ᠥᠯᠥᠨ ᠬᠢᠶᠠᠭӨлөн хиаг

ᠥᠯᠥᠨ ᠬᠢᠶᠠᠭ (ᠳᠥᠩᠭᠡ)
ᠦᠶᠡᠲᠦ ᠤᠷᠭᠤᠮᠠᠯ ᠤ᠋ᠨ ᠢᠵᠠᠭᠤᠷ
ᠣᠯᠠᠨ ᠨᠠᠰᠤᠲᠤ ᠡᠪᠡᠰᠦᠯᠢᠭ ᠤᠷᠭᠤᠮᠠᠯ᠂ ᠦᠨᠳᠦᠰᠦᠯᠢᠭ ᠡᠰᠢ ᠲᠡᠢ᠂ ᠰᠠᠬᠠᠯ ᠦᠨᠳᠦᠰᠦ ᠲᠡᠢ᠃ ᠰᠦᠷᠡᠯ ᠨᠢ ᠰᠢᠯᠤᠭᠤᠨ᠂ ᠬᠠᠲᠠᠭᠤ᠂ ᠭᠠᠭᠴᠠᠭᠠᠷ ᠪᠤᠶᠤ ᠰᠡᠢᠷᠡᠭᠬᠡᠨ ᠪᠤᠲᠠᠯᠠᠵᠤ ᠤᠷᠭᠤᠨ᠎ᠠ᠂ 45—90cm ᠥᠨᠳᠥᠷ᠂2—3 ᠦᠶ᠎ᠡ ᠲᠡᠢ᠂ ᠳᠡᠭᠡᠳᠦ ᠬᠡᠰᠡᠭ ᠲᠤᠨᠢ ᠨᠢᠭ ᠵᠥᠭᠡᠯᠡᠨ ᠦᠰᠦ ᠲᠡᠢ᠂ ᠤᠭ ᠲᠤᠨᠢ ᠬᠤᠪᠠᠬᠠᠢᠷᠠᠭᠰᠠᠨ ᠨᠠᠪᠴᠢᠨ ᠤ᠋ ᠰᠢᠷᠬᠡᠭ ᠮᠡᠲᠦ ᠲᠣᠭᠳᠣᠢ ᠶ᠋ᠢᠨ ᠦᠯᠡᠳᠡᠭᠳᠡᠯ ᠣᠯᠠᠨ ᠪᠣᠢ᠃ ᠨᠠᠪᠴᠢ ᠨᠢ8—30cm ᠤᠷᠲᠤ᠂ 4—7mm ᠥᠷᠭᠡᠨ᠂ ᠲᠡᠭᠰᠢᠬᠡᠨ ᠬᠠᠪᠲᠠᠭᠠᠢ ᠪᠤᠶᠤ ᠭᠠᠩ ᠬᠠᠭᠤᠷᠠᠢ ᠪᠣᠯᠪᠠᠯ ᠳᠣᠲᠣᠭᠰᠢ ᠬᠤᠮᠢᠷᠠᠨ᠎ᠠ᠂ ᠳᠡᠭᠡᠳᠦ ᠲᠠᠯ᠎ᠠ ᠪᠣᠯᠤᠨ ᠬᠥᠪᠡᠭᠡ ᠨᠢ ᠠᠷᠵᠠᠭᠠᠷ ᠮᠥᠷᠲᠡᠭᠡᠨ ᠣᠬᠣᠷ ᠦᠰᠦ ᠲᠡᠢ᠃ ᠲᠦᠷᠦᠭᠦᠦ ᠬᠡᠯᠪᠡᠷᠢᠲᠦ ᠪᠠᠭ ᠴᠡᠴᠡᠭ ᠨᠢ ᠰᠢᠯᠤᠭᠤᠨ ᠤᠷᠭᠤᠨ᠎ᠠ᠂ 10—15cm ᠤᠷᠲᠤ᠂ 8—10mm ᠥᠷᠭᠡᠨ᠂ ᠴᠠᠢᠪᠤᠷ ᠨᠣᠭᠣᠭᠠᠨ ; ᠲᠦᠷᠦᠭᠦᠦ ᠶ᠋ᠢᠨ ᠲᠡᠩᠭᠡᠯᠢᠭ᠂ ᠵᠢᠵᠢᠭ ᠲᠦᠷᠦᠭᠦᠦ ᠶ᠋ᠢᠨ ᠲᠡᠩᠭᠡᠯᠢᠭ᠂ ᠭᠠᠳᠠᠷ ᠬᠡᠪᠡᠭ ᠨᠢ ᠪᠦᠷ ᠣᠬᠣᠷ ᠦᠰᠦ ᠲᠡᠢ (ᠭᠠᠳᠠᠷ ᠬᠡᠪᠡᠭ ᠨᠢ ᠬᠠᠶᠠ ᠦᠰᠦ ᠦᠭᠡᠢ) ; ᠵᠢᠵᠢᠭ ᠲᠦᠷᠦᠭᠦᠦ ᠨᠢ10—15mm ᠤᠷᠲᠤ᠂4—7 ᠴᠡᠴᠡᠭ ᠲᠡᠢ᠂ ᠲᠦᠷᠦᠭᠦᠦ ᠶ᠋ᠢᠨ ᠲᠡᠩᠭᠡᠯᠢᠭ ᠦ᠋ᠨ ᠦᠶ᠎ᠡ ᠪᠦᠷᠢ ᠳ᠋ᠦ᠍ 2—4 ᠵᠢᠵᠢᠭ ᠲᠦᠷᠦᠭᠦᠦ ᠤᠷᠭᠤᠳᠠᠭ ; ᠬᠠᠯᠢᠰᠤ ᠨᠢ ᠰᠢᠪᠦᠭᠡᠨ ᠬᠡᠯᠪᠡᠷᠢ ᠲᠡᠢ᠂ ᠰᠤᠷ ᠮᠡᠲᠦ ᠦᠵᠦᠭᠦᠷ ᠲᠡᠢ᠂ ᠨᠢᠭᠡ ᠰᠤᠳᠠᠯ ᠲᠠᠢ᠂ ᠰᠣᠷᠮᠤᠤᠰᠤ ᠦᠰᠦᠲᠦ ᠬᠥᠪᠡᠭᠡ ᠲᠡᠢ᠂ ᠭᠠᠳᠠᠷ ᠬᠡᠪᠡᠭ ᠦ᠋ᠨ ᠶᠠᠭ ᠠᠷᠤ ᠠ᠋ᠴᠠ ᠨᠢ ᠪᠦᠷᠬᠦᠵᠦ ᠤᠷᠭᠤᠭᠰᠠᠨ ᠦᠭᠡᠢ ᠲᠤᠯᠠ ᠭᠠᠳᠠᠷ ᠬᠡᠪᠡᠭ ᠦ᠋ᠨ ᠤᠭ ᠤ᠋ᠨ ᠬᠡᠰᠡᠭ ᠨᠢ ᠢᠯᠡ ᠭᠠᠷᠳᠠᠭ ; ᠨᠢᠭᠡᠳᠦᠭᠡᠷ ᠬᠠᠯᠢᠰᠤ ᠨᠢ ᠬᠣᠶᠠᠳᠤᠭᠠᠷ ᠬᠠᠯᠢᠰᠤ ᠠ᠋ᠴᠠ ᠪᠠᠨ ᠣᠬᠣᠷ᠂ ᠪᠠᠷᠤᠭ 8—12mm ᠤᠷᠲᠤ ; ᠭᠠᠳᠠᠷ ᠬᠡᠪᠡᠭ ᠨᠢ ᠬᠠᠪᠲᠠᠭᠠᠢ ᠲᠡᠪᠡᠨᠡ ᠬᠡᠯᠪᠡᠷᠢ ᠲᠡᠢ᠂ᠱᠣᠪᠲᠣᠭᠣᠷ ᠦᠵᠦᠭᠦᠷ ᠲᠡᠢ ᠪᠤᠶᠤ 1—3mm ᠤᠷᠲᠤ ᠰᠤᠷ ᠲᠠᠢ᠃ᠰᠠᠭᠤᠷᠢ ᠲᠠᠪᠠᠭ ᠨᠢ1mm ᠬᠢᠷᠢ ᠤᠷᠲᠤ ᠦᠰᠦ ᠲᠡᠢ ; ᠳᠣᠲᠣᠷ ᠬᠡᠪᠡᠭ ᠨᠢ ᠣᠨᠢ ᠪᠦᠬᠦᠢ ᠦᠵᠦᠭᠦᠷ ᠲᠡᠢ ; ᠲᠣᠭᠣᠰᠣᠪᠴᠢ ᠨᠢ 3.5—4mm ᠤᠷᠲᠤ᠃
ᠪᠠᠬᠠᠨ ᠴᠢᠭᠢᠭᠲᠡᠢ ᠬᠡᠭᠡᠷ᠎ᠡ ᠲᠠᠯ᠎ᠠ᠂ ᠵᠠᠮ ᠤ᠋ᠨ ᠬᠠᠵᠠᠭᠤ᠂ ᠡᠯᠡᠰᠦᠷᠬᠡᠭ ᠭᠠᠵᠠᠷ᠂ ᠲᠠᠷᠢᠶᠠᠨ ᠳᠤᠮᠳᠠ᠂ ᠭᠣᠣᠯ ᠤ᠋ᠨ ᠬᠥᠪᠡᠭᠡ ᠪᠡᠷ ᠤᠷᠭᠤᠨ᠎ᠠ᠃
ᠮᠠᠨ ᠤ᠋ ᠤᠯᠤᠰ ᠤ᠋ᠨ ᠥᠪᠥᠷ ᠮᠣᠩᠭᠣᠯ᠂ ᠾᠧᠪᠧᠢ᠂ ᠱᠠᠨ ᠰᠢ ᠱᠠᠰᠢ᠂ ᠰᠧᠴᠤᠸᠠᠨ᠂ ᠭᠠᠨᠰᠦ᠂ ᠬᠥᠬᠡᠨᠠᠭᠤᠷ ᠬᠢᠭᠡᠳ ᠵᠡᠭᠦᠨ ᠬᠣᠢᠲᠤ ᠣᠷᠣᠨ ᠳ᠋ᠤ᠌ ᠤᠷᠭᠤᠳᠠᠭ᠃
ᠪᠣᠷᠳᠣᠭ᠎ᠠ ᠡᠪᠡᠰᠦ᠃ ᠤᠰᠤ ᠰᠢᠷᠣᠢ ᠶ᠋ᠢ ᠬᠠᠮᠠᠭᠠᠯᠠᠬᠤ ᠪᠤᠶᠤ ᠡᠯᠡᠰᠦ ᠲᠣᠭᠲᠠᠭᠠᠬᠤ ᠨᠢ ᠰᠠᠢᠨ᠃
ᠬᠢᠲᠠᠳ ᠨᠡᠷ᠎ᠡ᠄赖草
ᠠᠩᠭ᠌ᠯᠢ ᠨᠡᠷ᠎ᠡ᠄ Leymus secalinus (Georgi) Tzvel.
ᠦᠰᠦᠭ ᠠᠮᠢᠯᠠᠭᠤᠯᠤᠭᠴᠢ᠄ ᠳ᠂ ᠡᠷᠬᠢᠮᠪᠠᠭᠠᠲᠤᠷ
ᠬᠢᠨᠠᠭᠴᠢ᠄ ᠫᠣ· ᠴᠠᠭᠠᠨ
