ᠸᠸᠨ ᠸᠠᠩ ᠡᠵᠡᠨ ᠤ ᠮᠡᠷᠭᠡᠨ ᠲᠥᠯᠭᠡ 1-10 Вен ван эзний мэргэн төлөг 1-10 ᠵᠠᠩ ᠦᠢᠯᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠸᠸᠨ ᠸᠠᠩ ᠡᠵᠡᠨ ᠤ ᠮᠡᠷᠭᠡᠨ ᠲᠥᠯᠭᠡ 1-10 Вен ван эзний мэргэн төлөг 1-10

ᠸᠸᠨ ᠸᠠᠩ ᠡᠵᠡᠨ ᠤ ᠮᠡᠷᠭᠡᠨ ᠲᠥᠯᠭᠡ 1-10 Вен ван эзний мэргэн төлөг 1-10

ᠠᠩᠭᠢᠯᠠᠯ:ᠵᠠᠩ ᠦᠢᠯᠡ
2024-05-15

338


○○○○○○ ᠲᠡᠷᠢᠭᠦᠨ ᠲᠥᠯᠭᠡ : ᠬᠣᠣᠷᠳᠠᠭᠰᠠᠨ ᠯᠤᠤ ᠠᠭᠠᠷ ᠢ ᠪᠠᠷᠢᠵᠤ ᠨᠢᠰᠦᠭᠰᠡᠨ ᠠᠳᠠᠯᠢ᠂ ᠠᠯᠳᠠᠭᠤᠯ ᠢ ᠡᠷᠢᠪᠡᠰᠦ ᠣᠯᠬᠤ᠂ ᠡᠳ᠋ ᠪᠣᠯᠪᠠᠰᠤ ᠬᠥᠮᠦᠨ ᠬᠡᠯᠡᠯᠴᠡᠵᠦ ᠣᠯᠭᠣᠬᠤ᠂ ᠤᠷᠤᠭ ᠪᠣᠯᠪᠠᠰᠤ ᠪᠠᠶᠠᠷ ᠲᠠᠢ ᠪᠦᠲᠦᠬᠦ᠂ ᠵᠠᠷᠭᠤ ᠪᠣᠯᠪᠠᠰᠤ ᠬᠥᠮᠦᠨ ᠬᠡᠯᠡᠯᠴᠡᠵᠦ ᠳᠦᠭᠦᠷᠭᠡᠬᠦ᠂ ᠵᠣᠪᠠᠯᠠᠩ ᠪᠣᠯᠪᠠᠰᠤ ᠴᠥᠮ ᠠᠯᠳᠠᠷᠠᠬᠤ᠂ ᠵᠢᠶᠠᠩ ᠲᠠᠢ ᠬᠦᠩ ᠦ᠋ᠨ ᠵᠢᠭᠠᠰᠤ ᠭᠥᠬᠢᠳᠡᠭᠰᠡᠨ ᠲᠥᠯᠭᠡ ᠪᠥᠯᠥᠭᠡ᠃  

○○○⊕○⊕ ᠬᠣᠶᠠᠳᠤᠭᠠᠷ ᠲᠥᠯᠭᠡ : ᠨᠢᠳᠦᠨ ᠡᠮᠦᠨ᠎ᠡ ᠶᠡᠬᠡ ᠮᠠᠭᠤ᠂ ᠡᠳ᠋ ᠠᠰᠢᠭ ᠢ ᠡᠷᠢᠪᠡᠰᠦ ᠬᠥᠮᠦᠨ ᠳ᠋ᠦ᠍ᠷ ᠠᠪᠲᠠᠭᠳᠠᠮᠤᠢ᠂ ᠶᠠᠪᠤᠳᠠᠯ ᠰᠠᠲᠤᠪᠠᠯ ᠪᠦᠲᠦᠬᠦ ᠦᠭᠡᠢ᠂ ᠬᠣᠶᠠᠷ ᠪᠠᠷᠰ ᠢᠳᠡᠰᠢ ᠪᠤᠯᠢᠶᠠᠯᠳᠤᠭᠰᠠᠨ ᠠᠳᠠᠯᠢ᠂ ᠥᠪᠡᠷ ᠦ᠋ᠨ ᠠᠮᠠᠨ ᠳ᠋ᠠᠭᠠᠨ ᠬᠡᠷᠡᠭ ᠲᠦ᠍ᠷ ᠣᠷᠣᠬᠤ᠂ ᠬᠥᠮᠦᠨ ᠳ᠋ᠦ᠍ᠷ ᠪᠤᠷᠤᠭᠤ ᠪᠠᠷ ᠦᠵᠡᠭᠳᠡᠵᠦ  ᠬᠡᠳᠦᠢᠪᠡᠷ ᠪᠠᠷᠰ ᠠᠳᠠᠯᠢ ᠰᠠᠢᠨ ᠡᠷ᠎ᠡ ᠪᠣᠯᠪᠠᠴᠤ ᠲᠦᠷ ᠴᠠᠭ ᠶᠠᠭᠠᠬᠢᠵᠤ ᠦᠯᠦ ᠴᠢᠳᠠᠬᠤ ᠪᠥᠯᠥᠭᠡ᠃  

○○○○⊕⊕ ᠭᠤᠷᠪᠠᠳᠤᠭᠠᠷ ᠲᠥᠯᠭᠡ : ᠠᠯᠢᠪᠠ ᠶᠠᠪᠤᠳᠠᠯ ᠪᠦᠲᠦᠬᠦ ᠦᠭᠡᠢ᠂ ᠮᠠᠭᠤ ᠬᠥᠮᠦᠨ ᠪᠠᠢᠵᠤ ᠡᠯᠳᠡᠪ ᠢ᠋ᠶ᠋ᠡᠷ ᠬᠣᠣᠷ ᠬᠦᠷᠭᠡᠮᠦᠢ᠂ ᠶᠠᠪᠤᠳᠠᠯ ᠪᠦᠬᠦᠨ ᠢ ᠬᠣᠢᠰᠢᠯᠠᠬᠤ ᠬᠡᠷᠡᠭᠲᠡᠢ᠂ ᠰᠡᠳᠬᠢᠯ ᠰᠠᠨᠠᠭ᠎ᠠ ᠶᠡᠬᠡᠳᠡ ᠵᠣᠪᠠᠬᠤ᠂ ᠪᠠᠭ᠎ᠠ ᠬᠥᠮᠦᠨ ᠳ᠋ᠦ᠍ ᠬᠣᠣᠷᠯᠠᠭᠳᠠᠬᠤ᠂ ᠥᠷᠥᠰᠢᠶᠡᠯ ᠢ ᠥᠭᠭᠦᠪᠡᠴᠦ ᠭᠡᠳᠡᠷᠭᠦ ᠮᠠᠭᠤ ᠪᠣᠯᠤᠮᠤᠢ᠂ ᠤᠷᠤᠭ ᠪᠣᠯᠪᠠᠰᠤ ᠪᠦᠲᠦᠬᠦ ᠦᠭᠡᠢ᠂ ᠵᠠᠷᠭᠤ ᠪᠣᠯᠪᠠᠰᠤ ᠠᠯᠳᠠᠬᠤ᠂ ᠲᠡᠭᠷᠢ ᠳ᠋ᠦ᠍ᠷ ᠵᠠᠯᠪᠠᠷᠢᠪᠠᠰᠤ ᠵᠣᠪᠠᠯᠠᠩ ᠠ᠋ᠴᠠ ᠭᠠᠷᠬᠤ᠂ ᠢᠯᠡᠭᠦᠦ ᠳᠤᠲᠠᠭᠤ ᠬᠡᠷᠡᠭ ᠶᠠᠪᠤᠳᠠᠯ ᠢ ᠰᠡᠷᠡᠮᠵᠢᠯᠡᠬᠦ ᠬᠡᠷᠡᠭᠲᠡᠢ ᠪᠥᠯᠥᠭᠡ᠃   

○○○⊕⊕○ ᠳᠥᠷᠪᠡᠳᠦᠭᠡᠷ ᠲᠥᠯᠭᠡ᠄ ᠤᠰᠤᠨ ᠳᠣᠲᠣᠷ᠎ᠠ ᠠ᠋ᠴᠠ ᠰᠠᠷᠠ ᠱᠦᠭᠦᠭᠰᠡᠨ ᠲᠡᠢ ᠠᠳᠠᠯᠢ᠂ ᠤᠴᠢᠷ ᠶᠠᠪᠤᠳᠠᠯ ᠣᠨ ᠠᠷᠪᠠᠨ ᠤ᠋ ᠶᠢᠰᠦᠨ ᠠᠨᠤ ᠪᠦᠲᠦᠬᠦ ᠦᠭᠡᠢ᠂ ᠡᠳᠦᠷ ᠰᠥᠨᠢ ᠶ᠋ᠢᠨ ᠬᠣᠪᠢᠨ ᠳ᠋ᠤ᠌ ᠰᠡᠳᠬᠢᠯ ᠰᠠᠨᠠᠭ᠎ᠠ ᠠᠮᠤᠷ ᠦᠭᠡᠢ᠂ ᠡᠳ᠋ ᠠᠰᠢᠭ ᠡᠷᠢᠪᠡᠰᠦ ᠬᠣᠭᠣᠰᠣᠨ᠂ ᠵᠠᠷᠭᠤ ᠪᠣᠯᠪᠠᠰᠤ ᠣᠯᠬᠤ ᠦᠭᠡᠢ᠂ ᠡᠪᠡᠳᠴᠢᠨ ᠪᠣᠯᠪᠠᠰᠤ ᠬᠦᠨᠳᠦ᠂ ᠲᠡᠭᠰᠢ ᠭᠠᠵᠠᠷ ᠠ᠋ᠴᠠ ᠰᠠᠯᠬᠢᠨ ᠬᠥᠳᠡᠯᠦᠭᠰᠡᠨ ᠮᠡᠲᠦ ᠠᠶᠤᠯᠲᠤ ᠳᠠᠢᠰᠤᠨ ᠢᠷᠡᠭᠰᠡᠨ ᠯᠦᠭᠡ ᠠᠳᠠᠯᠢ ᠪᠥᠯᠥᠭᠡ᠃   

○○○○○⊕ ᠲᠠᠪᠤᠳᠤᠭᠠᠷ ᠲᠥᠯᠭᠡ : ᠬᠠᠪᠤᠷ ᠤ᠋ᠨ ᠴᠠᠭ ᠡᠪᠡᠰᠦ ᠦᠨᠳᠦᠰᠦᠯᠡᠵᠦ ᠬᠥᠬᠡᠷᠡᠭᠰᠡᠨ ᠮᠡᠲᠦ᠂ ᠡᠳ᠋ ᠠᠰᠢᠭ ᠢ ᠡᠷᠢᠪᠡᠰᠦ ᠪᠦᠲᠦᠬᠦ᠂ ᠬᠣᠢᠲᠤ ᠪᠡᠶ᠎ᠡ ᠳ᠋ᠦ᠍ᠷ ᠴᠡᠴᠡᠭ ᠳᠡᠯᠭᠡᠷᠡᠭᠰᠡᠨ ᠠᠳᠠᠯᠢ᠂ ᠠᠯᠳᠠᠭᠰᠠᠨ ᠶᠠᠭᠤᠮ᠎ᠠ ᠶ᠋ᠢ ᠣᠯᠬᠤ᠂ ᠡᠪᠡᠳᠴᠢᠨ ᠳᠠᠷᠤᠢ ᠡᠳᠡᠭᠡᠷᠡᠬᠦ ᠠᠯᠢᠪᠠ ᠶᠠᠪᠤᠳᠠᠯ ᠥᠯᠵᠡᠢᠲᠡᠢ ᠪᠣᠯᠬᠤ᠂ ᠭᠠᠳᠠᠭᠰᠢ ᠭᠠᠷᠤᠪᠠᠰᠤ ᠡᠳ᠋ ᠦ᠋ᠨ ᠡᠵᠡᠨ ᠲᠡᠳᠬᠦᠮᠦᠢ᠂ ᠺᠦᠩᠮᠢᠩ ᠦ᠋ᠨ ᠵᠢᠯ ᠦ᠋ᠨ ᠶᠠᠪᠤᠳᠠᠯ ᠢ ᠦᠵᠡᠭᠦᠯᠦᠭᠰᠡᠨ ᠲᠥᠯᠭᠡ ᠪᠥᠯᠥᠭᠡ᠃ 

○○○○⊕○ ᠵᠢᠷᠭᠤᠳᠤᠭᠠᠷ ᠲᠥᠯᠭᠡ ᠄ ᠰᠡᠳᠬᠢᠯ ᠢ ᠳᠠᠷᠤᠪᠠᠰᠤ ᠰᠢᠷᠣᠢ ᠠᠯᠲᠠ ᠯᠤᠭ᠎ᠠ ᠠᠳᠠᠯᠢ ᠪᠣᠯᠤᠮᠤᠢ᠂ ᠠᠯᠢᠪᠠ ᠶᠠᠪᠤᠳᠠᠯ ᠰᠠᠨᠠᠭ᠎ᠠ ᠪᠠᠷ ᠪᠦᠲᠦᠬᠦ᠂ ᠠᠯᠳᠠᠷ ᠨᠡᠷ᠎ᠡ ᠣᠯᠬᠤ᠂ ᠡᠳ᠋ ᠠᠰᠢᠭ ᠡᠷᠢᠪᠡᠰᠦ ᠰᠠᠬᠢᠭᠤᠯᠰᠤᠨ ᠲᠡᠳᠬᠦᠬᠦ᠂ ᠵᠣᠪᠠᠯᠠᠩ ᠥᠪᠡᠷ ᠢ᠋ᠶ᠋ᠡᠨ ᠠᠯᠳᠠᠷᠠᠬᠤ᠂ ᠡᠪᠡᠳᠴᠢᠨ ᠰᠠᠢᠨ ᠪᠣᠯᠤᠮᠤᠢ᠂ ᠵᠠᠷᠭᠤ ᠬᠥᠮᠦᠨ ᠬᠡᠯᠡᠯᠴᠡᠵᠦ ᠳᠦᠭᠦᠷᠭᠡᠬᠦ᠂ ᠠᠯᠳᠠᠭᠰᠠᠨ ᠢ᠋ᠶ᠋ᠠᠨ ᠠᠮᠠᠷᠬᠠᠨ ᠣᠯᠬᠤ᠂ ᠡᠨᠡ ᠲᠥᠯᠭᠡ ᠠᠨᠤ ᠠᠭᠠᠷ ᠤ᠋ᠨ ᠨᠠᠷᠠ ᠶ᠋ᠢ ᠬᠠᠯᠠᠭᠯᠠᠭᠰᠠᠨ ᠡᠭᠦᠯᠡ ᠭᠱᠠᠨ᠎ᠠ ᠠᠷᠢᠯᠤᠭᠠᠳ ᠭᠡᠷᠡᠯ ᠰᠠᠴᠤᠷᠠᠭᠰᠠᠨ ᠮᠡᠲᠦ ᠰᠠᠢᠨ ᠪᠥᠯᠥᠭᠡ᠃ 

○○○⊕⊕⊕ ᠳᠣᠯᠣᠳᠤᠭᠠᠷ ᠲᠥᠯᠭᠡ :  ᠡᠳ᠋ ᠠᠰᠢᠭ ᠣᠯᠬᠤ ᠦᠭᠡᠢ᠂ ᠬᠡᠯᠡ ᠠᠮᠠᠨ ᠤ᠋ ᠠᠶᠤᠯ ᠲᠠᠢ᠂ ᠬᠥᠮᠦᠨ ᠳ᠋ᠦ᠍ ᠲᠤᠰᠠ ᠬᠢᠪᠡᠴᠦ ᠪᠡᠶ᠎ᠡ ᠳ᠋ᠦ᠍ᠷ ᠮᠠᠭᠤ ᠢᠷᠡᠬᠦ᠂ ᠵᠠᠷᠭᠤ ᠠᠯᠳᠠᠬᠤ᠂ ᠡᠪᠡᠳᠴᠢᠨ ᠬᠦᠨᠳᠦ᠂ ᠠᠯᠳᠠᠭᠤᠯ ᠣᠯᠬᠤ ᠦᠭᠡᠢ᠂ ᠤᠷᠤᠭ ᠪᠦᠲᠦᠬᠦ ᠦᠭᠡᠢ᠂ ᠶᠠᠮᠠᠷᠪᠠ ᠶᠠᠪᠤᠳᠠᠯ ᠢ ᠰᠡᠷᠡᠮᠵᠢᠯᠡᠬᠦ ᠬᠡᠷᠡᠭᠲᠡᠢ᠂ ᠦᠯᠢᠭᠡᠷᠯᠡᠪᠡᠰᠦ ᠬᠥᠮᠦᠨ ᠤ ᠭᠠᠵᠠᠷ ᠰᠠᠭᠤᠭᠠᠳ ᠬᠡᠷᠡᠭ ᠲᠦ᠍ᠷ ᠣᠷᠣᠭᠰᠠᠨ ᠠᠳᠠᠯᠢ ᠪᠣᠯᠬᠤ ᠲᠤᠯᠠ ᠠᠯᠢᠪᠠ ᠤᠴᠢᠷ ᠶᠠᠪᠤᠳᠠᠯ ᠢ ᠲᠠᠭ ᠵᠣᠭᠰᠣᠬᠤ ᠬᠡᠷᠡᠭᠲᠡᠢ᠂ ᠡᠨᠡ ᠠᠨᠤ ᠶᠡᠬᠡ ᠯᠤᠤ ᠪᠠᠷᠰ ᠲᠤᠷ ᠤᠴᠠᠷᠠᠭᠰᠠᠨ ᠲᠥᠯᠭᠡ ᠪᠥᠯᠥᠭᠡ᠃ 

○○○⊕○○ ᠨᠠᠢ᠍ᠮᠠᠳᠤᠭᠠᠷ ᠲᠥᠯᠭᠡ : ᠠᠯᠠᠭ ᠭᠠᠷᠤᠳᠢ ᠵᠢᠭᠦᠷ ᠪᠠᠢᠪᠠᠴᠤ ᠨᠢᠰᠴᠦ ᠦᠯᠦ ᠴᠢᠳᠠᠬᠤ ᠠᠳᠠᠯᠢ᠂ ᠶᠠᠪᠤᠳᠠᠯ ᠪᠣᠯᠪᠠᠰᠤ ᠬᠥᠮᠦᠨ ᠳ᠋ᠦ᠍ᠷ ᠡᠪᠳᠡᠭᠳᠡᠮᠦᠢ᠂ ᠰᠡᠳᠬᠢᠯ ᠰᠠᠨᠠᠭ᠎ᠠ ᠲᠣᠭᠲᠠᠭᠤᠨ ᠦᠭᠡᠢ᠂ ᠡᠪᠡᠳᠴᠢᠨ ᠬᠦᠨᠳᠦ᠂ ᠠᠯᠳᠠᠭᠤᠯ ᠣᠯᠬᠤ ᠦᠭᠡᠢ᠂ ᠡᠨᠡ ᠠᠨᠤ ᠪᠠᠷᠰ ᠮᠡᠲᠦ ᠰᠠᠢᠨ ᠡᠷ᠎ᠡ ᠪᠣᠯᠪᠠᠴᠤ ᠬᠥᠮᠦᠨ ᠳ᠋ᠦ᠍ᠷ ᠳᠠᠷᠤᠯᠠᠭᠳᠠᠬᠤ ᠬᠡᠢ ᠮᠣᠷᠢ ᠳᠣᠣᠷ᠎ᠠ ᠲᠥᠯᠭᠡ ᠪᠥᠯᠥᠭᠡ᠃ 

⊕○⊕⊕○⊕ ᠶᠢᠰᠦᠳᠦᠭᠡᠷ ᠲᠥᠯᠭᠡ ᠂ ᠤᠰᠤᠨ ᠳ᠋ᠤᠷ ᠰᠢᠪᠠᠭᠤ ᠬᠣᠷᠢᠭᠳᠠᠭᠰᠠᠨ ᠠᠳᠠᠯᠢ ᠵᠢᠭᠦᠷ ᠪᠠᠢᠪᠠᠴᠤ ᠨᠢᠰᠴᠦ ᠴᠢᠳᠠᠬᠤ ᠦᠭᠡᠢ᠂ ᠠᠮᠢᠨ ᠳ᠋ᠤᠷ ᠠᠶᠤᠯ ᠦᠭᠡᠢ ᠪᠣᠯᠪᠠᠴᠤ ᠰᠡᠳᠬᠢᠯ ᠰᠠᠨᠠᠭ᠎ᠠ ᠠᠮᠤᠷ ᠦᠭᠡᠢ᠂ ᠠᠭᠠᠷ ᠲᠡᠭᠷᠢ ᠶ᠋ᠢᠨ ᠨᠠᠷᠠ ᠶ᠋ᠢ ᠡᠭᠦᠯᠡ ᠬᠠᠯᠬᠠᠯᠠᠭᠰᠠᠨ ᠠᠳᠠᠯᠢ᠂ ᠰᠠᠢᠨ ᠮᠠᠭᠤ ᠢᠯᠭᠠᠷᠠᠬᠤ ᠦᠭᠡᠢ᠂ ᠠᠬ᠎ᠠ ᠳᠡᠭᠦᠦ ᠳ᠋ᠦ᠍ᠷ ᠠᠭᠤᠯᠵᠠᠵᠤ ᠴᠢᠳᠠᠬᠤ ᠦᠭᠡᠢ᠂ ᠬᠡᠯᠡ ᠠᠮᠠ ᠶ᠋ᠢᠨ ᠠᠶᠤᠯ ᠲᠠᠢ᠂ ᠡᠳ᠋ ᠠᠰᠢᠭ ᠣᠯᠬᠤ ᠦᠭᠡᠢ᠂ ᠡᠪᠡᠳᠴᠢᠨ ᠬᠦᠨᠳᠦ᠂ ᠤᠷᠤᠭ ᠪᠦᠲᠦᠬᠦ ᠦᠭᠡᠢ ᠂ ᠭᠠᠳᠠᠭᠰᠢ ᠭᠠᠷᠤᠭᠰᠠᠨ ᠬᠥᠮᠦᠨ ᠳ᠋ᠦ᠍ ᠠᠶᠤᠯ ᠲᠠᠢ ᠂ ᠬᠤᠪᠠᠬᠠᠢ ᠵᠦᠯᠭᠡᠨ ᠳ᠋ᠦ᠍ ᠬᠣᠷᠢᠭᠳᠠᠭᠰᠠᠨ ᠲᠥᠯᠭᠡ ᠪᠥᠯᠥᠭᠡ᠃ 

⊕○⊕○○○ ᠠᠷᠪᠠᠳᠤᠭᠠᠷ ᠲᠥᠯᠭᠡ : ᠬᠤᠪᠠᠬᠠᠢ ᠮᠣᠳᠣᠨ ᠳ᠋ᠤᠷ ᠵᠣᠪᠠᠯᠠᠩ ᠬᠠᠳᠠᠭᠠᠯᠠᠭᠰᠠᠨ ᠲᠥᠯᠭᠡ᠂ ᠵᠢᠯ ᠦ᠋ᠨ ᠶᠠᠪᠤᠳᠠᠯ ᠰᠠᠨᠠᠭ᠎ᠠ ᠪᠠᠷ ᠪᠦᠲᠦᠬᠦ ᠦᠭᠡᠢ᠂ ᠳᠠᠯᠳᠠ ᠬᠥᠮᠦᠨ ᠤ ᠬᠣᠣᠷ ᠢᠷᠡᠬᠦ᠂ ᠠᠯᠳᠠᠭᠤᠯ ᠣᠯᠬᠤ ᠦᠭᠡᠢ᠂ ᠵᠠᠷᠭᠤ ᠳᠡᠢᠯᠦᠭᠳᠡᠬᠦ᠂ ᠡᠪᠡᠳᠴᠢᠨ ᠬᠦᠨᠳᠦ᠂ ᠭᠠᠳᠠᠭᠰᠢ ᠭᠠᠷᠤᠭᠰᠠᠨ ᠬᠥᠮᠦᠨ ᠰᠠᠭᠠᠳᠠᠯᠲᠠᠢ᠂ ᠤᠷᠤᠭ ᠪᠦᠲᠦᠬᠦ ᠦᠭᠡᠢ᠂ ᠠᠩᠬ᠎ᠠ ᠨᠢᠭᠡᠨ ᠪᠢᠴᠢᠭ ᠦ᠋ᠨ ᠬᠥᠮᠦᠨ ᠦᠵᠡᠭᠦᠯᠪᠡᠰᠦ ᠡᠨᠡ ᠲᠥᠯᠭᠡ ᠪᠠᠭᠤᠭᠰᠠᠨ ᠪᠥᠯᠥᠭᠡ᠃