ᠢᠷ᠎ᠠ ᠪᠣᠳᠣᠭ ᠡᠪᠡᠰᠦШар будаг өвс ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠢᠷ᠎ᠠ ᠪᠣᠳᠣᠭ ᠡᠪᠡᠰᠦШар будаг өвс

ᠢᠷ᠎ᠠ ᠪᠣᠳᠣᠭ ᠡᠪᠡᠰᠦШар будаг өвс

2024-05-16

274

ᠰᠢᠷ᠎ᠠ ᠪᠣᠳᠣᠭ ᠡᠪᠡᠰᠦ

               ᠦᠶᠡᠲᠦ ᠤᠷᠭᠤᠮᠠᠯ ᠤ᠋ᠨ ᠢᠵᠠᠭᠤᠷ 
     ᠨᠢᠭᠡ ᠨᠠᠰᠤᠲᠤ ᠡᠪᠡᠰᠦᠯᠢᠭ ᠤᠷᠭᠤᠮᠠᠯ᠃ ᠰᠦᠷᠡᠯ ᠨᠢ ᠨᠠᠷᠢᠨ᠂ ᠣᠵᠣᠭᠣᠷ ᠲᠠᠭᠠᠨ ᠲᠠᠰᠢᠭᠤ ᠪᠠᠷ ᠤᠷᠭᠤᠨ᠎ᠠ᠂ 30—45cm ᠥᠨᠳᠥᠷ᠂ ᠣᠯᠠᠨ ᠦᠶ᠎ᠡ ᠲᠡᠢ᠃ ᠨᠠᠪᠴᠢᠨ ᠤ᠋ ᠲᠣᠭᠳᠣᠢ ᠨᠢ ᠦᠶ᠎ᠡ ᠶ᠋ᠢᠨ ᠵᠠᠢ ᠠ᠋ᠴᠠ ᠣᠬᠣᠷ᠂ ᠡᠤ ᠮᠡᠲᠦ ᠰᠢᠷᠦᠭᠦᠨ ᠦᠰᠦ ᠲᠡᠢ; ᠨᠠᠪᠴᠢ ᠨᠢ ᠥᠨᠳᠡᠭᠡᠯᠵᠢᠨ ᠬᠠᠪᠲᠠᠭᠠᠢ ᠲᠡᠪᠡᠨᠡ ᠬᠡᠯᠪᠡᠷᠢ ᠲᠡᠢ᠂ 2—4cm ᠤᠷᠲᠤ᠂ 8—15mm ᠥᠷᠭᠡᠨ᠂ ᠱᠣᠪᠲᠣᠭᠣᠷ ᠦᠵᠦᠭᠦᠷ ᠲᠡᠢ᠂ ᠤᠭ ᠨᠢ ᠵᠢᠷᠦᠬᠡᠨ ᠬᠡᠯᠪᠡᠷᠢ ᠲᠡᠢ ᠪᠥᠭᠡᠳ ᠡᠰᠢ ᠪᠡᠨ ᠪᠠᠭᠯᠠᠵᠤ ᠪᠣᠢ᠂ ᠬᠥᠪᠡᠭᠡᠨ ᠦ᠌ ᠬᠢᠨᠢ ᠳᠣᠣᠷᠠᠲᠤ ᠬᠠᠭᠠᠰ ᠬᠡᠰᠡᠭ ᠲᠦ ᠰᠣᠷᠮᠤᠤᠰᠤ ᠦᠰᠦ ᠲᠡᠢ᠃ ᠴᠠᠴᠤᠭ ᠬᠡᠯᠪᠡᠷᠢᠲᠦ ᠪᠠᠭ ᠴᠡᠴᠡᠭ ᠨᠢ 1.5—3cm ᠤᠷᠲᠤ᠂ ᠡᠰᠢᠨ ᠦ᠌ ᠣᠷᠣᠢ ᠳ᠋ᠤ᠌ 2—10 ᠣᠷᠴᠢᠮ ᠢ᠋ᠶ᠋ᠠᠷ ᠬᠤᠷᠤᠭᠤ ᠮᠡᠲᠦ ᠵᠡᠷᠭᠡᠴᠡᠬᠦ ᠪᠤᠶᠤ ᠪᠠᠭᠯᠠᠷᠠᠵᠤ ᠤᠷᠭᠤᠨ᠎ᠠ; ᠲᠦᠷᠦᠭᠦᠦ ᠶ᠋ᠢᠨ ᠲᠡᠩᠭᠡᠯᠢᠭ ᠦ᠋ᠨ ᠬᠣᠶᠠᠷ ᠲᠠᠯ᠎ᠠ ᠳ᠋ᠤᠨᠢ ᠦᠰᠦ ᠦᠭᠡᠢ; ᠪᠠᠷᠢᠭᠤᠯ ᠲᠠᠢ ᠵᠢᠵᠢᠭ ᠲᠦᠷᠦᠭᠦᠦ ᠨᠢ ᠳᠣᠷᠣᠢᠲᠠᠭᠠᠳ ᠵᠥᠪᠬᠡᠨ 0.2—1mm ᠤᠷᠲᠤ ᠪᠠᠷᠢᠭᠤᠯ ᠰᠢᠭ᠋ ᠪᠣᠯᠵᠠᠢ; ᠪᠠᠷᠢᠭᠤᠯ ᠦᠭᠡᠢ ᠵᠢᠵᠢᠭ ᠲᠦᠷᠦᠭᠦᠦ ᠨᠢ 4—4.5mm ᠤᠷᠲᠤ᠂ ᠥᠨᠳᠡᠭᠡᠯᠵᠢᠨ ᠬᠠᠪᠲᠠᠭᠠᠢ ᠲᠡᠪᠡᠨᠡ ᠬᠡᠯᠪᠡᠷᠢ ᠲᠡᠢ ᠂ ᠴᠠᠢᠪᠠᠷ ᠨᠣᠭᠣᠭᠠᠨ ᠪᠤᠶᠤ ᠪᠣᠷᠣᠪᠲᠤᠷ; ᠨᠢᠭᠡᠳᠦᠭᠡᠷ ᠬᠠᠯᠢᠰᠤ ᠨᠢ 7—9 ᠰᠤᠳᠠᠯ ᠲᠠᠢ᠂ ᠲᠣᠷᠭᠠᠨ ᠬᠠᠯᠢᠰᠤᠯᠢᠭ ᠬᠥᠪᠡᠭᠡ ᠲᠡᠢ᠂ ᠮᠤᠬᠤᠷ ᠦᠵᠦᠭᠦᠷ ᠲᠡᠢ; ᠬᠣᠶᠠᠳᠤᠭᠠᠷ ᠬᠠᠯᠢᠰᠤ ᠨᠢ ᠣᠩᠭᠣᠴᠠ ᠬᠡᠯᠪᠡᠷᠢ ᠲᠡᠢ᠂ ᠪᠠᠷᠤᠭ ᠲᠣᠷᠭᠠᠨ ᠬᠠᠯᠢᠰᠤᠯᠢᠭ᠂ ᠭᠤᠷᠪᠠᠨ ᠰᠤᠳᠠᠯ ᠲᠠᠢ ᠪᠣᠯᠪᠠᠴᠤ ᠬᠠᠵᠠᠭᠤ ᠶ᠋ᠢᠨ ᠬᠣᠶᠠᠷ ᠰᠤᠳᠠᠯ ᠨᠢ ᠢᠯᠡ ᠪᠤᠰᠤ᠂ ᠱᠣᠪᠬᠣ ᠦᠵᠦᠭᠦᠷ ᠲᠡᠢ ᠪᠥᠭᠡᠳ ᠨᠢᠭᠡᠳᠦᠭᠡᠷ ᠬᠠᠯᠢᠰᠤ ᠲᠠᠢ ᠪᠠᠨ ᠪᠠᠷᠤᠭ ᠢᠵᠢᠯ ᠤᠷᠲᠤ; ᠨᠢᠭᠡᠳᠦᠭᠡᠷ ᠭᠠᠳᠠᠷ ᠬᠡᠪᠡᠭ ᠨᠢ ᠲᠤᠩᠭᠠᠯᠠᠭ ᠲᠣᠷᠭᠠᠨ ᠬᠠᠯᠢᠰᠤᠯᠢᠭ᠂ ᠱᠣᠪᠬᠣ ᠦᠵᠦᠭᠦᠷ ᠲᠡᠢ; ᠬᠣᠶᠠᠳᠤᠭᠠᠷ ᠭᠠᠳᠠᠷ ᠬᠡᠪᠡᠭ ᠨᠢ ᠲᠤᠩᠭᠠᠯᠠᠭ ᠲᠣᠷᠭᠠᠨ ᠬᠠᠯᠢᠰᠤᠯᠢᠭ ᠪᠣᠯᠪᠠᠴᠤ ᠤᠭ ᠤ᠋ᠨ ᠬᠡᠰᠡᠭ ᠲᠡᠭᠡᠨ ᠨᠡᠯᠢᠶᠡᠳ ᠬᠠᠲᠠᠭᠤ᠂ ᠭᠠᠳᠠᠷ ᠲᠠᠯ᠎ᠠ ᠶ᠋ᠢᠨ ᠤᠭ ᠤ᠋ᠨ ᠬᠡᠰᠡᠭ ᠡᠴᠡ ᠨᠢ ᠡᠪᠦᠳᠦᠭ ᠰᠢᠭ ᠮᠤᠷᠤᠢ ᠰᠤᠷ ᠤᠷᠭᠤᠨ᠎ᠠ; ᠰᠤᠷ ᠨᠢ 6—9mm ᠤᠷᠲᠤ᠂ ᠳᠣᠣᠷᠠᠲᠤ ᠬᠡᠰᠡᠭ ᠲᠡᠭᠡᠨ ᠮᠤᠰᠬᠢᠷᠠᠨ᠎ᠠ; ᠡᠷ᠎ᠡ ᠲᠣᠭᠣᠷᠴᠣᠭ ᠨᠢ ᠬᠣᠶᠠᠷ᠂ 0.5—1mm ᠤᠷᠲᠤ ᠰᠢᠷ᠎ᠠ ᠪᠤᠶᠤ ᠪᠣᠷᠣ ᠲᠣᠭᠣᠰᠣᠪᠴᠢ ᠲᠠᠢ᠃ ᠠᠮᠤ ᠵᠢᠮᠢᠰ ᠨᠢ ᠤᠷᠲᠤᠯᠵᠢᠨ ᠪᠥᠭᠡᠷᠡᠩᠬᠡᠢ᠃
       ᠠᠭᠤᠯᠠ ᠶ᠋ᠢᠨ ᠬᠠᠵᠠᠭᠤ ᠶ᠋ᠢᠨ ᠴᠢᠭᠢᠭᠲᠡᠢ ᠭᠠᠵᠠᠷ᠂ ᠭᠣᠣ ᠵᠢᠯᠠᠭ᠎ᠠ ᠳ᠋ᠤ᠌ ᠤᠷᠭᠤᠨ᠎ᠠ᠃
      ᠮᠠᠨ ᠤ᠋ ᠤᠯᠤᠰ ᠤ᠋ᠨ ᠡᠯ᠎ᠡ ᠮᠣᠵᠢ ᠣᠷᠣᠨ ᠳ᠋ᠤ᠌ ᠪᠦᠷ ᠤᠷᠭᠤᠳᠠᠭ᠃
        ᠬᠢᠲᠠᠳ ᠨᠡᠷ᠎ᠡ᠄荩草
       ᠠᠩᠭ᠌ᠯᠢ ᠨᠡᠷ᠎ᠡ᠄Arthraxon hispidus (Thunb.)Makinc

         ᠦᠰᠦᠭ ᠠᠮᠢᠯᠠᠭᠤᠯᠤᠭᠴᠢ ᠄ ᠡᠷᠳᠡᠨᠢᠭᠣᠸ᠎ᠠ
         ᠬᠢᠨᠠᠭᠴᠢ᠄ ᠲᠤᠶᠠᠭ᠎ᠠ