᠤ᠋ᠨ ᠡᠷᠴᠢᠰ ᠮᠥᠷᠡᠨ ᠤ ᠦᠬᠡᠷ ᠦ᠋ᠨ ᠴᠢᠨᠡᠭᠡᠨ ᠤᠷᠲᠤ ᠦᠰᠦᠲᠦ ᠴᠠᠭᠠᠨ ᠡᠷᠢᠶᠡᠨ ᠪᠠᠷᠰ᠂ ᠡᠷ᠎ᠡ ᠡᠮ᠎ᠡ ᠨᠢᠭᠡᠨ ᠬᠣᠣᠰ ᠢ᠋ ᠵᠠᠭ ᠮᠣᠳᠣᠨ ᠤ᠋ ᠰᠢᠩᠭᠡᠯᠢᠭ ᠲᠣᠷ ᠬᠣᠷᠢᠵᠤᠬᠤᠢ᠃ ᠭᠤᠷᠪᠠᠳᠤᠭᠠᠷ ᠠᠨᠤ᠂ ᠪᠠᠷᠠᠭᠤᠨ ᠬᠣᠢᠲᠤ ᠲᠡᠭᠷᠢ ᠠᠭᠤᠯᠠ ᠶ᠋ᠢᠨ ᠬᠣᠢᠲᠤ ᠪᠦᠬᠦᠢ ᠠᠯᠠᠭ ᠲᠡᠷᠡ ᠬᠡᠮᠡᠬᠦ ᠠᠢᠮᠠᠭᠲᠤ ᠤᠯᠤᠰ ᠤ᠋ᠨ ᠴᠠᠬᠤᠯᠠᠢ ᠮᠡᠲᠦ ᠰᠠᠬᠢᠭᠤᠯᠰᠤᠨ ᠴᠠᠰᠤ ᠴᠠᠭᠠᠨ ᠬᠠᠷᠴᠠᠭᠠᠢ ᠰᠢᠪᠠᠭᠤ ᠶ᠋ᠢ ᠪᠠᠰᠠ ᠬᠦ᠌ ᠪᠣᠷᠣᠭ ᠪᠣᠷᠣᠭᠴᠢᠨ ᠨᠢᠭᠡᠨ ᠬᠣᠣᠰ ᠢ᠋ᠶ᠋ᠠᠷ ᠠᠯᠲᠠᠢ ᠬᠠᠩᠭᠠᠢ ᠶ᠋ᠢᠨ ᠶᠡᠬᠡ ᠠᠭᠤᠯᠠ ᠠ᠋ᠴᠠ ᠪᠠᠷᠢᠪᠠ᠃ ᠠᠷᠢᠶᠠᠲᠠᠨ ᠬᠦᠷᠦᠭᠡᠳ ᠴᠦ᠍ ᠮᠠᠨᠳᠤᠬᠤ ᠤᠯᠤᠰ ᠲᠥᠷᠥ ᠶ᠋ᠢᠨ ᠠᠭᠤᠯᠠ ᠣᠢ ᠳ᠋ᠤᠷ ᠰᠢᠷᠭᠤᠨ ᠢᠷᠡᠪᠡ᠃ ᠡᠨᠡ ᠢᠨᠦ ᠳᠡᠭᠷᠢᠯᠢᠭ ᠡᠵᠡᠨ ᠦ᠌ ᠲᠡᠩᠴᠡᠰᠢ ᠦᠭᠡᠢ ᠪᠤᠶᠠᠨ ᠤ᠋ ᠪᠡᠯᠭᠡ ᠲᠡᠮᠳᠡᠭ ᠬᠡᠮᠡᠪᠡ᠃ 
       ᠲᠠᠢᠽᠦ ᠮᠠᠰᠢᠳᠠ ᠰᠣᠨᠢᠷᠬᠠᠨ ᠪᠡᠶᠡᠰᠴᠦ  ᠬᠥᠮᠦᠨ ᠪᠦᠷᠢ ᠳ᠋ᠦ᠍ᠷ ᠶᠢᠰᠦᠨ ᠵᠦᠢᠯ ᠦ᠋ᠨ ᠱᠠᠩ ᠬᠦᠷᠲᠡᠭᠡᠨ ᠴᠠᠭᠠᠨ ᠮᠥᠩᠭᠥᠨ ᠭᠤᠷᠪᠠᠨ ᠵᠠᠭᠤᠨ ᠯᠠᠩ ᠱᠠᠩᠨᠠᠨ ᠮᠠᠭᠲᠠᠵᠤ ᠵᠠᠬᠢᠷᠤᠨ : 
          ᠦᠨᠡᠨ ᠵᠢᠷᠤᠮᠲᠤ ᠥᠨᠳᠥᠷ ᠵᠠᠩᠵᠤᠨ ᠤ᠋ ᠦᠷᠡᠰ 
          ᠦᠨᠡᠬᠡᠷ ᠪᠠᠭᠠᠲᠤᠷ ᠭᠤᠷᠪᠠᠨ ᠪᠠᠷᠰ ᠬᠥᠪᠡᠭᠦᠳ᠃ 
          ᠦᠯᠡᠮᠵᠢ ᠬᠡᠴᠡᠭᠦᠦ ᠪᠠᠷᠰ ᠬᠦᠷᠦᠭᠡᠳ ᠢ᠋ 
          ᠦᠬᠦᠰᠢᠷᠡᠭᠦᠯᠦᠨ ᠪᠠᠷᠢᠵᠤ ᠴᠢᠳᠠᠭᠰᠠᠨ ᠠᠨᠤ ᠰᠠᠢᠰᠢᠶᠠᠯᠲᠠᠢ᠃ 
ᠬᠡᠮᠡᠭᠰᠡᠨ᠎ᠡ᠂ ᠭᠤᠷᠪᠠᠨ ᠪᠠᠷᠰ ᠤ᠋ᠨ ᠪᠠᠭ᠎ᠠ ᠪᠠᠭᠠᠲᠤᠷ ᠤ᠋ᠳ᠂ ᠪᠠᠯᠪᠤ ᠤᠯᠤᠰ ᠤ᠋ᠨ ᠰᠢᠵᠢᠷ ᠠᠯᠲᠠᠨ ᠤ᠋ ᠬᠤᠶᠠᠭ ᠳᠤᠭᠤᠯᠠᠭ᠎ᠠ ᠡᠮᠦᠰᠦᠯᠴᠡᠨ ᠦᠨᠡᠬᠡᠷ ᠣᠭᠲᠠᠷᠭᠤᠢ ᠶ᠋ᠢᠨ ᠭᠤᠷᠪᠠᠨ ᠮᠠᠷᠠᠯ ᠣᠳᠣᠨ ᠮᠡᠲᠦ ᠴᠣᠭ ᠲᠠᠢ ᠭᠡᠷᠡᠯᠲᠡᠢ᠃ ᠲᠠᠢᠽᠦ ᠣᠯᠠᠨ ᠲᠥᠷᠥ ᠶ᠋ᠢᠨ ᠲᠦᠰᠢᠮᠡᠳ ᠦ᠋ᠨ ᠵᠦᠭ ᠵᠢᠭᠠᠵᠤ ᠵᠠᠬᠢᠷᠤᠨ : 
          ᠥᠨᠳᠥᠷ ᠰᠡᠴᠡᠨ ᠢ᠋ ᠦᠭᠡᠢ ᠪᠣᠯᠤᠭᠰᠠᠨ ᠦᠶ᠎ᠡ ᠡᠴᠡ 
          ᠥᠪᠡᠷᠦᠨ ᠣᠷᠲᠣᠨ᠎ᠠ ᠥᠨᠳᠡᠭᠡ ᠴᠤᠷᠪᠠᠭ᠎ᠠ ᠠ᠋ᠴᠠ ᠲᠡᠵᠢᠭᠡᠯᠦᠭᠡ ᠪᠢ᠃ 
          ᠥᠰᠴᠦ ᠬᠥᠮᠦᠵᠢᠨ ᠪᠠᠷᠰ ᠢ᠋ ᠪᠠᠷᠢᠬᠤᠶ᠎ᠠ ᠬᠥᠷᠥᠭᠰᠡᠨ᠎ᠡ 
          ᠥᠨᠳᠥᠷ ᠮᠢᠨᠦ ᠦᠵᠡᠭᠰᠡᠨ ᠪᠣᠯᠤᠰᠠ ᠬᠡᠮᠡᠮᠦᠢ ᠪᠢ᠃ 
ᠬᠡᠮᠡᠭᠰᠡᠨ ᠳ᠋ᠦ᠍ᠷ ᠣᠯᠠᠨ ᠰᠠᠢᠳ ᠤ᠋ᠳ ᠲᠡᠭᠷᠢᠯᠢᠭ ᠡᠵᠡᠨ ᠦ᠌ ᠲᠡᠩᠴᠡᠰᠢ ᠦᠭᠡᠢ ᠶᠡᠬᠡ ᠥᠷᠥᠰᠢᠶᠡᠯ ᠢ᠋ ᠲᠡᠷᠡ ᠬᠦ᠌ ᠥᠨᠳᠥᠷ ᠦ᠋ᠨ ᠶᠢᠰᠦᠨ ᠪᠤᠯᠠᠭ ᠲᠤᠷ ᠴᠤ᠌ ᠰᠢᠲᠦᠬᠦ ᠶ᠋ᠢ ᠪᠠᠢᠲᠤᠭᠠᠢ᠂ ᠲᠡᠮᠳᠡᠭᠲᠦ ᠲᠥᠷᠥ ᠶ᠋ᠢᠨ ᠲᠡᠳᠬᠦᠨ ᠵᠢᠳᠬᠦᠭᠴᠢ ᠵᠠᠭᠤᠨ ᠲᠦᠰᠢᠮᠡᠳ ᠴᠦ᠍ ᠣᠮᠣᠭ ᠢᠲᠡᠭᠡᠮᠵᠢ ᠲᠡᠢ ᠵᠢᠳᠬᠦᠮᠦᠢ᠃ ᠲᠠᠢᠽᠦ ᠵᠠᠬᠢᠷᠤᠨ: 
      《ᠪᠢ ᠬᠡᠵᠢᠶ᠎ᠡ ᠲᠣᠳᠣ ᠵᠤᠯᠪᠢᠨ ᠢ᠋ ᠠᠷᠢᠯᠭᠠᠨ᠂ ᠮᠠᠢᠯᠵᠢ ᠤᠯᠤᠰ ᠢ᠋ ᠠᠨᠤ ᠤᠭ ᠡᠵᠡᠨ ᠥᠨᠳᠥᠷ᠎ᠡ ᠶ᠋ᠢᠨ ᠦᠷᠡᠰ ᠭᠤᠷᠪᠠᠨ ᠪᠠᠮᠪᠠᠷ ᠲᠤᠷ ᠲᠤᠰᠢᠶᠠᠨ ᠥᠭᠭᠦᠭᠰᠡᠨ ᠬᠣᠢᠨ᠎ᠠ ᠰᠠᠶᠢ ᠥᠨᠳᠥᠷ ᠦ᠋ᠨ ᠦᠬᠦᠨ ᠵᠢᠳ᠌ᠡᠭᠦᠭᠰᠡᠨ ᠠᠴᠢ ᠵᠢᠷᠤᠮ ᠳ᠋ᠤᠷ ᠬᠠᠷᠢᠭᠤᠯᠠᠨ ᠴᠢᠳᠠᠬᠤ ᠪᠣᠯᠠᠢ᠃ ᠥᠴᠦᠬᠡᠨ ᠬᠥᠪᠡᠭᠦᠳ ᠢᠨᠣ ᠥᠰᠴᠦ ᠡᠷᠡᠯᠡᠪᠡ᠃ ᠥᠷᠯᠥᠭᠡ ᠦᠳᠡᠰᠢ ᠠᠢᠮᠠᠭ ᠤᠯᠤᠰ ᠢ᠋ ᠴᠢᠨᠦ ᠣᠯᠭᠣᠭᠤᠯᠵᠤ ᠦᠭᠭᠦᠶ᠎ᠡ ᠪᠢ 》ᠬᠡᠮᠡᠪᠡ᠃ 
       ᠡᠭᠦᠨᠴᠡ ᠣᠯᠠᠨ ᠰᠠᠢᠳ ᠤ᠋ᠳ ᠲᠠᠢᠽᠦ ᠶ᠋ᠢ ᠳᠣᠯᠣᠳᠤᠭᠠᠷ ᠰᠢᠷ᠎ᠠ ᠤᠷᠲᠣᠨ᠎ᠠ ᠵᠠᠯᠠᠵᠤ ᠂ ᠣᠷᠴᠢᠯᠠᠩ ᠤ᠋ᠨ ᠪᠢᠴᠢᠭ ᠴᠡᠷᠢᠭ ᠦ᠋ᠨ ᠣᠯᠠᠨ ᠪᠣᠭᠳᠠ ᠶ᠋ᠢᠨ ᠰᠠᠬᠢᠭᠤᠯᠰᠤᠨ ᠰᠠᠭᠤᠷᠢᠨ ᠳ᠋ᠤᠷ ᠳᠠᠬᠢᠵᠤ ᠲᠠᠪᠢᠭᠯᠠᠨ᠂ ᠬᠦᠵᠢ ᠵᠤᠯᠠ ᠂ ᠴᠠᠢ ᠰᠠᠷᠬᠤᠳ ᠂ ᠶᠣᠰᠣᠯᠠᠯ ᠬᠥᠭᠵᠢᠮ ᠢ᠋ ᠪᠦᠷᠢᠳᠬᠡᠨ ᠮᠥᠷᠭᠥᠵᠦ ᠭᠠᠯ ᠢ᠋ᠶ᠋ᠠᠷ ᠡᠷᠭᠦᠨ ᠮᠠᠨᠠᠷᠠᠯᠳᠤᠨ ᠣᠭᠲᠠᠷᠭᠤᠢ ᠳ᠋ᠤᠷ ᠣᠷᠣᠰᠢᠭᠤᠯᠤᠨ ᠵᠠᠯᠠᠬᠤᠶ᠎ᠠ᠂ ᠶᠡᠬᠡ ᠭᠠᠯ ᠤᠲᠤᠭ᠎ᠠ ᠫᠤᠤ ᠲᠦᠷᠬᠢᠯ ᠦ᠋ᠨ ᠳᠣᠲᠣᠷ᠎ᠠ᠂ ᠭᠤᠸᠠᠨ ᠪᠣᠭᠳᠠ ᠶ᠋ᠢᠨ ᠳᠦᠷᠰᠦ ᠢᠯᠡᠷᠡᠨ ᠦᠵᠡᠭᠳᠡᠭᠰᠡᠨ᠎ᠡ ᠡᠮᠦᠨᠡᠲᠦ ᠡᠲᠡᠭᠡᠳ ᠦ᠋ᠨ ᠰᠠᠢᠳ ᠲᠦᠰᠢᠮᠡᠳ ᠴᠥᠮ ᠭᠠᠵᠠᠷ ᠲᠤᠷ ᠤᠨᠠᠨ ᠬᠡᠪᠲᠡᠵᠦ ᠠᠶᠤᠨ ᠮᠥᠷᠭᠦᠯᠬᠢᠯᠡᠨ ᠥᠭᠦᠯᠡᠯᠳᠦᠷᠦᠨ : 
      《ᠦᠨᠡᠨ ᠲᠡᠭᠷᠢ ᠶ᠋ᠢᠨ ᠬᠥᠪᠡᠭᠦᠨ ᠣᠷᠴᠢᠯᠠᠩ ᠳ᠋ᠤᠷ ᠪᠠᠭᠤᠨ ᠢᠷᠡᠵᠦ᠂ ᠶᠢᠷᠲᠢᠨᠴᠦ ᠳ᠋ᠦ᠍ᠷ ᠢᠯᠡᠷᠡᠨ ᠡᠵᠡᠯᠡᠭᠰᠡᠨ ᠦᠶ᠎ᠡ ᠳ᠋ᠦ᠍ᠷ ᠶᠠᠮᠪᠠᠷᠪᠠ ᠦᠢᠯᠡ ᠥᠴᠦᠬᠡᠨ ᠴᠦ᠍ ᠪᠡᠷᠬᠡ ᠦᠭᠡᠢ ᠠᠵᠤᠭᠤ᠃ ᠲᠥᠪ ᠶᠢᠰᠦᠨ ᠣᠭᠲᠠᠷᠭᠤᠢ ᠶ᠋ᠢᠨ ᠬᠠᠭᠠᠨ ᠲᠡᠭᠷᠢ ᠡᠴᠡ ᠪᠤᠰᠤ ᠪᠣᠯᠪᠠᠰᠤ᠂ ᠭᠤᠸᠠᠨ ᠪᠣᠭᠳᠠ ᠶ᠋ᠢᠨ ᠭᠠᠢᠬᠠᠮᠰᠢᠭ ᠰᠠᠬᠢᠭᠤᠯᠰᠤᠨ ᠲᠠᠭᠠᠯᠴᠠᠨ ᠦᠯᠦ ᠢᠯᠡᠷᠡᠮᠦᠢ 》ᠭᠡᠮᠡᠨ ᠦᠢᠮᠡᠯᠳᠦᠨ ᠬᠡᠯᠡᠯᠴᠡᠬᠦᠶ᠎ᠡ᠂ ᠲᠠᠢᠽᠦ᠂ ᠳ᠋ᠠᠲᠠᠳᠤᠩᠭ᠎ᠠ᠂ ᠯᠢᠦ ᠵᠦᠩ ᠯᠦ᠍ ᠪᠡᠷ ᠡᠷᠲᠡᠨ ᠦ᠌ ᠬᠠᠨ ᠤᠯᠤᠰ᠂ ᠭᠤᠷᠪᠠᠨ ᠠᠢᠮᠠᠭ ᠪᠣᠯᠤᠨ ᠰᠠᠮᠠᠭᠤᠷᠠᠬᠤᠢ ᠳ᠋ᠤᠷ ᠱᠤ᠌ ᠤᠯᠤᠰ ᠤ᠋ᠨ ᠵᠣᠣ ᠯᠢᠶᠧ ᠳᠢ ᠬᠠᠭᠠᠨ ᠤ᠋ ᠬᠣᠶᠠᠳᠤᠭᠠᠷ ᠵᠢᠷᠤᠮ ᠤ᠋ᠨ ᠳᠡᠭᠦᠦ᠂ ᠭᠤᠸᠠᠨ ᠢᠦᠢ  ᠭᠤᠸᠠᠨ ᠱᠧᠩ ᠳᠢ ᠵᠢᠶᠦ᠋ᠨ ᠤ ᠰᠤᠳᠤᠷ ᠱᠠᠰᠲᠢᠷ ᠢ᠋ ᠰᠡᠢᠷᠡᠭᠦᠯᠦᠨ ᠰᠣᠨᠣᠰᠪᠠ᠃ ᠡᠨᠡ ᠡᠳᠦᠷ ᠬᠦᠯᠦᠭ ᠪᠤᠭᠤᠷᠤᠯ ᠤ᠋ᠨ ᠨᠢᠭᠡᠨ ᠡᠩ ᠦ᠋ᠨ ᠨᠢᠭᠡᠨ ᠥᠩᠭᠡ ᠳ᠋ᠦ᠍ᠷ ᠬᠠᠮᠢᠶᠠᠷᠤᠨ ᠵᠠᠬᠢᠷᠬᠤ ᠶᠢᠰᠦᠨ ᠠᠩᠭᠢ ᠠᠢᠮᠠᠭ ᠤ᠋ᠳ ᠤ᠋ᠨ ᠵᠠᠩᠵᠤᠨ ᠴᠡᠷᠢᠭ ᠦ᠋ᠳ ᠦ᠋ᠨ ᠭᠠᠪᠢᠶ᠎ᠠ ᠵᠢᠳᠬᠦᠯᠭᠡ ᠶ᠋ᠢ ᠢᠯᠭᠠᠨ ᠰᠠᠯᠭᠠᠨ  ᠲᠡᠩᠨᠡᠭᠦᠯᠦᠨ ᠲᠡᠭᠰᠢᠯᠡᠭᠦᠯᠵᠦ ᠱᠠᠩᠨᠠᠨ ᠬᠥᠬᠢᠭᠦᠯᠪᠡᠢ᠃ 
       ᠪᠤᠭᠤᠷᠤᠯ ᠤ᠋ᠨ ᠥᠪᠡᠷᠦᠨ ᠦᠬᠦᠰᠢᠨ ᠠᠢᠮᠠᠭ ᠲᠤᠷ ᠶᠡᠬᠡ ᠬᠥᠪᠡᠭᠦᠨ ᠪᠤᠳᠤᠯᠣᠩ ᠢ᠋ ᠡᠵᠡᠨ ᠪᠣᠯᠭᠠᠨ᠂ ᠡᠷ᠎ᠡ ᠨᠡᠮᠡᠭᠦᠯᠦᠨ ᠬᠤᠶᠠᠭ ᠴᠡᠷᠢᠭ ᠲᠡᠭᠰᠢᠯᠡᠨ ᠥᠭᠭᠦᠭᠦᠯᠪᠡᠢ᠃ ᠦᠬᠦᠰᠢᠨ ᠠᠢᠮᠠᠭ ᠤ᠋ᠨ ᠬᠥᠮᠦᠨ ᠴᠥᠭᠡᠨ ᠠᠵᠤᠭᠤ᠃ ᠪᠤᠭᠤᠷᠤᠯ ᠲᠠᠢᠽᠦ ᠶ᠋ᠢᠨ ᠬᠦᠯᠦᠭ ᠨᠣᠶᠠᠨ ᠪᠣᠯᠤᠭᠰᠠᠨ ᠢ᠋ᠶ᠋ᠠᠷ ᠨᠢᠭᠡᠨ ᠡᠬᠢ ᠠᠢᠮᠠᠭ ᠤ᠋ᠨ ᠡᠵᠡᠨ ᠪᠠᠢᠭᠤᠯᠤᠨ᠂ ᠶᠡᠬᠡ ᠠᠢᠮᠠᠭ ᠤ᠋ᠳ ᠯᠤᠭ᠎ᠠ ᠲᠡᠭᠰᠢ ᠰᠠᠴᠠᠭᠤ ᠪᠣᠯᠭᠠᠪᠠᠢ᠃ ᠡᠨᠡ ᠡᠳᠦᠷ ᠳᠠᠷᠤᠢ ᠡᠨᠡ ᠣᠷᠳᠣᠨ ᠳ᠋ᠤᠷ ᠨᠣᠢᠷᠰᠤᠬᠤᠶ᠎ᠠ᠂ ᠡᠨᠡ ᠰᠥᠨᠢ ᠡᠴᠡ ᠯᠢᠦ ᠵᠦᠩ ᠯᠦ᠍᠂ ᠳ᠋ᠠᠲᠠᠳᠤᠩᠭ᠎ᠠ ᠬᠣᠶᠠᠭᠤᠯᠠ ᠵᠢᠰᠢᠶᠠᠯᠠᠨ ᠭᠤᠷᠪᠠᠨ ᠤᠯᠤᠰ ᠤ᠋ᠨ《ᠰᠠᠨ ᠭᠦᠸᠧ ᡁᠢ ᠪᠢᠴᠢᠭ 》 ᠦ᠋ᠨ ᠭᠤᠸᠠᠨ ᠪᠣᠭᠳᠠ ᠶ᠋ᠢᠨ ᠦᠢᠯᠡᠰ ᠶᠠᠪᠤᠳᠠᠯ᠂ ᠥᠷᠥᠰᠢᠶᠡᠯ ᠵᠢᠷᠤᠮ᠂ ᠶᠣᠰᠣᠯᠠᠯ ᠮᠡᠷᠭᠡᠨ ᠪᠠᠲᠤ ᠶ᠋ᠢᠨ ᠰᠤᠳᠤᠷ ᠱᠠᠰᠲᠢᠷ ᠢ᠋ ᠠᠨᠤ ᠲᠠᠢᠯᠪᠤᠷᠢᠯᠠᠭᠤᠯᠤᠨ ᠠᠢᠯᠠᠳᠤᠨ ᠰᠣᠨᠣᠰᠪᠠ ᠃ ᠡᠨᠡ ᠰᠠᠨ ᠭᠦᠸᠧ ᠱᠠᠰᠲᠢᠷ ᠢ᠋ ᠡᠨᠡ ᠣᠨ ᠤ᠋ ᠯᠠ ᠰᠠᠷ᠎ᠠ ᠪᠣᠯᠲᠠᠯ᠎ᠠ ᠭᠤᠷᠪᠠᠨ ᠵᠡᠷᠭᠡ ᠰᠡᠯᠪᠢᠨ ᠰᠣᠨᠣᠰᠴᠤ ᠂ ᠭᠤᠸᠠᠨ ᠪᠣᠭᠳᠠ ᠶ᠋ᠢᠨ ᠡᠷᠳᠡᠮ ᠶᠠᠪᠤᠳᠠᠯ ᠢ᠋ ᠶᠡᠬᠡᠯ᠎ᠡ ᠭᠠᠢᠬᠠᠨ ᠪᠢᠰᠢᠷᠡᠵᠦ᠂ ᠯᠡ ᠰᠠᠷ᠎ᠠ ᠶ᠋ᠢᠨ ᠬᠣᠷᠢᠨ ᠭᠤᠷᠪᠠᠨ ᠤ᠋ ᠰᠥᠨᠢ᠂ ᠰᠧ ᠴᠤᠸᠠᠨ ᠤ᠋ ᠱᠠᠩ ᠯᠢᠩ ᠦ᠋ᠨ ᠵᠦᠭ ᠬᠠᠨᠳᠤᠨ ᠬᠣᠭᠣᠰᠣᠨ ᠣᠭᠲᠠᠷᠭᠤᠢ ᠶ᠋ᠢᠨ ᠠᠭᠠᠷ᠎ᠠ ᠵᠥᠭᠴᠢᠯᠡᠨ ᠶᠡᠬᠡ ᠲᠠᠬᠢᠯ ᠲᠠᠪᠢᠭ ᠮᠢᠬ᠎ᠠ ᠴᠢᠰᠤᠨ ᠢᠳᠡᠭᠡᠨ ᠤᠮᠳᠠᠭᠠᠨ ᠢ᠋ᠶ᠋ᠠᠷ ᠳᠠᠬᠢᠨ᠂ ᠫᠤᠤ ᠬᠥᠭᠵᠢᠮ ᠵᠦᠩ ᠬᠡᠩᠭᠡᠷᠭᠡ᠂ ᠬᠠᠷᠠᠩᠭ᠎ᠠ ᠪᠦᠷᠢᠶ᠎ᠡ᠂ ᠯᠠᠪᠠᠢ ᠪᠢᠰᠬᠢᠭᠦᠷ ᠢ᠋ᠶ᠋ᠡᠷ ᠲᠠᠪᠢᠭᠯᠠ᠂ 《ᠵᠢᠷᠤᠮᠲᠤ ᠭᠤᠸᠠᠨ ᠢᠵᠠᠭᠤᠷᠲᠤ ᠴᠡᠷᠢᠭ ᠦ᠋ᠨ ᠶᠡᠬᠡ ᠪᠣᠭᠳᠠ ᠶ᠋ᠢᠨ ᠲᠡᠳᠡᠭᠡᠷ ᠡᠷᠳᠡᠮ ᠶᠠᠪᠤᠳᠠᠯ ᠦᠨᠡᠬᠡᠷ ᠴᠢᠩ ᠦᠨᠡᠨ ᠪᠣᠯᠪᠠᠰᠤ᠂ ᠲᠡᠮᠦᠵᠢᠨ ᠪᠣᠱᠣᠭ ᠨᠠᠳᠤᠷ ᠡᠷᠬᠡᠪᠰᠢ ᠳᠦᠷᠰᠦ ᠲᠡᠢ ᠪᠡᠨ ᠢᠯᠡᠷᠡᠵᠦ ᠦᠵᠡᠭᠦᠯ ! 》ᠭᠡᠮᠡᠨ ᠥᠨᠳᠥᠷ ᠳᠠᠭᠤᠨ ᠢ᠋ᠶ᠋ᠠᠷ ᠳᠠᠭᠤᠳᠠᠨ ᠮᠥᠷᠭᠥᠭᠰᠡᠨ᠎ᠡ ᠴᠢᠬᠡ ᠡᠮᠦᠨ᠎ᠡ ᠣᠭᠲᠠᠷᠭᠤᠢ ᠶ᠋ᠢᠨ ᠬᠢᠵᠠᠭᠠᠷ᠎ᠠ ᠣᠳᠣᠨ ᠵᠡᠷᠭᠡᠯᠡᠭᠰᠡᠨ ᠣᠭᠲᠠᠷᠭᠤᠢ ᠳ᠋ᠤᠷ ᠭᠠᠯ ᠬᠡᠯᠪᠢᠯᠭᠡᠨ ᠨᠢᠭᠡᠨᠲᠡ ᠴᠠᠬᠢᠯᠬᠢᠯᠠᠨ ᠤᠯᠠᠭᠠᠨ ᠭᠡᠷᠡᠯ ᠤᠯᠠᠷᠢᠭᠰᠠᠭᠠᠷ ᠡᠮᠦᠨ᠎ᠡ ᠬᠠᠭᠠᠰ ᠣᠭᠲᠠᠷᠭᠤᠢ ᠭᠠᠯ ᠡᠭᠦᠯᠡ ᠮᠡᠲᠦ ᠤᠯᠠᠢᠭᠠᠳ ᠳᠤᠮᠳᠠᠳᠤ ᠬᠤᠷᠴᠠ ᠤᠯᠠᠭᠠᠨ ᠭᠠᠯ ᠭᠡᠷᠡᠯ ᠦ᠋ᠨ ᠳᠣᠲᠣᠷ᠎ᠠ ᠭᠤᠸᠠᠨ ᠪᠣᠭᠳᠠ ᠪᠢᠯᠢᠭ ᠦ᠋ᠨ ᠬᠡᠭᠡᠷ ᠮᠣᠷᠢ ᠬᠥᠯᠭᠡᠯᠡᠨ ᠂ ᠭᠤᠸᠠᠨ ᠫᠢᠩ ᠂ ᠵᠧᠦ ᠼᠠᠩ ᠲᠠᠢ ᠪᠠᠨ ᠢᠯᠡᠷᠡᠨ ᠦᠵᠡᠭᠳᠡᠬᠦᠶ᠎ᠡ᠂ ᠲᠠᠢᠽᠦ ᠶᠡᠬᠡᠯ᠎ᠡ ᠭᠠᠢᠬᠠᠨ ᠪᠢᠰᠢᠷᠡᠵᠦ᠄  
      《ᠠᠯᠢ ᠰᠤᠷᠭᠠᠯ ᠤ᠋ᠨ ᠬᠥᠮᠦᠨ ᠡᠷᠬᠢᠯᠡᠨ ᠳᠠᠭᠢᠮᠤᠢ ? 》ᠬᠡᠮᠡᠭᠰᠡᠨ᠎ᠡ 《ᠳ᠋ᠠᠲᠠᠳᠤᠩᠭ᠎ᠠ᠂ ᠪᠣᠮᠪᠣ ᠶ᠋ᠢᠨ ᠰᠤᠷᠭᠠᠯ ᠡᠷᠬᠢᠯᠡᠨ ᠲᠠᠬᠢᠮᠤᠢ 》ᠬᠡᠮᠡᠭᠰᠡᠨ ᠢ᠋ᠶ᠋ᠡᠷ ᠬᠣᠢᠨ᠎ᠠ ᠴᠢᠦ ᠴᠠᠩ ᠴᠦᠨ ᠢ᠋ ᠺᠦᠨ ᠯᠦᠨ ᠱᠠᠨ ᠠᠭᠤᠯᠠᠨ ᠠ᠋ᠴᠠ ᠳᠠᠭᠤᠳᠠᠭᠤᠯᠤᠭᠰᠠᠨ ᠪᠥᠯᠥᠭᠡ᠃ ᠡᠨᠡ ᠤᠯᠠᠭᠠᠨ ᠪᠠᠷᠰ ᠵᠢᠯ ᠦ᠋ᠨ ᠯᠡ ᠰᠠᠷ᠎ᠠ ᠶ᠋ᠢᠨ ᠬᠣᠷᠢᠨ ᠭᠤᠷᠪᠠᠨ ᠤ᠋ ᠰᠥᠨᠢ ᠭᠤᠸᠠᠨ ᠹᠦᠽᠢ ᠠᠷᠤ ᠡᠯᠡᠰᠦᠨ᠎ᠡ ᠰᠠᠬᠢᠭᠤᠯᠰᠤᠨ ᠢᠯᠡᠷᠡᠬᠦᠶ᠎ᠡ᠂ ᠬᠠᠭᠠᠰ ᠰᠥᠨᠢ ᠤᠯᠠᠭᠠᠨ ᠭᠡᠷᠡᠯ ᠲᠩᠷᠢ ᠭᠠᠵᠠᠷ ᠢ᠋ ᠭᠡᠢᠭᠦᠯᠦᠭᠰᠡᠨ ᠢ᠋ 《ᠽᠢ ᡁᠢ ᠲᠦᠩ ᠵᠢᠶᠠᠨ ᠭᠠᠩ ᠮᠦ᠍ 》ᠪᠢᠴᠢᠭ ᠦ᠋ᠨ ᠠᠷᠪᠠᠨ ᠨᠠᠢ᠍ᠮᠠᠳᠤᠭᠠᠷ ᠲᠣᠭᠳᠣᠢ ᠶ᠋ᠢᠨ ᠳᠡᠳ᠋ ᠳᠡᠪᠲᠡᠷ ᠦ᠋ᠨ ᠲᠠᠪᠢᠨ ᠳᠥᠷᠪᠡᠳᠦᠭᠡᠷ ᠬᠠᠭᠤᠳᠠᠰᠤᠨ ᠳ᠋ᠤᠷ ᠠᠯᠲᠠᠨ ᠤᠯᠤᠰ ᠠᠨᠤ ᠰᠥᠩ ᠤᠯᠤᠰ ᠤ᠋ᠨ ᠳᠠ ᠰᠠᠨ ᠭᠤᠸᠠᠨ ᠪᠣᠭᠣᠮᠲᠠ ᠶ᠋ᠢ ᠣᠷᠣᠭᠰᠠᠨ ᠲᠡᠷᠡ ᠨᠢᠭᠡᠨ ᠬᠡᠰᠡᠭ ᠲᠣᠷ ᠬᠠᠷᠢᠨ ᠤᠯᠠᠭᠠᠨ ᠭᠡᠷᠡᠯ ᠨᠢᠭᠡᠨ ᠰᠥᠨᠢ ᠪᠡᠷ ᠡᠳᠦᠷ ᠨᠠᠷᠠᠨ ᠮᠡᠲᠦ ᠭᠡᠢᠭᠦᠯᠵᠦ ᠂ ᠰᠥᠩ ᠤᠯᠤᠰ ᠲᠤᠷ ᠮᠠᠭᠤ ᠢᠷᠣ᠎ᠠ ᠪᠣᠯᠪᠠ ᠭᠡᠮᠡᠨ ᠮᠠᠭᠤ ᠡᠬᠡᠨᠡᠷ ᠮᠡᠲᠦ ᠴᠡᠯᠴᠢᠯᠬᠢᠯᠡᠨ ᠲᠡᠮᠳᠡᠭᠯᠡᠵᠦ ᠪᠠᠢᠬᠤ ᠠᠨᠤ ᠡᠨᠡ ᠴᠦ᠍ ᠬᠣᠵᠢᠮ ᠤ᠋ᠨ ᠯᠠ ᠰᠠᠷ᠎ᠠ ᠶ᠋ᠢᠨ ᠬᠡᠷᠡᠭ ᠲᠤᠯᠠ ᠡᠭᠦᠨ ᠢ᠋ ᠮᠥᠨ ᠳᠤᠷᠠᠳᠬᠤ ᠦᠭᠡᠢ᠃ 
       ᠲᠡᠨᠳᠡᠴᠡ ᠨᠠᠢ᠍ᠮᠠᠳᠤᠭᠠᠷ ᠥᠷᠯᠥᠭᠡ ᠶ᠋ᠢᠨ ᠬᠤᠲᠤᠭ ᠭᠣᠶᠣᠬᠤᠶ᠎ᠠ᠂ ᠭᠤᠷᠪᠠᠨ ᠰᠠᠷ᠎ᠠ ᠶ᠋ᠢᠨ ᠠᠷᠪᠠᠨ ᠨᠠᠢ᠍ᠮᠠᠨ ᠤ᠋ ᠦᠷ ᠦ᠋ᠨ ᠬᠢᠷᠠᠭ᠎ᠠ ᠳ᠋ᠤᠷ ᠸᠴᠢᠷ ᠮᠠᠨᠳᠠᠯ ᠳ᠋ᠤᠷ ᠲᠠᠢᠽᠦ ᠶ᠋ᠢ ᠵᠠᠯᠬᠤᠢ ᠶ᠋ᠢᠨ ᠲᠡᠭᠷᠢ ᠶ᠋ᠢᠨ ᠶᠡᠬᠡ ᠲᠡᠮᠳᠡᠭ ᠬᠥᠭᠵᠢᠮ ᠳᠠᠭᠤᠷᠢᠰᠴᠤ᠂ ᠬᠦᠯᠦᠭ ᠨᠣᠶᠠᠨ ᠴᠢᠯᠠᠭᠤᠨ  ᠡᠵᠡᠨ ᠦ᠌ ᠴᠢᠰᠤᠨ ᠵᠡᠭᠡᠷᠳᠡ ᠬᠦᠯᠦᠭ ᠢ᠋ ᠬᠥᠲᠥᠯᠦᠨ ᠴᠡᠭᠡᠯ ᠣᠷᠣᠢ ᠶ᠋ᠢᠨ ᠸᠴᠢᠷ ᠮᠠᠨᠳᠠᠯ ᠳ᠋ᠤᠷ ᠠᠪᠠᠷᠢᠨ᠂ ᠲᠠᠬᠢᠯ ᠳᠡᠪᠢᠭ ᠢ᠋ ᠡᠷᠭᠦᠨ ᠬᠤᠲᠤᠭ ᠭᠤᠶᠤᠨ ᠮᠥᠷᠭᠥᠵᠦ᠂ ᠲᠠᠢᠽᠦ ᠠᠷᠰᠯᠠᠨᠲᠤ ᠰᠠᠭᠤᠷᠢᠨ᠎ᠠ ᠰᠠᠭᠤᠮᠠᠭᠴᠠ ᠶᠡᠬᠡ ᠲᠤᠭ ᠤ᠋ᠨ ᠲᠡᠮᠦᠷ ᠬᠥᠯ ᠰᠠᠭᠤᠷᠢ ᠶ᠋ᠢᠨ ᠡᠮᠦᠨ᠎ᠡ ᠲᠠᠯᠪᠢᠭᠰᠠᠨ ᠂ ᠬᠣᠶᠠᠷ ᠦᠬᠡᠷ ᠣᠷᠢᠶᠠᠯᠳᠤᠨ ᠬᠡᠪᠲᠡᠭᠰᠡᠨ ᠪᠠᠢᠳᠠᠯ ᠲᠠᠢ ᠥᠭᠡᠬᠦᠨᠳᠡᠢ ᠴᠢᠯᠠᠭᠤᠨ ᠤ᠋ ᠳᠡᠭᠡᠷ᠎ᠡ ᠤᠷᠢᠳᠤ ᠡᠳᠦᠷ ᠤᠷᠲᠤᠳᠠ ᠢᠷᠡᠵᠦ᠂ 《ᠴᠢᠩᠭᠢᠰ ᠴᠢᠩᠭᠢᠰ 》ᠭᠡᠮᠡᠨ ᠳᠣᠩᠭᠣᠳᠳᠠᠭ᠂ ᠲᠡᠷᠡ ᠦᠬᠡᠷ ᠦ᠋ᠨ ᠴᠢᠨᠡᠭᠡᠨ ᠶᠡᠬᠡ ᠪᠡᠶᠡᠲᠦ ᠨᠢᠳᠦᠨ ᠢ᠋ ᠭᠢᠯᠠᠰᠬᠠᠬᠤ ᠲᠠᠪᠤᠨ ᠥᠩᠭᠡ ᠶ᠋ᠢᠨ ᠥᠳᠥ ᠰᠣᠳᠤᠲᠤ ᠬᠤᠪᠢᠯᠭᠠᠨ ᠺᠠᠷᠣᠳᠢ ᠪᠠᠰᠠ ᠬᠦ᠌ ᠨᠢᠰᠦᠨ ᠢᠷᠡᠵᠦ᠂ ᠮᠢᠩᠭᠠᠨ ᠨᠣᠶᠠᠳ ᠲᠦᠮᠡᠨ ᠲᠦᠰᠢᠮᠡᠯ ᠲᠣᠭᠣᠷᠢᠵᠤ ᠪᠠᠢᠬᠤ ᠲᠡᠷᠡ ᠶᠡᠬᠡ ᠦᠬᠡᠷᠯᠢᠭ ᠴᠢᠯᠠᠭᠤᠨ᠎ᠠ ᠰᠠᠭᠤᠭᠠᠳ᠂ ᠴᠢᠪ ᠴᠢᠬᠡ ᠲᠠᠢᠽᠦ ᠶ᠋ᠢᠨ ᠵᠦᠭ ᠬᠠᠨᠳᠤᠨ᠂ ᠵᠢᠭᠦᠷ ᠥᠳᠥ ᠪᠡᠨ ᠰᠠᠩᠰᠤᠷᠤᠨ  ᠮᠥᠨ ᠬᠦ᠌《ᠴᠢᠩᠭᠢᠰ ᠴᠢᠩᠭᠢᠰ 》ᠭᠡᠮᠡᠨ ᠭᠤᠷᠪᠠᠨᠲᠠ ᠳᠣᠩᠭᠣᠳᠴᠤ᠂ ᠣᠯᠠᠨ ᠬᠥᠮᠦᠨ ᠭᠠᠢᠬᠠᠯᠳᠤᠨ ᠢᠨᠢᠶᠡᠯᠴᠡᠭᠰᠡᠨ᠎ᠡ᠂ ᠲᠡᠷᠡ ᠬᠤᠪᠢᠯᠭᠠᠨ ᠰᠢᠪᠠᠭᠤ ᠨᠠᠷᠠᠨ ᠮᠠᠨᠳᠤᠬᠤ ᠤᠯᠠᠭᠠᠨ ᠲᠤᠶᠠᠭᠠᠲᠤ ᠣᠭᠲᠠᠷᠭᠤᠢ ᠶ᠋ᠢᠨ ᠵᠦᠭ ᠨᠢᠰᠦᠨ ᠡᠴᠢᠪᠡ᠃ ᠡᠭᠦᠨ ᠳ᠋ᠦ᠍ᠷ ᠲᠥᠷᠥ ᠳᠦᠭᠦᠷᠡᠩ ᠨᠣᠶᠠᠳ ᠲᠦᠰᠢᠮᠡᠳ ᠲᠥᠬᠥᠭᠡ  ᠲᠣᠮᠣᠭ᠎ᠠ ᠦᠭᠡᠢ ᠪᠠᠶᠠᠷᠯᠠᠯᠴᠠᠨ  《ᠲᠦᠮᠡᠨ ᠨᠠᠰᠤᠲᠤ! 》 ᠭᠡᠮᠡᠨ ᠮᠥᠷᠭᠥᠵᠦ᠂ ᠲᠦᠭᠡᠮᠡᠯ ᠪᠡᠯᠭᠡᠲᠦ ᠴᠠᠢ ᠪᠠᠷᠢᠭᠰᠠᠨ᠎ᠠ  ᠲᠠᠢᠽᠦ : 
      《ᠲᠡᠷᠡ ᠦᠬᠡᠷ ᠦ᠋ᠨ ᠴᠢᠨᠡᠭᠡ ᠥᠭᠡᠬᠦᠨᠳᠡᠢ ᠴᠢᠯᠠᠭᠤ ᠤᠭ ᠠ᠋ᠴᠠ ᠡᠨᠳᠡ ᠪᠠᠢᠭᠰᠠᠨ ᠪᠤᠰᠤ᠂ ᠣᠯᠠᠨ ᠬᠥᠮᠦᠨ ᠳᠠᠮᠨᠠᠨ ᠠᠴᠢᠷᠠᠭᠰᠠᠨ ᠪᠤᠶᠤ  》ᠬᠡᠮᠡᠭᠰᠡᠨ᠎ᠡ ᠵᠢᠨᠦᠩ ᠮᠤᠬᠤᠯᠢ ᠮᠥᠷᠭᠥᠵᠦ ᠮᠡᠳᠡᠭᠦᠯᠦᠷᠦᠨ : 
      《ᠡᠨᠡ ᠴᠢᠯᠠᠭᠤᠨ ᠢ᠋ ᠬᠦᠯᠦᠭ ᠴᠢᠯᠠᠭᠤᠨ ᠤ᠋ ᠬᠣᠶᠠᠷ ᠳᠡᠭᠦᠦ  ᠲᠡᠮᠦᠷ᠂ ᠴᠢᠮᠪᠠᠢ᠂ ᠬᠣᠶᠠᠷ ᠬᠥᠪᠡᠭᠦᠨ  ᠸᠴᠢᠷ᠂ ᠠᠯᠮᠠᠰ ᠠᠪᠠᠭ᠎ᠠ᠂ ᠠᠴᠢ ᠳᠥᠷᠪᠡᠭᠦᠯᠡ  ᠡᠷᠳᠡᠨᠢ ᠵᠣᠣ ᠡᠷᠡᠲᠦ ᠠᠭᠤᠯᠠᠨ᠎ᠠ ᠴᠢᠰᠤᠲᠤ ᠡᠪᠡᠷ ᠠᠪᠠᠯᠠᠷ᠎ᠠ ᠡᠴᠢᠭᠡᠳ ᠬᠡᠳᠦᠨ ᠰᠥᠨᠢ ᠭᠡᠷᠡᠯ ᠭᠠᠷᠬᠤᠢ ᠳ᠋ᠤᠷ ᠨᠢᠳᠤᠨᠤᠨ ᠵᠢᠷᠭᠤᠭᠠᠨ ᠰᠡᠷᠡᠳᠡ᠂ ᠨᠠᠢ᠍ᠮᠠᠨ ᠬᠠᠰᠠᠭ ᠤ᠋ᠨ ᠬᠥᠷᠲᠦᠨ᠎ᠡ ᠶᠡᠬᠡ ᠬᠣᠶᠠᠷ ᠨᠢᠷᠤᠭᠤ ᠰᠢᠷᠤᠭ ᠮᠣᠳᠣᠨ ᠤᠶᠠᠵᠤ᠂ ᠡᠨᠡ ᠴᠢᠯᠠᠭᠤᠨ ᠢ᠋ ᠳᠡᠭᠡᠷ᠎ᠡ ᠭᠠᠷᠭᠠᠵᠤ᠂ ᠨᠠᠢ᠍ᠮᠠᠨ ᠦᠬᠡᠷ ᠢ᠋ᠶ᠋ᠡᠷ ᠴᠢᠷᠦᠭᠦᠯᠦᠨ ᠠᠪᠴᠢᠷᠠᠨ ᠡᠨᠳᠡ ᠲᠠᠯᠪᠢᠵᠤ᠂ ᠴᠢᠯᠠᠭᠤᠴᠢ ᠪᠠᠷ ᠨᠦᠬᠡ ᠴᠤᠭᠤᠯᠤᠭᠤᠯᠤᠨ ᠡᠵᠡᠨ ᠦ᠌ ᠡᠷᠳᠡᠨᠢ ᠶ᠋ᠢᠨ ᠰᠦᠯᠳᠡ ᠲᠤᠭ ᠢ᠋ ᠡᠭᠦᠨ ᠳ᠋ᠦ᠍ᠷ ᠬᠠᠳᠬᠤᠵᠤ ᠳᠠᠭᠢᠰᠤᠭᠠᠢ ᠭᠡᠮᠡᠨ ᠬᠠᠷᠠᠬᠠᠨ ᠴᠢᠯᠠᠭᠤᠴᠢ ᠪᠠᠷ ᠨᠦᠬᠡ ᠴᠤᠭᠤᠯᠤᠭᠤᠯᠬᠤᠶ᠎ᠠ᠂ ᠳ᠋ᠠᠲᠠᠳᠤᠩᠭ᠎ᠠ᠂ ᠲᠡᠴᠢᠩᠬᠣᠷᠯᠣᠣ ᠲᠠᠨ ᠦᠵᠡᠭᠡᠳ ᠡᠨᠡ ᠴᠢᠯᠠᠭᠤᠨ ᠤ᠋ ᠳᠣᠲᠣᠷ᠎ᠠ ᠡᠷᠳᠡᠨᠢ ᠴᠢᠯᠠᠭᠤ ᠪᠣᠢ᠂ ᠪᠢᠲᠡᠭᠡᠢ ᠡᠪᠳᠡᠲᠦᠭᠡᠢ ᠭᠡᠮᠡᠨ ᠲᠦᠷ ᠵᠣᠭᠰᠣᠭᠠᠭᠰᠠᠨ ᠪᠥᠯᠥᠭᠡ᠃ ᠡᠨᠡ ᠴᠢᠯᠠᠭᠤ ᠶ᠋ᠢ ᠠᠪᠴᠢᠷᠠᠮᠠᠭᠴᠠ ᠡᠨᠡ ᠬᠤᠪᠢᠯᠭᠠᠨ ᠰᠢᠪᠠᠭᠤ ᠪᠠᠰᠠ ᠪᠠᠢᠨ ᠪᠠᠢᠨ ᠢᠷᠡᠵᠦ ᠡᠨᠡ ᠴᠢᠯᠠᠭᠤᠨ᠎ᠠ  ᠰᠠᠭᠤᠭᠰᠠᠨ ᠢ᠋ ᠬᠡᠳᠦ ᠬᠡᠳᠦᠨ ᠬᠥᠮᠦᠨ ᠣᠯᠵᠤ ᠦᠵᠡᠪᠡ᠃ ᠡᠨᠡ ᠡᠳᠦᠷ ᠪᠠᠰᠠ ᠣᠯᠠᠨ ᠬᠥᠮᠦᠨ ᠦ᠌ ᠳᠤᠮᠳᠠ ᠡᠭᠦᠨ ᠳ᠋ᠦ᠍ᠷ ᠰᠠᠭᠤᠵᠤ ᠡᠢᠨ ᠬᠦ᠌ ᠳᠣᠩᠭᠣᠳᠤᠭᠰᠠᠨ ᠠᠨᠤ ᠡᠨᠡ ᠯᠠᠪ ᠴᠢᠬᠤᠯᠠ ᠤᠴᠢᠷ ᠪᠣᠢ 》ᠬᠡᠮᠡᠲᠡᠯ᠎ᠡ  ᠳ᠋ᠠᠲᠠᠳᠤᠩᠭ᠎ᠠ᠂ ᠲᠠᠴᠢᠩᠬᠤᠷᠯᠤᠤ ᠲᠠᠨ ᠳᠠᠷᠠᠭᠠᠯᠠᠨ ᠰᠥᠭᠥᠳᠴᠦ ᠮᠡᠳᠡᠭᠦᠯᠦᠷᠦᠨ  
      《ᠡᠨᠡ ᠥᠷᠯᠥᠭᠡ ᠶ᠋ᠢᠨ ᠦᠷ ᠦ᠋ᠨ ᠬᠢᠷᠠᠭ᠎ᠠ ᠠ᠋ᠴᠠ ᠡᠮᠦᠨ᠎ᠡ ᠡᠨᠡ ᠴᠢᠯᠠᠭᠤ ᠭᠤᠷᠪᠠᠨ ᠵᠡᠷᠭᠡ ᠲᠠᠴᠢᠭᠢᠨᠠᠨ ᠳᠠᠭᠤᠨ ᠭᠠᠷᠤᠭᠰᠠᠨ ᠢ ᠣᠯᠠᠨ ᠢ᠋ᠶ᠋ᠠᠷ ᠰᠣᠨᠣᠰᠤᠯᠴᠠᠪᠠ᠃ ᠡᠳᠦᠭᠡ ᠪᠠᠰᠠ ᠬᠤᠪᠢᠯᠭᠠᠨ ᠰᠢᠪᠠᠭᠤ ᠲᠦᠭ ᠲᠦᠮᠡᠨ ᠬᠥᠮᠦᠨ ᠦ᠌ ᠳᠤᠮᠳᠠ ᠪᠠᠭᠤᠨ ᠡᠨᠡ ᠴᠢᠯᠠᠭᠤᠨ ᠳ᠋ᠤᠷ ᠰᠠᠭᠤᠵᠤ ᠳᠣᠩᠭᠣᠳᠪᠠ 》 ᠬᠡᠮᠡᠬᠦᠢ ᠳ᠋ᠦ᠍ᠷ ᠲᠠᠢᠽᠦ ᠵᠠᠯᠠᠷᠠᠨ ᠪᠠᠭᠤᠵᠤ ᠥᠷᠯᠥᠭᠡ ᠶ᠋ᠢᠨ ᠰᠠᠶᠢ ᠮᠠᠨᠳᠤᠬᠤ ᠵᠡᠭᠦᠨ ᠣᠭᠲᠠᠷᠭᠤᠢ ᠶ᠋ᠢᠨ ᠤᠯᠠᠭᠠᠨ ᠨᠠᠷᠠᠨ ᠢ᠋ ᠡᠰᠡᠷᠭᠦᠯᠡᠨ ᠴᠢᠯᠠᠭᠤᠨ ᠤ᠋ ᠪᠠᠷᠠᠭᠤᠨ ᠡᠲᠡᠭᠡᠳ ᠲᠣᠷ ᠵᠣᠭᠰᠣᠵᠤ ᠵᠡᠭᠦᠨ ᠵᠦᠭ ᠨᠠᠷᠢᠪᠴᠢᠯᠠᠨ ᠰᠢᠨᠵᠢᠪᠡᠰᠦ ᠬᠣᠶᠠᠷ ᠦᠬᠡᠷ ᠲᠣᠯᠣᠭᠠᠢ ᠰᠡᠭᠦᠯ ᠰᠣᠯᠢᠴᠠᠯᠳᠤᠨ ᠣᠷᠢᠶᠠᠨ ᠬᠡᠪᠲᠡᠭᠰᠡᠨ ᠮᠡᠲᠦ ᠵᠠᠭᠠᠭ ᠢ᠋ᠶ᠋ᠠᠷ ᠬᠢᠲᠤᠭᠠᠨ ᠮᠥᠷ ᠦ᠋ᠨ ᠬᠢᠷᠢ ᠲᠡᠢ ᠵᠠᠪᠰᠠᠷ ᠤ᠋ᠨ ᠴᠠᠪᠠ ᠪᠣᠢ ᠮᠡᠲᠦ ᠳ᠋ᠦ᠍ᠷ ᠬᠦᠯᠦᠭ ᠨᠣᠶᠠᠨ ᠴᠢᠯᠠᠭᠤᠨ ᠳᠡᠭᠦᠨᠦ ᠳᠡᠭᠦᠦ ᠨᠠᠷ ᠬᠡᠦᠬᠡᠳ ᠦ᠋ᠨ ᠴᠢᠷᠴᠦ ᠠᠴᠢᠷᠠᠭᠰᠠᠨ ᠴᠢᠯᠠᠭᠤ ᠬᠡᠮᠡᠬᠦᠢ ᠶ᠋ᠢ ᠬᠡᠳᠦᠢᠨ ᠰᠣᠨᠣᠰᠤᠭᠰᠠᠨ ᠪᠣᠯᠪᠠᠴᠤ ᠣᠭᠲᠣ ᠨᠠᠷᠢᠪᠴᠢᠯᠠᠭᠰᠠᠨ ᠦᠭᠡᠢ᠂ ᠡᠳᠦᠭᠡ ᠡᠳᠦᠢᠴᠢᠨᠡᠭᠡᠨ ᠤᠴᠢᠷ ᠶᠠᠪᠤᠳᠠᠯ ᠢ᠋ ᠰᠣᠨᠣᠰᠵᠤ  ᠡᠵᠡᠨ ᠶᠡᠬᠡᠯ᠎ᠡ ᠭᠠᠢᠬᠠᠨ ᠰᠢᠨᠵᠢᠵᠦ ᠱᠠᠭᠠᠢᠢᠭᠰᠠᠭᠠᠷ ᠮᠥᠨ ᠲᠡᠢᠮᠦ ᠴᠠᠪᠠ ᠪᠠᠢᠬᠤ ᠶ᠋ᠢ ᠦᠵᠡᠵᠦ ᠭᠠᠷᠤᠭᠠᠳ ᠢᠨᠢᠶᠡᠨ ᠥᠭᠦᠯᠡᠷᠦᠨ᠄ 
     《ᠡᠨᠡ ᠠᠮᠢ ᠦᠭᠡᠢ ᠴᠢᠯᠠᠭᠤᠨ᠂ ᠮᠢᠨᠦ ᠡᠢᠮᠦ ᠠᠮᠢᠲᠠᠢ ᠴᠢᠯᠠᠭᠤᠨ ᠢ᠋ ᠦᠵᠡᠭᠡᠳ ᠨᠢᠭᠡᠨᠲᠡ ᠬᠠᠭᠠᠷᠠᠵᠤ ᠴᠠᠪᠠ ᠭᠠᠷᠤᠨ ᠠᠩᠭᠠᠢᠵᠤᠬᠤᠢ᠃ ᠡᠨᠡ ᠯᠠᠪ ᠴᠢᠯᠠᠭᠤᠴᠢ ᠨᠦᠬᠡ ᠴᠣᠭᠣᠯᠬᠤᠶ᠎ᠠ ᠴᠣᠬᠢᠵᠤ ᠳᠡᠯᠡᠳᠦᠭᠰᠡᠭᠡᠷ ᠰᠢᠷᠬᠡᠭ ᠢᠨᠤ ᠲᠣᠬᠢᠶᠠᠯᠳᠤᠨ ᠴᠠᠪᠠ ᠭᠠᠷᠴᠤᠬᠤᠢ 》ᠭᠡᠮᠡᠨ ᠂ ᠵᠡᠭᠦᠭᠰᠡᠨ ᠬᠢᠲᠤᠭ᠎ᠠ ᠪᠠᠨ ᠠᠪᠴᠤ ᠦᠵᠦᠭᠦᠷ ᠢ᠋ᠶ᠋ᠡᠷ ᠢᠨᠤ ᠲᠡᠷᠡ ᠴᠠᠪᠠ ᠶ᠋ᠢᠨ ᠵᠠᠪᠰᠠᠷ ᠲᠤᠷ ᠠᠨᠤ ᠬᠠᠳᠬᠤᠪᠠᠰᠤ ᠬᠢᠲᠤᠭ᠎ᠠ ᠶ᠋ᠢᠨ ᠦᠵᠦᠭᠦᠷ ᠨᠢᠭᠡᠨ ᠬᠤᠷᠤᠭᠤ ᠰᠢᠬᠠᠮ ᠣᠷᠣᠬᠤᠶ᠎ᠠ ᠲᠠᠢᠽᠦ ᠢᠷᠡᠵᠦ ᠦᠵᠡᠭᠡᠳ《ᠦᠨᠡᠬᠡᠷ ᠬᠠᠭᠠᠷᠠᠭᠰᠠᠨ ᠠᠵᠢ! 》ᠬᠡᠮᠡᠬᠦ ᠦᠭᠡ ᠪᠠᠷᠠᠮᠠᠭᠴᠠ ᠲᠡᠷᠡ ᠬᠢᠲᠤᠭ᠎ᠠ ᠶ᠋ᠢᠨ ᠦᠵᠦᠭᠦᠷ ᠬᠠᠭᠠᠰ ᠰᠥᠭᠡᠮ ᠰᠢᠬᠠᠮ ᠴᠢᠨᠠᠭᠰᠢ ᠣᠷᠣᠭᠰᠠᠨ᠎ᠠ᠂ ᠬᠦᠯᠦᠭ ᠴᠢᠯᠠᠭᠤᠨ ᠨᠠᠭᠠᠳᠤᠮ ᠪᠣᠯᠭᠠᠨ ᠲᠠᠢᠽᠦ ᠶ᠋ᠢ ᠮᠥᠰᠢᠶᠡᠯᠭᠡᠰᠦᠭᠡᠢ ᠭᠡᠮᠡᠨ :  
      《ᠡᠨᠡ ᠴᠢᠯᠠᠭᠤᠨ ᠨᠠᠳᠤᠷ ᠠᠳᠠᠯᠢ ᠠᠮᠢ ᠣᠷᠣᠵᠤ ᠡᠵᠡᠨ ᠤ ᠵᠠᠷᠯᠢᠭ ᠢ ᠮᠡᠳᠡᠬᠦ ᠮᠡᠲᠦ ᠤᠯᠠᠮ ᠠᠩᠭᠠᠢᠵᠤ ᠪᠣᠢ 》 ᠬᠡᠮᠡᠭᠡᠳ᠂ ᠵᠢᠨᠦᠩ ᠮᠤᠬᠤᠯᠢ ᠶ᠋ᠢᠨ ᠪᠣᠯᠣᠳ ᠲᠡᠮᠦᠷ ᠦ᠋ᠨ ᠴᠠᠭᠠᠵᠠ ᠪᠣᠯᠭᠠᠨ ᠬᠠᠭᠠᠨ ᠤ᠋ ᠥᠷᠭᠥᠭᠡ ᠶ᠋ᠢᠨ ᠡᠭᠦᠳᠡᠨ ᠤ ᠭᠠᠳᠠᠨ᠎ᠠ ᠲᠡᠮᠦᠷ ᠰᠠᠭᠤᠷᠢ ᠳ᠋ᠤᠷ ᠬᠠᠳᠬᠤᠵᠤ ᠪᠦᠬᠦᠢ ᠪᠣᠯᠣᠳ ᠰᠢᠳᠠᠮ ᠢ᠋ ᠵᠢᠨᠦᠩ ᠡᠴᠡ ᠭᠤᠶᠤᠨ ᠠᠪᠴᠤ᠂ ᠤᠷᠢᠳᠤ ᠶ᠋ᠢᠨ ᠴᠢᠯᠠᠭᠤᠴᠢ ᠶ᠋ᠢᠨ ᠬᠠᠭᠠᠰᠬᠠᠨ ᠴᠤᠭᠤᠯᠤᠭᠰᠠᠨ ᠴᠣᠭᠣᠷᠤᠬᠠᠢ ᠴᠢᠪ ᠴᠢᠬᠡ ᠲᠡᠷᠡ ᠴᠠᠪᠠ ᠶ᠋ᠢᠨ ᠬᠣᠶᠠᠷ ᠵᠠᠪᠰᠠᠷ ᠢ᠋ᠶ᠋ᠠᠷ ᠲᠣᠬᠢᠶᠠᠯᠳᠤᠭᠰᠠᠨ ᠤ᠋ ᠲᠤᠯᠠᠳᠠ ᠳᠠᠷᠤᠢ ᠡᠨᠡ ᠪᠣᠯᠣᠳ ᠰᠢᠲᠠᠮ ᠤ᠋ᠨ ᠦᠵᠦᠭᠦᠷ ᠢ᠋ ᠲᠡᠷᠡ ᠰᠥᠭᠡᠮ ᠰᠢᠬᠠᠮ ᠨᠦᠬᠡ ᠳ᠋ᠦ᠍ᠷ ᠬᠢᠵᠦ《ᠡᠷᠳᠡᠨᠢ ᠴᠢᠯᠠᠭᠤ ᠪᠣᠯᠪᠠᠰᠤ ᠡᠵᠡᠨ ᠦ᠌ ᠵᠠᠷᠯᠢᠭ ᠢ᠋ ᠳᠠᠭᠠᠲᠤᠭᠠᠢ ! 》ᠭᠡᠮᠡᠨ ᠨᠢᠭᠡᠨᠲᠡ ᠵᠢᠰᠢᠭᠦᠦ ᠪᠡᠷ ᠬᠥᠰᠢᠭᠰᠡᠨ ᠳ᠋ᠦ᠍ᠷ ᠦᠨᠡᠬᠡᠷ ᠬᠠᠷᠢᠨ ᠴᠠᠪᠠ ᠭᠠᠷᠤᠭᠰᠠᠨ ᠴᠢᠯᠠᠭᠤ ᠲᠤᠯᠠ᠂ ᠰᠠᠪᠬ᠎ᠠ ᠶ᠋ᠢᠨ ᠴᠢᠨᠡᠭᠡᠨ ᠵᠠᠪᠰᠠᠷ ᠭᠠᠷᠤᠭᠰᠠᠨ ᠳ᠋ᠤᠷ ᠣᠯᠠᠨ ᠢ᠋ᠶ᠋ᠠᠷ ᠭᠠᠢᠬᠠᠯᠳᠤᠨ ᠢᠨᠢᠶᠡᠯᠴᠡᠨ《ᠠᠶ᠎ᠠ᠂ ᠬᠦᠳᠡᠷ ᠪᠦᠬᠦᠯᠢ ᠥᠯᠥᠭ ᠴᠢᠯᠠᠭᠤ᠂ ᠬᠦᠯᠦᠭ ᠲᠥᠰᠢᠶ᠎ᠡ ᠨᠣᠶᠠᠨ ᠴᠢᠯᠠᠭᠤᠨ ᠠ᠋ᠴᠠ ᠪᠠᠨ ᠠᠶᠤᠳᠠᠭ ᠠᠵᠤᠭᠤ ! 》ᠭᠡᠮᠡᠨ ᠪᠦᠭᠦᠳᠡᠭᠡᠷ ᠢᠨᠢᠶᠡᠯᠳᠦᠨ᠂ ᠡᠵᠡᠨ ᠦ᠌ ᠵᠢᠭᠰᠠᠭᠠᠯ ᠳ᠋ᠤᠷ ᠪᠠᠷᠢᠬᠤ ᠂ ᠭᠠᠩ ᠲᠡᠮᠦᠷ ᠦ᠋ᠨ ᠦᠨᠡᠨ ᠵᠡᠪᠰᠡᠭ ᠦ᠋ᠳ ᠢ᠋ ᠪᠠᠷᠢᠯᠴᠠᠨ᠂ ᠵᠠᠪᠰᠠᠷ ᠲᠤᠷ ᠳᠠᠷᠠᠭ᠎ᠠ ᠳᠠᠷᠠᠭ᠎ᠠ ᠪᠠᠷ ᠬᠠᠪᠴᠢᠭᠤᠯᠤᠨ ᠬᠥᠰᠢᠭᠰᠡᠭᠡᠷ᠂ ᠥᠴᠦᠬᠡᠨ ᠴᠦ᠍ ᠬᠦᠴᠦᠨ ᠬᠡᠷᠡᠭᠯᠡᠯ ᠦᠭᠡᠢ ᠪᠡᠷ ᠭᠠᠷ ᠪᠠᠭᠲᠠᠬᠤ ᠵᠠᠢ ᠭᠠᠷᠤᠭᠰᠠᠨ᠎ᠠ ᠣᠯᠠᠨ ᠪᠠᠭᠠᠲᠤᠷ ᠵᠠᠩᠵᠤᠨ ᠨᠠᠷ ᠪᠦᠭᠦᠳᠡᠭᠡᠷ ᠬᠣᠶᠠᠷ ᠠᠩᠭᠢᠯᠠᠨ ᠬᠣᠶᠠᠷ ᠲᠠᠰᠢ ᠲᠠᠲᠠᠭᠰᠠᠨ᠎ᠠ᠂ ᠬᠢᠯᠪᠠᠷᠬᠠᠨ ᠢ᠋ᠶ᠋ᠠᠷ ᠨᠢᠭᠡᠨ ᠬᠠᠭᠠᠰ ᠢ᠋ ᠵᠠᠢᠯᠠᠭᠤᠯᠤᠭᠰᠠᠨ ᠪᠥᠭᠡᠳ ᠡᠮᠦᠨ᠎ᠡ ᠨᠢᠭᠡᠨ ᠬᠠᠭᠠᠰ ᠤ᠋ᠨ ᠳᠤᠮᠳᠠᠳᠤ ᠳ᠋ᠤᠷ ᠬᠣᠨᠢᠨ ᠤ᠋ ᠲᠣᠯᠣᠭᠠᠢ ᠶ᠋ᠢᠨ ᠲᠡᠳᠦᠢ ᠪᠦᠬᠦᠯᠢ ᠰᠠᠢᠬᠠᠨ ᠭᠢᠯᠪᠠᠮ᠎ᠠ ᠭᠡᠷᠡᠯᠲᠦ ᠬᠠᠰ ᠴᠢᠯᠠᠭᠤᠨ᠂ ᠵᠢᠷᠭᠤᠭᠠᠨ ᠬᠤᠪᠢ ᠠᠨᠤ ᠭᠠᠳᠠᠨ᠎ᠠ ᠳᠣᠪᠣᠢᠨ ᠭᠠᠷᠴᠤ᠂ ᠭᠤᠷᠪᠠᠨ ᠬᠤᠪᠢ ᠢᠯᠡᠭᠦᠬᠡᠨ ᠢᠨᠦ ᠴᠢᠨᠠᠳᠤ ᠴᠢᠯᠠᠭᠤᠨ ᠳ᠋ᠤᠷ ᠨᠠᠭᠠᠯᠳᠤᠵᠤ ᠰᠢᠬᠢᠳᠬᠡᠭᠡᠷᠡᠨ ᠠᠬᠤᠢ ᠳ᠋ᠤᠷ ᠬᠦᠯᠦᠭ ᠨᠣᠶᠠᠨ ᠴᠢᠯᠠᠭᠤᠨ ᠶᠡᠬᠡᠯ᠎ᠡ ᠢᠨᠢᠶᠡᠨ ᠭᠠᠷ ᠢ᠋ᠶ᠋ᠠᠷ ᠬᠡᠳᠦᠨᠲᠡ ᠬᠦᠴᠦᠨ ᠦ᠌ ᠴᠢᠨᠡᠭᠡᠪᠡᠷ ᠲᠦᠯᠬᠢᠯᠬᠢᠯᠡᠨ ᠲᠠᠲᠠᠯᠬᠢᠯᠡᠨ᠂ 《ᠦᠨᠡᠬᠡᠷ ᠡᠷᠳᠡᠨᠢ ᠴᠢᠯᠠᠭᠤ ᠂ ᠦᠨᠡᠬᠡᠷ ᠡᠷᠳᠡᠨᠢ ᠴᠢᠯᠠᠭᠤ 》ᠭᠡᠮᠡᠨ᠂ ᠰᠠᠵᠢᠯᠬᠢᠯᠠᠨ ᠬᠥᠳᠡᠯᠭᠡᠬᠦᠶ᠎ᠡ ᠦᠨᠡᠬᠡᠷ ᠪᠠᠬᠠᠨ ᠭᠠᠩᠬᠤᠬᠤ ᠮᠡᠲᠦ ᠳ᠋ᠦ᠍ᠷ ᠲᠠᠢᠽᠦ ᠮᠥᠨ ᠮᠦᠰᠢᠶᠡᠨ᠂ ᠤᠷᠤᠭᠰᠢ ᠳᠠᠪᠰᠢᠨ ᠮᠣᠳᠣᠷ ᠢ᠋ᠶ᠋ᠠᠷ ᠬᠥᠳᠡᠯᠭᠡᠵᠦ ᠦᠵᠡᠪᠡᠰᠦ ᠮᠠᠰᠢ ᠭᠢᠯᠪᠠᠷᠠᠬᠠᠨ ᠵᠠᠢᠮᠤᠨ ᠬᠥᠳᠡᠯᠵᠦ᠂ ᠲᠠᠪᠤ ᠵᠢᠷᠭᠤᠭᠠᠨᠲᠠ ᠵᠠᠢᠮᠤᠭᠤᠯᠤᠮᠠᠭᠴᠠ ᠡᠵᠡᠨ ᠦ᠌ ᠭᠠᠷ ᠲᠤᠷ ᠬᠣᠪᠬᠣᠷᠠᠨ ᠤᠨᠠᠵᠤ ᠢᠷᠡᠪᠡ᠃ ᠵᠠᠭᠤᠨ ᠲᠦᠰᠢᠮᠡᠳ᠂ ᠬᠤᠷᠮᠤᠰᠲᠠ ᠲᠡᠭᠷᠢ ᠬᠣᠲᠠᠯᠠ ᠶ᠋ᠢᠨ ᠡᠵᠡᠨ ᠪᠣᠭᠳᠠ ᠳ᠋ᠤᠷ ᠬᠣᠣᠰ ᠦᠭᠡᠢ ᠬᠣᠨᠢᠨ ᠲᠣᠯᠣᠭᠠᠢ ᠶ᠋ᠢᠨ ᠲᠠᠮᠠᠭ᠎ᠠ ᠬᠠᠢᠷᠠᠯᠠᠪᠠ ᠭᠡᠮᠡᠨ᠂ ᠪᠠᠶᠠᠰᠬᠤᠯᠠᠩ ᠤ᠋ᠨ ᠶᠣᠰᠣᠭᠠᠷ ᠮᠥᠷᠭᠥᠵᠦ᠂ ᠴᠢᠯᠠᠭᠤᠨ ᠤ᠋ ᠡᠴᠢᠭᠡ ᠲᠡᠷᠢᠭᠦᠯᠡᠭᠰᠡᠨ ᠲᠦᠰᠢᠮᠡᠯ ᠂ ᠰᠤᠷᠬᠠᠨ ᠰᠢᠷ᠎ᠠ ᠨᠣᠶᠠᠨ ᠠ᠋ᠴᠠ ᠡᠬᠢᠯᠡᠨ᠂ ᠴᠢᠯᠠᠭᠤᠨ ᠤ᠋ ᠪᠡᠶ᠎ᠡ ᠪᠠ ᠬᠣᠶᠠᠷ ᠳᠡᠭᠦᠦ᠂ ᠬᠣᠶᠠᠷ ᠬᠥᠪᠡᠭᠦᠨ᠂ ᠴᠢᠯᠠᠭᠤᠨ ᠤ᠋ ᠡᠬᠡ ᠣᠶᠤᠨ ᠳᠡᠯᠡᠬᠡᠢ ᠬᠠᠲᠤᠨ ᠲᠠᠢ ᠨᠡᠢᠲᠡ ᠳᠣᠯᠣᠭᠠᠨ ᠬᠤᠪᠢ ᠶ᠋ᠢᠨ ᠶᠢᠰᠦ ᠶᠢᠰᠦᠨ ᠦ᠌ ᠱᠠᠩ ᠬᠤᠷᠢᠮ ᠬᠦᠷᠲᠡᠭᠡᠨ᠂ ᠲᠠᠢᠽᠦ ᠲᠡᠷᠡ ᠲᠠᠮᠠᠭ᠎ᠠ ᠶ᠋ᠢᠨ ᠲᠥᠯᠥᠪᠲᠦ ᠬᠠᠰ ᠡᠷᠳᠡᠨᠢ ᠶ᠋ᠢᠨ ᠪᠥᠭᠡᠮ ᠴᠢᠯᠠᠭᠤᠨ ᠢ᠋ ᠮᠣᠳᠣᠷ ᠲᠤᠷ ᠶᠤᠭᠠᠨ ᠪᠠᠷᠢᠵᠤ ᠬᠦᠯᠦᠭ ᠨᠣᠶᠠᠨ ᠴᠢᠯᠠᠭᠤᠨ ᠤ᠋ ᠵᠦᠭ ᠮᠦᠰᠢᠶᠡᠨ ᠪᠠᠢᠵᠤ ᠡᠢᠨ ᠭᠡᠮᠡᠨ ᠢᠷᠥᠭᠡᠨ ᠵᠠᠬᠢᠷᠤᠨ᠄ 
          ᠠᠮᠢᠳᠤ ᠴᠢᠯᠠᠭᠤᠨ ᠬᠡᠮᠡᠭᠴᠢ ᠤᠷᠭᠤᠮᠠᠯ ᠬᠠᠳᠠ ᠪᠤᠶᠤ 
          ᠠᠰᠢᠭᠲᠤ ᠴᠢᠯᠠᠭᠤ ᠬᠡᠮᠡᠭᠴᠢ ᠤᠷᠠᠯᠠᠬᠤ ᠬᠠᠰ ᠮᠥᠨ᠃ 
          ᠠᠰᠢᠭᠲᠤ ᠴᠢᠯᠠᠭᠤᠨ ᠠ᠋ᠴᠠ ᠤᠷᠠᠯᠠᠬᠤ ᠬᠠᠰ ᠢ᠋ ᠭᠠᠷᠭᠠᠭᠰᠠᠨ ᠢ᠋ᠶ᠋ᠠᠷ 
          ᠠᠮᠢᠳᠤ ᠬᠠᠳᠠ ᠶ᠋ᠢᠨ ᠥᠯᠵᠡᠢ ᠤᠷᠲᠤᠳᠠᠬᠤ ᠪᠡᠯᠭᠡ ᠪᠣᠯᠠᠢ᠃ 
ᠬᠦᠯᠦᠭ ᠴᠢᠯᠠᠭᠤᠨ ᠤ᠋ ᠨᠠᠰᠤᠨ ᠥᠯᠵᠡᠢ ᠮᠠᠰᠢ ᠤᠷᠲᠤ ᠶ᠋ᠢ ᠡᠨᠡ ᠴᠢᠯᠠᠭᠤ ᠶ᠋ᠢ ᠬᠠᠭᠠᠯᠤᠭᠰᠠᠨ ᠲᠣᠬᠢᠶᠠᠯ ᠢ᠋ᠶ᠋ᠠᠷ ᠣᠯᠵᠤ ᠮᠡᠳᠡᠪᠡᠢ ᠬᠡᠮᠡᠪᠡᠢ᠃ ᠬᠦᠯᠦᠭ ᠴᠢᠯᠠᠭᠤᠨ ᠬᠥᠪᠬᠡᠯᠵᠡᠨ ᠪᠠᠶᠠᠷᠯᠠᠵᠤ ᠬᠦᠨᠳᠦ ᠬᠡᠰᠢᠭ ᠲᠣᠷ ᠮᠥᠷᠭᠥᠵᠦ᠂ ᠰᠥᠭᠥᠳᠦᠭᠰᠡᠭᠡᠷ ᠪᠡᠯᠡᠭᠯᠡᠨ ᠣᠴᠢᠵᠤ ᠮᠡᠳᠡᠭᠦᠯᠦᠷᠦᠨ : 
          ᠬᠠᠭᠠᠨ ᠬᠤᠷᠮᠤᠰᠲᠠ ᠶ᠋ᠢᠨ ᠬᠠᠢᠷᠠᠯᠠᠭᠰᠠᠨ 
          ᠬᠠᠰ ᠡᠷᠳᠡᠨᠢ ᠶ᠋ᠢᠨ ᠲᠠᠮᠠᠭ᠎ᠠ ᠪᠠᠷ 
          ᠬᠠᠮᠤᠭ ᠤᠯᠤᠰ ᠤ᠋ᠳ ᠬᠠᠮᠲᠤ ᠪᠦᠭᠦᠳᠡᠭᠡᠷ ᠢ᠋ 
          ᠬᠠᠩᠭᠠᠨ ᠠᠮᠤᠭᠤᠯᠠᠩ ᠪᠣᠯᠭᠠᠲᠤᠭᠠᠢ᠃ 
          ᠬᠠᠰ ᠲᠠᠮᠠᠭ᠎ᠠ ᠶ᠋ᠢ ᠪᠠᠷᠢᠭᠰᠠᠨ 
          ᠬᠠᠭᠠᠨ ᠪᠣᠭᠳᠠ ᠶᠤᠭᠠᠨ 
          ᠬᠠᠢᠷ᠎ᠠ ᠶ᠋ᠢᠨ ᠢᠷᠦᠭᠡᠳ ᠢ᠋ᠶ᠋ᠡᠷ 
          ᠬᠠᠭᠠᠴᠠᠯ ᠥᠭᠡᠶ᠎ᠡ ᠵᠠᠭᠤᠨ ᠣᠨ 
          ᠬᠠᠮᠵᠢᠨ ᠬᠠᠰᠢᠵᠤ ᠬᠦᠴᠦᠨ ᠢ᠋ᠶ᠋ᠡᠨ ᠪᠠᠷᠢᠰᠤᠭᠠᠢ᠃  
ᠭᠡᠮᠡᠨ ᠮᠥᠷᠭᠥᠭᠰᠡᠨ᠎ᠡ᠂ ᠬᠠᠰ ᠲᠠᠢᠪᠤᠤ ᠴᠣᠯᠠ ᠬᠠᠢᠷᠠᠯᠠᠨ  ᠬᠠᠯᠠᠭᠤᠨ ᠤᠮᠳᠠ ᠳᠡᠷᠡᠰᠦᠨ ᠢ᠋ ᠱᠠᠩᠨᠠᠵᠤ᠂ ᠬᠠᠳᠠ ᠬᠠᠢᠷᠬᠠᠨ ᠮᠡᠲᠦ ᠪᠠᠲᠤ ᠪᠡᠬᠢ ᠦᠨᠳᠦᠰᠦ ᠢᠵᠠᠭᠤᠷ ᠪᠠᠲᠤᠳᠤᠭᠲᠤᠨ ᠬᠡᠮᠡᠭᠰᠡᠨ ᠢ᠋ᠶ᠋ᠡᠷ ᠡᠳᠦᠭᠡ ᠬᠣᠰᠢᠭᠤ ᠪᠦᠷᠢ ᠳ᠋ᠦ᠍ᠷ ᠡᠷᠬᠡᠲᠦ ᠲᠦᠰᠢᠮᠡᠳ ᠪᠦᠬᠦᠨ᠎ᠡ ᠰᠤᠷᠬᠠᠨ ᠰᠢᠷ᠎ᠠ ᠶ᠋ᠢᠨ ᠦᠷᠡᠰ ᠠᠴᠢᠨᠠᠷ ᠭᠡᠮᠡᠨ ᠪᠠᠢᠬᠤ ᠠᠨᠤ ᠡᠭᠦᠨᠴᠡ ᠪᠣᠯᠪᠠ ᠬᠡᠮᠡᠬᠦ ᠪᠤᠶᠤ᠃ 
       ᠵᠢᠴᠢ ᠬᠠᠰ ᠲᠠᠮᠠᠭ᠎ᠠ ᠶ᠋ᠢ ᠬᠣᠢᠨ᠎ᠠ ᠲᠡᠭᠦᠨᠦ ᠤᠷᠭᠤᠭᠰᠠᠨ ᠪᠠᠢᠳᠠᠯ ᠢ᠋ᠶ᠋ᠠᠷ ᠲᠠᠮᠠᠭ᠎ᠠ ᠪᠣᠯᠭᠠᠨ ᠰᠡᠢᠯᠦᠭᠰᠡᠨ ᠢᠨᠤ: ᠲᠠᠮᠠᠭ᠎ᠠ ᠬᠥᠨᠳᠡᠯᠡᠨ ᠭᠤᠯᠳᠤ ᠪᠠᠷ ᠨᠢᠭᠡᠨ ᠰᠥᠭᠡᠮ ᠬᠣᠶᠠᠷ ᠬᠤᠷᠤᠭᠤ ᠶᠡᠬᠡ᠂ ᠳᠡᠭᠡᠷ᠎ᠡ ᠪᠡᠶ᠎ᠡ ᠢᠨᠦ ᠠᠯᠲᠠᠨ ᠮᠡᠨᠡᠬᠡᠢ ᠶ᠋ᠢᠨ ᠨᠢᠷᠤᠭᠤᠨ ᠳᠡᠭᠡᠷ᠎ᠡ ᠬᠣᠶᠠᠷ ᠯᠤᠤ ᠣᠷᠢᠶᠠᠯᠳᠤᠨ ᠬᠡᠪᠲᠡᠬᠦ ᠪᠠᠷᠢᠭᠤᠯ ᠲᠠᠢ᠂ ᠳᠣᠣᠷ᠎ᠠ ᠡᠯᠢᠭᠡ ᠢᠨᠦ ᠲᠡᠭ ᠳᠥᠷᠪᠡᠯᠵᠢᠨ᠂ ᠠᠯᠲᠠᠨ ᠮᠡᠨᠡᠬᠡᠢ ᠢᠨᠦ ᠳᠥᠷᠪᠡᠯᠵᠢᠨ ᠲᠠᠮᠠᠭ᠎ᠠ ᠶ᠋ᠢ ᠳᠡᠭᠡᠷ᠎ᠡ ᠡᠴᠡ ᠲᠡᠪᠡᠷᠢᠬᠦ ᠳᠦᠷᠢᠮ ᠲᠡᠢ᠃ ᠲᠡᠭᠦᠨ ᠳ᠋ᠦ᠍ᠷ ᠰᠡᠢᠯᠦᠭᠰᠡᠨ ᠨᠠᠢ᠍ᠮᠠᠨ ᠦᠰᠦᠭ ᠢᠨᠦ :《ᠲᠡᠭᠷᠢ ᠶ᠋ᠢᠨ ᠪᠣᠱᠣᠭ ᠢ᠋ᠶ᠋ᠠᠷ ᠤᠯᠠᠷᠢᠯ ᠢ ᠨᠡᠭᠡᠭᠡᠭᠰᠡᠨ ᠲᠡᠭᠰᠢᠷᠡᠬᠦ ᠲᠥᠷᠥ ᠶ᠋ᠢᠨ ᠲᠦᠮᠡᠨ ᠦ᠌ ᠡᠷᠳᠡᠨᠢ 》ᠬᠡᠮᠡᠭᠰᠡᠨ ᠦᠭᠡᠰ ᠢ᠋ ᠬᠢᠲᠠᠳ ᠤ᠋ᠨ ᠲᠤᠯᠭᠤᠷ ᠦᠰᠦᠭ ᠬᠡᠮᠡᠵᠦᠬᠦᠢ ᠃ ᠲᠡᠷᠡ ᠦᠶ᠎ᠡ ᠳ᠋ᠦ᠍ᠷ ᠮᠣᠩᠭᠣᠯ ᠦᠰᠦᠭ ᠭᠠᠷᠤᠭᠠᠳᠤᠢ᠃ ᠡᠨᠡ ᠲᠠᠮᠠᠭ᠎ᠠ᠂ ᠡᠷᠲᠡᠨ ᠦ᠌ ᠴᠦᠨ ᠴᠢᠦ ᠶ᠋ᠢᠨ ᠦᠶ᠎ᠡ ᠶ᠋ᠢᠨ ᠴᠦ ᠤᠯᠤᠰ ᠤ᠋ᠨ ᠵᠢᠩ ᠱᠠᠨ ᠤ᠋ ᠪᠢᠶᠠᠨ ᠾᠧ ᠨᠡᠷᠡᠲᠦ ᠬᠥᠮᠦᠨ ᠦ᠌ ᠠᠭᠤᠯᠠᠨ ᠠ᠋ᠴᠠ ᠣᠯᠤᠭᠰᠠᠨ ᠾᠧ ᠱᠢ ᠪᠢ ᠨᠡᠷᠡᠲᠦ ᠬᠠᠰ ᠢ᠋ᠶ᠋ᠠᠷ ᠰᠡᠢᠯᠦᠭᠰᠡᠨ᠂ ᠴᠢᠨ ᠤᠯᠤᠰ ᠤ᠋ᠨ ᠱᠢ ᠬᠤᠸᠠᠩᠲᠠᠢ ᠶ᠋ᠢᠨ ᠰᠠᠢᠳ ᠯᠢ ᠰᠧ ᠶ᠋ᠢᠨ ᠪᠢᠴᠢᠭᠰᠡᠨ ᠭᠣᠷ ᠦᠰᠦᠭ ᠦ᠋ᠨ ᠤᠯᠤᠰ ᠤᠯᠠᠷᠢᠭᠰᠠᠨ ᠲᠡᠷᠡ ᠬᠠᠰ ᠲᠠᠮᠠᠭ᠎ᠠ ᠪᠤᠰᠤ ᠪᠤᠶᠤ᠃ ᠲᠡᠷᠡ ᠬᠠᠰ ᠲᠠᠮᠠᠭ᠎ᠠ ᠶ᠋ᠢᠨ ᠦᠭᠡᠰ ᠢᠨᠦ :《ᠲᠡᠭᠷᠢ ᠶ᠋ᠢᠨ ᠪᠣᠱᠣᠭ ᠢ᠋ᠶ᠋ᠠᠷ ᠵᠠᠷᠯᠢᠭ ᠢ᠋ ᠬᠦᠯᠢᠶᠡᠨ ᠨᠠᠰᠤᠨ ᠪᠤᠶᠠᠨ ᠡᠭᠦᠷᠢ ᠤᠷᠲᠤ 》ᠬᠡᠮᠡᠬᠦ ᠨᠠᠢ᠍ᠮᠠᠨ ᠦᠰᠦᠭ ᠪᠣᠯᠠᠢ᠃ ᠡᠨᠡ ᠬᠠᠰ ᠤ᠋ᠨ ᠤᠴᠢᠷ ᠶᠠᠪᠤᠳᠠᠯ ᠬᠠᠰ ᠴᠥᠭᠥᠴᠡ ᠬᠡᠮᠡᠬᠦ ᠨᠢᠭᠡᠨ ᠪᠦᠯᠦᠭ ᠲᠣᠷ ᠪᠣᠢ᠂ ᠡᠳᠦᠭᠡ  ᠲᠦᠷ ᠳᠤᠷᠠᠳᠬᠤ ᠦᠭᠡᠢ᠃ 
       ᠵᠢᠴᠢ ᠴᠢᠩᠭᠢᠰ ᠦ᠋ᠨ ᠡᠨᠡ ᠬᠠᠰ ᠲᠠᠮᠠᠭ᠎ᠠ ᠠᠯᠲᠠᠨ ᠬᠥᠪᠡᠭᠡ ᠦᠭᠡᠢ᠃ ᠲᠠᠢᠴᠢᠩ ᠤᠯᠤᠰ ᠤ᠋ᠨ ᠲᠡᠭᠷᠢ ᠶ᠋ᠢᠨ ᠲᠡᠳᠬᠦᠭᠰᠡᠨ ᠦ᠌ ᠣᠨ ᠳ᠋ᠤᠷ ᠬᠠᠭᠠᠨ ᠮᠣᠷᠢᠨ ᠤ᠋ ᠠᠪᠠ ᠳ᠋ᠤᠷ ᠭᠠᠷᠴᠤ᠂ ᠠᠷᠤ ᠭᠠᠵᠠᠷ ᠤ᠋ᠨ ᠨᠢᠭᠡᠨ ᠬᠥᠭᠰᠢᠨ ᠴᠢᠪᠠᠭᠠᠨᠴᠠ ᠶ᠋ᠢᠨ ᠠᠪᠳᠠᠷ᠎ᠠ ᠠ᠋ᠴᠠ ᠣᠯᠵᠤ ᠠᠪᠤᠨ᠂ ᠲᠡᠷᠡ ᠴᠢᠪᠠᠭᠠᠨᠴᠠ ᠶ᠋ᠢᠨ ᠬᠥᠪᠡᠭᠦᠨ ᠢ᠋ ᠨᠢᠭᠡᠨ ᠰᠤᠯᠠ  ᠬᠦᠩ ᠦ᠋ᠨ ᠵᠡᠷᠭᠡ ᠡᠷᠭᠦᠮᠵᠢᠯᠡᠵᠦᠬᠦᠢ᠃ ᠡᠨᠡ ᠴᠢᠩᠭᠢᠰ ᠦ᠋ᠨ ᠲᠠᠮᠠᠭ᠎ᠠ ᠪᠣᠯᠪᠠᠰᠤ ᠲᠠᠢᠴᠢᠩ ᠤᠯᠤᠰ ᠤ᠋ᠨ ᠮᠠᠨᠵᠤ ᠬᠠᠭᠠᠨ ᠤ᠋ ᠳᠣᠲᠣᠭᠠᠳᠤ ᠣᠷᠳᠣᠨ ᠤ᠋ ᠡᠷᠲᠡᠨ ᠦ᠌ ᠲᠠᠮᠠᠭ᠎ᠠ ᠲᠡᠮᠳᠡᠭ ᠦ᠋ᠨ ᠡᠷᠳᠡᠨᠢ ᠵᠦᠢᠯ ᠢ᠋ ᠬᠠᠳᠠᠭᠠᠯᠠᠬᠤ ᠬᠦᠦ ᠬᠥᠮᠥᠷᠭᠡ ᠳ᠋ᠦ᠍ᠷ ᠳᠠᠷᠤᠵᠤ ᠪᠠᠢᠬᠤ ᠶᠡᠬᠡ ᠪᠠᠭ᠎ᠠ ᠡᠯ᠎ᠡ ᠵᠦᠢᠯ ᠦ᠋ᠨ ᠡᠳ᠋ ᠢ᠋ᠶ᠋ᠡᠷ ᠰᠡᠢᠯᠦᠭᠰᠡᠨ ᠬᠣᠷᠢᠨ ᠲᠠᠪᠤᠨ ᠲᠠᠮᠠᠭ᠎ᠠ ᠶ᠋ᠢᠨ ᠳᠣᠲᠣᠷ᠎ᠠ ᠪᠣᠢ ᠭᠡᠮᠡᠨ ᠲᠠᠢᠴᠢᠩ ᠤᠯᠤᠰ ᠤ᠋ᠨ《ᠲᠠᠢᠴᠢᠩ ᠾᠦᠢ ᠳ᠋ᠢᠶᠠᠨ 》ᠬᠡᠮᠡᠬᠦ ᠪᠢᠴᠢᠭ ᠲᠣᠷ ᠲᠣᠳᠣᠷᠬᠠᠢ ᠪᠢᠴᠢᠵᠦ ᠪᠣᠢ ᠠᠮᠤᠢ᠃ ᠡᠨᠡ ᠴᠦ᠍ ᠬᠣᠵᠢᠮ ᠤ᠋ᠨ ᠬᠡᠷᠡᠭ᠃ ᠲᠡᠭᠦᠨᠴᠡ ᠣᠳᠣ ᠪᠠᠰᠠ ᠬᠦ᠌《ᠬᠥᠬᠡ ᠰᠤᠳᠤᠷ 》 ᠤ᠋ᠨ ᠲᠤᠬᠠᠢᠲᠤ ᠬᠡᠷᠡᠭ ᠢ᠋ᠶ᠋ᠡᠨ ᠬᠡᠯᠡᠬᠦ ᠢᠨᠦ᠄
       ᠲᠡᠨᠳᠡᠴᠡ ᠲᠠᠢᠽᠦ ᠶ᠋ᠢᠨ ᠲᠥᠰᠢᠶ᠎ᠡ ᠬᠦᠯᠦᠭ ᠨᠣᠶᠠᠨ ᠴᠢᠯᠠᠭᠤᠨ ᠢ᠋ᠶ᠋ᠠᠷ ᠴᠢᠯᠠᠭᠤᠨ ᠤ᠋ ᠳᠣᠲᠣᠷ᠎ᠠ ᠠ᠋ᠴᠠ ᠪᠥᠭᠡᠮ ᠴᠢᠯᠠᠭᠤᠨ ᠢ᠋ ᠭᠠᠷᠭᠠᠵᠤ᠂ ᠴᠠᠰᠤ ᠴᠠᠭᠠᠨ ᠬᠠᠰ ᠲᠠᠮᠠᠭ᠎ᠠ ᠭᠡᠮᠡᠨ ᠶᠡᠬᠡᠯ᠎ᠡ ᠦᠢᠮᠡᠯᠳᠦᠨ᠂ ᠥᠭᠡᠯᠦᠨ ᠦᠵᠢᠨ ᠡᠮᠡᠭᠡ ᠶ᠋ᠢᠨ ᠡᠮᠦᠨ᠎ᠡ ᠡᠴᠡ ᠪᠦᠬᠦ ᠪᠡᠯᠭᠦᠳᠡᠢ᠂ ᠬᠠᠪᠤᠲᠤ ᠬᠠᠰᠠᠷ ᠬᠣᠶᠠᠷ᠂ ᠪᠦᠷᠲᠡᠭᠡᠯᠵᠢᠨ ᠰᠡᠴᠡᠨ ᠵᠥᠰᠡᠨ ᠬᠠᠲᠤᠨ ᠤ᠋ ᠡᠮᠦᠨ᠎ᠡ ᠡᠴᠡ ᠥᠭᠡᠳᠡᠢ᠂ ᠴᠠᠭᠠᠲᠠᠢ ᠬᠣᠶᠠᠷ ᠲᠠᠢᠽᠢ᠂ ᠵᠠᠭᠤᠨ ᠲᠦᠰᠢᠮᠡᠳ ᠢ᠋ ᠠᠪᠴᠤ ᠲᠡᠭᠷᠢ ᠶ᠋ᠢᠨ ᠲᠣᠳᠣᠷᠬᠠᠢ ᠪᠡᠯᠭᠡ ᠬᠠᠢᠷᠠᠯᠠᠭᠰᠠᠨ ᠶᠡᠬᠡ ᠪᠠᠶᠠᠷ ᠪᠠᠶᠠᠰᠬᠤᠯᠠᠩ ᠳ᠋ᠤᠷ ᠮᠥᠷᠭᠥᠵᠦ᠂ ᠡᠵᠡᠨ ᠢ᠋《ᠳᠣᠯᠣᠭᠠᠨ ᠡᠳᠦᠷ ᠪᠡᠶ᠎ᠡ ᠶ᠋ᠢ ᠠᠷᠢᠭᠤᠳᠬᠠᠨ᠂ ᠮᠠᠨᠳᠠᠯ ᠲᠠᠪᠴᠠᠩ ᠠ᠋ᠴᠠ ᠪᠠᠭᠤᠯ ᠦᠭᠡᠢ᠂ ᠲᠡᠭᠷᠢ ᠶ᠋ᠢᠨ ᠴᠢᠩ ᠦᠨᠡᠨ ᠬᠠᠰ ᠴᠢᠯᠠᠭᠤᠨ ᠤ᠋ ᠲᠠᠮᠠᠭ᠎ᠠ ᠲᠡᠮᠳᠡᠭ ᠬᠠᠢᠷᠠᠯᠠᠭᠰᠠᠨ ᠬᠠᠭᠠᠨ ᠬᠤᠷᠮᠤᠰᠲᠠ ᠶ᠋ᠢᠨ ᠬᠠᠢᠷ᠎ᠠ ᠬᠡᠰᠢᠭ ᠲᠣᠷ ᠬᠠᠷᠢᠭᠤᠯᠠᠨ ᠳᠠᠬᠢᠵᠤ ᠲᠠᠪᠢᠭᠯᠠᠨ ᠳᠠᠭᠠᠳᠬᠠᠨ ᠵᠠᠯᠪᠠᠷᠢᠪᠠᠰᠤ ᠵᠣᠬᠢᠮᠤᠢ 》ᠬᠡᠮᠡᠭᠰᠡᠨ᠎ᠡ  ᠡᠵᠡᠨ ᠵᠥᠪᠰᠢᠶᠡᠭᠰᠡᠨ᠎ᠡ ᠲᠡᠷᠡ ᠡᠳᠦᠷ ᠳᠥᠷᠪᠡᠨ ᠳᠥᠷᠪᠡ᠂ ᠲᠠᠪᠤᠨ ᠲᠠᠪᠤ ᠣᠯᠠᠨ ᠰᠠᠢᠳ ᠢ᠋ᠶ᠋ᠠᠷ ᠶᠡᠬᠡ ᠴᠠᠭᠠᠨ ᠰᠦᠯᠳᠡ ᠲᠤᠭ ᠬᠢᠭᠡᠳ ᠰᠢᠷ᠎ᠠ ᠣᠷᠳᠣᠨ ᠤ᠋ ᠣᠳᠣᠳ ᠪᠠ ᠬᠤᠷᠮᠤᠰᠲᠠ ᠶ᠋ᠢᠨ ᠰᠠᠬᠢᠭᠤᠯᠰᠤᠨ ᠰᠠᠭᠤᠷᠢ ᠶ᠋ᠢ ᠸᠴᠢᠷ ᠮᠠᠨᠳᠠᠯ ᠳ᠋ᠤᠷ ᠵᠠᠯᠠᠨ ᠢᠷᠡᠭᠦᠯᠵᠦ᠂ ᠸᠴᠢᠷ ᠲᠠᠪᠴᠠᠩ ᠳ᠋ᠤᠷ ᠳᠠᠬᠢᠵᠤ ᠲᠠᠪᠢᠭᠯᠠᠨ ᠴᠠᠢ ᠰᠠᠷᠬᠤᠳ ᠬᠦᠵᠢ ᠵᠤᠯᠠ ᠡᠷᠭᠦᠨ᠂ ᠣᠳᠣᠳ ᠤ᠋ᠨ ᠰᠠᠭᠤᠷᠢ ᠳ᠋ᠤᠷ ᠮᠥᠷᠭᠥᠨ᠂ ᠭᠠᠯ ᠢ᠋ᠶ᠋ᠠᠷ ᠡᠷᠭᠦᠨ ᠮᠡᠨᠡᠷᠡᠯᠳᠦᠵᠦ ᠣᠭᠲᠠᠷᠭᠤᠢ ᠳ᠋ᠤᠷ ᠵᠠᠯᠠᠭᠠᠳ᠂ ᠲᠡᠷᠡ ᠡᠳᠦᠷ ᠬᠦᠯᠦᠭ ᠴᠢᠯᠠᠭᠤᠨ ᠤ᠋ ᠨᠢᠭᠡᠨ ᠡᠩ ᠦ᠋ᠨ ᠨᠢᠭᠡᠨ ᠥᠩᠭᠡ ᠶ᠋ᠢᠨ ᠬᠠᠮᠢᠶᠠᠷᠤᠨ ᠵᠠᠬᠢᠷᠬᠤ ᠶᠢᠰᠦᠨ ᠠᠢᠮᠠᠭ ᠤ᠋ᠳ ᠤ᠋ᠨ ᠳᠠᠩ ᠲᠡᠭᠰᠢ ᠶ᠋ᠢ ᠲᠣᠭᠲᠠᠭᠠ ᠵᠠᠩᠵᠤᠨ ᠴᠡᠷᠢᠭ ᠦ᠋ᠳ ᠦ᠋ᠨ ᠭᠠᠪᠢᠶ᠎ᠠ ᠵᠢᠳᠬᠦᠯᠭᠡ ᠶ᠋ᠢ ᠢᠯᠭᠠᠨ ᠰᠠᠯᠭᠠᠨ ᠱᠠᠩᠨᠠᠨ ᠡᠷᠭᠦᠮᠵᠢᠯᠡᠪᠡ᠃ ᠨᠠᠢ᠍ᠮᠠᠳᠤᠭᠠᠷ ᠥᠷᠯᠥᠭᠡ ᠶ᠋ᠢᠨ ᠬᠤᠲᠤᠭ ᠭᠤᠶᠤᠬᠤ ᠭᠤᠷᠪᠠᠨ ᠰᠠᠷ᠎ᠠ ᠶ᠋ᠢᠨ ᠬᠣᠷᠢᠨ ᠤ᠋ ᠥᠷᠯᠥᠭᠡ ᠂ ᠬᠤᠪᠢᠯᠭᠠᠨ ᠺᠠᠷᠣᠳᠢ ᠰᠢᠪᠠᠭᠤ ᠸᠴᠢᠷ ᠮᠠᠨᠳᠠᠯ ᠤ᠋ᠨ ᠲᠣᠭᠣᠨᠣ ᠳ᠋ᠤᠷ ᠰᠠᠭᠤᠵᠤ᠂ ᠪᠠᠰᠠ《ᠴᠢᠩᠭᠢᠰ ᠴᠢᠩᠭᠢᠰ》ᠭᠡᠮᠡᠨ ᠳᠣᠩᠭᠣᠳᠤᠭᠰᠠᠨ ᠳ᠋ᠤᠷ ᠡᠨᠡ ᠡᠳᠦᠷ ᠬᠠᠭᠠᠨ ᠬᠤᠷᠮᠤᠰᠲᠠ ᠶ᠋ᠢᠨ ᠰᠠᠬᠢᠭᠤᠯᠰᠤᠨ ᠰᠠᠭᠤᠷᠢ ᠳ᠋ᠤᠷ ᠭᠤᠷᠪᠠᠨ ᠡᠳᠦᠷ ᠦ᠋ᠨ ᠲᠠᠬᠢᠯ ᠳᠡᠪᠢᠭ ᠳᠦᠭᠦᠷᠴᠦ᠂ ᠬᠦᠵᠢ ᠵᠤᠯᠠ ᠴᠠᠢ ᠰᠠᠷᠬᠤᠳ ᠢ ᠠᠩᠭᠢᠳᠠ ᠡᠷᠬᠢᠯᠡᠨ ᠳᠠᠬᠢᠵᠤ᠂ ᠡᠵᠡᠨ ᠰᠥᠭᠥᠳᠦᠭᠰᠡᠭᠡᠷ᠂ ᠠᠭᠠᠷᠤ ᠽᠠᠨᠳᠠᠨ ᠤ᠋ ᠭᠠᠯ ᠢ᠋ᠶ᠋ᠠᠷ ᠡᠷᠭᠦᠨ ᠳᠡᠭᠳᠡᠭᠡᠵᠦ᠂ ᠬᠠᠭᠠᠨ ᠥᠷᠭᠥᠭᠡ᠂ ᠬᠠᠰ ᠴᠠᠭᠠᠨ ᠰᠦᠯᠳᠡ ᠲᠤᠭ ᠤ᠋ᠨ ᠳᠡᠭᠡᠷ᠎ᠡ ᠬᠠᠮᠠᠭᠠᠯᠠᠨ ᠵᠠᠯᠠᠮᠤᠢ ᠭᠡᠮᠡᠨ ᠶᠡᠬᠡ ᠳᠠᠭᠤᠨ ᠢ᠋ᠶ᠋ᠠᠷ ᠳᠠᠭᠤᠳᠠᠨ ᠮᠡᠳᠡᠭᠦᠯᠵᠦ ᠭᠤᠷᠪᠠᠨ ᠵᠡᠷᠭᠡ ᠳᠠᠭᠠᠳᠬᠠᠨ ᠥᠴᠢᠵᠦ ᠮᠥᠷᠭᠥᠨ ᠶᠡᠬᠡ ᠴᠠᠭᠠᠨ ᠰᠦᠯᠳᠡ ᠶ᠋ᠢᠨ ᠲᠤᠭ ᠢ᠋ ᠶᠢᠰᠦᠨ ᠰᠣᠯᠣᠩᠭ᠎ᠠ ᠶ᠋ᠢᠨ ᠮᠠᠨᠵᠢᠯᠭᠠᠲᠤ ᠭᠤᠷᠪᠠᠨ ᠮᠥᠩᠭᠥᠨ ᠬᠥᠯᠲᠦ ᠲᠥᠪ ᠭᠣᠣᠯ ᠳᠤᠮᠳᠠ ᠰᠠᠭᠤᠷᠢ ᠳ᠋ᠤᠷ ᠵᠠᠯᠠᠵᠤ᠂ ᠬᠣᠶᠠᠷ ᠶᠡᠬᠡ ᠲᠡᠨᠢᠭᠡᠷ ᠴᠢᠯᠠᠭᠤᠨ ᠤ᠋ ᠬᠠᠯᠢᠰᠤ ᠪᠠᠷ ᠬᠠᠪᠴᠢᠨ ᠳᠠᠬᠢᠵᠤ᠂ ᠡᠵᠡᠨ ᠬᠣᠢᠰᠢ ᠬᠠᠨᠳᠤᠨ ᠲᠤᠭ ᠢ᠋ᠶ᠋ᠠᠨ ᠳᠠᠬᠢᠨ ᠮᠥᠷᠭᠥᠭᠡᠳ  ᠰᠠᠴᠤᠯᠢ ᠰᠠᠴᠤᠨ ᠪᠠᠢᠵᠤ᠂ ᠥᠨᠳᠥᠷ ᠳᠠᠭᠤᠨ ᠢ᠋ᠶ᠋ᠠᠷ ᠡᠢᠨ ᠭᠡᠮᠡᠨ ᠪᠡᠯᠡᠭᠯᠡᠨ ᠳᠠᠭᠤᠳᠠᠷᠤᠨ : 
          ᠠᠯᠲᠠᠨ ᠥᠩᠭᠡᠲᠦ ᠬᠠᠭᠠᠨ ᠬᠤᠷᠮᠤᠰᠲᠠ ᠪᠠᠳᠠᠷᠠᠩᠭᠤᠢ ᠴᠠᠭᠠᠨ ᠲᠩᠷᠢ 
          ᠠᠩᠭᠢᠳᠠ ᠦᠵᠡᠭᠦᠯᠦᠨ ᠲᠡᠮᠦᠵᠢᠨ ᠬᠥᠪᠡᠭᠦᠨ᠎ᠡ ᠢᠯᠡᠳᠲᠡ ᠲᠣᠳᠣᠷᠬᠠᠢ ᠢᠪᠡᠭᠡ᠃ 
          ᠠᠮᠢᠲᠠᠨ ᠪᠦᠬᠦᠨ ᠢ᠋ ᠠᠮᠤᠭᠤᠯᠤᠨ ᠴᠢᠳᠠᠬᠤ ᠬᠠᠭᠠᠨ ᠵᠠᠶᠠᠭᠠᠲᠠᠢ ᠪᠣᠯᠪᠠᠰᠤ 
          ᠠᠯᠳᠠᠯ ᠦᠭᠡᠢ ᠮᠠᠷᠭᠠᠲᠠ ᠥᠷᠯᠥᠭᠡ ᠴᠠᠭᠠᠨ ᠭᠡᠷᠡᠯ ᠢ᠋ ᠦᠵᠡᠭᠦᠯᠦᠭᠲᠦᠨ᠃ 
ᠭᠡᠮᠡᠨ ᠲᠦᠭ ᠲᠦᠮᠡᠨ ᠲᠦᠰᠢᠮᠡᠯ ᠴᠡᠷᠢᠭ ᠰᠣᠨᠣᠰᠴᠤ ᠪᠠᠢᠲᠠᠯ᠎ᠠ ᠪᠠᠰᠠ ᠥᠨᠳᠥᠷ ᠶᠡᠬᠡ ᠳᠠᠭᠤᠨ ᠢ᠋ᠶ᠋ᠠᠷ ᠭᠤᠷᠪᠠᠨ ᠵᠡᠷᠭᠡ ᠠᠢᠯᠠᠳᠬᠠᠨ ᠬᠤᠲᠤᠭ ᠭᠤᠶᠤᠨ ᠵᠠᠯᠪᠠᠷᠢᠪᠠ᠃ ᠡᠨᠡ ᠡᠳᠦᠷ᠎ᠡ᠂ ᠵᠠᠭᠤᠨ ᠵᠢᠮᠢᠰᠲᠦ ᠪᠢᠷᠡᠬᠡᠢ ᠪᠤᠳᠠᠭᠠᠨ ᠤ᠋ ᠶᠡᠬᠡ ᠬᠤᠷᠢᠮ ᠬᠤᠷᠢᠮᠯᠠᠵᠤ᠂ ᠠᠯᠲᠠᠨ ᠤ᠋ ᠮᠠᠨᠳᠠᠯ ᠠᠷᠢᠬᠢ ᠮᠢᠬ᠎ᠠ ᠶ᠋ᠢᠨ ᠬᠤᠷᠢᠮ ᠢ᠋ ᠡᠰᠡ ᠭᠠᠷᠭᠠᠪᠠᠢ᠃ ᠡᠨᠡ ᠡᠳᠦᠷ ᠬᠦᠯᠦᠭ ᠶᠡᠬᠡ ᠲᠦᠰᠢᠶ᠎ᠡ  ᠨᠣᠶᠠᠨ ᠪᠤᠭᠤᠷᠵᠢ ᠶ᠋ᠢᠨ ᠡᠩ ᠢ᠋ ᠪᠠᠢᠴᠠᠭᠠᠨ ᠡᠷᠭᠦᠮᠵᠢᠯᠡᠬᠦ ᠡᠳᠦᠷ ᠠᠲᠠᠯ᠎ᠠ  ᠡᠵᠡᠨ ᠤᠮᠠᠷᠲᠠᠭᠴᠢ ᠪᠣᠯᠤᠨ ᠦᠯᠦ ᠥᠴᠢᠬᠦᠢ ᠳ᠋ᠦ᠍ᠷ ᠮᠤᠬᠤᠯᠢ ᠯᠠᠪ ᠨᠢᠭᠡᠨ ᠤᠴᠢᠷ ᠠᠬᠤᠢ ᠶ᠋ᠢ ᠮᠡᠳᠡᠭᠡᠳ ᠡᠵᠡᠨ ᠢ᠋ ᠬᠠᠷᠠᠵᠤ ᠦᠵᠡᠭᠰᠡᠨ᠎ᠡ᠂ ᠡᠵᠡᠨ ᠲᠤᠭ ᠤ᠋ᠨ ᠬᠥᠯ ᠢ᠋ ᠵᠢᠭᠠᠪᠠ᠃ ᠬᠡᠨ ᠴᠦ᠍ ᠴᠥᠮ ᠡᠰᠡ ᠮᠡᠳᠡᠪᠡ᠃ ᠵᠢᠴᠢ ᠥᠷᠯᠥᠭᠡ ᠭᠤᠷᠪᠠᠨ ᠰᠠᠷ᠎ᠠ ᠶ᠋ᠢᠨ ᠬᠣᠷᠢᠨ ᠨᠢᠭᠡᠨ ᠦ᠌ ᠦᠬᠡᠷ ᠴᠠᠭ ᠲᠤ᠌ ᠠᠭᠠᠷ ᠣᠭᠲᠠᠷᠭᠤᠢ ᠳᠦᠭᠦᠷᠡᠩ ᠰᠣᠨᠢᠨ ᠭᠠᠢᠬᠠᠮᠰᠢᠭᠲᠤ ᠰᠠᠢᠬᠠᠨ ᠦᠨᠦᠷ ᠠᠩᠬᠢᠯᠤᠨ ᠶᠡᠬᠡ ᠰᠦᠯᠳᠡ ᠶ᠋ᠢᠨ ᠴᠠᠭᠠᠨ ᠲᠤᠭ ᠠ᠋ᠴᠠ ᠣᠳᠣᠨ ᠮᠡᠲᠦ ᠭᠡᠭᠡᠨ ᠭᠡᠷᠡᠯ ᠲᠠᠢᠽᠦ ᠶ᠋ᠢᠨ ᠸᠴᠢᠷ ᠣᠷᠣᠢ ᠶ᠋ᠢᠨ ᠳᠡᠭᠡᠷ᠎ᠡ ᠳᠤᠰᠤᠮᠠᠭᠴᠠ ᠂ ᠥᠷᠭᠥᠭᠡ ᠶ᠋ᠢᠨ ᠣᠷᠣᠢ ᠠ᠋ᠴᠠ ᠴᠠᠭᠠᠨ ᠭᠡᠷᠡᠯ ᠰᠠᠴᠤᠷᠠᠨ ᠡᠳᠦᠷ ᠨᠠᠷᠠᠨ ᠮᠡᠲᠦ ᠭᠡᠢᠭᠦᠯᠦᠨ ᠡᠬᠢᠯᠡᠪᠡ᠃ 
       ᠲᠤᠶᠠᠭᠠᠲᠤ ᠣᠭᠲᠠᠷᠭᠤᠢ ᠶ᠋ᠢᠨ ᠲᠤᠩᠭᠠᠯᠠᠭ ᠰᠠᠷᠠᠨ᠎ᠠ ᠲᠣᠨᠥᠯᠥᠮ᠎ᠠ ᠴᠡᠴᠡᠭ ᠦ᠋ᠨ ᠢᠷᠦᠭᠡᠯ 
       ᠲᠤᠨᠤᠷᠠᠬᠤ ᠪᠣᠯᠣᠷ ᠤ᠋ᠨ ᠲᠤᠬᠠᠢ ᠦᠵᠡᠮᠵᠢ ᠲᠣᠳᠣᠷᠬᠠᠢ ᠪᠥᠭᠡᠳ ᠰᠡᠯᠡᠮᠡᠭᠦᠨ᠃ 
       ᠲᠣᠷᠴᠢᠭᠢᠨᠠᠨ ᠤᠷᠤᠰᠬᠤ ᠳᠣᠲᠣᠭᠠᠳᠤ ᠪᠤᠯᠠᠭ ᠤ᠋ᠨ ᠲᠤᠰᠬᠠᠢ ᠡᠪᠦᠯ ᠦ᠋ᠨ ᠵᠡᠷᠭᠡᠯᠭᠡᠨ ᠢ᠋ 
       ᠲᠣᠰᠤᠭ᠎ᠠ ᠶ᠋ᠢᠨ ᠠᠮᠢᠳᠠᠨ᠎ᠠ ᠲᠣᠭᠠᠴᠢᠪᠠᠰᠤ ᠮᠡᠳᠡᠮᠦᠢ ᠤᠤ ᠳᠣᠲᠣᠷ᠎ᠠ ᠪᠠᠨ ᠪᠠᠶᠠᠷᠯᠠᠪᠠᠰᠤ ᠪᠠᠷᠠᠪᠠᠢ ᠢ᠎ᠡ᠃ ᠰᠤᠳᠤᠷᠴᠢ ᠲᠦᠰᠢᠮᠡᠯ ᠵᠦᠩ ᠰᠢᠨ ᠹᠦ ᠶ᠋ᠢᠨ ᠿᠦᠨ ᠲᠢᠩ ᠨᠣᠶᠠᠨ ᠤ᠋ ᠥᠪᠡᠷᠦᠨ ᠣᠷᠳᠣᠨ ᠤ᠋ ᠦᠵᠡᠮᠵᠢ ᠶ᠋ᠢᠨ ᠰᠢᠯᠦᠭ ᠮᠥᠨ᠄  
       ᠨᠠᠮᠤᠷ ᠤ᠋ᠨ ᠰᠡᠭᠦᠯ ᠶᠢᠰᠦᠨ ᠰᠡᠷᠡᠳᠡ ᠨᠠᠷᠠᠰᠤᠨ ᠤ᠋ ᠨᠣᠭᠣᠭᠠᠨ ᠢᠯᠡᠷᠡᠵᠦ 
       ᠨᠠᠢᠷᠲᠤ ᠤᠳ᠋ᠪᠠᠯ᠎ᠠ ᠶᠡᠨᠳᠡᠷ ᠳᠦᠭᠦᠷᠡᠩ ᠰᠢᠯ ᠪᠣᠯᠤᠷ᠎ᠠ ᠨᠡᠪᠲᠡ᠃ 
       ᠨᠠᠢᠳᠠᠯ ᠦᠭᠡᠢ ᠰᠤᠳᠤᠷ ᠤ᠋ᠨ ᠲᠦᠰᠢᠮᠡᠯ ᠿᠦᠨ ᠲᠢᠩ ᠬᠦᠴᠦᠨ ᠵᠢᠳᠬᠦᠷᠦᠨ 
       ᠨᠠᠷᠢᠨ ᠨᠢᠭᠲᠠ ᠤᠯᠤᠰ ᠤ᠋ᠨ ᠱᠠᠰᠲᠢᠷ ᠢ᠋ ᠨᠠᠬᠠᠨ ᠦᠭᠡᠢ ᠴᠥᠯᠪᠡᠪᠡᠢ᠃ 
       ᠨᠠᠢ᠍ᠮᠠᠨ ᠤ᠋ ᠹᠦᠮᠨ ᠸᠠᠩ ᠡᠳᠦᠭᠡ ᠪᠣᠯᠲᠠᠯ᠎ᠠ ᠵᠠᠯᠠᠷᠠᠵᠤ ᠪᠠᠢᠭᠰᠠᠨ ᠠᠬᠤᠯ᠎ᠠ 
       ᠨᠠᠢᠵᠠᠮ ᠤ᠋ᠨ ᠨᠠᠮ ᠢ᠋ ᠤᠬᠠᠮᠵᠢᠯᠠᠨ ᠲᠥᠰᠥᠭᠯᠡᠵᠦ ᠨᠠᠷᠢᠪᠴᠢᠯᠠᠨ ᠰᠢᠨᠵᠢᠵᠦ ᠪᠠᠶᠠᠰᠤᠮᠤᠢ ᠢ᠎ᠡ᠃ 
       ᠨᠠᠰᠢ ᠴᠠᠰᠢ ᠤᠳᠬ᠎ᠠ ᠦᠰᠦᠭ ᠢ᠋ ᠪᠠᠬᠠᠷᠬᠠᠨ ᠰᠣᠯᠢᠯᠴᠠᠭᠴᠢᠳ ᠦᠭᠡᠢ 
       ᠨᠠᠰᠤᠨ ᠬᠥᠭᠰᠢᠷᠡᠭᠰᠡᠨ ᠠᠬ᠎ᠠ ᠳᠡᠭᠦᠦ ᠬᠣᠶᠠᠭᠤᠯᠠ ᠶ᠋ᠢᠨ ᠲᠡᠳᠦᠢᠯᠡ ᠮᠠᠷᠲᠠᠨᠠᠮ ᠢ᠎ᠡ᠃ 

           ᠰᠤᠯᠠ ᠰᠢᠭᠦᠮᠵᠢᠯᠡᠯ 

       ᠨᠡᠢᠲᠡ ᠭᠤᠷᠪᠠᠨ ᠲᠣᠭᠳᠣᠢ ᠶᠡᠬᠡ ᠶᠤᠸᠠᠨ ᠤᠯᠤᠰ ᠤ᠋ᠨ ᠲᠥᠷᠥ ᠶ᠋ᠢᠨ《ᠬᠥᠬᠡ ᠰᠤᠳᠤᠷ 》 ᠢ᠋ ᠵᠦᠩ ᠰᠢᠨ ᠹᠦ ᠶ᠋ᠢᠨ ᠪᠣᠭᠳᠠ ᠡᠷᠳᠡᠮᠲᠡᠨ ᠳᠥᠲᠥᠭᠡᠷ ᠵᠡᠷᠭᠡ ᠶ᠋ᠢᠨ ᠲᠠᠢᠵᠢ ᠳᠣᠯᠣᠳᠤᠭᠠᠷ ᠲᠠᠢᠶᠧ ᠶ᠋ᠢᠨ ᠪᠡᠶ᠎ᠡ ᠳᠡᠯᠡᠬᠡᠢ ᠳ᠋ᠦ᠍ᠷ ᠪᠦᠬᠦᠢ ᠳ᠋ᠡᠭᠡᠨ《ᠳᠡ ᠶᠤᠸᠠᠨ ᠴᠢᠩ ᠭᠦᠸᠧ ᠲᠦᠩ ᠱᠢ 》ᠪᠥᠭᠡᠳ ᠵᠦᠽᠢ《ᠭᠠᠩ ᠮᠦ᠍ ᠪᠢᠴᠢᠭ 》 ᠬᠣᠶᠠᠷ ᠵᠦᠢᠯ ᠦ᠋ᠨ ᠢᠷᠭᠡᠨ ᠳᠡᠪᠲᠡᠷ ᠢ᠋ ᠮᠣᠩᠭᠣᠯ ᠢ᠋ᠶ᠋ᠠᠷ ᠣᠷᠴᠢᠭᠤᠯᠤᠨ ᠲᠠᠢᠯᠵᠤ ᠪᠢᠴᠢᠭᠯᠡᠨ ᠠᠪᠤᠭᠠᠳ᠂ ᠬᠣᠢᠴᠢᠬᠢ ᠶ᠋ᠢᠨ ᠤᠯᠤᠰ ᠲᠥᠷᠥ ᠶ᠋ᠢᠨ ᠡᠷᠳᠡᠮᠲᠡᠳ ᠠᠪᠤᠨ ᠦᠵᠡᠬᠦᠢ ᠳ᠋ᠦ᠍ᠷ ᠮᠠᠨ ᠤ᠋ ᠲᠣᠭᠲᠠᠮ ᠮᠣᠩᠭᠣᠯ ᠤ᠋ᠨ ᠮᠠᠨᠳᠤᠭᠰᠠᠨ ᠢ᠋ ᠮᠡᠳᠡᠬᠦᠢ ᠳ᠋ᠦ᠍ᠷ ᠬᠢᠯᠪᠠᠷ ᠪᠣᠯᠭᠠᠨ ᠬᠣᠴᠣᠷᠤᠭᠤᠯᠪᠠᠢ᠃ ᠡᠭᠦᠨ ᠢ᠋ ᠠᠰᠠᠷᠠᠨ ᠡᠩᠬᠡᠵᠢᠭᠦᠯᠦᠭᠴᠢ ᠰᠦᠮ᠎ᠡ ᠶ᠋ᠢᠨ ᠱᠠᠪᠢ ᠪᠠᠲᠦᠡᠦ᠋ᠯᠵᠠᠢ ᠪᠠᠷ ᠦᠵᠡᠭᠦᠯᠵᠦ ᠰᠠᠢᠰᠢᠶᠠᠨ ᠲᠡᠮᠳᠡᠭᠯᠡᠪᠡ᠃ 
       ᠶᠡᠬᠡ ᠲᠠᠢᠴᠢᠩ ᠤᠯᠤᠰ ᠤ᠋ᠨ ᠲᠡᠭᠷᠢ ᠲᠡᠳᠬᠦᠭᠰᠡᠨ ᠦ᠌ ᠣᠨ ᠳ᠋ᠤᠷ 《ᠳᠥᠷᠪᠡᠨ ᠬᠦᠦ ᠶ᠋ᠢᠨ ᠪᠦᠷᠢᠨ ᠪᠢᠴᠢᠭ 》 ᠲᠣᠷ ᠵᠠᠷᠯᠢᠭ ᠢ᠋ᠶ᠋ᠠᠷ ᠣᠷᠣᠭᠤᠯᠤᠭᠰᠠᠨ᠂ ᠲᠩᠷᠢ ᠶ᠋ᠢᠨ ᠤᠳᠬᠠᠰ ᠤ᠋ᠨ 《ᠲᠢᠶᠠᠨ ᠸᠧᠨ ᠳᠡ ᠴᠢᠦᠸᠡᠨ 》ᠨᠡᠷᠡᠲᠦ ᠶᠡᠬᠡ ᠲᠡᠮᠳᠡᠭᠯᠡᠯ ᠪᠢᠴᠢᠭ ᠦ᠋ᠳ ᠲᠣᠷ ᠲᠡᠢᠮᠦ ᠤᠯᠤᠰ ᠤ᠋ᠨ ᠲᠡᠢᠮᠦ ᠬᠠᠭᠠᠨ ᠤ᠋ ᠲᠡᠢᠮᠦ ᠲᠡᠢᠮᠦ ᠣᠨ ᠵᠢᠯ ᠰᠠᠷ᠎ᠠ ᠡᠳᠦᠷ ᠴᠠᠭ ᠲᠤᠷ ᠲᠡᠢᠮᠦ ᠲᠡᠢᠮᠦ ᠤᠯᠤᠰ ᠮᠣᠵᠢ ᠶ᠋ᠢᠨ ᠲᠡᠢᠮᠦ ᠨᠡᠷᠡᠲᠦ ᠭᠠᠵᠠᠷ ᠣᠷᠣᠨ᠎ᠠ ᠲᠡᠳᠦᠢ ᠲᠡᠳᠦᠢᠴᠢᠨᠡᠭᠡᠨ ᠶᠡᠬᠡ ᠡᠯᠳᠡᠪ ᠵᠦᠢᠯ ᠦ᠋ᠨ ᠬᠥᠮᠦᠨ ᠠᠮᠢᠲᠠᠨ ᠤ᠋ ᠢᠲᠡᠭᠡᠵᠦ ᠪᠣᠯᠣᠰᠢ ᠦᠭᠡᠢ  ᠶᠣᠰᠣ ᠬᠠᠤᠯᠢ ᠳ᠋ᠤᠷ ᠣᠭᠲᠣ ᠦᠯᠦ ᠨᠡᠢᠯᠡᠯᠴᠡᠬᠦ ᠪᠡᠷ ᠡᠯᠳᠡᠪ ᠵᠦᠢᠯ ᠦ᠋ᠨ ᠬᠤᠷ᠎ᠠ ᠪᠣᠷᠣᠭᠠᠨ ᠣᠷᠣᠭᠰᠠᠨ ᠢ᠋ ᠤᠢᠯᠠᠨ ᠲᠡᠮᠳᠡᠭᠯᠡᠭᠰᠡᠨ ᠢᠨᠦ᠂ ᠮᠠᠭᠤ ᠶ᠋ᠢ ᠬᠡᠯᠡᠪᠡᠰᠦ ᠡᠯᠡᠰᠦ ᠬᠤᠮᠠᠭ ᠴᠢᠯᠠᠭᠤ  ᠮᠥᠨᠳᠥᠷ ᠡᠴᠡ ᠳᠠᠷᠠᠭᠠᠯᠠᠨ ᠬᠥᠮᠦᠨ ᠦ᠌ ᠮᠢᠬ᠎ᠠ ᠶᠠᠰᠤ᠂ ᠴᠢᠰᠤ ᠰᠢᠷᠪᠥᠰᠥ ᠳ᠋ᠦ᠍ᠷ ᠬᠦᠷᠲᠡᠯ᠎ᠡ ᠪᠣᠷᠣᠭᠠᠨ ᠣᠷᠣᠭᠰᠠᠨ ᠬᠡᠷᠡᠭ ᠪᠣᠢ᠃ ᠰᠠᠢᠨ ᠢ᠋ ᠬᠡᠯᠡᠪᠡᠰᠦ  ᠴᠡᠴᠡᠭ ᠵᠢᠮᠢᠰ ᠠᠮᠤ ᠦᠷᠡᠰ ᠡᠴᠡ ᠳᠠᠷᠠᠭᠠᠯᠠᠨ᠂ ᠠᠯᠲᠠᠨ ᠮᠥᠩᠭᠥᠨ᠂ ᠬᠠᠰ ᠰᠤᠪᠤᠳ ᠤ᠋ᠨ ᠵᠡᠷᠭᠡ ᠶ᠋ᠢᠨ ᠶᠢᠰᠦᠨ ᠵᠦᠢᠯ ᠦ᠋ᠨ ᠡᠳ᠋ ᠡᠷᠳᠡᠨᠢᠰ ᠢ᠋ᠶ᠋ᠡᠷ ᠪᠣᠷᠣᠭᠠᠨ ᠣᠷᠣᠭᠰᠠᠨ ᠳ᠋ᠤᠷ ᠬᠦᠷᠲᠡᠯ᠎ᠡ ᠲᠣᠪ ᠲᠣᠳᠤᠷᠬᠠᠶ᠎ᠠ ᠲᠡᠮᠳᠡᠭᠯᠡᠨ ᠪᠠᠢᠬᠤ ᠠᠨᠤ ᠮᠠᠰᠢᠳᠠ ᠴᠤ᠌ ᠣᠯᠠᠨ ᠠ᠋ᠴᠠ ᠣᠯᠠᠨ ᠳ᠋ᠤᠷ ᠮᠤᠩᠬᠠᠭ ᠪᠢ ᠢᠲᠡᠭᠡᠰᠦᠭᠡᠢ ᠬᠡᠮᠡᠬᠦᠯ᠎ᠡ ᠤᠴᠢᠷ ᠵᠦᠢ ᠶᠣᠰᠣ ᠰᠢᠯᠲᠠᠭᠠᠨ᠎ᠠ ᠣᠭᠲᠣᠬᠠᠨ ᠴᠤ᠌ ᠨᠡᠢᠴᠡᠬᠦ ᠦᠭᠡᠢ᠂ ᠦᠨᠡᠮᠰᠢᠶᠡᠨ ᠦᠯᠦ ᠢᠲᠡᠭᠡᠮᠵᠢᠯᠡᠰᠦᠭᠡᠢ ᠬᠡᠮᠡᠬᠦᠯ᠎ᠡ᠂ ᠲᠤᠢᠯ ᠤ᠋ᠨ ᠭᠡᠭᠡᠨ ᠮᠡᠷᠭᠡᠨ ᠬᠡᠲᠦᠢᠳᠦᠭᠰᠡᠨ ᠴᠢᠩ  ᠦᠨᠡᠨ ᠦ᠌ ᠶᠡᠬᠡ ᠪᠣᠭᠳᠠᠰ ᠡᠩᠬᠡ ᠠᠮᠤᠭᠤᠯᠠᠩ ᠡᠵᠡᠨ ᠲᠡᠭᠷᠢ ᠲᠡᠳᠬᠦᠭᠰᠡᠨ ᠦ᠌ ᠵᠡᠷᠭᠡ ᠶ᠋ᠢᠨ ᠪᠣᠭᠳᠠ ᠬᠠᠳ ᠤ᠋ᠳ ᠲᠡᠳᠡᠭᠡᠷ ᠢ ᠪᠠᠰᠠ ᠴᠥᠮ《ᠳᠥᠷᠪᠡᠨ ᠬᠦᠦ ᠶ᠋ᠢᠨ ᠪᠦᠷᠢᠨ ᠪᠢᠴᠢᠭ 》ᠲᠣᠷ ᠣᠷᠣᠭᠤᠯᠵᠤᠬᠤᠢ᠃ ᠲᠡᠢᠨ ᠬᠦ᠌ ᠡᠳᠦᠢᠴᠢᠨᠡᠭᠡᠨ ᠵᠢᠯ ᠳᠣᠲᠣᠷ᠎ᠠ ᠬᠠᠷᠠᠬᠠᠨ ᠰᠡᠵᠢᠭᠯᠡᠨ ᠰᠠᠨᠠᠵᠤ ᠪᠥᠬᠥᠶ᠎ᠡ᠂ ᠡᠳᠦᠭᠡ ᠡᠨᠡ《ᠶᠡᠬᠡ ᠶᠤᠸᠠᠨ ᠤᠯᠤᠰ ᠤ᠋ᠨ ᠮᠠᠨᠳᠤᠭᠰᠠᠨ ᠲᠥᠷᠥ ᠶ᠋ᠢᠨ ᠬᠥᠬᠡ ᠰᠤᠳᠤᠷ᠎ᠠ 》 ᠭᠡᠨᠡᠳᠲᠡ ᠪᠠᠰᠠ ᠳᠡᠭᠷᠢᠯᠢᠭ ᠴᠢᠩᠭᠢᠰ ᠬᠠᠭᠠᠨ ᠳ᠋ᠤᠷ ᠬᠣᠭᠣᠰᠣᠨ ᠣᠭᠲᠠᠷᠭᠤᠢ ᠶ᠋ᠢᠨ ᠴᠠᠭᠠᠨ ᠷᠠᠰᠢᠶᠠᠨ  ᠭᠡᠮᠡᠨ ᠬᠡᠰᠢᠭ ᠰᠣᠶᠣᠷᠬᠠᠯ ᠬᠥᠪᠬᠡᠯᠡᠨ ᠪᠠᠭᠤᠵᠤ ᠢᠷᠡᠪᠡ ᠬᠡᠮᠡᠭᠰᠡᠨ ᠢ᠋ ᠦᠵᠡᠭᠡᠳ᠂ ᠰᠤᠳᠤᠷᠴᠢ ᠿᠦᠨ ᠲᠢᠩ ᠲᠠᠢᠵᠢ ᠢᠨᠵᠠᠨᠨᠠᠰᠢ ᠪᠢ ᠮᠠᠰᠢ ᠶᠡᠬᠡᠳᠡ ᠪᠠᠶᠠᠷᠯᠠᠪᠠᠢ᠃ ᠪᠠᠰᠠᠴᠤ ᠮᠠᠰᠢ ᠶᠡᠬᠡᠳᠡ ᠵᠣᠪᠠᠨᠢᠮᠤᠢ᠃ ᠪᠠᠶᠠᠷᠯᠠᠭᠰᠠᠨ ᠠᠨᠤ ᠴᠢᠩᠭᠢᠰ ᠡᠪᠦᠭᠡ ᠶ᠋ᠢᠨ ᠲᠡᠭᠷᠢ ᠶ᠋ᠢᠨ ᠦᠷ᠎ᠡ ᠮᠠᠭᠠᠳ ᠮᠥᠨ ᠳ᠋ᠦ᠍ᠷ ᠪᠠᠶᠠᠷᠯᠠᠪᠠᠢ᠃ ᠵᠣᠪᠠᠨᠢᠬᠤ ᠠᠨᠤ᠂ ᠤᠴᠢᠷ ᠶᠣᠰᠣ ᠵᠦᠢ ᠰᠢᠯᠲᠠᠭᠠᠨ᠎ᠠ ᠣᠭᠲᠣ ᠦᠯᠦ ᠨᠡᠢᠴᠡᠬᠦᠢ ᠳ᠋ᠦ᠍ᠷ ᠠᠨᠤ ᠵᠣᠪᠠᠨᠢᠪᠠᠢ᠃ ᠶᠠᠭᠤ ᠶᠠᠭᠤᠨ ᠢ᠋ ᠴᠦ᠍ ᠪᠣᠳᠣᠬᠤ ᠦᠭᠡᠢ ᠪᠡᠷ ᠤᠭ ᠰᠤᠳᠤᠷ ᠤ᠋ᠨ ᠶᠣᠰᠣᠭᠠᠷ ᠬᠠᠭᠤᠯᠤᠨ ᠪᠢᠴᠢᠵᠦ ᠥᠩᠭᠡᠷᠡᠰᠦᠭᠡᠢ ᠬᠡᠮᠡᠬᠦᠯ᠎ᠡ᠂ ᠬᠣᠵᠢᠮ ᠪᠠᠰᠠ ᠦᠯᠦ ᠢᠲᠡᠭᠡᠮᠵᠢᠯᠡᠬᠦ ᠬᠥᠮᠦᠨ ᠭᠠᠷᠴᠤ ᠡᠯᠡᠭᠯᠡᠨ ᠢᠨᠢᠶᠡᠬᠦ ᠡᠴᠡ ᠦᠨᠡᠬᠡᠷ ᠢ᠋ᠶ᠋ᠡᠷ ᠵᠣᠪᠠᠭᠤᠷᠢᠰᠢᠶᠠᠮᠣᠢ᠃ ᠲᠡᠢᠨ ᠬᠦ᠌ ᠡᠨᠡ ᠨᠢᠭᠡᠨ ᠬᠡᠰᠡᠭ ᠢ᠋ ᠣᠷᠬᠢᠵᠤ ᠲᠠᠢᠴᠢᠭᠠᠳ᠂ ᠬᠠᠭᠤᠯᠬᠤ ᠶ᠋ᠢ ᠪᠠᠢᠰᠤᠭᠠᠢ ᠬᠡᠮᠡᠬᠦᠯ᠎ᠡ  ᠮᠣᠩᠭᠣᠯ ᠪᠠ ᠮᠠᠨᠵᠤ ᠲᠥᠪᠡᠳ ᠭᠤᠷᠪᠠᠨ ᠰᠤᠳᠤᠷ ᠪᠦᠷᠢ ᠳ᠋ᠦ᠍ᠷ ᠡᠨᠡ ᠨᠢᠭᠡᠨ ᠬᠡᠰᠡᠭ ᠢ᠋ ᠬᠠᠷᠢᠨ ᠮᠠᠰᠢᠳᠠ ᠵᠣᠩᠬᠢᠯᠠᠨ ᠴᠢᠬᠤᠯᠠᠴᠢᠯᠠᠨ ᠭᠠᠷᠭᠠᠭᠰᠠᠨ ᠤ᠋ ᠲᠤᠯᠠᠳᠠ᠂ ᠡᠷᠲᠡᠨ ᠤ ᠰᠤᠳᠤᠷ ᠲᠤᠷ ᠲᠣᠳᠣᠷᠬᠠᠢ ᠪᠠᠢ᠍ᠭᠰᠠᠨ ᠲᠡᠭᠷᠢ ᠶ᠋ᠢᠨ ᠶᠢᠰᠦᠨ ᠪᠡᠯᠬᠡᠰ ᠦ᠋ᠨ ᠨᠢᠭᠡᠨ ᠢ᠋ ᠢᠨᠦ ᠰᠢᠭᠤᠳ ᠵᠣᠷᠢᠭ ᠮᠡᠳᠡᠨ ᠲᠠᠰᠤᠯᠤᠨ ᠠᠪᠤᠭᠰᠠᠨ ᠶᠠᠯ᠎ᠠ ᠠ᠋ᠴᠠ ᠠᠶᠤᠮᠤᠢ᠃ ᠲᠡᠢᠨ ᠬᠦ᠌ ᠬᠠᠰ ᠪᠢᠷ ᠢ᠋ ᠮᠠᠯᠠᠭᠠᠢᠯᠠᠨ ᠭᠤᠷᠪᠠᠨ ᠡᠳᠦᠷ ᠰᠠᠭᠠᠳᠠᠨ᠂ ᠭᠡᠨᠡᠳᠲᠡ ᠨᠢᠭᠡᠨ ᠰᠥᠨᠢ ᠬᠠᠭᠤᠴᠢᠨ ᠬᠠᠳᠠ ᠶ᠋ᠢᠨ ᠬᠠᠭᠤᠴᠢᠨ ᠨᠠᠷᠠᠰᠤ ᠬᠠᠭᠤᠴᠢᠨ ᠪᠤᠯᠠᠭ ᠭᠡᠮᠡᠨ ᠵᠡᠭᠦᠳᠦᠯᠡᠭᠡᠳ ᠤᠭ ᠬᠠᠭᠤᠴᠢᠨ ᠢ᠋ ᠬᠠᠯᠠᠵᠤ ᠦᠯᠦ ᠪᠣᠯᠬᠤ ᠶ᠋ᠢ ᠲᠣᠳᠣᠷᠬᠠᠶ᠎ᠠ ᠮᠡᠳᠡᠭᠡᠳ᠂ ᠤᠭ ᠤ᠋ᠨ ᠬᠠᠭᠤᠴᠢᠨ ᠶᠣᠰᠣᠭᠠᠷ ᠮᠡᠩᠳᠡᠨ ᠰᠡᠩᠳᠡᠨ ᠬᠠᠭᠤᠯᠤᠨ ᠪᠢᠴᠢᠵᠦ ᠭᠠᠷᠭᠠᠪᠠᠢ᠃ ᠬᠣᠵᠢᠮ ᠤ᠋ᠨ ᠮᠡᠷᠭᠡᠳ ᠰᠢᠨᠵᠢᠯᠡᠲᠦᠭᠡᠢ᠃