ᠪᠣᠭᠳᠠ ᠯᠣᠣᠶᠠ ᠶ᠋ᠢᠨ ᠪᠦᠷᠢᠨ ᠲᠥᠯᠭᠡ 91~100 Богд лууяны бүрэн төлөг 91~100
ᠶᠡᠷᠡᠨ ᠨᠢᠭᠡᠳᠦᠭᠡᠷ ᠲᠥᠯᠭᠡ : ᠬᠠᠷᠠᠭᠴᠢᠨ ᠬᠥᠬᠡ᠂ ᠳᠤᠮᠳᠠ ᠲᠡᠭᠰᠢ᠂ ᠲᠥᠯᠭᠡ ᠶ᠋ᠢᠨ ᠪᠡᠯᠭᠡ ᠠᠨᠤ : ᠵᠣᠣ ᠽᠢ ᠯᠦᠩ ᠲᠠᠢᠽᠢ ᠶ᠋ᠢ ᠡᠪᠦᠷᠯᠡᠭᠰᠡᠨ : ᠪᠤᠷᠬᠠᠨ ᠵᠠᠷᠯᠢᠭ ᠲᠤᠷ ᠬᠤᠮᠠᠬᠢ ᠲᠤᠩᠭᠠᠵᠤ ᠠᠯᠲᠠᠨ ᠢ ᠦᠵᠡᠮᠦᠢ ᠬᠡᠮᠡᠵᠦᠬᠦᠢ᠂ ᠮᠡᠷᠭᠡᠳ ᠰᠠᠢᠳ ᠴᠢ ᠰᠡᠳᠬᠢᠯ ᠢ᠋ᠶ᠋ᠡᠨ ᠰᠠᠢᠲᠤᠷ ᠴᠢᠩᠭᠠᠳᠬᠠᠵᠤ ᠬᠦᠴᠦᠯᠡᠬᠦ ᠬᠡᠷᠡᠭᠲᠡᠢ᠂ ᠪᠠᠶᠠᠨ ᠡᠷᠭᠢᠨ ᠢᠮᠠᠭᠲᠠ ᠪᠢᠴᠢᠭ ᠰᠢᠯᠦᠭ ᠡᠴᠡ ᠲᠤᠰᠠ ᠭᠠᠷᠬᠤ ᠲᠤᠯᠠ᠂ ᠲᠠᠩᠰᠤᠭ ᠪᠣᠯᠤᠭᠰᠠᠨ ᠭᠠᠪᠢᠶ᠎ᠠ ᠬᠦᠴᠦᠨ ᠢ ᠡᠳᠦᠭᠡ ᠨᠠᠷᠢᠪᠴᠢᠯᠠᠨ ᠡᠷᠢᠲᠦᠭᠡᠢ᠃
ᠪᠣᠭᠳᠠ ᠶ᠋ᠢᠨ ᠲᠠᠭᠠᠯᠠᠯ : ᠨᠡᠷ᠎ᠡ ᠠᠰᠢᠭ ᠢ ᠡᠷᠢᠭᠴᠢᠳ ᠬᠢᠴᠢᠶᠡᠬᠦ ᠵᠣᠪᠠᠬᠤᠢ ᠪᠣᠢ᠂ ᠵᠠᠷᠭᠤ ᠳ᠋ᠤᠷ ᠵᠣᠪᠠᠪᠠᠴᠤ ᠡᠴᠦᠰ ᠲᠦ᠍ᠷ ᠭᠡᠮ ᠦᠭᠡᠢ᠂ ᠤᠷᠤᠭ ᠪᠣᠯᠬᠤ ᠶ᠋ᠢ ᠠᠰᠠᠭᠤᠪᠠᠰᠤ ᠨᠥᠬᠥᠷ ᠡᠴᠡ ᠡᠷᠢᠲᠦᠭᠡᠢ᠂ ᠶᠠᠪᠤᠳᠠᠯ ᠤ᠋ᠨ ᠬᠥᠮᠦᠨ ᠭᠤᠷᠪᠠᠨ ᠵᠢᠷᠭᠤᠭᠠᠨ ᠶᠢᠰᠦᠨ᠎ᠡ ᠢᠷᠠᠮᠤ᠃
ᠲᠠᠢᠯᠪᠤᠷᠢ ᠥᠭᠦᠯᠡᠯ : ᠡᠨᠡ ᠲᠥᠯᠭᠡ ᠳ᠋ᠦ᠍ᠷ ᠭᠠᠪᠢᠶ᠎ᠠ ᠨᠡᠷ᠎ᠡ ᠶ᠋ᠢ ᠠᠰᠠᠭᠤᠪᠠᠰᠤ ᠵᠣᠪᠠᠨ ᠬᠢᠴᠢᠶᠡᠪᠡᠰᠦ ᠰᠠᠶᠢ ᠣᠯᠤᠮᠤᠢ ᠃ ᠵᠠᠷᠭᠤ ᠳ᠋ᠤᠷ ᠬᠡᠳᠦᠢ ᠵᠣᠪᠠᠪᠠᠴᠤ ᠡᠷᠬᠡᠪᠰᠢ ᠨᠠᠮᠬᠠᠷᠠᠮᠤᠢ᠂ ᠶᠠᠪᠤᠳᠠᠯ ᠤ᠋ᠨ ᠬᠥᠮᠦᠨ ᠮᠡᠳᠡᠭᠡ ᠦᠭᠡᠢ᠂ ᠡᠪᠡᠳᠴᠢᠲᠡᠨ ᠠᠮᠤᠷᠵᠢᠬᠤᠶᠠ ᠪᠡᠷᠬᠡ᠂ ᠴᠢᠳᠬᠥᠷ ᠲᠡᠢ᠂ ᠪᠤᠶᠠᠨ ᠢ ᠦᠢᠯᠡᠳ᠂ ᠠᠯᠢᠪᠠ ᠬᠡᠷᠡᠭ ᠢ ᠬᠢᠴᠢᠶᠡᠩᠭᠦᠢᠯᠡᠨ ᠰᠠᠬᠢᠲᠤᠭᠠᠢ᠃
ᠰᠠᠨᠠᠭ᠎ᠠ ᠲᠠᠢᠯᠤᠭᠰᠠᠨ : ᠤᠷᠢᠳᠠ ᠬᠡᠳᠦᠢ ᠪᠡᠷᠬᠡ ᠪᠣᠯᠪᠠᠴᠤ ᠬᠣᠵᠢᠮ ᠳ᠋ᠠᠭᠠᠨ ᠬᠢᠯᠪᠠᠷ ᠨᠡᠷ᠎ᠡ ᠠᠰᠢᠭ ᠪᠥᠭᠡᠰᠦ ᠴᠠᠭᠠᠨ ᠴᠠᠭᠠᠭᠴᠢᠨ ᠵᠢᠯ ᠰᠠᠷ᠎ᠠ ᠡᠳᠦᠷ ᠲᠣᠷ ᠪᠦᠲᠦᠮᠦᠢ᠃ ᠠᠯᠢᠪᠠ ᠦᠯᠠ ᠳ᠋ᠤᠷ ᠬᠦᠴᠦᠯᠡᠨ ᠬᠢᠴᠢᠶᠡᠬᠦ ᠬᠡᠷᠡᠭ ᠲᠡᠢ᠂ ᠦᠯᠢᠭᠡᠷᠯᠡᠪᠡᠰᠦ ᠬᠤᠮᠠᠬᠢ ᠠᠴᠠ ᠠᠯᠲᠠᠨ ᠲᠤᠩᠭᠠᠬᠤ ᠮᠡᠲᠦ ᠲᠤᠩᠭᠠᠪᠠᠰᠤ ᠣᠯᠤᠮᠤ᠂ ᠦᠭᠡᠢ ᠪᠥᠭᠡᠰᠦ ᠳᠠᠷᠤᠭᠳᠠᠵᠤ᠂ ᠦᠵᠡᠭᠦᠯᠦᠭᠴᠢᠳ ᠠᠯᠢᠪᠠ ᠬᠡᠷᠡᠭ ᠲᠣᠷ ᠡᠷᠬᠡᠪᠰᠢ ᠪᠡᠷᠬᠡᠰᠢᠶᠡᠯ ᠣᠯᠠᠨ ᠲᠣᠬᠢᠶᠠᠯᠳᠤᠵᠤ ᠮᠠᠰᠢ ᠵᠣᠪᠠᠨ ᠬᠢᠴᠢᠶᠡᠪᠡᠰᠦ ᠰᠠᠨᠠᠭᠰᠠᠨ ᠰᠡᠳᠬᠢᠭᠰᠡᠨ ᠰᠠᠶᠢ ᠨᠡᠪᠲᠡᠷᠡᠨ ᠳᠡᠯᠭᠡᠷᠡᠭᠡᠳ᠂ ᠬᠡᠷᠡᠭ ᠣᠴᠢᠷ ᠳᠤᠭᠤᠢ ᠪᠣᠯᠪᠠᠰᠤᠷᠠᠵᠤ ᠲᠡᠭᠷᠢ ᠢᠪᠡᠭᠡᠭᠡᠳ ᠬᠥᠮᠦᠨ ᠤ ᠰᠡᠳᠬᠢᠯ ᠢ ᠳᠠᠭᠠᠬᠤ ᠪᠣᠯᠠᠢ᠃
ᠪᠡᠯᠭᠡ ᠶ᠋ᠢᠨ ᠲᠣᠬᠢᠶᠠᠯᠳᠤᠪᠤᠷᠢ : ᠨᠢᠭᠡᠨ ᠬᠥᠮᠦᠨ ᠤ ᠬᠥᠪᠡᠭᠦᠨ ᠢᠨᠦ ᠴᠡᠭᠡᠷ ᠭᠠᠷᠴᠤ ᠬᠦᠨᠳᠦ ᠪᠠᠢᠬᠤᠢ ᠳ᠋ᠤᠷ ᠡᠮᠴᠢ ᠢᠨᠤ ᠠᠯᠲᠠᠨ ᠰᠢᠭᠦᠰᠦᠨ ᠤᠤᠭᠤᠯᠭᠠᠰᠤᠭᠠᠢ ᠬᠡᠮᠡᠭᠡᠳ ᠪᠠᠰᠠ ᠲᠠᠰᠤᠯᠠᠨ ᠴᠢᠳᠠᠬᠤ ᠦᠭᠡᠢ ᠳ᠋ᠡᠭᠡᠨ ᠦᠵᠡᠭᠦᠯᠪᠡᠰᠦ ᠡᠨᠡ ᠲᠥᠯᠭᠡ ᠪᠠᠭᠤᠵᠤᠬᠤᠢ ᠂ ᠰᠢᠯᠦᠭ ᠦ᠋ᠨ ᠦᠭᠡᠨ ᠳ᠋ᠦ᠍ ᠠᠯᠲᠠᠨ ᠬᠡᠮᠡᠬᠦ ᠦᠰᠦᠭ ᠪᠣᠢ ᠲᠤᠯᠠ ᠠᠯᠲᠠᠨ ᠰᠢᠭᠦᠰᠦᠨ ᠢ ᠤᠤᠭᠤᠯᠭᠠᠭᠠᠳ ᠰᠠᠷ᠎ᠠ ᠢᠯᠡᠭᠦᠦ ᠵᠠᠰᠠᠵᠤ ᠠᠮᠤᠷᠵᠢᠭᠤᠯᠪᠠᠢ᠂ ᠠᠯᠲᠠᠨ ᠰᠢᠭᠦᠰᠦᠨ ᠬᠡᠮᠡᠭᠴᠢ ᠬᠥᠮᠦᠨ ᠤ ᠬᠥᠰᠡᠷ ᠢ ᠲᠤᠩᠭᠠᠭᠰᠠᠨ ᠲᠤᠩᠭᠠᠯᠠᠭ ᠰᠢᠭᠦᠰᠦᠨ ᠪᠣᠯᠠᠢ᠃
ᠶᠡᠷᠡᠨ ᠬᠣᠶᠠᠳᠤᠭᠠᠷ ᠲᠥᠯᠭᠡ : ᠬᠠᠷᠠᠭᠴᠢᠨ ᠬᠥᠬᠡᠭᠴᠢᠨ ᠳᠣᠣᠷ᠎ᠠ ᠶ᠋ᠢᠨ ᠳᠣᠣᠷ᠎ᠠ᠂ ᠲᠥᠯᠭᠡ ᠶ᠋ᠢᠨ ᠪᠡᠯᠭᠡ ᠠᠨᠤ : ᠬᠤ᠌ ᠰᠣ ᠬᠠᠨ ᠤᠯᠤᠰ ᠢ ᠵᠠᠰᠠᠭᠰᠠᠨ : ᠡᠨᠡ ᠵᠢᠯ ᠦ᠋ᠨ ᠲᠠᠷᠢᠶᠠᠨ ᠲᠥᠮᠦᠰᠦᠨ ᠨᠢᠳᠤᠨᠤᠨ ᠳᠤ ᠬᠦᠷᠬᠦ ᠦᠭᠡᠢ᠂ ᠶᠠᠭᠤᠮᠠᠨ ᠤ᠋ ᠦᠨ᠎ᠡ ᠬᠥᠭᠵᠢᠨ ᠨᠡᠮᠡᠵᠦ ᠬᠡᠳᠦᠨ ᠬᠤᠪᠢ ᠪᠣᠯᠪᠠᠢ᠂ ᠬᠢᠵᠢᠭ ᠡᠪᠡᠳᠴᠢᠨ ᠳᠡᠯᠭᠡᠷᠡᠵᠦ ᠠᠶᠤᠯ ᠵᠣᠪᠠᠯᠠᠩ ᠣᠯᠠᠨ ᠪᠣᠯᠤᠭᠰᠠᠨ ᠠᠨᠤ᠂ ᠡᠪᠦᠯ ᠦᠨ ᠲᠤᠢᠯ ᠤ᠋ᠨ ᠴᠠᠭ ᠪᠣᠯᠪᠠᠰᠤ ᠰᠠᠶᠢ ᠨᠠᠮᠠᠨᠷᠠᠨ ᠡᠩᠬᠡᠵᠢᠬᠦ ᠪᠣᠯᠠᠢ᠃
ᠪᠣᠭᠳᠠ ᠶ᠋ᠢᠨ ᠲᠠᠭᠠᠯᠠᠯ : ᠵᠠᠷᠭᠤ ᠵᠠᠭᠠᠯᠢ ᠰᠠᠮᠠᠭᠤᠷᠠᠭᠠᠳ ᠤᠲᠠᠭᠠᠨ ᠠᠯᠳᠠᠷᠠᠮᠤᠢ᠂ ᠡᠪᠡᠳᠴᠢᠨ ᠡᠮᠭᠡᠭ ᠦᠯᠡᠮᠵᠢ ᠡᠴᠦᠰ ᠲᠦ᠍ᠷ ᠬᠡᠮ ᠦᠭᠡᠢ ᠡᠳ᠋ ᠲᠠᠲᠠᠷ ᠪᠡᠷᠬᠡ ᠴᠠᠭ ᠢ ᠳᠠᠭᠠᠵᠤ ᠬᠦᠯᠢᠶᠡᠲᠦᠭᠡᠢ᠂ ᠵᠢᠷᠮᠦᠰᠦᠨ ᠬᠥᠪᠡᠭᠦᠨ ᠬᠥᠩᠭᠡᠵᠢᠮᠦᠢ ᠪᠤᠶᠠᠨ ᠠᠷᠪᠢᠳᠤᠮᠤᠢ᠃
ᠲᠠᠢᠯᠪᠤᠷᠢ ᠥᠭᠦᠯᠡᠯ : ᠡᠨᠡ ᠲᠥᠯᠭᠡ ᠳ᠋ᠦ᠍ᠷ ᠡᠳ᠋ ᠡᠷᠢᠪᠡᠰᠦ ᠡᠳᠦᠭᠡᠬᠢ ᠢᠨᠦ ᠤᠷᠢᠳᠠ ᠳ᠋ᠤᠷ ᠬᠦᠷᠬᠦ ᠦᠭᠡᠢ᠂ ᠬᠡᠯᠡ ᠠᠮᠠ ᠶ᠋ᠢ ᠰᠡᠷᠡᠮᠵᠢᠯᠡ᠂ ᠡᠪᠡᠳᠴᠢᠨ ᠤᠳᠠᠭᠠᠨ ᠳ᠋ᠠᠭᠠᠨ ᠬᠡᠢ ᠮᠣᠷᠢᠨ ᠳᠣᠣᠷ᠎ᠠ᠂ ᠡᠳᠦᠭᠡ ᠮᠠᠭᠤ ᠪᠣᠯᠪᠠᠴᠤ ᠡᠪᠦᠯ ᠦ᠋ᠨ ᠲᠤᠢᠯ ᠳ᠋ᠤᠷ ᠤᠯᠠᠮ ᠡᠩᠬᠡᠵᠢᠬᠦ᠂ ᠵᠠᠷᠭᠤ ᠤᠳᠠᠭᠠᠨ ᠳ᠋ᠠᠭᠠᠨ ᠠᠯᠳᠠᠷᠠᠬᠤ᠂ ᠤᠷᠤᠭ ᠤᠲᠠᠭᠠᠨ ᠪᠦᠲᠦᠬᠦ᠂ ᠶᠠᠪᠤᠳᠠᠯ ᠤ᠋ᠨ ᠬᠥᠮᠦᠨ ᠮᠡᠳᠡᠭᠡ ᠦᠭᠡᠢ᠂ ᠡᠪᠡᠳᠴᠢᠨ ᠭᠡᠮ ᠦᠭᠡᠢ᠂ ᠠᠯᠢᠪᠠ ᠬᠡᠷᠡᠭ ᠬᠣᠵᠢᠮ ᠳ᠋ᠠᠭᠠᠨ ᠰᠠᠢᠨ᠃
ᠰᠠᠨᠠᠭ᠎ᠠ ᠲᠠᠢᠯᠤᠭᠰᠠᠨ : ᠢᠮᠠᠭᠲᠠ ᠬᠢᠴᠢᠶᠡᠨ ᠰᠠᠬᠢᠲᠤᠭᠠᠢ ᠬᠥᠩᠭᠡᠨ ᠢ᠋ᠶ᠋ᠡᠷ ᠪᠦᠦ ᠬᠦᠳᠡᠯᠡ᠂ ᠡᠪᠦᠯ ᠦᠨ ᠲᠤᠢᠯ ᠪᠣᠯᠪᠠᠰᠤ ᠵᠢᠷᠭᠠᠯᠠᠩ ᠢᠷᠡᠵᠦ ᠵᠣᠪᠠᠯᠠᠩ ᠠᠷᠢᠯᠤᠮᠤ᠂ ᠦᠵᠡᠭᠦᠯᠦᠭᠴᠢᠳ ᠣᠳᠣ ᠠ᠋ᠴᠠ ᠪᠠᠷᠢᠵᠤ ᠠᠯᠢ ᠤᠯᠠᠷᠢᠯ ᠤ᠋ᠨ ᠬᠠᠯᠠᠬᠤ ᠡᠬᠢ ᠪᠣᠯᠪᠠᠯ ᠪᠣᠯᠣᠮᠣᠷ᠃
ᠪᠡᠯᠭᠡ ᠵᠠ ᠲᠣᠬᠢᠶᠠᠯᠳᠤᠪᠤᠷᠢ : ᠴᠢᠮᠡᠭ ᠵᠢᠮᠰᠡᠭ ᠬᠤᠳᠠᠯᠳᠤᠭᠴᠢ ᠨᠢᠭᠡᠨ ᠬᠥᠮᠦᠨ ᠥᠭᠡᠷ᠎ᠡ ᠬᠤᠳᠠᠯᠳᠤᠭᠠᠨ ᠬᠢᠰᠦᠭᠡᠢ ᠭᠡᠮᠡᠨ ᠦᠵᠡᠭᠦᠯᠪᠡᠰᠦ ᠡᠨᠡ ᠲᠥᠯᠭᠡ ᠪᠠᠭᠤᠵᠤᠬᠤᠢ᠃ ᠲᠡᠨᠳᠡᠴᠡ ᠮᠥᠨ ᠬᠠᠭᠤᠴᠢᠨ ᠬᠤᠳ᠋ᠠᠯᠳᠤᠭᠠᠨ ᠢ᠋ᠶ᠋ᠠᠨ ᠲᠡᠪᠴᠢᠭᠰᠡᠨ ᠦᠭᠡᠢ ᠪᠠᠢᠲᠠᠯ᠎ᠠ ᠡᠪᠦᠯ ᠦ᠋ᠨ ᠲᠤᠢᠯ ᠠ᠋ᠴᠠ ᠬᠣᠢᠰᠢ ᠭᠡᠨᠡᠳᠲᠡ ᠥᠬᠢᠨ ᠥᠭᠬᠦ ᠪᠡᠷᠢ ᠠᠪᠬᠤ ᠣᠯᠠᠨ ᠪᠣᠯᠵᠤ ᠬᠤᠳᠠᠯᠳᠤᠭᠠᠨ ᠮᠠᠰᠢ ᠶᠡᠬᠡ ᠭᠠᠷᠤᠭᠠᠳ ᠠᠰᠢᠭ ᠶᠡᠬᠡ ᠣᠯᠪᠠᠢ᠂ ᠡᠨᠡ ᠠᠨᠤ ᠰᠢᠯᠦᠭ ᠦ᠋ᠨ ᠬᠣᠶᠠᠳᠤᠭᠠᠷ ᠦᠭᠡᠨ ᠯᠦ᠍ᠭᠡ ᠲᠣᠬᠢᠶᠠᠯᠳᠤᠵᠤᠬᠤᠢ᠃
ᠶᠡᠷᠡᠨ ᠭᠤᠷᠪᠠᠳᠤᠭᠠᠷ ᠲᠥᠯᠭᠡ : ᠬᠠᠷᠠᠭᠴᠢᠨ ᠤᠯᠠᠭᠠᠨ᠂ ᠳᠤᠮᠳᠠ ᠲᠡᠭᠰᠢ᠂ ᠲᠥᠯᠭᠡ ᠶ᠋ᠢᠨ ᠪᠡᠯᠭᠡ ᠠᠨᠤ᠂ ᠰᠤᠤ ᠺᠠᠩ ᠵᠢᠶᠧ ᠠᠷᠭ᠎ᠠ ᠪᠢᠯᠢᠭ ᠲᠣᠭᠲᠠᠭᠰᠠᠨ : ᠡᠨᠡ ᠬᠠᠪᠤᠷ ᠲᠠᠭᠠᠨ ᠬᠤᠷ᠎ᠠ ᠤᠰᠤᠨ ᠨᠡᠩ ᠵᠦᠰᠦᠷᠡᠭᠰᠡᠨ ᠪᠢᠯᠡ᠂ ᠵᠢᠯ ᠣᠷᠣᠭᠠᠳ ᠴᠡᠯᠭᠡᠷᠡᠨ ᠠᠷᠢᠯᠵᠤ ᠬᠠᠷᠢᠨ ᠳᠤᠲᠠᠭᠤ ᠪᠣᠯᠪᠠ᠂ ᠴᠠᠭ ᠤᠯᠠᠷᠢᠵᠤ᠂ ᠭᠤᠷᠪᠠᠨ ᠨᠢᠭᠤᠳᠠᠯ ᠲᠠᠬᠢᠯᠭ᠎ᠠ ᠡᠬᠢ ᠪᠣᠯᠪᠠᠴᠤ᠂ ᠲᠠᠷᠢᠶᠠᠯᠠᠩ ᠬᠦᠷᠢᠶᠡᠯᠡᠩ ᠳᠤᠭᠤᠢ ᠷᠠᠰᠢᠶᠠᠨ ᠬᠤᠷ᠎ᠠ ᠬᠠᠨᠤᠬᠤ ᠪᠠᠶᠠᠷ ᠲᠠᠢ᠃
ᠪᠣᠭᠳᠠ ᠶ᠋ᠢᠨ ᠲᠠᠭᠠᠯᠠᠯ : ᠡᠳ᠋ ᠬᠤᠷᠠᠭᠠᠳ ᠲᠠᠷᠬᠠᠮᠤᠢ᠂ ᠡᠪᠡᠳᠴᠢᠨ ᠠᠮᠤᠷᠵᠢᠬᠤ ᠶ᠋ᠢ ᠬᠦᠰᠡᠪᠡᠴᠦ ᠭᠤᠷᠪᠠᠨ ᠨᠢᠭᠤᠳᠠᠯ ᠢ ᠬᠦᠯᠢᠶᠡ᠂ ᠬᠡᠷᠡᠭ ᠨᠡᠮᠡᠬᠦ ᠪᠠᠭᠤᠷᠠᠬᠤ ᠪᠤᠶᠠᠨ ᠦᠢᠯᠡᠳᠪᠡᠰᠦ ᠰᠠᠢᠨ᠂ ᠤᠷᠤᠭ ᠤ᠋ᠨ ᠬᠡᠷᠡᠭ ᠪᠦᠲᠦᠮᠵᠢᠲᠡᠢ ᠤᠷᠤᠭᠰᠢ ᠬᠣᠢᠰᠢ ᠬᠢᠨᠠᠮᠵᠢᠯᠠ᠃
ᠲᠠᠢᠯᠪᠤᠷᠢ ᠥᠭᠦᠯᠡᠯ : ᠡᠨᠡ ᠲᠥᠯᠭᠡ ᠳ᠋ᠦ᠍ᠷ ᠰᠠᠨᠠᠭᠰᠠᠨ ᠬᠡᠷᠡᠭ ᠰᠠᠭᠠᠲᠠᠯᠲᠠᠢ ᠵᠠᠷᠭᠤ ᠬᠤᠪᠢᠰᠬᠠᠯ ᠲᠠᠢ ᠪᠤᠰᠤ ᠬᠥᠮᠦᠨ ᠲᠠᠰᠤᠯᠠᠬᠤ᠂ ᠡᠪᠡᠳᠴᠢᠲᠡᠨ ᠵᠠᠭᠤᠨ ᠡᠳᠦᠷ ᠪᠣᠯᠵᠤ ᠠᠮᠤᠷᠵᠢᠬᠤ᠂ ᠤᠷᠤᠭ ᠢ ᠨᠠᠷᠢᠪᠴᠢᠯᠠᠨ ᠰᠢᠭᠦᠮᠵᠢᠯᠡᠪᠡᠰᠦ ᠪᠦᠲᠦᠬᠦ ᠪᠣᠯᠠᠢ᠂ ᠶᠠᠪᠤᠳᠠᠯ ᠤ᠋ᠨ ᠬᠥᠮᠦᠨ ᠤᠳᠠᠭᠠᠨ᠂ ᠵᠢᠷᠮᠦᠰᠦᠨ ᠥᠬᠢᠨ ᠬᠥᠩᠭᠡᠵᠢᠮᠦᠢ᠂ ᠠᠯᠢᠪᠠ ᠬᠡᠷᠡᠭ ᠲᠦ᠍ᠷ ᠨᠠᠮ ᠢ᠋ᠶ᠋ᠠᠷ ᠪᠠᠢᠪᠠᠰᠤ ᠪᠡᠶ᠎ᠡ ᠠᠮᠤᠷ ᠪᠣᠯᠤᠮᠤᠢ᠃
ᠰᠠᠨᠠᠭ᠎ᠠ ᠳᠠᠢᠯᠤᠭᠰᠠᠨ : ᠳᠦᠭᠦᠷᠬᠦ ᠬᠣᠭᠣᠰᠣᠷᠠᠬᠤ ᠨᠠᠮᠵᠢᠬᠤ ᠲᠡᠭᠷᠢ ᠶ᠋ᠢᠨ ᠡᠭᠦᠷᠢᠳᠡ ᠶ᠋ᠢᠨ ᠶᠣᠰᠣᠨ ᠪᠣᠯᠠᠢ᠂ ᠦᠵᠡᠭᠦᠯᠦᠭᠴᠢᠳ ᠬᠠᠪᠤᠷ ᠲᠠᠭᠠᠨ ᠰᠠᠢᠨ᠂ ᠵᠤᠨ ᠳ᠋ᠤᠷ ᠮᠠᠭᠤ᠂ ᠬᠡᠵᠢᠶ᠎ᠡ ᠭᠤᠷᠪᠠᠨ ᠨᠢᠭᠤᠭᠳᠠᠯ ᠠ᠋ᠴᠠ ᠬᠣᠢᠰᠢ ᠰᠠᠶᠢ ᠲᠡᠭᠰᠢᠷᠡᠮᠦᠢ᠂ ᠦᠷ᠎ᠡ ᠶ᠋ᠢ ᠠᠰᠠᠭᠤᠪᠠᠰᠤ ᠬᠣᠶᠠᠷ ᠬᠥᠪᠡᠭᠦᠨ ᠵᠠᠶᠠᠭᠠᠲᠠᠢ᠂ ᠡᠪᠡᠳᠴᠢᠨ ᠬᠤᠪᠢᠰᠬᠠᠯ ᠲᠠᠢ ᠲᠤᠯᠠ ᠪᠠᠷᠰ ᠮᠣᠷᠢᠨ ᠡᠳᠦᠷ ᠮᠠᠭᠤ᠃
ᠪᠡᠯᠭᠡ ᠶ᠋ᠢᠨ ᠲᠣᠬᠢᠶᠠᠯᠳᠤᠪᠦᠷᠢ : ᠨᠢᠭᠡᠨ ᠬᠥᠮᠦᠨ ᠨᠢᠭᠡᠨ ᠨᠠᠰᠤᠨ ᠤ᠋ ᠬᠡᠷᠡᠭ ᠢ ᠦᠵᠡᠭᠦᠯᠪᠡᠰᠦ ᠡᠨᠡ ᠲᠥᠯᠭᠡ ᠪᠠᠭᠤᠵᠤᠬᠤᠢ᠂ ᠲᠡᠷᠡ ᠬᠥᠮᠦᠨ ᠥᠪᠡᠷ ᠢ᠋ᠶ᠋ᠡᠨ ᠳᠠᠢᠯᠠᠵᠤ ᠥᠭᠦᠯᠡᠷᠦᠨ ᠳᠥᠴᠢᠨ ᠨᠢᠭᠡᠨ ᠨᠠᠰᠤᠨ ᠠ᠋ᠴᠠ ᠬᠣᠢᠰᠢ ᠶᠡᠬᠡᠳᠡ ᠳᠡᠯᠭᠡᠷᠡᠬᠦ ᠪᠠᠢᠨᠠᠮ᠂ ᠪᠤᠰᠤᠳ ᠤᠴᠢᠷ ᠢ ᠠᠰᠠᠭᠤᠬᠤᠢ ᠳ᠋ᠤᠷ ᠥᠭᠦᠯᠡᠷᠦᠨ ᠵᠤᠨ ᠤ ᠲᠤᠢᠯ ᠠ᠋ᠴᠠ ᠴᠠᠭᠠᠨ ᠨᠢᠭᠤᠳᠠᠯ ᠣᠷᠣᠬᠤ ᠪᠣᠯᠲᠠᠯ᠎ᠠ ᠭᠤᠷᠪᠠᠨ ᠴᠠᠭᠠᠨ ᠪᠣᠯᠤᠮᠤ᠂ ᠬᠣᠶᠠᠳᠤᠭᠠᠷ ᠨᠢᠭᠤᠳᠠᠯ᠂ ᠳᠥᠲᠥᠭᠡᠷ ᠴᠠᠭᠠᠨ᠂ ᠭᠤᠲᠠᠭᠠᠷ ᠨᠢᠭᠤᠳᠠᠯ ᠪᠣᠯᠪᠠᠰᠤ ᠲᠠᠪᠤᠳᠤᠭᠠᠷ ᠴᠠᠭᠠᠨ᠂ ᠪᠢ ᠴᠠᠭᠠᠨ ᠪᠡᠴᠢᠨ ᠳ᠋ᠦ᠍ᠷ ᠲᠥᠷᠥᠭᠰᠡᠨ᠂ ᠠᠷᠪᠠᠨ ᠨᠢᠭᠡᠨ ᠨᠠᠰᠤᠨ ᠳ᠋ᠤᠷ ᠴᠠᠭᠠᠨ ᠮᠣᠷᠢ᠂ ᠬᠣᠷᠢᠨ ᠨᠢᠭᠡᠨ ᠳ᠋ᠦ᠍ᠷ ᠴᠠᠭᠠᠨ ᠯᠤᠤ᠂ ᠭᠤᠴᠢᠨ ᠨᠢᠭᠡᠨ ᠳ᠋ᠦ᠍ᠷ ᠴᠠᠭᠠᠨ ᠪᠠᠷᠰ ᠳᠥᠴᠢᠨ ᠨᠢᠭᠡᠨ ᠨᠠᠰᠤᠨ ᠳ᠋ᠤᠷ ᠴᠠᠭᠠᠨ ᠬᠤᠯᠤᠭᠠᠨ᠎ᠠ ᠲᠤᠯᠠ ᠲᠠᠪᠤᠳᠤᠭᠠᠷ ᠴᠠᠭᠠᠨ ᠪᠣᠯᠠᠢ᠂ ᠡᠨᠡ ᠠᠨᠤ ᠭᠤᠲᠠᠭᠠᠷ ᠨᠢᠭᠤᠳᠠᠯ ᠤ᠋ᠨ ᠡᠬᠢ ᠪᠤᠰᠤ ᠪᠤᠶᠤ ᠬᠡᠮᠡᠪᠡ᠂ ᠬᠣᠵᠢᠮ ᠦᠨᠡᠬᠡᠷ ᠨᠡᠢᠯᠡᠵᠦᠬᠦᠢ᠃
ᠶᠡᠷᠡᠨ ᠳᠥᠲᠥᠭᠡᠷ ᠲᠥᠯᠭᠡ : ᠬᠠᠷᠠᠭᠴᠠ ᠤᠯᠠᠭᠠᠴᠢᠨ᠂ ᠳᠤᠮᠳᠠ ᠲᠡᠭᠰᠢ᠂ ᠲᠥᠯᠭᠡ ᠶ᠋ᠢᠨ ᠪᠡᠯᠭᠡ ᠠᠨᠤ : ᠲᠠᠢ ᠵᠢᠶᠠ ᠡᠪᠦᠭᠡᠳ ᠦ᠋ᠨ ᠡᠭᠦᠳᠡ ᠶ᠋ᠢ ᠬᠡᠲᠦᠷᠡᠭᠰᠡᠨ : ᠨᠢᠭᠡᠨ ᠠᠳᠠᠯᠢ ᠠᠳᠠᠯᠢᠬᠠᠨ ᠶᠠᠭᠤᠮ᠎ᠠ ᠪᠤᠰᠤᠳ ᠤ᠋ᠨ ᠯᠤᠭ᠎ᠠ ᠠᠳᠠᠯᠢ᠂ ᠬᠦᠷᠳᠦ ᠲᠡᠷᠭᠡ ᠶ᠋ᠢ ᠤᠷᠠᠯᠠᠨ ᠡᠭᠦᠳᠦᠭᠰᠡᠨ ᠠᠨᠤ ᠮᠣᠳᠣᠴᠢᠨ ᠤ᠋ ᠠᠷᠭ᠎ᠠ᠂ ᠠᠯᠢᠪᠠ ᠬᠡᠷᠡᠭ ᠢᠷᠥᠬᠡᠷ ᠪᠣᠢ ᠪᠥᠭᠡᠰᠦ ᠪᠠᠷᠢᠯᠳᠤᠯᠭ᠎ᠠ ᠶ᠋ᠢ ᠲᠠᠭᠠᠳᠠᠬᠤᠢ ᠨᠠᠮᠤᠷ ᠡᠪᠦᠯ ᠳ᠋ᠦ᠍ ᠰᠠᠶᠢ ᠭᠡᠷ ᠦ᠋ᠨ ᠡᠵᠡᠨ ᠡᠪᠦᠭᠡᠨ ᠳ᠋ᠦ᠍ᠷ ᠵᠣᠯᠭᠠᠮᠤ᠃
ᠪᠣᠭᠳᠠ ᠶ᠋ᠢᠨ ᠲᠠᠭᠠᠯᠠᠯ : ᠶᠡᠬᠡᠰ ᠬᠥᠮᠦᠨ ᠳ᠋ᠦ᠍ ᠤᠴᠠᠷᠠᠮᠤ᠂ ᠵᠠᠷᠭᠤ ᠠᠪᠤᠮᠤᠢ᠂ ᠡᠳ᠋ ᠪᠠᠬᠠᠨ ᠤᠳᠠᠭᠠᠨ᠂ ᠡᠪᠡᠳᠴᠢᠲᠡᠨ ᠠᠮᠤᠷᠵᠢᠭᠠᠳᠤᠢ᠂ ᠤᠷᠤᠭ ᠪᠦᠲᠦᠮᠵᠢ ᠦᠭᠡᠢ᠂ ᠮᠡᠳᠡᠭᠡ ᠪᠠᠬᠠᠨ ᠰᠠᠭᠠᠳᠠᠯᠲᠠᠢ᠂ ᠨᠠᠮᠤᠷ ᠡᠪᠦᠯ ᠢ ᠬᠦᠯᠢᠶᠡᠭᠲᠦᠨ ᠤᠴᠠᠷᠠᠯ ᠲᠠᠢ ᠪᠣᠯᠤᠮᠤᠢ᠃
ᠲᠠᠢᠯᠪᠤᠷᠢ ᠥᠭᠦᠯᠡᠯ : ᠡᠨᠡ ᠲᠥᠯᠭᠡ ᠳ᠋ᠦ᠍ᠷ ᠰᠠᠨᠠᠭᠰᠠᠨ ᠬᠡᠷᠡᠭ ᠢ ᠢᠷᠦᠬᠡᠯ ᠪᠠᠷᠢᠯᠳᠤᠯᠭ᠎ᠠ ᠶ᠋ᠢ ᠬᠦᠯᠢᠶᠡᠭᠲᠦᠨ᠂ ᠬᠡᠢ ᠮᠣᠷᠢᠨ ᠳᠡᠯᠭᠡᠷᠡᠬᠦ ᠪᠣᠯᠪᠠᠢ᠂ ᠪᠤᠶᠠᠨ ᠬᠡᠰᠢᠭ ᠢᠷᠡᠬᠦ ᠪᠣᠯᠪᠠᠢ᠂ ᠵᠠᠷᠭᠤ ᠪᠣᠯᠪᠠᠰᠤ ᠠᠪᠤᠮᠤᠢ᠂ ᠡᠳ᠋ ᠢ ᠡᠷᠢᠪᠡᠰᠦ ᠪᠠᠬᠠᠨ ᠤᠳᠠᠭᠠᠨ᠂ ᠡᠪᠡᠳᠴᠢᠲᠡᠨ ᠴᠢᠳᠬᠥᠷ ᠪᠣᠢ ᠭᠦᠷᠢᠮ ᠬᠡᠷᠡᠭᠲᠡᠢ : ᠵᠢᠷᠮᠤᠰᠤᠨ ᠪᠥᠭᠡᠰᠦ ᠥᠬᠢᠨ ᠬᠥᠩᠭᠡᠵᠢᠮᠦᠢ᠂ ᠶᠠᠪᠤᠳᠠᠯ ᠤ᠋ᠨ ᠬᠥᠮᠦᠨ ᠤᠳᠠᠭᠠᠨ᠂ ᠠᠯᠢᠪᠠ ᠬᠡᠷᠡᠭ ᠨᠠᠮᠤᠷ ᠡᠪᠦᠯ ᠬᠦᠯᠢᠶᠡᠪᠡᠰᠦ ᠪᠤᠶᠠᠨᠲᠤ ᠬᠥᠮᠦᠨ ᠲᠡᠳᠬᠦᠮᠦᠢ᠃
ᠰᠠᠨᠠᠭ᠎ᠠ ᠲᠠᠢᠯᠤᠭᠰᠠᠨ : ᠢᠷᠦᠭᠡᠯ ᠢ ᠳᠠᠭᠠᠲᠤᠭᠠᠢ ᠬᠡᠮᠡᠭᠰᠡᠨ ᠮᠠᠭᠤ ᠶᠠᠪᠤᠳᠠᠯ ᠤ᠋ᠨ ᠶᠣᠰᠣᠨ ᠵᠢᠷᠤᠮ ᠯᠦᠭᠡ ᠨᠡᠢᠯᠡᠪᠡᠰᠦ ᠴᠠᠭ ᠲᠣᠬᠢᠶᠠᠯᠳᠤᠵᠤ ᠰᠡᠳᠬᠢᠯ ᠬᠠᠨᠤᠬᠤ ᠪᠣᠯᠠᠢ᠂ ᠨᠠᠮᠤᠷ ᠡᠪᠦᠯ ᠲᠣᠬᠢᠶᠠᠯᠳᠤᠪᠠᠰᠤ ᠬᠡᠷᠡᠭ ᠦᠢᠯᠡ ᠳ᠋ᠦ᠍ᠷ ᠬᠥᠮᠦᠨ ᠲᠡᠳᠬᠦᠮᠵᠢᠯᠡᠵᠦ ᠡᠳᠦᠭᠡ ᠡᠴᠡ ᠳᠡᠭᠡᠷ᠎ᠡ ᠪᠣᠯᠤᠮᠤ᠂ ᠨᠡᠷ᠎ᠡ ᠠᠰᠢᠭ ᠤᠷᠢᠳᠠ ᠪᠡᠷᠬᠡ᠂ ᠬᠣᠵᠢᠮ ᠬᠢᠯᠪᠠᠷ ᠪᠣᠯᠬᠤ ᠪᠣᠯᠠᠢ᠃
ᠪᠡᠯᠭᠡ ᠶ᠋ᠢᠨ ᠲᠣᠭᠢᠶᠠᠯᠳᠤᠪᠦᠷᠢ : ᠯᠢᠨ ᠣᠪᠣᠭᠲᠤ ᠪᠢᠴᠢᠭ ᠦ᠋ᠨ ᠬᠥᠮᠦᠨ ᠤᠯᠠᠨᠲᠠ ᠰᠢᠯᠭᠠᠬᠤᠢ ᠲᠦᠷ ᠡᠰᠡ ᠣᠯᠤᠭᠰᠠᠨ ᠳ᠋ᠠᠭᠠᠨ ᠦᠵᠡᠭᠦᠯᠪᠡᠰᠦ ᠡᠨᠡ ᠲᠥᠯᠭᠡ ᠪᠠᠭᠤᠵᠤᠬᠤᠢ᠂ ᠲᠡᠨᠳᠡᠴᠡ ᠶ᠋ᠢᠨ ᠣᠪᠣᠭᠲᠤ ᠰᠤᠩ ᠱᠢ ᠳ᠋ᠦ᠍ᠷ ᠠᠭᠤᠯᠵᠠᠭᠠᠳ ᠰᠠᠶᠢ ᠰᠢᠯᠭᠠᠭᠳᠠᠪᠠᠢ᠂ ᠲᠡᠮᠦᠷ ᠲᠣᠷ ᠮᠣᠳᠣᠨ ᠠᠭᠤᠯᠵᠠᠪᠠᠰᠤ ᠰᠠᠶᠢ ᠡᠳ᠋ ᠪᠣᠯᠬᠤ ᠰᠢᠯᠦᠭ ᠦ᠋ᠨ ᠬᠣᠶᠠᠳᠤᠭᠠᠷ ᠦᠭᠡᠨ ᠯᠦ᠍ᠭᠡ ᠨᠡᠢᠯᠡᠵᠦᠬᠦᠢ᠃
ᠶᠡᠷᠡᠨ ᠲᠠᠪᠤᠳᠤᠭᠠᠷ ᠲᠥᠯᠭᠡ : ᠬᠠᠷᠠᠭᠴᠢᠨ ᠰᠢᠷ᠎ᠠ᠂ ᠳᠤᠮᠳᠠ ᠲᠡᠭᠰᠢ᠂ ᠲᠥᠯᠭᠡ ᠡᠨᠡ ᠪᠡᠯᠭᠡ ᠠᠨᠤ : ᠵᠠᠩ ᠸᠠᠨ ᠶᠤᠸᠠᠨ ᠲᠦᠰᠢᠮᠡᠯ ᠢ ᠬᠦᠰᠡᠭᠰᠡᠨ : ᠴᠢᠨᠦ ᠬᠠᠨᠴᠤᠢ ᠶ᠋ᠢᠨ ᠳᠣᠲᠣᠷ᠎ᠠ ᠯᠤᠤᠰ ᠤ᠋ᠨ ᠴᠢᠨᠳᠠᠮᠤᠨᠢ ᠪᠦᠬᠦᠢ ᠶ᠋ᠢ ᠮᠡᠳᠡᠮᠦᠢ᠂ ᠵᠠᠶᠠᠭ᠎ᠠ ᠴᠠᠭ ᠡᠰᠡ ᠲᠣᠬᠢᠶᠠᠯᠳᠤᠪᠠᠰᠤ ᠮᠥᠨ ᠬᠣᠭᠣᠰᠣᠨ ᠵᠢᠳᠬᠦᠮᠦᠢ᠂ ᠠᠶ᠎ᠠ ᠲᠡᠷᠢᠭᠦᠨ ᠣ ᠦᠰᠦᠨ ᠴᠢᠨᠦ ᠡᠨᠡ ᠮᠡᠲᠦ ᠪᠣᠯᠤᠭᠰᠠᠨ ᠪᠠᠢᠨᠠᠮ᠂ ᠡᠳᠦᠭᠡ ᠰᠠᠶᠢ ᠣᠯᠵᠤ ᠪᠤᠶᠠᠲᠤ ᠬᠥᠮᠦᠨ ᠳ᠋ᠦ᠍ᠷ ᠲᠡᠳᠬᠦᠭᠳᠡᠪᠡᠢ᠃
ᠪᠣᠭᠳᠠ ᠶ᠋ᠢᠨ ᠲᠠᠭᠠᠯᠠᠯ : ᠡᠳ᠋ ᠳᠡᠯᠭᠡᠷᠡᠬᠦ ᠤᠳᠠᠭᠠᠨ᠂ ᠵᠠᠷᠭᠤ ᠮᠠᠭᠠᠳ ᠠᠪᠲᠠᠮᠤᠢ᠂ ᠨᠡᠷ᠎ᠡ ᠣᠷᠣᠢ ᠪᠦᠲᠦᠮᠦᠢ᠂ ᠤᠷᠤᠭ ᠰᠢᠢᠳᠪᠦᠷᠢ ᠦᠭᠡᠢ᠂ ᠬᠣᠯᠠ ᠶ᠋ᠢᠨ ᠮᠡᠳᠡᠭᠡ ᠡᠨᠡ ᠰᠠᠷ᠎ᠠ ᠳ᠋ᠤᠷ ᠪᠣᠢ᠂ ᠪᠤᠶᠠᠨᠲᠤ ᠬᠥᠮᠦᠨ ᠯᠦᠭᠡ ᠤᠴᠠᠷᠠᠪᠠᠰᠤ ᠵᠣᠪᠠᠯᠠᠩ ᠠᠶᠤᠯ ᠠᠷᠢᠯᠤᠮᠤᠢ᠃
ᠲᠠᠢᠯᠪᠤᠷᠢ ᠥᠭᠦᠯᠡᠯ : ᠡᠨᠡ ᠲᠥᠯᠭᠡ ᠳ᠋ᠦ᠍ ᠪᠢᠲᠡᠭᠡᠢ ᠭᠣᠷᠢᠯᠠᠨ ᠡᠷᠢ᠂ ᠰᠡᠳᠬᠢᠯ ᠢ ᠵᠠᠰᠠᠵᠤ ᠰᠠᠢᠨ ᠢ ᠦᠢᠯᠡᠳᠪᠡᠰᠦ ᠪᠤᠶᠠᠨ ᠥᠪᠡᠰᠦᠪᠡᠨ ᠨᠡᠮᠡᠷᠢᠯᠡᠬᠦ ᠪᠣᠯᠠᠢ᠃
ᠰᠠᠨᠠᠭ᠎ᠠ ᠲᠠᠢᠯᠤᠭᠰᠠᠨ᠄ ᠯᠤᠤᠰ ᠤ᠋ᠨ ᠴᠢᠨᠳᠠᠮᠤᠨᠢ ᠣᠯᠬᠤᠶ᠎ᠠ ᠪᠡᠷᠬᠡ ᠮᠡᠲᠦ ᠪᠣᠯᠪᠠᠴᠤ ᠣᠯᠬᠤ ᠶ᠋ᠢᠨ ᠰᠢᠯᠲᠠᠭᠠᠨ ᠪᠣᠢ ᠬᠡᠮᠡᠭᠰᠡᠨ ᠦᠭᠡᠨ᠂ ᠨᠢᠳᠦᠨ ᠡᠮᠦᠨ᠎ᠡ ᠨᠡᠷ᠎ᠡ ᠠᠰᠢᠭ ᠰᠠᠨᠠᠭᠠᠨ ᠳ᠋ᠤᠷ ᠡᠰᠡ ᠬᠦᠷᠪᠡᠴᠦ ᠵᠢᠳᠬᠦᠨ ᠭᠣᠷᠢᠯᠠᠬᠤ ᠬᠡᠷᠡᠭ ᠦᠭᠡᠢ᠂ ᠴᠢᠳᠠᠯ ᠨᠢᠭᠤᠵᠤ ᠴᠠᠭ ᠢ ᠬᠦᠯᠢᠶᠡᠭᠲᠦᠨ ᠡᠷᠭᠡᠪᠡᠰᠢ ᠪᠤᠶᠠᠨᠲᠤ ᠬᠥᠮᠦᠨ ᠳ᠋ᠦ᠍ᠷ ᠲᠡᠳᠬᠦᠭᠳᠡᠮᠦ᠂ ᠵᠠᠷᠢᠮ ᠨᠢᠭᠡᠨ ᠯᠤᠤ ᠳ᠋ᠤᠷ ᠲᠣᠬᠢᠶᠠᠯᠳᠤᠪᠠᠰᠤ ᠰᠠᠢᠨ᠃
ᠪᠡᠯᠭᠡ ᠶ᠋ᠢᠨ ᠲᠣᠭᠢᠶᠠᠯᠳᠤᠪᠦᠷᠢ᠂ ᠸᠠᠨ ᠯᠢ ᠬᠠᠭᠠᠨ ᠤ᠋ ᠴᠠᠭ ᠲᠤᠷ ᠨᠢᠭᠡᠨ ᠪᠢᠴᠢᠭ ᠦ᠋ᠨ ᠬᠥᠮᠦᠨ ᠨᠡᠢᠰᠯᠡᠯ ᠬᠣᠲᠠᠨ᠎ᠠ ᠰᠤᠷᠭᠠᠭᠤᠯᠢ ᠶ᠋ᠢᠨ ᠪᠠᠭᠰᠢ ᠪᠣᠯᠤᠨ ᠤᠳᠤᠭᠠᠳ ᠨᠢᠭᠡᠨ ᠨᠠᠰᠤᠨ ᠤ᠋ ᠬᠡᠷᠡᠭ ᠢ ᠦᠵᠡᠭᠦᠯᠪᠡᠰᠦ ᠡᠨᠡ ᠲᠥᠯᠭᠡ ᠪᠠᠭᠤᠵᠤᠬᠤᠢ᠂ ᠲᠡᠨᠳᠡᠴᠡ ᠨᠢᠭᠡᠨ ᠬᠢᠷᠢ ᠪᠡᠷ ᠣᠷᠣᠰᠢᠭᠰᠠᠭᠠᠷ ᠵᠢᠷᠠᠨ ᠨᠠᠰᠤᠨ ᠨᠠᠰᠤᠯᠠᠵᠤᠬᠤᠢ᠂ ᠱᠠᠪᠢ ᠠᠨᠤ ᠬᠤ᠌ ᠬᠦᠩ ᠴᠠᠨ ᠬᠠᠠᠭᠠᠨ ᠤ᠋ ᠬᠦᠷᠭᠡᠨ ᠪᠣᠯᠤᠨ ᠰᠣᠩᠭᠣᠭᠳᠠᠭᠠᠳ ᠥᠪᠡᠷ ᠦ᠋ᠨ ᠭᠡᠷ ᠲᠡᠭᠡᠨ ᠰᠠᠭᠤᠯᠭᠠᠵᠤ ᠲᠡᠳᠬᠦᠮᠵᠢᠯᠡᠭᠰᠡᠭᠡᠷ ᠮᠠᠰᠢ ᠪᠠᠶᠠᠨ ᠪᠣᠯᠵᠤᠬᠤᠢ᠂ ᠡᠨᠡ ᠠᠨᠤ ᠨᠠᠰᠤᠵᠢᠬᠤ ᠶ᠋ᠢᠨ ᠦᠶ᠎ᠡ ᠳ᠋ᠦ᠍ᠷ ᠳᠡᠯᠭᠡᠷᠡᠭᠰᠡᠨ ᠲᠤᠯᠠ ᠲᠥᠯᠭᠡ ᠶ᠋ᠢᠨ ᠦᠭᠡᠨ ᠯᠦ᠍ᠭᠡ ᠨᠡᠢᠯᠡᠵᠦᠬᠦᠢ᠃
ᠶᠡᠷᠡᠨ ᠵᠢᠷᠭᠤᠳᠤᠭᠠᠷ ᠲᠥᠯᠭᠡ : ᠬᠠᠷᠠᠭᠴᠢᠨ ᠰᠢᠷᠬᠠᠴᠢᠨ᠂ ᠳᠡᠭᠡᠳᠦ ᠰᠠᠢᠨ᠂ ᠲᠥᠯᠭᠡ ᠶ᠋ᠢᠨ ᠪᠡᠯᠭᠡ ᠠᠨᠤ : ᠰᠠᠨ ᠲᠤᠤ ᠸᠠᠩ ᠶᠠᠨ ᠳ᠋ᠤᠷ ᠤᠴᠠᠷᠠᠭᠰᠠᠨ : ᠤᠷᠤᠭ ᠰᠠᠳᠤᠨ ᠦᠷ᠎ᠡ ᠬᠥᠪᠡᠭᠦᠨ ᠣᠷᠣᠢ ᠭᠡᠮᠡᠨ ᠪᠢᠲᠡᠭᠡᠢ ᠭᠡᠮᠰᠢ᠂ ᠭᠠᠭᠴᠠ ᠲᠠᠮᠢᠷ ᠬᠦᠴᠦᠨ ᠢ ᠲᠡᠵᠢᠭᠡᠵᠦ ᠪᠤᠷᠬᠠᠨ ᠤ᠋ ᠠᠪᠤᠷᠠᠯ ᠢ ᠬᠦᠯᠢᠶᠡᠭᠲᠦᠨ᠂ ᠳᠥᠴᠢᠨ ᠵᠢᠯ ᠦ᠋ᠨ ᠤᠷᠢᠳᠠ ᠠ᠋ᠴᠠ ᠬᠦᠰᠡᠭᠰᠡᠨ ᠰᠠᠨᠠᠭᠠᠨ ᠴᠢᠨᠦ ᠪᠦᠲᠦᠮᠦ᠂ ᠶᠠᠪᠤᠳᠠᠯ ᠭᠠᠪᠢᠶ᠎ᠠ ᠳᠦᠭᠦᠷᠡᠩ ᠲᠡᠭᠦᠯᠳᠡᠷ ᠪᠣᠯᠵᠤ ᠪᠤᠶᠠᠨᠲᠤ ᠬᠥᠪᠡᠭᠦᠨ ᠣᠯᠤᠮᠤᠢ᠃
ᠪᠣᠭᠳᠠ ᠶ᠋ᠢᠨ ᠲᠠᠭᠠᠯᠠᠯ : ᠨᠡᠷ᠎ᠡ ᠠᠰᠢᠭ ᠵᠠᠷᠭᠤ ᠤᠳᠠᠬᠤ ᠳᠣᠳᠣᠮ ᠰᠠᠢᠨ᠂ ᠡᠪᠡᠳᠴᠢᠲᠡᠨ ᠰᠡᠪᠭᠡᠮᠤᠢ᠂ ᠤᠷᠤᠭ ᠢᠲᠡᠭᠡᠯᠲᠡᠢ ᠨᠠᠰᠤᠨ ᠤ᠋ ᠳᠤᠮᠳᠠ ᠠ᠋ᠴᠠ ᠬᠣᠢᠰᠢ ᠬᠥᠪᠡᠭᠦᠨ ᠢ ᠣᠯᠬᠤ᠂ ᠵᠢᠭᠤᠯᠴᠢᠨ ᠢ ᠠᠰᠠᠭᠤᠪᠠᠰᠤ ᠪᠣᠯᠵᠢᠶᠠ ᠦᠭᠡᠢ᠃
ᠲᠠᠢᠯᠪᠤᠷᠢ ᠥᠭᠦᠯᠡᠯ : ᠡᠨᠡ ᠲᠥᠯᠭᠡ ᠳ᠋ᠦ᠍ᠷ ᠡᠳ᠋ ᠢ ᠬᠦᠰᠡᠪᠡᠰᠦ ᠳᠡᠯᠭᠡᠷᠡᠮᠦᠢ᠂ ᠵᠠᠷᠭᠤ ᠶ᠋ᠢ ᠪᠢᠲᠡᠭᠡᠢ ᠡᠭᠦᠰᠬᠡ᠂ ᠤᠷᠤᠭ ᠤᠷᠢᠳᠠ ᠪᠦᠲᠦᠬᠦ ᠦᠭᠡᠢ ᠪᠣᠯᠪᠠᠴᠤ ᠬᠣᠵᠢᠮ ᠪᠦᠲᠦᠮᠦᠢ᠂ ᠶᠠᠪᠤᠳᠠᠯ ᠤ᠋ᠨ ᠬᠥᠮᠦᠨ ᠤ ᠮᠡᠳᠡᠭᠡ ᠡᠨᠡ ᠰᠠᠷ᠎ᠠ ᠳ᠋ᠤᠷ ᠪᠣᠢ᠂ ᠵᠢᠷᠮᠦᠰᠦᠨ ᠬᠥᠪᠡᠭᠦᠨ ᠬᠥᠩᠭᠡᠵᠢᠮᠦᠢ᠂ ᠬᠡᠭᠦᠷ ᠦ᠋ᠨ ᠨᠤᠲᠤᠭ ᠰᠠᠢᠨ᠂ ᠠᠯᠢᠪᠠ ᠬᠡᠷᠡᠭ ᠰᠡᠳᠬᠢᠯᠴᠢᠯᠡᠨ ᠪᠦᠲᠦᠬᠦ ᠪᠣᠯᠠᠢ᠃
ᠰᠠᠨᠠᠭ᠎ᠠ ᠲᠠᠢᠯᠤᠭᠰᠠᠨ : ᠢᠮᠠᠭᠲᠠ ᠦᠷ᠎ᠡ ᠬᠦᠰᠡᠭᠴᠢᠳ ᠪᠤᠶᠠᠨᠲᠤ ᠬᠥᠪᠡᠭᠦᠨ ᠣᠯᠤᠮᠤᠢ᠂ ᠠᠯᠢᠪᠠ ᠬᠡᠷᠡᠭ ᠳᠠᠷᠤᠢ ᠪᠦᠲᠦᠬᠦ ᠦᠭᠡᠢ ᠪᠣᠯᠪᠠᠴᠤ ᠡᠴᠦᠰ ᠲᠡᠭᠡᠨ ᠪᠦᠲᠦᠮᠦᠢ᠂ ᠨᠡᠷ᠎ᠡ ᠠᠰᠢᠭ ᠶᠡᠬᠡ᠂ ᠡᠨᠡ ᠲᠥᠯᠭᠡ ᠳ᠋ᠦ᠍ᠷ ᠳᠥᠷᠪᠡᠨ ᠬᠡᠮᠡᠭᠰᠡᠨ ᠦᠰᠦᠭ ᠦ᠋ᠨ ᠲᠣᠬᠢᠶᠠᠯ ᠪᠣᠢ᠂ ᠡᠪᠡᠳᠴᠢᠨ ᠬᠦᠨᠳᠦ᠂ ᠲᠠᠤᠯᠠᠢ᠂ ᠨᠣᠬᠠᠢ ᠰᠠᠷ᠎ᠠ ᠡᠳᠦᠷ ᠢ ᠬᠡᠲᠦᠷᠡᠪᠡᠰᠦ ᠭᠡᠮ ᠦᠭᠡᠢ᠃
ᠪᠡᠯᠭᠡ ᠶ᠋ᠢᠨ ᠲᠣᠬᠢᠶᠠᠯᠳᠤᠪᠤᠷᠢ : ᠨᠢᠭᠡᠨ ᠬᠥᠮᠦᠨ ᠪᠣᠷᠣᠭᠠᠨ ᠲᠠᠰᠤᠷᠠᠯ ᠦᠭᠡᠢ ᠣᠷᠣᠬᠤᠢ ᠳ᠋ᠤᠷ ᠦᠵᠡᠭᠦᠯᠪᠡᠰᠦ ᠡᠨᠡ ᠲᠥᠯᠭᠡ ᠪᠠᠭᠤᠵᠤᠬᠤᠢ᠂ ᠦᠵᠡᠭᠦᠯᠦᠭᠰᠡᠨ ᠬᠥᠮᠦᠨ ᠲᠠᠢᠯᠵᠤ ᠮᠡᠳᠡᠬᠦ ᠦᠭᠡᠢ ᠳ᠋ᠦ᠍ ᠨᠢᠭᠡᠨ ᠬᠥᠮᠦᠨ ᠥᠭᠦᠯᠡᠷᠦᠨ ᠬᠡᠷᠬᠢᠪᠡᠴᠦ ᠲᠦᠭᠦᠷᠡᠭᠴᠢ ᠨᠡᠷᠡᠲᠦ ᠡᠵᠡᠨ ᠦ᠌ ᠡᠳᠦᠷ ᠵᠣᠭᠰᠤᠮᠤ ᠬᠡᠮᠡᠪᠡᠢ ᠦᠨᠡᠬᠡᠷ ᠲᠣᠬᠢᠶᠠᠯᠳᠤᠵᠤ ᠵᠣᠭᠰᠣᠵᠤᠬᠤᠢ᠂ ᠲᠡᠷᠡ ᠶᠠᠭᠤᠨ ᠭᠡᠪᠡᠯ ᠳᠦᠭᠦᠷᠡᠩ ᠬᠡᠮᠡᠭᠰᠡᠨ ᠦᠰᠦᠭ ᠦ᠋ᠨ ᠳᠣᠣᠷ᠎ᠠ ᠨᠠᠷᠠᠨ ᠬᠡᠮᠡᠭᠰᠡᠨ ᠦᠰᠦᠭ ᠪᠣᠢ ᠲᠤᠯᠠ ᠲᠦᠭᠦᠷᠡᠭᠴᠢ ᠨᠡᠷᠡᠲᠦ ᠡᠵᠡᠨ ᠦ᠌ ᠡᠳᠦᠷ ᠨᠠᠷᠠᠨ ᠭᠠᠷᠤᠨ ᠲᠣᠬᠢᠶᠠᠯᠳᠤᠪᠠᠢ᠃
ᠶᠡᠷᠡᠨ ᠳᠣᠯᠣᠳᠤᠭᠠᠷ ᠲᠥᠯᠭᠡ : ᠬᠠᠷᠠᠭᠴᠢᠨ ᠴᠠᠭᠠᠨ᠂ ᠳᠡᠭᠡᠳᠦ ᠶ᠋ᠢᠨ ᠳᠡᠭᠡᠳᠦ᠂ ᠲᠥᠯᠭᠡ ᠶ᠋ᠢᠨ ᠪᠡᠯᠭᠡ ᠠᠨᠤ : ᠮᠠᠢ ᠴᠢᠨ ᠲᠠᠪᠢᠨ ᠨᠠᠰᠤᠨ ᠬᠦᠷᠴᠦ ᠨᠡᠷ᠎ᠡ ᠠᠰᠢᠭ ᠤ᠋ᠨ ᠲᠤᠯᠠ ᠰᠡᠳᠬᠢᠯ ᠴᠥᠬᠥᠷᠡᠨ ᠮᠢᠲᠠᠪᠠᠢ᠄ ᠪᠠᠶᠠᠨ ᠡᠷᠬᠢᠮ ᠴᠢᠮᠠᠳᠤᠷ ᠣᠢᠷᠠᠲᠤᠵᠤ ᠢᠷᠡᠬᠦ ᠶ᠋ᠢ ᠬᠡᠨ ᠮᠡᠳᠡᠯᠦᠭᠡ᠂ ᠨᠡᠩ ᠪᠤᠶᠠᠨᠲᠤ ᠶᠠᠪᠤᠳᠠᠯ ᠢ ᠬᠢᠴᠢᠶᠡᠭᠡᠳ ᠰᠠᠨᠠᠭᠠᠨ ᠢ ᠵᠠᠰᠠᠨ ᠴᠢᠳᠠᠪᠠᠰᠤ᠂ ᠨᠠᠰᠤᠨ ᠥᠯᠵᠡᠢ ᠠᠭᠤᠯᠠ ᠬᠠᠳᠠ ᠠᠳᠠᠯᠢ᠂ ᠰᠠᠭᠤᠷᠢᠨ ᠣᠭᠲᠠᠷᠭᠤᠢ ᠲᠤᠯᠤᠮᠤᠢ᠃
ᠪᠣᠭᠳᠠ ᠶ᠋ᠢᠨ ᠲᠠᠭᠠᠯᠠᠯ : ᠵᠠᠷᠭᠤ ᠳᠠᠷᠤᠢ ᠠᠯᠳᠠᠷᠠᠮᠤᠢ ᠨᠡᠷ᠎ᠡ ᠮᠠᠭᠠᠳ ᠪᠦᠲᠦᠮᠦᠢ᠂ ᠡᠳ᠋ ᠬᠤᠷᠠᠮᠤᠢ ᠡᠪᠡᠳᠴᠢᠲᠡᠨ ᠠᠮᠤᠷᠵᠢᠮᠤᠢ᠂ ᠵᠢᠷᠮᠦᠰᠦᠨ ᠬᠥᠪᠡᠭᠦᠨ ᠬᠥᠩᠭᠡᠵᠢᠮᠦᠢ᠂ ᠤᠷᠤᠭ ᠲᠡᠭᠰᠢ ᠶᠠᠪᠤᠳᠠᠯ ᠤ᠋ᠨ ᠬᠥᠮᠦᠨ ᠢᠷᠡᠮᠦᠢ᠂ ᠬᠡᠷᠡᠭ ᠰᠠᠨᠠᠭᠠᠨ ᠳ᠋ᠤᠷ ᠬᠥᠷᠥᠮᠦᠢ᠃
ᠲᠠᠢᠯᠪᠤᠷᠢ ᠥᠭᠦᠯᠡᠯ : ᠡᠨᠡ ᠲᠥᠯᠭᠡ ᠳ᠋ᠦ᠍ᠷ ᠤᠷᠤᠭ ᠪᠣᠯᠪᠠᠰᠤ ᠪᠦᠲᠦᠮᠦᠢ᠂ ᠡᠳ᠋ ᠤᠯᠠᠮ ᠳᠡᠯᠭᠡᠷᠡᠮᠦᠢ᠂ ᠡᠪᠡᠳᠴᠢᠲᠡᠨ ᠠᠮᠤᠷᠵᠢᠮᠤᠢ᠂ ᠵᠢᠷᠮᠦᠰᠦᠨ ᠪᠥᠭᠡᠰᠦ ᠬᠥᠪᠡᠭᠦᠨ ᠬᠥᠩᠭᠡᠵᠢᠮᠦᠢ᠂ ᠨᠡᠷ᠎ᠡ ᠠᠰᠢᠭ ᠤᠳᠠᠭᠠᠨ᠂ ᠬᠣᠵᠢᠮ ᠰᠠᠢᠨ᠂ ᠭᠡᠷ ᠦ᠋ᠨ ᠬᠤᠪᠢᠨ᠎ᠠ ᠪᠤᠶᠠᠨ ᠬᠡᠰᠢᠭ ᠳᠡᠯᠭᠡᠷᠡᠮᠦᠢ᠂ ᠠᠯᠢᠪᠠ ᠬᠡᠷᠡᠭ ᠰᠡᠳᠬᠢᠯᠴᠢᠯᠡᠨ ᠪᠦᠲᠦᠮᠦᠢ᠃
ᠰᠠᠨᠠᠭ᠎ᠠ ᠲᠠᠢᠯᠤᠭᠰᠠᠨ : ᠬᠥᠮᠦᠨ ᠲᠠᠪᠢᠨ ᠨᠠᠰᠤᠨ ᠠ᠋ᠴᠠ ᠬᠣᠢᠰᠢ ᠪᠣᠯᠪᠠᠰᠤ ᠣᠮᠣᠭ ᠠᠨᠤ ᠪᠠᠭᠤᠷᠠᠪᠠᠢ᠂ ᠰᠡᠳᠬᠢᠯ ᠢᠨᠤ ᠮᠢᠲᠠᠪᠠᠢ᠂ ᠨᠢᠭᠡᠨ ᠭᠱᠠᠨ ᠳ᠋ᠤᠷ ᠪᠤᠶᠠᠨ ᠪᠣᠯᠪᠠᠰᠤᠷᠠᠵᠤ ᠪᠠᠶᠠᠨ ᠡᠷᠭᠢᠨ ᠣᠢᠷᠠᠲᠤᠵᠤ ᠢᠷᠡᠪᠡᠰᠦ ᠡᠨᠡ ᠮᠠᠭᠤ ᠵᠠᠶᠠᠭᠠᠨ ᠤ᠋ ᠬᠦᠴᠦᠨ ᠪᠣᠯᠠᠢ᠂ ᠦᠵᠡᠭᠦᠯᠦᠭᠴᠢᠳ ᠡᠷᠬᠡᠪᠡᠰᠢ ᠪᠠᠭᠤᠷᠠᠯ ᠤ᠋ᠨ ᠲᠤᠢᠯ ᠳ᠋ᠤᠷ ᠬᠦᠷᠪᠡᠰᠦ ᠳᠡᠯᠭᠡᠷᠡᠬᠦ᠂ ᠵᠢᠴᠢ ᠶᠠᠪᠤᠳᠠᠯ ᠢ ᠵᠠᠰᠠᠵᠤ ᠳᠤᠷ᠎ᠠ ᠵᠣᠷᠢᠭ ᠢ᠋ᠶ᠋ᠠᠷ ᠦᠢᠯᠡ ᠡᠰᠡ ᠬᠤᠷᠢᠶᠠᠪᠠᠰᠤ ᠰᠠᠶᠢ ᠡᠭᠦᠷᠢᠳᠡ ᠲᠡᠯᠭᠡᠷᠠᠨ ᠴᠢᠳᠠᠮᠤᠢ᠃
ᠪᠡᠯᠭᠡ ᠶ᠋ᠢᠨ ᠲᠣᠬᠢᠶᠠᠯᠳᠤᠪᠤᠷᠢ : ᠨᠢᠭᠡ ᠪᠢᠴᠢᠭ ᠦ᠋ᠨ ᠬᠥᠮᠦᠨ ᠵᠢᠦᠢ ᠷᠸᠨ ᠰᠢᠯᠭᠠᠬᠤ ᠶ᠋ᠢᠨ ᠲᠤᠯᠠ ᠦᠵᠡᠭᠦᠯᠪᠡᠰᠦ ᠡᠨᠡ ᠲᠥᠯᠭᠡ ᠪᠠᠭᠤᠵᠤᠬᠤᠢ᠂ ᠰᠢᠯᠭᠠᠷ᠎ᠠ ᠡᠴᠢᠭᠡᠳ ᠣᠯᠤᠭᠰᠠᠨ ᠦᠭᠡᠢ ᠡᠷᠭᠡᠪᠡᠰᠢ ᠲᠡᠷᠡ ᠵᠢᠯ ᠳᠥᠴᠢᠨ ᠶᠢᠰᠦᠨ ᠨᠠᠰᠤᠨ ᠪᠥᠯᠥᠭᠡ᠂ ᠳᠠᠷᠤᠢ ᠡᠪᠡᠳᠴᠢᠨ ᠢ᠋ᠶ᠋ᠡᠷ ᠥᠩᠭᠡᠷᠡᠵᠦᠬᠦᠢ᠂ ᠡᠨᠡ ᠠᠨᠤ ᠰᠢᠯᠦᠭ ᠦ᠋ᠨ ᠠᠩᠬ᠎ᠠ ᠦᠭᠡᠨ ᠯᠦ᠍ᠭᠡ ᠨᠡᠢᠯᠡᠵᠦᠬᠦᠢ᠂ ᠪᠠᠰᠠ ᠨᠢᠭᠡᠨ ᠬᠥᠮᠦᠨ ᠲᠠᠪᠢᠨ ᠨᠠᠰᠤᠨ ᠳ᠋ᠤᠷ ᠦᠵᠡᠭᠦᠯᠦᠭᠡᠳ ᠲᠡᠨᠳᠡᠴᠡ ᠲᠡᠷᠡ ᠵᠢᠯ ᠶᠡᠬᠡ ᠵᠡᠷᠭᠡ ᠶ᠋ᠢ ᠣᠯᠪᠠᠢ᠂ ᠡᠨᠡ ᠪᠠᠰᠠ ᠰᠢᠯᠦᠭ ᠦ᠋ᠨ ᠬᠣᠶᠠᠳᠤᠭᠠᠷ ᠦᠭᠡᠨ ᠯᠦ᠍ᠭᠡ ᠨᠡᠢᠯᠡᠵᠦᠬᠦᠢ᠂ ᠭᠠᠪᠢᠶ᠎ᠠ ᠨᠡᠷ᠎ᠡ ᠪᠥᠭᠡᠰᠦ ᠡᠷᠬᠡᠪᠡᠰᠢ ᠥᠪᠡᠷ ᠦ᠋ᠨ ᠪᠡᠶ᠎ᠡ ᠲᠠᠪᠢᠨ ᠢᠯᠡᠭᠦᠦ ᠨᠠᠰᠤᠨ ᠪᠣᠯᠪᠠᠴᠤ ᠮᠠᠰᠢ ᠰᠠᠢᠨ᠂ ᠪᠤᠰᠤ ᠪᠣᠯᠪᠠᠰᠤ ᠣᠯᠳᠠᠪᠤᠷᠢ ᠦᠭᠡᠢ᠃
ᠶᠡᠷᠡᠨ ᠨᠠᠢ᠍ᠮᠠᠳᠤᠭᠠᠷ ᠲᠥᠯᠭᠡ᠄ ᠬᠠᠷᠠᠭᠴᠢᠨ ᠴᠠᠭᠠᠭᠴᠢᠨ᠂ ᠳᠤᠮᠳᠠ ᠲᠡᠭᠰᠢ᠂ ᠲᠥᠯᠭᠡ ᠶ᠋ᠢᠨ ᠪᠡᠯᠭᠡ ᠠᠨᠤ᠄ ᠰᠢᠦᠸᠠᠢ ᠷᠧᠨ ᠬᠦᠢ ᠴᠡᠷᠢᠭ ᠲᠦ᠍ᠷ ᠵᠢᠳᠬᠦᠭᠰᠡᠨ : ᠡᠪᠯᠡᠬᠦ ᠦᠢᠯᠡᠳᠬᠦᠢ ᠳ᠋ᠦ᠍ᠷ ᠡᠯᠳᠡᠪᠴᠢᠯᠡᠨ ᠠᠷᠭᠠᠯᠠᠪᠠᠰᠤ ᠲᠠᠮᠢᠷ ᠬᠦᠴᠦᠨ ᠢ ᠰᠦᠢᠳᠬᠡᠮᠦᠢ᠂ ᠡᠮᠦᠨ᠎ᠡ ᠤᠮᠠᠷ᠎ᠠ ᠬᠡᠰᠦᠨ ᠳᠣᠪᠲᠣᠯᠠᠪᠠᠴᠤ ᠬᠡᠢ ᠮᠣᠷᠢᠨ ᠰᠢᠨᠡᠳᠦᠭᠡ ᠡᠳᠦᠢ᠂ ᠬᠠᠰ ᠲᠠᠤᠯᠠᠢ ᠠᠭᠤᠯᠵᠠᠬᠤ ᠴᠠᠭ ᠲᠣᠷ ᠰᠡᠳᠬᠢᠯ ᠬᠠᠨᠤᠬᠤ ᠲᠣᠬᠢᠶᠠᠯ ᠮᠥᠨ᠂ ᠬᠣᠬᠢᠷᠠᠭᠰᠠᠨ ᠮᠣᠳᠣᠨ ᠳᠠᠬᠢᠵᠤ ᠬᠠᠪᠤᠷ ᠲᠤᠷ ᠠᠭᠤᠯᠵᠠᠵᠤ ᠡᠳᠡᠭᠡᠭᠰᠡᠨ ᠮᠡᠲᠦ ᠪᠣᠯᠠᠢ᠃
ᠪᠣᠭᠳᠠ ᠶ᠋ᠢᠨ ᠲᠠᠭᠠᠯᠠᠯ : ᠨᠡᠷ᠎ᠡ ᠠᠯᠳᠠᠷ ᠤᠳᠠᠭᠠᠨ ᠪᠦᠲᠦᠮᠦᠢ᠂ ᠵᠠᠷᠭᠤ ᠪᠠ ᠡᠪᠡᠳᠴᠢᠨ ᠤᠳᠠᠵᠤ ᠰᠠᠶᠢ ᠡᠩᠬᠡᠵᠢᠮᠦᠢ᠃ ᠵᠢᠷᠮᠦᠰᠦᠨ ᠬᠥᠪᠡᠭᠦᠨ ᠬᠥᠩᠭᠡᠵᠢᠮᠦᠢ᠂ ᠶᠠᠪᠤᠳᠠᠯ ᠤ᠋ᠨ ᠬᠥᠮᠦᠨ ᠰᠠᠭᠠᠳᠠᠯᠲᠠᠢ᠂ ᠲᠠᠤᠯᠠᠢ ᠵᠢᠯ ᠲᠣᠬᠢᠶᠠᠯᠳᠤᠪᠠᠰᠤ ᠬᠡᠷᠡᠭ ᠪᠦᠷ ᠳᠡᠯᠭᠡᠷᠡᠮᠦᠢ᠃
ᠲᠠᠢᠯᠪᠤᠷᠢ ᠥᠭᠦᠯᠡᠯ : ᠡᠨᠡ ᠲᠥᠯᠭᠡ ᠳ᠋ᠦ᠍ᠷ ᠤᠷᠢᠳᠠ ᠮᠠᠭᠤ ᠬᠣᠢᠨ᠎ᠠ ᠰᠠᠢᠨ᠂ ᠠᠯᠢᠪᠠ ᠬᠡᠷᠡᠭ ᠬᠠᠪᠤᠷ ᠰᠠᠢᠨ᠂ ᠲᠠᠤᠯᠠᠢ ᠶ᠋ᠢ ᠰᠠᠷ᠎ᠠ ᠡᠳᠦᠷ ᠤᠴᠠᠷᠠᠪᠠᠰᠤ ᠵᠠᠭᠤᠨ ᠦᠢᠯᠡ ᠤᠯᠠᠮ ᠳᠡᠯᠭᠡᠷᠡᠮᠦ᠂ ᠨᠡᠷ᠎ᠡ ᠤᠳᠠᠭᠠᠨ ᠪᠦᠲᠦᠮᠦᠢ ᠬᠦᠴᠦᠯᠡᠨ ᠰᠢᠮᠳᠠᠪᠠᠰᠤ ᠰᠡᠳᠬᠢᠯ ᠤᠨ ᠬᠦᠴᠦᠨ ᠢ ᠳᠠᠯᠭᠠᠷ ᠰᠦᠢᠳᠬᠡᠮᠦᠢ᠂ ᠵᠠᠷᠭᠤ ᠠᠯᠳᠠᠷᠠᠮᠤᠢ ᠤᠰᠠᠳᠬᠠᠪᠠᠰᠤ ᠰᠠᠢᠨ᠂ ᠨᠠᠢᠵᠠ ᠶ᠋ᠢ ᠰᠣᠩᠭᠣᠵᠤ ᠬᠠᠨᠢᠯᠠ᠂ ᠵᠢᠷᠮᠦᠰᠦᠨ ᠢ ᠬᠢᠴᠢᠶᠡᠨ ᠲᠡᠵᠢᠶᠠ᠂ ᠶᠠᠪᠤᠳᠠᠯ ᠤ᠋ᠨ ᠬᠥᠮᠦᠨ ᠰᠠᠭᠠᠲᠠᠯᠲᠠᠢ᠂ ᠠᠯᠢᠪᠠ ᠬᠡᠷᠡᠭᠲᠦᠷ ᠠᠭᠤᠵᠢᠮ ᠲᠠᠯᠪᠢᠪᠠᠰᠤ ᠬᠡᠯᠡ ᠠᠮᠠ ᠦᠯᠦ ᠪᠣᠯᠤᠶᠤ᠃
ᠰᠠᠨᠠᠭ᠎ᠠ ᠲᠠᠢᠯᠤᠭᠰᠠᠨ : ᠡᠪᠯᠡᠬᠦ ᠦᠢᠯᠡᠳᠬᠦ ᠡᠯᠳᠡᠪᠴᠢᠯᠡᠨ ᠠᠷᠭᠠᠯᠠᠪᠠᠰᠤ ᠬᠦᠴᠦᠨ ᠰᠦᠢᠳᠬᠡᠬᠦ ᠪᠠ ᠡᠳ᠋ ᠢ ᠪᠠᠷᠠᠮᠤᠢ᠂ ᠡᠮᠦᠨ᠎ᠡ ᠤᠮᠠᠷ᠎ᠠ ᠬᠡᠰᠦᠨ ᠳᠣᠪᠲᠣᠯᠠᠪᠠᠴᠤ ᠪᠡᠶ᠎ᠡ ᠲᠦᠷ ᠲᠤᠰᠠ ᠦᠭᠡᠢ᠂ ᠲᠠᠤᠯᠠᠢ ᠵᠢᠯ ᠰᠠᠷ᠎ᠠ ᠡᠳᠦᠷ ᠲᠣᠬᠢᠶᠠᠯᠳᠤᠪᠠᠰᠤ ᠨᠡᠷ᠎ᠡ ᠪᠦᠲᠦᠭᠡᠳ ᠠᠰᠢᠭ ᠢ ᠴᠦ᠍ ᠣᠯᠬᠤ ᠥᠯᠢᠭᠡᠷᠡᠯᠡᠪᠡᠰᠦ ᠬᠣᠬᠢᠷᠠᠭᠰᠠᠨ ᠮᠣᠳᠣᠨ ᠬᠠᠪᠤᠷ ᠠᠭᠤᠯᠵᠠᠵᠤ ᠨᠠᠪᠴᠢ ᠴᠡᠴᠡᠭ ᠳᠡᠯᠭᠡᠷᠡᠬᠦ ᠮᠡᠲᠦ᠂ ᠠᠯᠢᠪᠠ ᠬᠡᠷᠡᠭ ᠬᠠᠪᠤᠷ ᠮᠠᠰᠢ ᠰᠠᠢᠨ᠂ ᠪᠤᠰᠤ ᠴᠠᠭ ᠪᠣᠯᠪᠠᠰᠤ ᠮᠠᠭᠤ᠃
ᠪᠡᠯᠭᠡ ᠶ᠋ᠢᠨ ᠲᠣᠬᠢᠶᠠᠯᠳᠤᠪᠦᠷᠢ : ᠨᠢᠭᠡᠨ ᠪᠢᠴᠢᠭ ᠦ᠋ᠨ ᠬᠥᠮᠦᠨ ᠰᠢᠯᠭᠠᠬᠤᠢ ᠶ᠋ᠢᠨ ᠲᠤᠯᠠ ᠦᠵᠡᠭᠦᠯᠪᠡᠰᠦ ᠡᠨᠡ ᠲᠥᠯᠭᠡ ᠪᠠᠭᠤᠵᠤᠬᠤᠢ᠂ ᠲᠡᠨᠳᠡᠴᠡ ᠥᠪᠡᠷ ᠢ᠋ᠶ᠋ᠡᠨ ᠲᠠᠤᠯᠠᠢ ᠵᠢᠯ ᠣᠯᠬᠤ ᠪᠣᠢ ᠶᠠ ᠬᠡᠮᠡᠪᠡᠢ᠂ ᠮᠥᠨ ᠣᠯᠤᠭᠰᠠᠨ ᠦᠭᠡᠢ᠂ ᠬᠣᠵᠢᠮ ᠲᠠᠬᠢᠶ᠎ᠠ ᠵᠢᠯ ᠰᠢᠯᠭᠠᠵᠤ ᠣᠯᠤᠭᠠᠳ ᠪᠣᠳᠣᠪᠠᠰᠤ ᠬᠠᠷᠢᠨ ᠬᠣᠶᠠᠷ ᠰᠢᠯᠭᠠᠬᠤ ᠲᠦᠰᠢᠮᠡᠯ ᠠᠨᠤ ᠲᠠᠤᠯᠠᠢ ᠵᠢᠯ ᠲᠡᠢ ᠪᠥᠯᠥᠭᠡ᠂ ᠡᠨᠡ ᠠᠨᠤ ᠬᠠᠰ ᠲᠠᠤᠯᠠᠢ ᠠᠭᠤᠯᠵᠠᠪᠠᠢ ᠬᠡᠮᠡᠭᠰᠡᠨ ᠯᠦ᠍ᠭᠡ ᠨᠡᠢᠯᠡᠵᠦᠬᠦᠢ᠃
ᠶᠡᠷᠡ ᠶᠢᠰᠦᠳᠦᠭᠡᠷ ᠲᠥᠯᠭᠡ᠄ ᠬᠠᠷᠠᠭᠴᠢᠨ ᠬᠠᠷ᠎ᠠ᠂ ᠳᠡᠭᠡᠳᠦ ᠶ᠋ᠢᠨ ᠳᠡᠭᠡᠳᠦ᠂ ᠲᠥᠯᠭᠡ ᠶ᠋ᠢᠨ ᠪᠡᠯᠭᠡ ᠠᠨᠤ : ᠪᠠ ᠯᠢ ᠧ ᠴᠢᠨ ᠤᠯᠤᠰ ᠲᠤᠷ ᠣᠷᠣᠭᠰᠠᠨ : ᠡᠷᠬᠢᠮ ᠬᠥᠮᠦᠨ ᠡᠭᠦᠯᠡ ᠤᠰᠤᠨ ᠤ᠋ ᠬᠥᠳᠡᠭᠡ ᠳ᠋ᠦ᠍ᠷ ᠠᠭᠤᠯᠵᠠᠪᠠᠢ ᠂ ᠬᠠᠨᠢᠯᠠᠬᠤᠢ ᠳ᠋ᠤᠷ ᠬᠦᠢᠲᠡᠨ ᠰᠤᠯᠠ ᠪᠣᠯᠪᠠᠰᠤ ᠠᠮᠲᠠᠰᠢᠯ ᠤᠷᠲᠤ᠂ ᠰᠢᠷ᠎ᠠ ᠲᠠᠭᠲᠤ ᠨᠡᠬᠡᠬᠦᠢ ᠴᠠᠭ ᠲᠣᠷ ᠬᠠᠭᠤᠴᠢᠨ ᠵᠣᠴᠢᠨ ᠢᠷᠡᠪᠡᠢ᠂ ᠠᠵᠢᠨᠠᠢ ᠮᠣᠷᠢᠨ ᠡᠩᠨᠡᠭᠡ ᠣᠷᠣᠨ ᠣᠯᠵᠤ ᠳᠤᠷᠠᠪᠠᠷ ᠲᠣᠭᠯᠠᠮᠤᠢ᠃
ᠪᠣᠭᠳᠠ ᠶ᠋ᠢᠨ ᠲᠠᠭᠠᠯᠠᠯ : ᠨᠡᠷ᠎ᠡ ᠪᠠ ᠠᠰᠢᠭ ᠵᠠᠷᠭᠤ ᠬᠢᠭᠡᠳ ᠬᠡᠷᠡᠭ ᠦ᠋ᠳ ᠭᠡᠷ ᠦ᠋ᠨ ᠬᠤᠪᠢᠨ᠎ᠠ ᠰᠠᠢᠨ᠂ ᠪᠤᠯᠲᠤ ᠥᠯᠵᠡᠢ ᠲᠡᠢ᠂ ᠡᠪᠡᠳᠴᠢᠲᠡᠨ ᠳᠠᠷᠤᠢ ᠡᠳᠡᠭᠡᠮᠦᠢ᠂ ᠵᠢᠷᠮᠤᠰᠤᠨ ᠪᠥᠭᠡᠰᠦ ᠬᠥᠪᠡᠭᠦᠨ ᠬᠥᠩᠭᠡᠵᠢᠮᠦᠢ᠂ ᠤᠷᠤᠭ ᠪᠣᠯᠤᠯᠴᠠᠪᠠᠰᠤ ᠪᠦᠲᠦᠮᠦᠢ᠂ ᠶᠠᠪᠤᠳᠠᠯ ᠢᠷᠡᠮᠦᠢ᠃
ᠲᠠᠢᠯᠪᠤᠷᠢ ᠥᠭᠦᠯᠡᠯ : ᠡᠨᠡ ᠲᠥᠯᠭᠡ ᠳ᠋ᠦ᠍ᠷ ᠳᠡᠭᠡᠳᠦ ᠰᠠᠢᠨ᠂ ᠭᠡᠷ ᠦ᠋ᠨ ᠬᠤᠪᠢᠨ᠎ᠠ ᠠᠮᠤᠷ᠂ ᠭᠠᠵᠠᠷ ᠤ᠋ᠨ ᠰᠤᠳᠠᠯ ᠲᠠᠮᠢᠷ ᠰᠠᠢᠨ ᠨᠡᠷ᠎ᠡ ᠪᠠ ᠠᠰᠢᠭ ᠪᠤᠯᠲᠤ ᠬᠢᠯᠪᠠᠷ ᠪᠦᠲᠦᠮᠦᠢ᠂ ᠤᠷᠤᠭ ᠪᠣᠳᠣᠵᠤ᠂ ᠶᠠᠪᠤᠳᠠᠯ ᠤ᠋ᠨ ᠬᠥᠮᠦᠨ ᠢᠷᠡᠮᠦᠢ᠂ ᠡᠪᠡᠳᠴᠢᠳᠢᠨ ᠠᠮᠤᠷᠵᠢᠪᠠᠢ᠃ ᠵᠢᠷᠮᠦᠰᠦᠨ ᠬᠥᠪᠡᠭᠦᠨ ᠬᠥᠩᠭᠡᠵᠢᠮᠦᠢ᠂ ᠴᠢᠳᠬᠥᠷ ᠠᠶᠤᠯ ᠦᠭᠡᠢ ᠪᠣᠯᠠᠢ᠃
ᠰᠠᠨᠠᠭ᠎ᠠ ᠲᠠᠢᠯᠤᠭᠰᠠᠨ : ᠰᠢᠷ᠎ᠠ ᠲᠠᠭᠲᠤ ᠬᠡᠮᠡᠭᠰᠡᠨ ᠠᠨᠤ ᠭᠤᠸᠠᠩ ᠡᠦ ᠬᠠᠭᠠᠨ ᠶᠠᠨ ᠯᠢᠩ ᠰᠢᠶᠠᠨ ᠱᠧᠩ ᠢ ᠬᠥᠨᠳᠦᠯᠦᠭᠰᠡᠨ ᠲᠠᠭᠲᠤ ᠪᠣᠯᠠᠢ᠃ᠪᠢᠴᠢᠭ ᠦ᠋ᠨ ᠬᠥᠮᠦᠨ ᠪᠠ ᠦᠳᠡᠯ᠎ᠡ ᠠᠷᠠᠳ ᠦᠵᠡᠭᠦᠯᠪᠡᠰᠦ ᠪᠤᠶᠠᠲᠤ ᠬᠥᠮᠦᠨ ᠳ᠋ᠦ᠍ᠷ ᠲᠡᠳᠭᠦᠮᠴᠢᠯᠡᠭᠳᠡᠬᠦ᠂ ᠠᠯᠢᠪᠠ ᠶᠡᠬᠡᠳᠡ ᠳᠡᠯᠭᠡᠷᠡᠬᠦ᠂ ᠠᠵᠢᠨᠠᠢ ᠬᠡᠮᠡᠭᠰᠡᠨ ᠡᠷᠬᠢᠮ ᠰᠠᠢᠨ ᠮᠣᠷᠢᠨ ᠢ ᠦᠵᠡᠭᠦᠯᠦᠭᠰᠡᠨ ᠪᠣᠯᠠᠢ᠃ ᠡᠩᠬᠡ ᠣᠷᠣᠨ ᠳ᠋ᠤᠷ ᠲᠣᠭᠯᠠᠬᠤ ᠬᠡᠮᠡᠭᠰᠡᠨ ᠠᠨᠤ ᠮᠠᠰᠢ ᠳᠡᠯᠭᠡᠷᠡᠬᠦ ᠶ᠋ᠢ ᠥᠭᠦᠯᠡᠭᠰᠡᠨ᠂ ᠡᠭᠦᠯᠡ ᠤᠰᠤᠨ ᠤ᠋ ᠭᠠᠵᠠᠷ ᠬᠡᠮᠡᠭᠰᠡᠨ ᠠᠨᠤ᠂ ᠰᠢᠷ᠎ᠠ ᠦᠬᠡᠷ ᠦ᠋ᠨ ᠭᠣᠣᠯ᠂ ᠴᠠᠭᠠᠨ ᠮᠣᠷᠢᠨ ᠤ᠋ ᠮᠥᠷᠡᠨ᠂ ᠵᠡᠭᠦᠨ ᠡᠮᠦᠨᠡᠬᠢ ᠤᠰᠤᠲᠤ ᠤᠯᠤᠰ ᠤ᠋ᠨ ᠣᠷᠣᠨ ᠪᠣᠯᠠᠢ᠂ ᠡᠨᠡ ᠮᠡᠲᠦ ᠣᠷᠣᠨ ᠳ᠋ᠤ᠌ ᠠᠭᠤᠯᠵᠠᠪᠠᠰᠤ ᠶᠠᠪᠤᠳᠠᠯ ᠢ ᠬᠢᠴᠢᠶᠡᠪᠡᠰᠦ ᠪᠣᠯᠬᠤ ᠮᠡᠲᠦ᠃
ᠪᠡᠯᠭᠡ ᠶ᠋ᠢᠨ ᠲᠣᠬᠢᠶᠠᠯᠳᠤᠪᠤᠷᠢ : ᠨᠢᠭᠡᠨ ᠬᠥᠮᠦᠨ ᠲᠦᠰᠢᠮᠡᠯ ᠢ ᠰᠣᠩᠭᠣᠬᠤᠢ ᠳ᠋ᠣᠢ ᠦᠵᠡᠭᠦᠯᠪᠡᠰᠦ ᠡᠨᠡ ᠲᠥᠯᠭᠡ ᠪᠠᠭᠤᠵᠤᠬᠤᠢ᠂ ᠲᠡᠨᠳᠡᠴᠡ ᠴᠡᠷᠢᠭ ᠦ᠋ᠨ ᠲᠤᠰᠢᠶᠠᠯ ᠢ ᠬᠦᠯᠢᠶᠡᠵᠦ ᠵᠡᠭᠦᠨ ᠡᠮᠦᠨ᠎ᠡ ᠤᠰᠤᠲᠤ ᠭᠠᠵᠠᠷ ᠲᠤᠷ ᠰᠠᠭᠤᠭᠠᠳ ᠬᠡᠷᠡᠭ ᠦᠭᠡᠢ ᠪᠡᠷ ᠰᠤᠯᠠᠬᠠᠨ ᠨᠥᠨᠢᠲᠡ ᠰᠠᠭᠤᠪᠠᠢ᠂ ᠪᠠᠰᠠ ᠨᠢᠭᠡᠨ ᠰᠢᠯᠭᠠᠬᠤᠢ ᠳ᠋ᠤᠷ ᠦᠵᠡᠭᠦᠯᠦᠭᠡᠳ ᠬᠡᠳᠦᠨ ᠤᠳᠠᠭ᠎ᠠ ᠰᠢᠯᠭᠠᠪᠠᠴᠤ ᠣᠯᠤᠭᠰᠠᠨ ᠦᠭᠡᠢ᠂ ᠬᠡᠵᠢᠶ᠎ᠡ ᠤᠭ ᠰᠢᠯᠭᠠᠭᠰᠠᠨ ᠲᠦᠰᠢᠮᠡᠯ ᠢᠨᠦ ᠰᠥᠩ ᠱᠢ ᠪᠣᠯᠤᠭᠰᠠᠨ ᠴᠠᠭ ᠲᠣᠷ ᠰᠠᠶ᠋ᠢ ᠣᠯᠵᠤ ᠰᠢᠯᠭᠠᠭᠳᠠᠪᠠ᠂ ᠡᠨᠡ ᠰᠢᠯᠦᠭ ᠦ᠋ᠨ ᠭᠤᠲᠠᠭᠠᠷ ᠳᠥᠲᠥᠭᠡᠷ ᠦᠭᠡᠨ ᠯᠦ᠍ᠭᠡ ᠨᠡᠢᠯᠡᠵᠦᠬᠦᠢ᠃
ᠵᠠᠭᠤᠳᠤᠭᠠᠷ ᠲᠥᠯᠭᠡ᠄ ᠬᠠᠷᠠᠭᠴᠢᠨ ᠬᠠᠷᠠᠭᠴᠢᠨ᠂ ᠳᠡᠭᠡᠳᠦ ᠶ᠋ᠢᠨ ᠳᠡᠭᠡᠳᠦ᠂ ᠲᠥᠯᠭᠡ ᠶ᠋ᠢᠨ ᠪᠡᠯᠭᠡ ᠠᠨᠤ : ᠳᠠᠩ ᠮᠢᠩ ᠬᠤᠸᠠᠩ ᠲᠡᠭᠷᠢ ᠳ᠋ᠦ᠍ᠷ ᠵᠠᠯᠪᠠᠷᠢᠭᠰᠠᠨ : ᠪᠢ ᠤᠭ ᠠ᠋ᠴᠠ ᠲᠡᠭᠷᠢ ᠶ᠋ᠢᠨ ᠰᠠᠬᠢᠭᠤᠯᠰᠤᠨ ᠲᠤᠯᠠ ᠬᠤᠷ᠎ᠠ ᠠᠶᠤᠩᠭ᠎ᠠ ᠶ᠋ᠢᠨ ᠪᠠᠭᠰᠢ ᠪᠣᠯᠠᠢ᠂ ᠪᠢ ᠪᠡᠷ ᠰᠠᠢᠨ ᠮᠠᠭᠤ ᠵᠣᠪᠠᠯᠠᠩ ᠵᠢᠷᠭᠠᠯᠠᠩ ᠢ ᠤᠭᠲᠤᠵᠤ ᠮᠡᠳᠡᠬᠦ ᠪᠥᠯᠥᠭᠡ᠂ ᠪᠢᠰᠢᠷᠡᠯ ᠢᠶᠠᠷ ᠬᠦᠰᠡᠨ ᠵᠠᠯᠪᠡᠷᠢᠪᠠᠰᠤ ᠠᠯᠢᠪᠠ ᠤᠴᠢᠷ ᠮᠡᠷᠡᠬᠡᠨ ᠦᠵᠡᠭᠦᠯᠦᠮᠦᠢ᠃ ᠪᠢᠴᠢᠭᠲᠦ ᠰᠡᠭᠦᠯ ᠦ᠋ᠨ ᠬᠤᠯᠤᠰᠤᠨ ᠢ ᠠᠪᠤᠪᠠᠰᠤ ᠬᠡᠷᠡᠭ ᠪᠦᠬᠦᠨ᠎ᠡ ᠮᠠᠰᠢ ᠶᠡᠬᠡ ᠥᠯᠵᠡᠢᠲᠡᠢ᠃
ᠪᠤᠭᠲᠠ ᠶ᠋ᠢᠨ ᠲᠠᠭᠠᠯᠠᠯ : ᠲᠥᠯᠭᠡ ᠶᠢᠨ ᠰᠢᠯᠦᠭ ᠵᠠᠭᠤᠨ ᠲᠣᠭ᠎ᠠ ᠲᠡᠭᠦᠰᠪᠡᠢ ᠮᠢᠨᠦ ᠮᠡᠳᠡᠬᠦ ᠪᠡᠯᠬᠡᠨ ᠮᠠᠭᠤ ᠦᠭᠡᠢ ᠰᠠᠬᠢᠭᠤᠯᠰᠤᠨ ᠵᠠᠯᠪᠠᠷᠢᠪᠠᠯ ᠲᠡᠳᠬᠦᠮᠦᠢ᠂ ᠪᠤᠶᠠᠨ ᠤ᠋ ᠴᠢᠭᠤᠯᠭᠠᠨ ᠢ ᠬᠤᠷᠢᠶ᠎ᠠ ᠵᠣᠪᠠᠭᠰᠠᠨ ᠬᠣᠢᠨ᠎ᠠ ᠵᠢᠷᠭᠠᠮᠤᠢ ᠪᠠᠭᠤᠷᠠᠬᠤᠢ ᠡᠴᠦᠰ ᠨᠡᠮᠡᠮᠦᠢ᠃
ᠲᠠᠢᠯᠪᠤᠷᠢ ᠥᠭᠦᠯᠡᠯ : ᠡᠨᠡ ᠲᠥᠯᠭᠡ ᠳ᠋ᠦ᠍ᠷ ᠰᠠᠨᠠᠭᠰᠠᠨ ᠬᠡᠷᠡᠭ ᠪᠦᠲᠦᠬᠦ᠂ ᠡᠬᠢᠨ ᠳ᠋ᠦ᠍ ᠨᠡᠪᠲᠡᠷᠡᠬᠦ ᠰᠡᠭᠦᠯ ᠳ᠋ᠦ᠍ᠷ ᠳᠡᠯᠭᠡᠷᠡᠬᠦ᠂ ᠵᠠᠷᠭᠤ ᠣᠯᠬᠤ᠂ ᠤᠷᠤᠭ ᠪᠠᠷᠢᠯᠳᠤᠬᠤ ᠶᠠᠪᠤᠳᠠᠯ ᠤ᠋ᠨ ᠬᠥᠮᠦᠨ ᠬᠦᠷᠴᠦ ᠢᠷᠡᠮᠦᠢ᠂ ᠵᠢᠷᠮᠦᠰᠦᠨ ᠬᠥᠪᠡᠭᠦᠨ ᠬᠥᠩᠭᠡᠵᠢᠮᠦᠢ᠂ ᠭᠠᠵᠠᠷ ᠤ᠋ᠨ ᠰᠤᠳᠠᠯ ᠲᠠᠮᠢᠷ ᠰᠠᠢᠨ᠂ ᠡᠪᠡᠳᠴᠢᠲᠡᠨ ᠭᠬᠢᠷ ᠦᠭᠡᠢ ᠠᠷᠢᠯᠬᠤ ᠪᠣᠯᠠᠢ᠃
ᠰᠠᠨᠠᠭ᠎ᠠ ᠲᠠᠢᠯᠤᠭᠰᠠᠨ : ᠲᠣᠭ᠎ᠠ ᠠᠨᠤ ᠲᠡᠭᠦᠰᠪᠡ ᠬᠡᠮᠡᠪᠡᠴᠦ ᠣᠷᠴᠢᠬᠤ ᠠᠨᠤ ᠮᠥᠨ ᠬᠦ᠌ ᠲᠠᠬᠢᠨ ᠡᠬᠢᠯᠡᠮᠦ᠂ ᠪᠤᠶᠠᠨ ᠤ᠋ ᠴᠢᠭᠤᠯᠭᠠᠨ ᠬᠤᠷᠢᠶᠠᠪᠠᠤ ᠰᠠᠬᠢᠭᠤᠯᠰᠤᠨ ᠢᠪᠡᠭᠡᠨ ᠲᠡᠳᠬᠦᠮᠦᠢ᠂ ᠰᠠᠢᠨ ᠮᠠᠭᠤ ᠳᠡᠯᠭᠡᠷᠡᠬᠦ ᠪᠠᠭᠤᠷᠠᠬᠤ ᠪᠣᠭᠳᠠ ᠶ᠋ᠢᠨ ᠠᠢᠯᠠᠳᠤᠯ ᠠ᠋ᠴᠠ ᠦᠯᠦ ᠵᠥᠷᠢᠴᠡᠬᠦ ᠭᠡᠮᠡᠨ ᠭᠦᠢᠴᠡᠳᠬᠡᠨ ᠥᠭᠦᠯᠡᠪᠡᠢ᠂ ᠡᠨᠡ ᠲᠥᠯᠭᠡ ᠶᠢᠨ ᠪᠡᠯᠭᠡ ᠠᠨᠤ ᠠᠯᠢᠪᠠ ᠬᠡᠷᠡᠭ ᠮᠠᠰᠢ ᠰᠠᠢᠨ᠂ ᠪᠠᠶᠠᠨ ᠡᠷᠬᠢᠮ ᠬᠥᠮᠦᠨ ᠪᠥᠭᠡᠰᠦ ᠡᠯᠪᠡᠭ ᠪᠠᠷᠢᠵᠤ᠂ ᠳᠦᠭᠦᠷᠡᠩ ᠢᠶᠡᠨ ᠰᠠᠬᠢᠬᠤ ᠬᠡᠷᠡᠭᠲᠡᠢ᠂ ᠲᠡᠢᠮᠦ ᠪᠣᠯᠪᠠᠰᠤ ᠠᠰᠠᠷᠠᠬᠤᠢ ᠭᠡᠮ ᠦᠯᠦ ᠢᠷᠡᠮᠦᠢ᠂ ᠡᠪᠡᠳᠴᠢᠨ ᠪᠣᠯᠪᠠᠰᠤ ᠵᠠᠢᠯᠠᠭᠠᠳ ᠶᠡᠷᠦ ᠭᠡᠮ ᠦᠭᠡᠢ᠂ ᠤᠷᠤᠭ ᠪᠠᠷᠢᠯᠳᠤᠪᠠᠰᠤ ᠵᠠᠭᠤᠨ ᠵᠢᠯ ᠵᠢᠷᠭᠠᠮᠤ᠂ ᠠᠴᠢ ᠦᠷ᠎ᠡ ᠪᠣᠯᠪᠠᠰᠤ ᠤᠷᠲᠤ ᠨᠠᠰᠤᠯᠠᠵᠤ ᠢᠵᠠᠭᠤᠷ ᠳᠡᠯᠭᠡᠷᠡᠮᠦ᠂ ᠲᠣᠪᠴᠢᠯᠠᠨ ᠬᠤᠷᠢᠶᠠᠪᠠᠰᠤ ᠨᠠᠰᠤᠨ ᠡᠭᠦᠷᠢᠳᠡ ᠵᠢᠷᠭᠠᠯᠠᠩ ᠢ ᠣᠯᠬᠤ ᠪᠣᠯᠠᠢ᠃
ᠪᠡᠯᠭᠡ ᠶ᠋ᠢᠨ ᠲᠤᠬᠢᠶᠠᠯᠳᠤᠪᠤᠷᠢ᠂ ᠯᠦᠩ ᠰᠢᠩ ᠦ᠋ᠨ ᠦᠶ᠎ᠡ ᠳ᠋ᠦ᠍ ᠰᠢᠶᠠ ᠰᠠᠨ ᠲᠢᠩ ᠺᠠᠢ ᠳᠠᠩ ᠰᠢᠶᠠᠨ ᠱᠧᠩ ᠦ᠋ᠨ ᠱᠢ ᠊ ᠰᠢᠯᠭᠠᠬᠤᠢ ᠳ᠋ᠤ᠌ ᠦᠵᠡᠭᠦᠯᠪᠡᠰᠦ ᠡᠨᠡ ᠲᠥᠯᠭᠡ ᠪᠠᠭᠤᠵᠤᠬᠤᠢ᠂ ᠲᠡᠨᠳᠡᠴᠡ ᠰᠢᠯᠭᠠᠭᠠᠳ ᠨᠡᠷ᠎ᠡ ᠢᠨᠤ ᠲᠤᠩᠬᠠᠭ ᠲᠤᠷ ᠭᠤᠷᠪᠠᠨ ᠵᠠᠭᠤᠨ ᠤ᠋ ᠱᠢ ᠶ᠋ᠢᠨ ᠰᠡᠭᠦᠯ ᠳ᠋ᠦ᠍ᠷ ᠭᠠᠷᠪᠠᠢ᠂ ᠬᠣᠵᠢᠮ ᠦᠢᠯᠡᠳᠬᠦ ᠶᠠᠪᠤᠳᠠᠯ ᠤ᠋ᠨ ᠶᠠᠮᠤᠨ ᠤ᠋ ᠡᠷᠬᠢᠯᠡᠭᠰᠡᠨ ᠰᠠᠢᠳ ᠲᠤᠷ ᠬᠦᠷᠴᠦ ᠵᠠᠭᠤᠨ ᠨᠠᠰᠤᠨ ᠤ᠋ ᠥᠯᠵᠡᠢ ᠶ᠋ᠢ ᠣᠯᠤᠭᠰᠠᠨ ᠪᠣᠯᠠᠢ᠃
ᠮᠣᠩᠭᠣᠯᠵᠢᠨ ᠬᠤᠰᠢᠭᠤᠨ ᠤ᠋ ᠭᠠᠢᠬᠠᠮᠰᠢᠭᠠ ᠵᠣᠬᠢᠷᠠᠭᠤᠯᠤᠭᠴᠢ ᠬᠡᠢᠳ ᠦ᠋ᠨ ᠺᠠᠨᠪᠤ ᠴᠠᠭᠠᠨ ᠳᠢᠶᠠᠨᠴᠢ ᠬᠤᠲᠤᠭᠲᠤ ᠪᠯᠠᠮ᠎ᠠ ᠶ᠋ᠢᠨ ᠭᠡᠭᠡᠨ ᠢ᠋ᠶ᠋ᠡᠷ ᠨᠠᠳᠤᠷ ᠰᠣᠶᠣᠷᠬᠠᠯ ᠵᠠᠷᠯᠢᠭ ᠪᠠᠭᠤᠯᠭᠠᠭᠰᠠᠨ ᠠᠨᠤ ᠥᠪᠡᠷ ᠦ᠋ᠨ ᠪᠤᠶᠠᠨ ᠢ ᠢᠮᠠᠭᠲᠠ ᠠᠷᠪᠢᠳᠬᠠᠬᠤ ᠶ᠋ᠢᠨ ᠳᠡᠭᠡᠳᠦ ᠠᠷᠭ᠎ᠠ ᠠᠨᠤ ᠥᠪᠡᠷᠮᠢᠴᠡ ᠪᠤᠰᠤᠳ ᠤ᠋ᠨ ᠲᠤᠰᠠ ᠶ᠋ᠢ ᠠᠰᠢᠳᠠ ᠦᠢᠯᠡᠳᠬᠦ ᠠᠨᠤ ᠡᠷᠭᠢᠨ ᠤᠨᠢᠰ ᠲᠤᠯᠠ ᠥᠨᠢᠳᠡ ᠣᠷᠣᠰᠢᠵᠤ ᠣᠯᠠᠨ ᠠᠮᠢᠲᠠᠨ ᠢ ᠠᠰᠠᠷᠠᠨ ᠢᠪᠡᠭᠡᠭᠴᠢ ᠥᠷᠥᠰᠢᠶᠡᠨ ᠠᠢᠯᠠᠳᠬᠤ ᠶ᠋ᠢᠨ ᠲᠤᠢᠯ ᠳ᠋ᠤᠷ ᠬᠦᠷᠦᠭᠰᠡᠨ ᠶᠡᠬᠡ ᠬᠠᠭᠠᠨ ᠤ᠋ ᠲᠥᠯᠭᠡ ᠶ᠋ᠢᠨ ᠪᠡᠯᠭᠡ ᠶ᠋ᠢ ᠨᠡᠮᠡᠵᠦ ᠣᠷᠴᠢᠭᠤᠯᠤᠭᠴᠢ ᠬᠡᠮᠡᠭᠰᠡᠨ ᠵᠠᠷᠯᠢᠭ ᠢ ᠬᠠᠷᠢᠭᠤᠯᠤᠨ ᠡᠰᠡ ᠴᠢᠳᠠᠵᠤ᠂ ᠥᠪᠡᠷ ᠦ᠋ᠨ ᠢᠴᠢᠭᠦᠷᠢ ᠶ᠋ᠢ ᠰᠠᠬᠢᠨ ᠶᠠᠳᠠᠨ ᠣᠷᠴᠢᠭᠤᠯᠪᠠᠢ᠂ ᠪᠤᠰᠤ ᠪᠠᠰᠠ ᠭᠡᠭᠡᠨ ᠤ ᠵᠠᠷᠯᠢᠭ ᠮᠡᠲᠦ᠂ ᠪᠤᠰᠤᠳ ᠤ᠋ᠨ ᠲᠤᠰᠠ ᠪᠣᠯᠬᠤ ᠠᠨᠤ ᠰᠦᠰᠦᠭ ᠪᠢᠰᠢᠷᠡᠯ ᠬᠡᠷᠡᠭ ᠲᠡᠢ᠂ ᠰᠦᠰᠦᠭ ᠪᠢᠰᠢᠷᠡᠯ ᠢ ᠲᠥᠷᠥᠭᠦᠯᠬᠦᠢ ᠳ᠋ᠦ᠍ᠷ ᠳᠡᠭᠡᠳᠦᠰ ᠦ᠋ᠨ ᠦᠵᠡᠯ ᠶᠠᠪᠤᠳᠠᠯ ᠬᠡᠷᠡᠭᠲᠡᠢ ᠶ᠋ᠢᠨ ᠲᠤᠯᠠ ᠤᠷᠲᠤ ᠡᠭᠦᠯᠡ ᠳ᠋ᠦ᠍ ᠶᠡᠬᠡ ᠬᠠᠭᠠᠨ ᠤ᠋ ᠴᠠᠳᠢᠭ ᠢ ᠬᠡᠳᠦᠨ ᠦᠰᠦᠭ ᠦ᠋ᠨ ᠲᠣᠪᠴᠢ ᠶ᠋ᠢᠨ ᠲᠡᠳᠦᠢ ᠰᠢᠦᠢ ᠪᠣᠯᠭᠠᠨ ᠪᠢᠴᠢᠰᠦᠭᠡᠢ᠂ ᠮᠢᠨᠦ ᠠᠴᠢᠲᠤ ᠸᠴᠢᠷ ᠳ᠋ᡁᠷᠠ!
ᠡᠭᠦᠷᠢᠳᠡ ᠥᠯᠵᠡᠢ ᠪᠤᠶᠠᠨ! ᠪᠦᠷᠢᠨᠲᠦ ᠵᠠᠰᠠᠭᠲᠤ ᠶ᠋ᠢᠨ ᠵᠢᠷᠭᠤᠳᠤᠭᠠᠷ ᠣᠨ ᠤᠯᠠᠭᠴᠢᠨ ᠲᠠᠤᠯᠠᠢ ᠵᠢᠯᠤᠨ ᠵᠤᠨ ᠤ᠋ ᠲᠡᠷᠢᠭᠦᠨ ᠰᠠᠷ᠎ᠠ ᠶ᠋ᠢᠨ ᠠᠷᠪᠠᠨ ᠲᠠᠪᠤᠨ᠎ᠠ ᠪᠢᠴᠢᠪᠡ᠃
ᠲᠠᠢᠯᠪᠤᠷᠢ : ᠲᠥᠯᠭᠡ ᠭᠤᠶᠤᠬᠤ ᠬᠥᠮᠦᠨ ᠪᠣᠭᠳᠠ ᠯᠣᠣᠶᠠ ᠳ᠋ᠤᠷ ᠰᠦᠰᠦᠭᠯᠡᠨ ᠵᠠᠯᠪᠠᠷᠢᠵᠤ ᠳᠤᠷ᠎ᠠ ᠶ᠋ᠢᠨ ᠨᠢᠭᠡ ᠨᠢᠭᠤᠷ ᠢ᠋ ᠳᠡᠯᠭᠡᠭᠡᠳ ᠡᠬᠢᠨ ᠤ ᠨᠢᠭᠡ ᠲᠥᠯᠭᠡ ᠶ᠋ᠢ ᠦᠵᠡᠮᠦᠢ᠃
