ᠸᠸᠨ ᠸᠠᠩ ᠡᠵᠡᠨ ᠤ ᠮᠡᠷᠭᠡᠨ ᠲᠥᠯᠭᠡ 11-20 Вен ван эзний мэргэн төлөг 11-20
⊕〇⊕〇⊕⊕ ᠠᠷᠪᠠᠨ ᠬᠣᠶᠠᠳᠤᠭᠠᠷ ᠲᠥᠯᠭᠡ : ᠰᠠᠭᠤᠵᠤ ᠪᠠᠷᠢᠬᠤ ᠣᠷᠣᠵᠤ ᠭᠠᠷᠬᠤ ᠳ᠋ᠤᠷ ᠴᠥᠮ ᠡᠪ ᠠᠯᠳᠠᠷᠠᠨ᠂ ᠭᠠᠷ ᠬᠤᠷᠳᠤᠨ ᠪᠣᠯᠪᠠᠴᠤ ᠬᠥᠯ ᠤᠳᠠᠭᠠᠨ ᠰᠠᠨᠠᠭᠳᠠᠨ᠂ ᠰᠡᠳᠬᠢᠯ ᠰᠠᠨᠠᠭ᠎ᠠ ᠵᠣᠬᠢᠰ ᠦᠭᠡᠢ᠂ ᠡᠳ᠋ ᠠᠰᠢᠭ ᠣᠯᠬᠤ ᠦᠭᠡᠢ᠂ ᠮᠠᠭᠤ ᠨᠥᠬᠥᠷ ᠲᠣᠷ ᠤᠴᠠᠷᠠᠬᠤ᠂ ᠭᠡᠷ ᠡᠷᠦᠬᠡ ᠠᠮᠤᠷ ᠵᠢᠮᠣᠷ ᠦᠭᠡᠢ᠂ ᠵᠣᠪᠠᠯᠠᠩ ᠢ᠋ᠶ᠋ᠠᠨ ᠲᠣᠭᠠᠴᠢᠬᠤ ᠭᠠᠵᠠᠷ ᠦᠭᠡᠢ᠂ ᠶᠠᠪᠤᠳᠠᠯ ᠠ᠋ᠴᠠ ᠤᠬᠤᠷᠢᠪᠠᠰᠤ ᠰᠠᠢᠨ᠂ ᠤᠷᠤᠭ ᠪᠦᠲᠦᠬᠦ ᠦᠭᠡᠢ᠂ ᠡᠪᠡᠳᠴᠢᠨ ᠬᠦᠨᠳᠦ᠂ ᠠᠯᠳᠠᠭᠤᠯ ᠣᠯᠬᠤ ᠦᠭᠡᠢ᠂ ᠠᠩᠬ᠎ᠠ ᠨᠢᠭᠡᠨ ᠪᠢᠴᠢᠭ ᠦ᠋ᠨ ᠬᠥᠮᠦᠨ ᠡᠳ᠋ ᠠᠰᠢᠭ ᠤ᠋ᠨ ᠳᠤᠯᠠ ᠦᠵᠡᠭᠦᠯᠪᠡᠰᠦ ᠡᠨᠡ ᠲᠥᠯᠭᠡ ᠪᠠᠭᠤᠭᠰᠠᠨ ᠪᠥᠯᠥᠭᠡ᠃
⊕〇⊕〇〇⊕ ᠠᠷᠪᠠᠨ ᠭᠤᠷᠪᠠᠳᠤᠭᠠᠷ ᠲᠥᠯᠭᠡ : ᠬᠤᠯᠤᠰᠤᠨ ᠲᠦᠩᠰᠡ ᠪᠡᠷ ᠤᠰᠤ ᠲᠠᠲᠠᠭᠰᠠᠨ ᠮᠡᠲᠦ᠂ ᠭᠠᠳᠠᠭᠰᠢ ᠭᠠᠷᠤᠪᠠᠰᠤ ᠶᠡᠬᠡ ᠵᠣᠪᠠᠯᠠᠩ ᠳ᠋ᠤ᠌ ᠤᠴᠠᠷᠠᠬᠤ᠂ ᠭᠡᠷ ᠲᠦ᠍ᠷ ᠪᠠᠢᠪᠠᠰᠤ ᠤᠷᠤᠭ ᠤ᠋ᠨ ᠬᠥᠮᠦᠨ ᠬᠡᠯᠡ ᠠᠮᠠ ᠪᠣᠯᠬᠤ᠂ ᠤᠷᠤᠭ ᠪᠣᠯᠪᠠᠰᠤ ᠪᠦᠲᠦᠬᠦ ᠦᠭᠡᠢ᠂ ᠡᠳ᠋ ᠠᠰᠢᠭ ᠡᠷᠢᠪᠡᠰᠦ ᠣᠯᠬᠤ ᠦᠭᠡᠢ᠂ ᠡᠪᠡᠳᠴᠢᠨ ᠪᠣᠯᠪᠠᠰᠤ ᠬᠥᠲᠥ᠂ ᠠᠯᠳᠠᠭᠤᠯ ᠣᠯᠬᠤ ᠦᠭᠡᠢ᠂ ᠣᠯᠠᠨ ᠴᠡᠷᠢᠭ ᠡᠪᠳᠡᠷᠬᠡᠢ ᠬᠣᠲᠠᠨ ᠳ᠋ᠤ᠌ ᠣᠷᠣᠭᠰᠠᠨ ᠲᠥᠯᠭᠡ ᠪᠥᠯᠥᠭᠡ᠃
⊕〇⊕〇⊕〇 ᠠᠷᠪᠠᠨ ᠳᠥᠷᠪᠡᠳᠦᠭᠡᠷ ᠲᠥᠯᠭᠡ ᠂ ᠴᠠᠭᠠᠨ ᠬᠠᠰ ᠢ ᠵᠦᠯᠭᠦᠭᠡᠳ ᠥᠩᠭᠡ ᠭᠠᠷᠤᠭᠰᠠᠨ ᠮᠡᠲᠦ᠂ ᠨᠡᠷ᠎ᠡ ᠠᠯᠳᠠᠷ ᠮᠠᠨᠳᠤᠬᠤ᠂ ᠵᠣᠪᠠᠯᠠᠩ ᠪᠠᠷᠠᠬᠤ᠂ ᠡᠳ᠋ ᠠᠰᠢᠭ ᠠᠷᠢᠪᠠᠰᠤ ᠣᠯᠬᠤ᠂ ᠤᠷᠤᠭ ᠪᠦᠲᠦᠬᠦ᠂ ᠠᠯᠳᠠᠭᠤᠯ ᠣᠯᠬᠤ᠂ ᠭᠠᠳᠠᠭᠰᠢ ᠭᠠᠷᠤᠪᠠᠰᠤ ᠬᠥᠮᠦᠨ ᠳ᠋ᠦ᠍ᠷ ᠬᠦᠨᠳᠦᠯᠡᠭᠳᠡᠬᠦ᠂ ᠵᠠᠮ ᠳ᠋ᠤᠷ ᠳᠠᠪᠠᠭ᠎ᠠ ᠪᠣᠢ ᠪᠣᠯᠪᠠᠴᠤ ᠰᠠᠬᠢᠭᠤᠯᠰᠤᠨ ᠰᠠᠯᠬᠢᠨ ᠬᠥᠳᠡᠯᠭᠡᠵᠦ ᠳᠠᠪᠠᠭ᠎ᠠ ᠶ᠋ᠢ ᠳᠠᠪᠠᠭᠤᠯᠬᠤ᠂ ᠠᠩᠬ᠎ᠠ ᠨᠢᠭᠡᠨ ᠪᠢᠴᠢᠭ ᠦ᠋ᠨ ᠬᠥᠮᠦᠨ ᠦᠵᠡᠭᠦᠯᠪᠡᠰᠦ ᠡᠨᠡ ᠲᠥᠯᠭᠡ ᠪᠠᠭᠤᠭᠰᠠᠨ ᠪᠥᠯᠥᠭᠡ᠃
⊕〇⊕⊕⊕⊕ ᠠᠷᠪᠠᠨ ᠲᠠᠪᠤᠳᠤᠭᠠᠷ ᠲᠥᠯᠭᠡ : ᠨᠢᠳᠦᠨ ᠡᠮᠦᠨ᠎ᠡ ᠶᠠᠪᠤᠳᠠᠯ ᠰᠠᠨᠠᠭ᠎ᠠ ᠪᠠᠷ ᠪᠦᠲᠦᠬᠦ᠂ ᠡᠪᠡᠳᠴᠢᠨ ᠰᠠᠢᠨ ᠪᠣᠯᠬᠤ᠂ ᠡᠳ᠋ ᠠᠰᠢᠭ ᠭᠠᠷ ᠲᠤᠷ ᠣᠷᠣᠬᠤ᠂ ᠠᠯᠳᠠᠭᠤᠯ ᠢ ᠬᠥᠮᠦᠨ ᠡᠴᠡ ᠰᠤᠷᠠᠭ ᠰᠣᠨᠣᠰᠬᠤ᠂ ᠵᠠᠷᠭᠤ ᠶ᠋ᠢ ᠬᠥᠮᠦᠨ ᠬᠡᠯᠡᠯᠴᠡᠵᠦ ᠳᠦᠭᠦᠷᠭᠡᠬᠦ᠂ ᠲᠡᠭᠷᠢ ᠶ᠋ᠢᠨ ᠨᠠᠷᠠᠨ ᠮᠠᠨᠳᠤᠭᠰᠠᠨ ᠮᠡᠲᠦ ᠲᠥᠯᠭᠡ ᠪᠥᠯᠥᠭᠡ᠃
⊕〇⊕⊕〇〇 ᠠᠷᠪᠠᠨ ᠵᠢᠷᠭᠤᠳᠤᠭᠠᠷ ᠲᠥᠯᠭᠡ : ᠠᠯᠢᠪᠠ ᠪᠦᠬᠦᠨ ᠰᠠᠨᠠᠭ᠎ᠠ ᠪᠠᠷ ᠪᠦᠲᠦᠬᠦ ᠡᠳ᠋ ᠠᠰᠢᠭ ᠡᠷᠢᠪᠡᠰᠦ ᠣᠯᠬᠤ᠂ ᠭᠠᠳᠠᠭᠰᠢ ᠭᠠᠷᠤᠭᠰᠠᠨ ᠬᠥᠮᠦᠨ ᠳᠠᠷᠤᠢ ᠢᠷᠡᠬᠦ᠂ ᠡᠪᠡᠳᠴᠢᠨ ᠠᠮᠤᠷᠵᠢᠬᠤ᠂ ᠵᠠᠷᠭᠤ ᠪᠣᠯᠪᠠᠰᠤ ᠬᠥᠮᠦᠨ ᠬᠡᠯᠡᠯᠴᠡᠵᠦ ᠳᠦᠭᠦᠷᠭᠡᠬᠦ᠂ ᠠᠯᠳᠠᠭᠤᠯ ᠡᠮᠦᠨ᠎ᠡ ᠵᠦᠭ ᠡᠴᠡ ᠣᠯᠬᠤ᠂ ᠤᠷᠤᠭ ᠪᠦᠲᠦᠬᠦ᠂ ᠮᠢᠩᠭᠠᠨ ᠯᠠᠩ ᠤ᠋ᠨ ᠰᠢᠵᠢᠷ ᠠᠯᠲᠠ ᠠ᠋ᠴᠠ ᠬᠡᠲᠦᠷᠡᠭᠰᠡᠨ ᠲᠥᠯᠭᠡ᠂ ᠨᠢᠭᠡᠨ ᠪᠢᠴᠢᠭ ᠦ᠋ᠨ ᠬᠥᠮᠦᠨ ᠤᠳᠠᠭᠠᠨ ᠡᠳᠦᠷ ᠵᠣᠪᠠᠯᠠᠩ ᠡᠳ᠋ᠯᠡᠭᠡᠳ ᠦᠵᠡᠬᠦᠯᠭᠦᠢ ᠳ᠋ᠦ᠍ᠷ ᠪᠠᠭᠤᠭᠰᠠᠨ ᠪᠥᠯᠥᠭᠡ ᠃
〇⊕⊕〇⊕⊕ ᠠᠷᠪᠠᠨ ᠳᠣᠯᠣᠳᠤᠭᠠᠷ ᠲᠥᠯᠭᠡ : ᠡᠮᠦᠨ᠎ᠡ ᠨᠢ ᠪᠠᠶᠠᠷᠯᠠᠭᠠᠳ ᠬᠣᠢᠨ᠎ᠠ ᠨᠢ ᠵᠣᠪᠠᠯᠠᠩ ᠢᠷᠡᠬᠦ᠂ ᠡᠳ᠋ ᠠᠰᠢᠭ ᠡᠷᠢᠪᠡᠰᠦ ᠣᠯᠬᠤ ᠦᠭᠡᠢ : ᠡᠪᠡᠳᠴᠢᠨ ᠠᠨᠤ ᠨᠮᠦᠨᠠ ᠨᠢ ᠬᠥᠩᠭᠡᠨ ᠬᠣᠢᠨ᠎ᠠ ᠪᠠᠨ ᠬᠦᠨᠳᠦᠷᠡᠬᠦ᠂ ᠵᠠᠷᠭᠤ ᠳᠡᠢᠯᠦᠭᠳᠡᠬᠦ᠂ ᠶᠠᠨ ᠬᠤᠸᠠ ᠰᠢᠶᠣᠤ ᠵᠢᠶᠧ ᠴᠡᠴᠡᠭ ᠦ᠋ᠨ ᠤᠴᠢᠷ ᠦᠵᠡᠭᠦᠯᠪᠡᠰᠦ ᠡᠨᠡ ᠲᠥᠯᠭᠡ ᠪᠠᠭᠤᠭᠰᠠᠨ ᠪᠥᠯᠥᠭᠡ᠃
〇⊕⊕〇⊕〇 ᠨᠡᠷᠪᠡᠨ ᠨᠠᠢ᠍ᠮᠠᠳᠤᠭᠠᠷ ᠲᠥᠯᠭᠡ : ᠨᠢᠭᠡᠨ ᠬᠥᠮᠦᠨ ᠵᠠᠮ ᠶᠠᠪᠤᠵᠤ ᠪᠠᠢᠲᠠᠯ᠎ᠠ ᠭᠣᠣᠯ ᠳᠠᠭᠠᠷᠢᠯᠳᠤᠨ ᠰᠠᠪᠠᠷ ᠲᠤᠷ ᠰᠢᠪᠠᠷᠳᠠᠪᠠ᠂ ᠬᠡᠳᠦᠢᠪᠡᠷ ᠡᠷ᠎ᠡ ᠬᠦᠴᠦᠨ ᠪᠠᠢᠪᠠᠴᠤ ᠭᠠᠷᠴᠤ ᠴᠢᠳᠠᠬᠤ ᠦᠭᠡᠢ᠂ ᠶᠠᠪᠤᠳᠠᠯ ᠪᠣᠯᠪᠠᠰᠤ ᠰᠡᠳᠦᠵᠦ ᠪᠣᠯᠬᠤ ᠦᠭᠡᠢ᠂ ᠡᠳ᠋ ᠠᠰᠢᠭ ᠡᠷᠢᠪᠡᠰᠦ ᠣᠯᠬᠤ ᠦᠭᠡᠢ᠂ ᠤᠷᠤᠭ ᠪᠦᠲᠦᠬᠦ ᠦᠭᠡᠢ᠂ ᠡᠪᠡᠳᠴᠢᠨ ᠰᠡᠷᠡᠮᠵᠢᠯᠡᠬᠦ ᠬᠡᠷᠡᠭᠲᠡᠢ᠂ ᠠᠯᠳᠠᠭᠤᠯ ᠦᠯᠦ ᠣᠯᠬᠤ᠂ ᠭᠠᠳᠠᠭᠰᠢ ᠭᠠᠷᠤᠪᠠᠰᠤ ᠰᠠᠭᠠᠳᠤᠯ ᠲᠠᠢ᠂ ᠵᠠᠷᠭᠤ ᠠᠯᠳᠠᠬᠤ᠂ ᠨᠢᠭᠡᠨ ᠪᠠᠶᠠᠨ ᠬᠥᠮᠦᠨ ᠨᠢᠭᠡ ᠲᠡᠷᠭᠡ ᠡᠳ᠋ ᠡᠷᠳᠡᠨᠢ ᠲᠡᠭᠡᠭᠡᠳ ᠭᠣᠣᠯ ᠤ᠋ᠨ ᠳᠠᠩ ᠳ᠋ᠤ᠌ ᠳᠤᠷᠣᠭᠰᠠᠨ ᠢ ᠪᠤᠰᠤᠳ ᠬᠥᠮᠦᠨ ᠬᠠᠪᠰᠤᠷᠴᠤ ᠬᠦᠴᠦ ᠨᠡᠮᠡᠭᠡᠳ ᠰᠠᠶᠢ ᠲᠡᠷᠭᠡ ᠨᠢ ᠭᠠᠷᠤᠭᠰᠠᠨ ᠲᠥᠯᠭᠡ ᠪᠥᠯᠥᠭᠡ᠃
〇⊕⊕⊕〇⊕ ᠠᠷᠪᠠ ᠶᠢᠰᠦᠳᠦᠭᠡᠷ ᠲᠥᠯᠭᠡ : ᠵᠠᠶᠠᠭ᠎ᠠ ᠰᠠᠢᠨ ᠪᠣᠯᠪᠠᠴᠤ ᠬᠢ ᠮᠣᠷᠢ ᠳᠣᠣᠷ᠎ᠠ᠂ ᠶᠡᠬᠡ ᠶᠠᠪᠤᠳᠠᠯ ᠳ᠋ᠤᠷ ᠠᠶᠤᠯᠲᠤ ᠳᠠᠢᠰᠤᠨ ᠢ ᠰᠡᠷᠡᠮᠵᠢᠯᠡ᠂ ᠵᠢᠭᠠᠰᠤ ᠤᠰᠤᠨ ᠳ᠋ᠤᠷ ᠨᠠᠭᠠᠳᠴᠤ ᠲᠡᠭᠡ ᠳ᠋ᠦ᠍ᠷ ᠣᠷᠣᠵᠤ ᠡᠪᠡᠳᠬᠦ ᠠᠳᠠᠯᠢ᠂ ᠶᠠᠪᠤᠳᠠᠯ ᠤᠴᠢᠷ ᠪᠦᠲᠦᠬᠦ ᠦᠭᠡᠢ ᠵᠠᠷᠭᠤ ᠳᠡᠢᠯᠦᠭᠳᠡᠬᠦ ᠡᠪᠡᠳᠴᠢᠨ ᠬᠦᠨᠳᠦᠷᠡᠬᠦ ᠠᠯᠳᠠᠭᠤᠯ ᠦᠯᠦ ᠣᠯᠬᠤ ᠤᠷᠤᠭ ᠪᠦᠲᠦᠬᠦ ᠦᠭᠡᠢ᠂ ᠭᠠᠳᠠᠭᠰᠢ ᠬᠥᠮᠦᠨ ᠰᠠᠭᠠᠲᠤᠯ ᠲᠠᠢ᠂ ᠠᠩᠬ᠎ᠠ ᠸᠠᠩ ᠲᠣᠣᠮᠢ ᠡᠳ᠋ ᠦ᠋ᠨ ᠲᠥᠯᠥᠭᠡ ᠦᠵᠡᠬᠦᠯᠭᠦᠢ ᠳ᠋ᠦ᠍ᠷ ᠪᠠᠭᠤᠭᠰᠠᠨ ᠲᠥᠯᠭᠡ ᠪᠥᠯᠥᠭᠡ᠃
〇⊕⊕⊕⊕〇 ᠬᠣᠷᠢᠳᠤᠭᠠᠷ ᠲᠥᠯᠭᠡ : ᠭᠠᠭᠴᠠ ᠮᠣᠳᠣ ᠪᠠᠷ ᠲᠠᠯᠪᠢᠭᠰᠠᠨ ᠬᠥᠭᠥᠷᠭᠡ ᠪᠡᠷ ᠶᠠᠪᠤᠭᠰᠠᠨ ᠲᠥᠯᠭᠡ᠂ ᠰᠡᠳᠬᠢᠯ ᠰᠠᠨᠠᠭ᠎ᠠ ᠠᠮᠤᠷ ᠦᠭᠡᠢ᠂ ᠤᠴᠢᠷ ᠶᠠᠪᠤᠳᠠᠯ ᠲᠣᠭᠲᠠᠭᠤᠷᠢ ᠦᠭᠡᠢ᠂ ᠨᠢᠳᠦᠨ ᠡᠮᠦᠨ᠎ᠡ ᠵᠣᠪᠠᠯᠠᠩ ᠢᠷᠡᠬᠦ᠂ ᠵᠠᠷᠭᠤ ᠪᠦᠲᠦᠬᠦ ᠦᠭᠡᠢ᠂ ᠡᠪᠡᠳᠴᠢᠨ ᠲᠠᠬᠤᠯ ᠤ᠋ᠨ ᠠᠶᠤᠯ ᠲᠠᠢ᠂ ᠤᠷᠤᠭ ᠪᠦᠲᠦᠬᠦ ᠦᠭᠡᠢ᠂ ᠭᠠᠷᠤᠵᠠ ᠲᠠᠢ᠂ ᠨᠢᠭᠡ ᠵᠦᠩ ᠳᠠᠩ ᠶᠣᠶᠠᠨ ᠬᠥᠮᠦᠨ ᠵᠠᠷᠭᠤ ᠶ᠋ᠢᠨ ᠲᠤᠯᠠ ᠦᠵᠡᠭᠦᠯᠦᠭᠡᠳ ᠪᠠᠭᠤᠭᠰᠠᠨ ᠲᠥᠯᠭᠡ ᠪᠥᠯᠥᠭᠡ᠃
