ᠨᠣᠬᠠᠢ ᠰᠢᠪᠡᠭᠡ ᠡᠪᠡᠰᠦНохой шивээ өвс

ᠨᠣᠬᠠᠢ ᠰᠢᠪᠡᠭᠡ ᠡᠪᠡᠰᠦ
ᠦᠷᠡᠲᠦ ᠤᠷᠭᠤᠮᠠᠯ ᠤ᠋ᠨ ᠢᠵᠠᠭᠤᠷ
ᠨᠢᠭᠡ ᠨᠠᠰᠤᠲᠤ ᠡᠪᠡᠰᠦᠯᠢᠭ ᠤᠷᠭᠤᠮᠠᠯ᠂ ᠮᠠᠰᠢ ᠤᠶᠠᠨ ᠪᠡᠬᠢ ᠰᠠᠬᠠᠯ ᠦᠨᠳᠦᠰᠦ ᠲᠡᠢ᠃ ᠰᠦᠷᠡᠯ ᠨᠢ ᠪᠤᠲᠠᠯᠠᠵᠤ ᠤᠷᠭᠤᠨ᠎ᠠ᠂ ᠭᠢᠯᠦᠭᠡᠷ᠂15—45cm ᠥᠨᠳᠥᠷ᠂ ᠣᠵᠣᠭᠣᠷ ᠲᠠᠭᠠᠨ ᠣᠯᠠᠨ ᠰᠠᠯᠠᠭᠠᠯᠠᠬᠤ ᠪᠠ ᠰᠠᠯᠠᠭ᠎ᠠ ᠨᠤᠭᠤᠳ ᠨᠢ ᠤᠭ ᠤ᠋ᠨ ᠬᠡᠰᠡᠭ ᠲᠡᠭᠡᠨ ᠡᠪᠦᠳᠦᠭ ᠮᠡᠲᠦ ᠮᠤᠷᠤᠢ᠃ ᠨᠠᠪᠴᠢᠨ ᠤ᠋ ᠲᠣᠭᠳᠣᠢ ᠨᠢ ᠭᠢᠯᠦᠭᠡᠷ᠂ ᠶᠡᠬᠡᠩᠬᠢ ᠳ᠋ᠡᠭᠡᠨ ᠦᠶ᠎ᠡ ᠶ᠋ᠢᠨ ᠵᠠᠢ ᠠ᠋ᠴᠠ ᠪᠠᠨ ᠣᠬᠣᠷ; ᠨᠠᠪᠴᠢᠨ ᠤ᠋ ᠬᠡᠯᠡ ᠨᠢ ᠵᠢᠵᠢᠭ᠂ ᠲᠣᠷᠭᠠᠨ ᠬᠠᠯᠢᠰᠤᠯᠢᠭ᠂0.5mm ᠤᠷᠲᠤ ᠨᠠᠷᠢᠨ ᠦᠰᠦ ᠲᠡᠢ; ᠨᠠᠪᠴᠢ ᠨᠢ ᠬᠤᠮᠢᠷᠠᠵᠤ᠂ ᠵᠡᠭᠦᠦ ᠬᠡᠯᠪᠡᠷᠢᠲᠡᠢ ᠪᠣᠯᠳᠠᠭ᠂4—20cm ᠤᠷᠲᠤ᠃ ᠱᠣᠷᠣᠯᠵᠢᠨ ᠬᠡᠯᠪᠡᠷᠢᠲᠦ ᠪᠠᠭ ᠴᠡᠴᠡᠭ ᠨᠢ10—20cm ᠤᠷᠲᠤ᠂ ᠰᠠᠯᠠᠭ᠎ᠠ ᠨᠤᠭᠤᠳ ᠨᠢ ᠨᠠᠷᠢᠨ᠂ ᠶᠡᠷᠦ ᠳ᠋ᠡᠭᠡᠨ ᠲᠡᠩᠭᠡᠯᠢᠭ ᠲᠡᠢ ᠪᠡᠨ ᠨᠠᠭᠠᠯᠳᠤᠵᠤ ᠪᠠᠢᠳᠠᠭ᠂ ᠪᠦᠷ ᠭᠠᠭᠴᠠᠭᠠᠷ ᠤᠷᠤᠭᠤ ᠮᠥᠷᠲᠡᠭᠡᠨ ᠤᠭ ᠲᠤ᠌ ᠨᠢ ᠵᠢᠵᠢᠭ ᠰᠠᠯᠠᠭ᠎ᠠ ᠲᠠᠢ; ᠵᠢᠵᠢᠭ ᠲᠦᠷᠦᠭᠦᠦ ᠨᠢ ᠪᠦᠰᠡ ᠬᠡᠯᠪᠡᠷᠢ ᠲᠡᠢ᠂4—10mm ᠤᠷᠲᠤ᠂ ᠴᠠᠢᠪᠤᠷ ᠨᠣᠭᠣᠭᠠᠨ ᠪᠤᠶᠤ ᠪᠣᠷᠣ᠂ ᠨᠢᠭᠡ ᠯᠡ ᠴᠡᠴᠡᠭ ᠲᠡᠢ; ᠬᠠᠯᠢᠰᠤ ᠨᠢ ᠢᠪᠴᠤᠬᠠᠨ ᠰᠢᠪᠦᠭᠡᠨ ᠬᠡᠯᠪᠡᠷᠢᠲᠡᠢ᠂ ᠲᠣᠷᠭᠠᠨ ᠬᠠᠯᠢᠰᠤᠯᠢᠭ᠂ ᠨᠢᠭᠡ ᠯᠡ ᠰᠤᠳᠠᠯ ᠲᠠᠢ᠂ ᠠᠷᠤ ᠶ᠋ᠢᠨ ᠬᠦᠷᠡᠢᠭᠰᠡᠨ ᠵᠤᠷᠪᠤᠰ ᠨᠢ ᠠᠷᠵᠠᠭᠠᠷ᠂ ᠨᠢᠭᠡᠳᠦᠭᠡᠷ ᠬᠠᠯᠢᠰᠤ ᠨᠢ4—9mm ᠤᠷᠲᠤ᠂ ᠬᠣᠶᠠᠳᠤᠭᠠᠷ ᠬᠠᠯᠢᠰᠤ ᠨᠢ4—10mm ᠤᠷᠲᠤ; ᠭᠠᠳᠠᠷ ᠬᠡᠪᠡᠭ ᠨᠢ ᠪᠤᠷᠲᠠᠭᠤᠨ ᠬᠡᠯᠪᠡᠷᠢ ᠲᠡᠢ᠂6—10mm ᠤᠷᠲᠤ᠂ ᠭᠣᠣᠯ ᠰᠤᠳᠠᠰᠤ ᠨᠢ ᠰᠢᠷᠦᠭᠦᠨ᠂ ᠪᠣᠯᠪᠠᠰᠤᠷᠠᠪᠠᠯ ᠬᠠᠲᠠᠭᠤ ᠪᠣᠯᠤᠨ᠎ᠠ᠂ ᠳᠣᠲᠣᠷ ᠬᠡᠪᠡᠭ ᠨᠢ ᠪᠦᠷᠬᠦᠵᠦ ᠪᠠᠢᠬᠤ ᠪᠠ ᠣᠷᠣᠢ ᠳ᠋ᠤ᠌ ᠨᠢ ᠭᠤᠷᠪᠠᠨ ᠰᠤᠷ ᠲᠠᠢ᠂ ᠰᠤᠷ ᠨᠢ ᠰᠢᠷᠦᠭᠦᠨ᠂ ᠳᠤᠮᠳᠠᠬᠢ ᠨᠢ1—2cm ᠤᠷᠲᠤ᠂ ᠬᠠᠵᠠᠭᠤ ᠶ᠋ᠢᠨ ᠬᠢᠨᠢ ᠨᠡᠯᠢᠶᠡᠳ ᠣᠬᠣᠷ᠂ ᠰᠠᠭᠤᠷᠢ ᠲᠠᠪᠠᠭ ᠱᠣᠪᠬᠣ ᠦᠵᠦᠭᠦᠷ ᠲᠡᠢ᠂0.7mm ᠤᠷᠲᠤ᠃
ᠭᠠᠩ ᠬᠠᠭᠤᠷᠠᠢ ᠠᠭᠤᠯᠠ ᠶ᠋ᠢᠨ ᠬᠠᠵᠠᠭᠤ᠂ ᠡᠯᠡᠰᠦᠷᠬᠡᠭ ᠭᠠᠵᠠᠷ᠂ ᠬᠠᠲᠠᠮᠠᠯ ᠭᠣᠣᠯ ᠤ᠋ᠨ ᠭᠣᠳᠣᠭᠣᠷ ᠳᠤ ᠤᠷᠭᠤᠨ᠎ᠠ᠃
ᠮᠠᠨ ᠤ᠋ ᠤᠯᠤᠰ ᠤ᠋ᠨ ᠥᠪᠥᠷ ᠮᠣᠩᠭᠣᠯ᠂ ᠵᠡᠭᠦᠨ ᠬᠣᠢᠲᠤ ᠣᠷᠣᠨ᠂ ᠪᠠᠷᠠᠭᠤᠨ ᠬᠣᠢᠲᠤ ᠣᠷᠣᠨ ᠤ᠋ ᠡᠯ᠎ᠡ ᠮᠣᠵᠢ ᠣᠷᠣᠨ ᠳ᠋ᠤ᠌ ᠪᠦᠷ ᠤᠷᠭᠤᠳᠠᠭ᠃
ᠪᠣᠷᠳᠣᠭ᠎ᠠ ᠡᠪᠡᠰᠦ ᠮᠥᠨ᠂ ᠰᠠᠬᠠᠯ ᠦᠨᠳᠦᠰᠦ ᠨᠢ ᠱᠦᠭᠦᠷ᠂ ᠱᠤᠸᠠᠰᠠ ᠵᠡᠷᠭᠡ ᠶ᠋ᠢ ᠬᠢᠬᠦ ᠳ᠋ᠦ᠍ ᠬᠡᠷᠡᠭᠯᠡᠨ᠎ᠡ᠃
ᠬᠢᠲᠠᠳ ᠨᠡᠷ᠎ᠡ᠄三忙草
ᠠᠩᠭ᠌ᠯᠢ ᠨᠡᠷ᠎ᠡ᠄Aritida adscensicnis L.
ᠦᠰᠦᠭ ᠠᠮᠢᠯᠠᠭᠤᠯᠤᠭᠴᠢ᠄ ᠲᠤᠶᠠᠭ᠎ᠠ
ᠬᠢᠨᠠᠭᠴᠢ᠄ ᠣᠳᠬᠠᠨᠰᠣ᠎ᠠ
