《ᠬᠥᠬᠡ ᠰᠤᠳᠤᠷ》 ᠤᠨ ᠨᠥᠬᠥᠪᠦᠷᠢ ᠲᠡᠪᠲᠡᠷ - ᠢᠨᠵᠠᠨᠨᠠᠰᠢ < ᠳᠥᠴᠢᠨ ᠳᠥᠷᠪᠡᠳᠦᠭᠡᠷ ᠪᠦᠯᠦᠭ> "Хөх судар" он нөхвөр дэвтэр - Инжинаш <Дөчин дөрөвдүгээр бүлэг> ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. 《ᠬᠥᠬᠡ ᠰᠤᠳᠤᠷ》 ᠤᠨ ᠨᠥᠬᠥᠪᠦᠷᠢ ᠲᠡᠪᠲᠡᠷ - ᠢᠨᠵᠠᠨᠨᠠᠰᠢ < ᠳᠥᠴᠢᠨ ᠳᠥᠷᠪᠡᠳᠦᠭᠡᠷ ᠪᠦᠯᠦᠭ> "Хөх судар" он нөхвөр дэвтэр - Инжинаш <Дөчин дөрөвдүгээр бүлэг>

《ᠬᠥᠬᠡ ᠰᠤᠳᠤᠷ》 ᠤᠨ ᠨᠥᠬᠥᠪᠦᠷᠢ ᠲᠡᠪᠲᠡᠷ - ᠢᠨᠵᠠᠨᠨᠠᠰᠢ < ᠳᠥᠴᠢᠨ ᠳᠥᠷᠪᠡᠳᠦᠭᠡᠷ ᠪᠦᠯᠦᠭ> "Хөх судар" он нөхвөр дэвтэр - Инжинаш <Дөчин дөрөвдүгээр бүлэг>

ᠠᠩᠭᠢᠯᠠᠯ:ᠲᠡᠦᠬᠡ ᠰᠣᠶᠣᠯ
2024-05-13

199

《ᠬᠥᠬᠡ ᠰᠤᠳᠤᠷ》 ᠤᠨ ᠨᠥᠬᠥᠪᠦᠷᠢ ᠲᠡᠪᠲᠡᠷ - ᠳᠥᠴᠢᠨ ᠳᠥᠷᠪᠡᠳᠦᠭᠡᠷ ᠪᠦᠯᠦᠭ

       
       ᠬᠥᠬᠡ ᠮᠣᠩᠭᠣᠯ ᠤᠯᠤᠰ ᠤ᠋ᠨ ᠴᠢᠩᠭᠢᠰ ᠬᠠᠭᠠᠨ ᠤ᠋ ᠲᠡᠷᠢᠭᠦᠨ ᠣᠨ ᠤᠯᠠᠭᠠᠨ ᠪᠠᠷᠰ ᠵᠢᠯ᠃ ᠳᠤᠮᠳᠠᠳᠤ ᠠᠯᠲᠠᠨ ᠤᠯᠤᠰ ᠤ᠋ᠨ ᠵᠠᠩᠽᠥ᠋ᠩ ᠦ᠋ᠨ ᠲᠡᠢ ᠾᠧ ᠬᠡᠮᠡᠬᠦ ᠶ᠋ᠢᠨ ᠵᠢᠷᠭᠤᠳᠤᠭᠠᠷ ᠣᠨ ᠪᠠᠢᠭᠰᠠᠭᠠᠷ᠃ ᠡᠮᠦᠨᠡᠲᠦ ᠰᠥᠩ ᠤᠯᠤᠰ ᠤ᠋ᠨ ᠨᠢᠩᠽᠥ᠋ᠩ ᠦ᠋ᠨ ᠺᠠᠢ ᠰᠢ ᠭᠡᠮᠡᠨ ᠬᠠᠯᠠᠭᠰᠠᠨ ᠤ᠋ ᠬᠣᠶᠠᠳᠤᠭᠠᠷ ᠣᠨ᠃     
              
                ᠳᠥᠴᠢᠨ ᠳᠥᠷᠪᠡᠳᠦᠭᠡᠷ ᠪᠦᠯᠦᠭ       

          ᠤᠨᠤᠨ ᠮᠥᠷᠡᠨ ᠦ᠌ ᠮᠤᠩ ᠤ᠋ᠨ ᠭᠣᠣᠯ ᠳ᠋ᠤᠷ ᠵᠢᠨᠦᠩ ᠦ᠋ᠨ ᠵᠢᠪᠬᠤᠯᠠᠩ ᠪᠠᠯᠭᠠᠰᠤᠨ᠎ᠠ ᠵᠥᠭᠡᠭᠡᠨ ᠨᠡᠭᠦᠷᠦᠨ  
             ᠣᠯᠠᠨ ᠠᠢᠮᠠᠭ ᠤ᠋ᠳ ᠸᠴᠢᠷ ᠮᠠᠨᠳᠠᠯ ᠳ᠋ᠤᠷ ᠡᠵᠡᠨ ᠢ᠋ ᠰᠢᠬᠠᠮᠳᠠᠭᠤᠯᠤᠨ ᠠᠯᠲᠠᠨ ᠠᠮᠠᠨ ᠢ᠋ ᠠᠪᠤᠭᠤᠯᠤᠮᠤᠢ     
                 ᠤᠷᠮ᠎ᠠ ᠶ᠋ᠢ ᠬᠥᠭᠵᠢᠭᠡᠬᠦ ᠤᠲ᠌ᠪᠠᠯ᠎ᠠ ᠴᠡᠴᠡᠭ ᠦ᠋ᠨ ᠨᠢᠭᠡᠨ ᠴᠣᠮᠣ ᠳᠡᠷᠡᠰᠦᠨ    
                 ᠣᠶᠤᠨ ᠢ᠋ ᠳᠡᠯᠭᠡᠷᠡᠭᠦᠯᠬᠦ ᠪᠢᠷ ᠪᠡᠬᠡᠰ ᠦ᠋ᠨ ᠮᠢᠩᠭᠠᠨ ᠪᠠᠳᠠᠭ ᠰᠢᠯᠦᠭ᠂    
                 ᠤᠴᠠᠷᠠᠯ ᠲᠣᠬᠢᠶᠠᠯ ᠰᠠᠢᠨ ᠬᠤᠪᠢ ᠶ᠋ᠢᠨ ᠲᠦᠮᠡᠨ ᠣᠨ ᠤ᠋ ᠬᠣᠴᠣᠷᠤᠯ     
                 ᠤᠳᠠᠭᠠᠨ ᠤᠷᠲᠤ ᠦᠢᠯᠡᠰ ᠡᠷᠳᠡᠮ ᠦ᠋ᠨ ᠵᠠᠭᠤᠨ ᠭᠠᠯᠪᠠ ᠶ᠋ᠢᠨ ᠵᠣᠭᠣᠭ᠃ 

       ᠲᠡᠨᠳᠡᠴᠡ ᠵᠢᠨᠦᠩ ᠮᠤᠬᠤᠯᠢ ᠡᠳᠡᠭᠡᠷ ᠶᠡᠬᠡ ᠸᠴᠢᠷ ᠮᠠᠨᠳᠠᠯ ᠠ᠋ᠴᠠ ᠡᠬᠢᠯᠡᠨ᠂ ᠵᠢᠪᠬᠤᠯᠠᠩᠲᠤ ᠪᠠᠯᠭᠠᠰᠤᠨ ᠤ᠋ ᠳᠤᠮᠳᠠᠳᠤ ᠬᠦᠢᠰᠦ ᠬᠣᠲᠠ ᠠ᠋ᠴᠠ ᠡᠬᠢᠯᠡᠨ᠂ ᠳᠤᠮᠳᠠᠳᠤ ᠪᠠᠷ ᠬᠦᠷᠢᠶᠡᠯᠡᠭᠰᠡᠨ ᠳᠡᠳ᠋ ᠬᠣᠲᠠ ᠭᠠᠳᠠᠭᠠᠳᠤ ᠪᠠᠷ ᠲᠣᠭᠣᠷᠢᠭᠤᠯᠤᠭᠰᠠᠨ ᠶᠡᠬᠡ ᠬᠣᠲᠠ ᠬᠢᠭᠡᠳ ᠪᠠᠰᠠ ᠶᠡᠬᠡ ᠭᠠᠳᠠᠭᠠᠳᠤ ᠣᠯᠠᠨ ᠠᠢᠮᠠᠭ ᠤᠯᠤᠰ ᠤ᠋ᠳ ᠤ᠋ᠨ ᠳᠠᠯᠠᠨ ᠬᠣᠶᠠᠷ ᠬᠡᠴᠡ ᠵᠠᠭᠠᠭ ᠲᠤᠷ ᠬᠦᠷᠲᠡᠯ᠎ᠡ ᠪᠡᠶ᠎ᠡ ᠪᠡᠷ ᠮᠣᠷᠢᠯᠠᠨ ᠶᠠᠪᠤᠵᠤ ᠳᠠᠬᠢᠨ ᠳᠠᠪᠲᠠᠨ ᠪᠠᠢᠴᠠᠭᠠᠨ ᠦᠵᠡᠵᠦ᠂ ᠳᠠᠬᠢᠨ ᠳᠠᠪᠲᠠᠨ ᠨᠠᠷᠢᠪᠴᠢᠯᠠᠨ ᠨᠢᠭᠲᠠᠯᠠᠵᠤ ᠵᠦᠢᠯ ᠵᠦᠢᠯ ᠳ᠋ᠦ᠍ᠷ ᠪᠣᠳᠣᠯᠬᠢᠯᠠᠨ ᠰᠠᠨᠠᠮᠵᠢᠯᠠᠨ᠂ ᠵᠥᠪᠳᠡᠨ ᠬᠡᠯᠡᠯᠴᠡᠵᠦ᠂ ᠨᠡᠮᠡᠭᠦᠯᠦᠨ ᠵᠠᠰᠠᠮᠵᠢᠯᠠᠨ ᠬᠢᠴᠢᠶᠡᠨ ᠪᠣᠯᠭᠣᠮᠵᠢᠯᠠᠨ᠂ ᠡᠯ᠎ᠡ ᠦᠢᠯᠡᠰ ᠢ᠋ ᠪᠡᠯᠡᠨ ᠵᠠᠯᠠᠨ ᠳᠥᠭᠥᠮ ᠲᠦᠳᠡ ᠪᠣᠯᠭᠠᠨ ᠵᠣᠬᠢᠶᠠᠵᠤ ᠪᠡᠯᠡᠳᠬᠡᠭᠡᠳ᠂ ᠰᠠᠶᠢ ᠣᠯᠠᠨ ᠠᠢᠮᠠᠭ ᠤᠯᠤᠰ ᠤ᠋ᠳ ᠤ᠋ᠨ ᠡᠵᠡᠳ ᠪᠠ ᠶᠢᠰᠦᠨ ᠡᠩ ᠦ᠋ᠨ ᠲᠡᠷᠢᠭᠦᠯᠡᠭᠴᠢ ᠨᠣᠶᠠᠳ ᠪᠦᠭᠦᠳᠡᠭᠡᠷ ᠬᠤᠷᠠᠯᠳᠤᠨ ᠴᠤᠭᠯᠠᠯᠴᠠᠵᠤ᠂ ᠲᠠᠢᠽᠦ ᠶ᠋ᠢ ᠮᠠᠨᠳᠠᠯ ᠳ᠋ᠤᠷ ᠢᠷᠡᠬᠦᠢ ᠶ᠋ᠢᠨ ᠵᠠᠮ ᠳ᠋ᠤᠷ ᠤᠭᠲᠤᠯᠭ᠎ᠠ ᠬᠥᠭᠵᠢᠮ᠂ ᠬᠤᠷᠢᠮ ᠲᠣᠢ ᠶ᠋ᠢᠨ ᠵᠦᠢᠯ ᠢ᠋ ᠲᠢᠭ ᠲᠠᠭ ᠪᠣᠯᠭᠠᠨ ᠵᠥᠪᠯᠡᠵᠦ ᠲᠣᠭᠲᠠᠭᠠᠳ᠂ ᠴᠠᠭᠠᠨ ᠰᠠᠷ᠎ᠠ ᠶ᠋ᠢᠨ ᠬᠣᠷᠢᠨ ᠲᠠᠪᠤᠨ ᠤ᠋ ᠰᠠᠩ ᠬᠠᠰᠢᠯᠭ᠎ᠠ ᠪᠢᠯᠬᠠᠨ ᠳᠦᠭᠦᠷᠬᠦ ᠰᠠᠢᠨ ᠡᠳᠦᠷ᠎ᠡ᠂ ᠫᠤᠤ ᠲᠠᠯᠪᠢᠨ ᠬᠥᠭᠵᠢᠮ ᠡᠭᠦᠰᠬᠡᠯᠭᠡᠨ᠂ ᠵᠦᠩ ᠬᠡᠩᠭᠡᠷᠭᠡ ᠴᠣᠬᠢᠭᠤᠯᠤᠨ ᠲᠠᠢᠽᠦ ᠶ᠋ᠢ ᠲᠥᠷᠥ ᠳ᠋ᠦ᠍ᠷ ᠵᠠᠯᠠᠭᠤᠯᠤᠨ ᠭᠠᠷᠭᠠᠵᠤ᠂ ᠵᠠᠭᠤᠨ ᠲᠦᠰᠢᠮᠡᠳ ᠮᠥᠷᠭᠥᠵᠦ ᠪᠠᠷᠠᠭᠰᠠᠨ ᠬᠣᠢᠨ᠎ᠠ᠂ ᠮᠤᠬᠤᠯᠢ᠂ ᠪᠤᠭᠤᠷᠵᠢ᠂ ᠰᠤᠷᠬᠠᠨ ᠰᠢᠷ᠎ᠠ᠂ ᠳ᠋ᠠᠢ ᠰᠡᠴᠡᠨ ᠳᠥᠷᠪᠡᠨ ᠰᠠᠢᠳ ᠲᠡᠷᠢᠭᠦᠯᠡᠨ᠂ ᠭᠠᠳᠠᠭᠠᠳᠤ ᠠᠢᠮᠠᠭ ᠤ᠋ᠳ ᠤ᠋ᠨ ᠣᠯᠠᠨ ᠡᠵᠡᠳ ᠡᠴᠡ ᠠᠯᠲᠠᠨᠱᠠᠭ᠎ᠠ᠂ ᠲᠤᠰᠬᠤ᠂ ᠲᠠᠴᠢᠩᠬᠤᠷᠯᠤᠤ᠂ ᠢᠯᠠᠭᠤᠭᠰᠠᠨ ᠳᠥᠷᠪᠡᠭᠦᠯᠡ᠂ ᠨᠡᠢᠲᠡ ᠳᠥᠷᠪᠡᠨ ᠬᠣᠣᠰ ᠨᠠᠢ᠍ᠮᠠᠨ ᠰᠠᠷᠬᠤᠳ ᠤ᠋ᠨ ᠰᠢᠷᠡᠭᠡ ᠵᠡᠷᠭᠡᠯᠡᠭᠦᠯᠦᠨ ᠲᠡᠷᠢᠭᠦᠨ ᠳ᠋ᠦ᠍ᠷ ᠦᠨᠳᠦᠰᠦᠨ ᠨᠠᠭᠠᠴᠤ᠂ ᠯᠢᠳᠡᠷ ᠰᠡᠴᠡᠨ ᠤ ᠶᠢᠰᠦᠨ ᠲᠠᠷᠢᠶᠠᠨ ᠤ᠋ ᠦᠷᠡᠰ ᠠᠮᠤᠳ ᠤ᠋ᠨ ᠰᠠᠷᠬᠤᠳ ᠢ᠋ ᠰᠢᠷᠡᠭᠡ ᠲᠡᠢ ᠶᠢᠰᠦᠨ ᠦ᠌ ᠲᠣᠭ᠎ᠠ ᠳ᠋ᠤᠷ ᠬᠦᠷᠦᠭᠦᠯᠵᠦ᠂ ᠲᠡᠷᠢᠭᠦᠨ ᠳ᠋ᠦ᠍ᠷ ᠪᠣᠯᠭᠠᠨ ᠯᠢᠳᠡᠷ ᠰᠡᠴᠡᠨ ᠨᠠᠭᠠᠴᠤ ᠥᠲᠡᠭᠦᠰ ᠲᠡᠷᠢᠭᠦᠯᠡᠨ᠂ ᠶᠢᠰᠦᠨ ᠬᠤᠨᠳᠠᠭ᠎ᠠ ᠶ᠋ᠢ ᠡᠷᠭᠦᠨ ᠪᠠᠷᠢᠵᠤ᠂ ᠨᠢᠭᠡᠨᠲᠡ ᠮᠥᠷᠭᠥᠵᠦ ᠵᠢᠨᠦᠩ ᠮᠤᠬᠤᠯᠢ ᠵᠢᠪᠬᠤᠯᠠᠩᠲᠤ ᠳᠠᠭᠤᠨ ᠢ᠋ᠶ᠋ᠠᠷ ᠪᠡᠯᠡᠭᠯᠡᠷᠦᠨ᠄   
           ᠠᠭᠠᠷ ᠣᠭᠲᠠᠷᠭᠤᠢ ᠠᠩᠬ᠎ᠠ ᠪᠦᠲᠦᠬᠦᠶ᠎ᠡ          
           ᠠᠮᠢᠲᠠᠨ ᠬᠥᠮᠦᠨ ᠮᠠᠰᠢᠳᠠ ᠴᠥᠭᠡᠨ ᠪᠥᠯᠥᠭᠡ᠃        
           ᠠᠷᠭ᠎ᠠ ᠪᠢᠯᠢᠭ ᠦ᠋ᠨ ᠡᠪ ᠡᠶ᠎ᠡ ᠡᠴᠡ            
           ᠠᠬ᠎ᠠ ᠳᠡᠭᠦᠨᠡᠷ ᠲᠡᠢ ᠲᠥᠷᠥᠭᠰᠡᠭᠡᠷ ᠦᠷᠡᠵᠢᠵᠦᠬᠦᠢ᠂        
           ᠠᠯᠲᠠᠨ ᠶᠠᠰᠤᠲᠤ ᠪᠣᠷᠵᠢᠭᠢᠳ ᠢᠵᠠᠭᠤᠷᠲᠠᠨ ᠪᠸᠲ᠋ᠠ᠋ ᠤᠯᠤᠰ ᠤᠭ ᠲᠤᠷ ᠪᠠᠭ᠎ᠠ ᠪᠣᠯᠪᠠᠴᠤ 
           ᠠᠴᠢᠲᠤ ᠳᠡᠭᠷᠢᠯᠢᠭ ᠡᠵᠡᠨ ᠢ᠋ ᠮᠡᠨᠳᠦᠯᠡᠭᠰᠡᠭᠡᠷ 
           ᠠᠢᠮᠠᠭ ᠤᠯᠤᠰ ᠳᠠᠯᠠᠨ ᠲᠠᠪᠤᠨ ᠢ᠋ ᠨᠡᠢᠯᠡᠭᠦᠯᠪᠡ᠃ 
           ᠠᠯᠢᠪᠠ ᠪᠦᠬᠦᠨ ᠦ᠌ ᠳᠠᠩ ᠲᠡᠭᠰᠢ ᠶ᠋ᠢ ᠲᠡᠭᠰᠢᠯᠡᠨ ᠲᠡᠭᠰᠢᠳᠬᠡᠬᠦ ᠢᠨᠤ ᠮᠠᠰᠢ ᠴᠢᠬᠤᠯᠠ ᠲᠤᠯᠠ 
           ᠠᠰᠠᠷᠠᠯᠲᠤ ᠡᠵᠡᠨ ᠢ᠋ ᠤᠨᠤᠨ ᠮᠥᠷᠡᠨ ᠦ᠌ ᠮᠤᠩ ᠭᠣᠣᠯ ᠤ᠋ᠨ ᠠᠭᠤᠳᠠᠮ ᠮᠠᠨᠳᠠᠯ ᠳ᠋ᠤᠷ ᠵᠠᠯᠠᠵᠤ᠂            
           ᠠᠬᠤ ᠪᠦᠭᠦᠳᠡᠭᠡᠷ ᠦ᠋ᠨ ᠠᠮᠢᠳᠤᠷᠠᠯ ᠣᠨᠳᠣᠷᠣᠯ ᠤ᠋ᠨ           
           ᠠᠰᠢᠳᠠ ᠶ᠋ᠢᠨ ᠵᠠᠯᠭᠠᠮᠵᠢ ᠶ᠋ᠢ ᠲᠣᠭᠲᠠᠭᠠᠯᠭᠠᠮᠤᠢ᠃       
           ᠠᠯᠲᠠᠨ ᠥᠩᠭᠡᠲᠦ ᠲᠡᠭᠷᠢ ᠶ᠋ᠢᠨ ᠦᠷᠡᠰ ᠡᠵᠡᠨ ᠮᠢᠨᠦ          
           ᠠᠶᠠᠯᠠᠨ ᠵᠠᠯᠠᠷᠠᠵᠤ ᠬᠠᠢᠷᠠᠯᠠᠬᠤ ᠠᠵᠢᠶᠠᠮᠤ᠃ 
ᠭᠡᠮᠡᠨ ᠵᠠᠭᠤᠨ ᠠᠢᠮᠠᠭ ᠤ᠋ᠨ ᠡᠵᠡᠳ᠂ ᠮᠢᠩᠭᠠᠨ ᠲᠦᠮᠡᠨ ᠰᠠᠢᠳ ᠲᠦᠰᠢᠮᠡᠳ ᠲᠡᠢ ᠪᠦᠭᠦᠳᠡᠭᠡᠷ ᠮᠥᠷᠭᠥᠨ ᠵᠠᠯᠠᠬᠤᠢ ᠳ᠋ᠤᠷ ᠡᠵᠡᠨ ᠲᠠᠢᠽᠦ ᠵᠥᠪᠰᠢᠶᠡᠨ ᠰᠠᠢᠰᠢᠶᠠᠵᠤ ᠂ ᠡᠢᠨ ᠭᠡᠮᠡᠨ ᠵᠠᠬᠢᠷᠤᠨ᠄    
           ᠡᠳᠦᠭᠡ ᠪᠦᠬᠦᠢ ᠰᠥᠩ ᠤᠯᠤᠰ ᠤ᠋ᠨ ᠠᠩᠬ᠎ᠠ 
           ᠡᠬᠢᠯᠡᠭᠰᠡᠨ ᠡᠵᠡᠨ ᠵᠣᠣ ᠺᠤᠸᠠᠩ ᠶᠢᠨ ᠡᠭᠡᠯ ᠢᠷᠭᠡᠨ ᠪᠥᠭᠡᠲᠡᠯ᠎ᠡ            
           ᠡᠷᠳᠡᠮ ᠢ᠋ᠶ᠋ᠡᠷ ᠶᠠᠪᠤᠨ ᠡᠩᠭᠡᠷ ᠪᠦᠭᠦᠳᠡᠭᠡᠷ ᠢ᠋ 
           ᠡᠶᠡᠲᠡᠢ ᠡᠩᠬᠡᠵᠢᠭᠦᠯᠦᠭᠰᠡᠨ ᠢ᠋ᠶ᠋ᠡᠷ ᠬᠠᠭᠠᠨ ᠬᠡᠮᠡᠭᠳᠡᠭᠰᠡᠨ ᠪᠢᠰᠢᠦ ?          
           ᠡᠯᠡᠰᠦ ᠮᠠᠩᠬᠠᠨ ᠤ᠋ ᠪᠢ ᠬᠡᠳᠦᠢ ᠡᠷᠳᠡᠮ ᠦᠭᠡᠢ ᠪᠣᠯᠪᠠᠴᠤ 
           ᠡᠷᠲᠡᠨ ᠡᠴᠡ ᠤᠯᠤᠰ ᠲᠥᠷᠥ ᠲᠡᠢ ᠢᠷᠡᠭᠰᠡᠨ ᠦ᠌ ᠲᠤᠯᠠᠳᠠ              
           ᠡᠵᠡᠯᠡᠭᠴᠢᠳ ᠪᠠ ᠰᠠᠢᠳ ᠤ᠋ᠳ ᠲᠠ ᠪᠦᠭᠦᠳᠡᠭᠡᠷ             
           ᠡᠩᠬᠡᠵᠦ ᠵᠢᠳᠬᠦᠯᠴᠡᠬᠦᠶ᠎ᠡ ᠡᠵᠡᠨ ᠡᠴᠢᠪᠡᠰᠦ ᠪᠣᠯᠬᠤᠢ᠃ 
ᠭᠡᠮᠡᠨ ᠡᠳᠦᠭᠡ ᠳᠠᠷᠤᠢ ᠮᠣᠷᠳᠠᠰᠤᠭᠠᠢ ᠬᠡᠮᠡᠵᠦ᠂ ᠡᠩ ᠡᠷᠲᠡᠨ ᠦ᠌ ᠬᠠᠭᠤᠴᠢᠨ ᠰᠠᠢᠳ ᠬᠣᠩᠬᠣᠲᠠᠨ ᠤ᠋ ᠮᠡᠩᠬᠡᠯᠢᠭ᠂ ᠪᠤᠭᠯᠥᠳ ᠦ᠋ᠨ ᠰᠢᠭᠦᠷ ᠬᠣᠶᠠᠭᠤᠯᠠ ᠶ᠋ᠢ ᠡᠷᠲᠡ ᠡᠳᠦᠷ ᠲᠠᠢᠽᠦ ᠶ᠋ᠢ ᠪᠠᠭ᠎ᠠ ᠪᠦᠬᠦᠢ ᠴᠠᠭ ᠲᠤᠷ ᠥᠭᠡᠯᠦᠨ ᠥᠵᠢᠨ ᠡᠮᠡᠭᠡ ᠬᠣᠶᠠᠭᠤᠯᠠ ᠶ᠋ᠢ ᠬᠠᠮᠠᠭᠠᠯᠠᠨ ᠲᠤᠰᠠᠯᠠᠭᠰᠠᠨ ᠭᠠᠪᠢᠶ᠎ᠠ ᠳ᠋ᠤᠷ ᠪᠠᠭᠠᠲᠤᠷ ᠢᠳᠡᠲᠡᠨ ᠦ᠌ ᠠᠷᠪᠠᠨ ᠭᠤᠷᠪᠠᠨ ᠪᠠᠭ ᠪᠦᠯᠦᠭ ᠦ᠋ᠨ ᠨᠤᠲᠤᠭ ᠭᠣᠯᠣᠮᠲᠠ ᠶ᠋ᠢᠨ ᠴᠡᠷᠢᠭ ᠢ ᠬᠦᠢ ᠬᠦᠨᠳᠦᠲᠡᠢ ᠬᠥᠬᠡ ᠲᠤᠭ ᠤ᠋ᠨ ᠬᠥᠮᠦᠵᠢᠯᠲᠡᠢ ᠵᠠᠩᠵᠤᠨ ᠪᠠᠭᠠᠲᠤᠳ ᠭᠡᠮᠡᠨ ᠡᠷᠭᠦᠮᠵᠢᠯᠡᠨ ᠬᠦᠷᠦᠭᠰᠡᠨ ᠡᠯ᠎ᠡ ᠭᠠᠵᠠᠷ ᠣᠷᠣᠨ ᠤ᠋ ᠬᠦᠷᠭᠡᠬᠦ ᠠᠯᠪᠠᠨ ᠠ᠋ᠴᠠ ᠨᠢᠭᠡᠨ ᠬᠤᠪᠢ ᠶ᠋ᠢ ᠱᠠᠩᠨᠠᠨ ᠣᠯᠭᠣᠭᠤᠯᠤᠭᠰᠠᠨ ᠬᠥᠯ ᠬᠦᠰᠡᠷ᠎ᠡ᠂ ᠭᠠᠷ ᠭᠠᠵᠠᠷ᠎ᠠ ᠡᠨᠡ ᠨᠢᠭᠡᠨ ᠮᠢᠩᠭᠠᠨ ᠭᠤᠷᠪᠠᠨ ᠵᠠᠭᠤᠨ ᠤ᠋ ᠳᠠᠷᠬᠠᠨ ᠴᠡᠷᠢᠭ ᠢ᠋ᠶ᠋ᠡᠨ ᠬᠣᠶᠠᠷ ᠵᠢᠰᠢᠶ᠎ᠠ ᠪᠣᠯᠭᠠᠨ ᠵᠣᠬᠢᠶᠠᠵᠤ ᠡᠭᠡᠯᠵᠢᠯᠡᠨ᠂ ᠲᠡᠭᠦᠨᠴᠢᠯᠡᠨ ᠵᠢᠰᠢᠶᠠᠯᠠᠭᠤᠯᠪᠠᠢ᠃  
       ᠪᠠᠳᠠᠷᠠᠩᠭᠤᠢ ᠴᠠᠭᠠᠨ ᠰᠦᠯᠳᠡ ᠲᠡᠭᠷᠢ᠂ ᠪᠠᠲᠤ ᠴᠠᠭᠠᠨ ᠣᠷᠳᠣᠨ ᠭᠡᠷ ᠲᠦ᠍ᠷ ᠪᠠᠭᠤᠭᠰᠠᠨ ᠪᠤᠯᠲᠤ ᠬᠣᠷᠣᠭ᠎ᠠ ᠪᠠ ᠪᠣᠭᠳᠠ ᠬᠥᠮᠦᠨ ᠦ᠌ ᠪᠣᠯᠵᠤ ᠪᠦᠲᠦᠬᠦᠶ᠎ᠡ᠂ ᠪᠥᠷᠲᠡᠭᠡᠯᠵᠢᠨ ᠬᠠᠲᠤᠨ ᠢ᠋ ᠪᠣᠭᠲᠣᠯᠠᠨ ᠪᠠᠭᠤᠯᠭᠠᠭᠰᠠᠨ ᠪᠤᠷᠬᠠᠨ ᠬᠠᠯᠲᠤᠨ᠎ᠠ ᠶ᠋ᠢᠨ ᠪᠤᠶᠠᠨ ᠬᠡᠰᠢᠭᠲᠦ ᠨᠤᠲᠤᠭ ᠭᠣᠯᠣᠮᠲᠠ ᠶ᠋ᠢᠨ ᠬᠣᠷᠢᠶ᠎ᠠ ᠬᠦᠷᠢᠶ᠎ᠡ ᠶ᠋ᠢ ᠪᠦᠬᠦᠯᠢ ᠪᠡᠷ ᠰᠠᠬᠢᠨ ᠬᠠᠳᠠᠭᠠᠯᠠᠭᠤᠯᠵᠤ᠂ ᠠᠭᠤᠯᠠ ᠳ᠋ᠤᠷ ᠢ᠋ᠶ᠋ᠠᠨ ᠳᠠᠬᠢᠨ ᠮᠥᠷᠭᠥᠵᠦ᠂ ᠣᠪᠣᠭ᠎ᠠ ᠳ᠋ᠤᠷ ᠢ᠋ᠶ᠋ᠠᠨ ᠰᠠᠴᠤᠯᠢ ᠰᠠᠴᠤᠵᠤ᠂ ᠤᠭ ᠨᠤᠲᠤᠭ ᠤ᠋ᠨ ᠨᠢᠭᠡᠨ ᠮᠠᠢᠬᠠᠨ᠂ ᠬᠠᠭᠠᠰ ᠭᠠᠳᠠᠰᠤ ᠶ᠋ᠢ ᠬᠥᠳᠡᠯᠭᠡᠭᠰᠡᠨ ᠦᠭᠡᠢ ᠥᠯᠵᠡᠢᠲᠦ ᠥᠯᠥᠭᠡᠢ ᠨᠤᠲᠤᠭ᠂ ᠪᠡᠯᠡᠭᠲᠦ ᠪᠡᠯᠡᠨ ᠭᠣᠯᠣᠮᠲᠠ ᠭᠡᠮᠡᠨ᠂ ᠥᠭᠡᠬᠦ ᠲᠣᠰᠣᠨ ᠢ᠋ᠶ᠋ᠠᠷ ᠮᠢᠯᠢᠶᠠᠨ ᠪᠠᠯ ᠰᠢᠬᠢᠷ ᠲᠤᠰᠠᠭᠠᠵᠤ ᠳᠠᠬᠢᠭᠠᠳ᠂ ᠥᠭᠡᠯᠦᠨ ᠦᠵᠢᠨ ᠡᠮᠡᠭᠡ ᠲᠡᠷᠢᠭᠦᠯᠡᠨ᠂ ᠥᠨᠢᠳᠡ ᠭᠡᠭᠡᠬᠡᠨ ᠰᠡᠴᠡᠨ ᠵᠦᠰᠡᠨ ᠪᠦᠷᠲᠡᠭᠡᠯᠵᠢᠨ ᠬᠠᠲᠤᠨ᠂ ᠡᠬᠡ ᠪᠡᠷᠢ ᠬᠣᠶᠠᠭᠤᠯᠠ ᠦᠯᠡᠮᠵᠢ ᠣᠯᠠᠨ ᠬᠠᠲᠤᠳ ᠪᠡᠷᠢᠶᠡᠳ᠂ ᠬᠡᠳᠦᠢᠴᠢᠨᠡᠭᠡᠨ ᠵᠠᠭᠤᠨ ᠣᠷᠳᠣᠨ ᠤ᠋ ᠥᠬᠢᠳ ᠡᠬᠡᠨᠡᠷ ᠪᠠ ᠠᠬ᠎ᠠ ᠨᠠᠷ ᠲᠡᠭᠦᠳᠡᠷ ᠦ᠋ᠨ ᠠᠪᠢᠰᠤᠨ ᠠᠵᠢᠳ ᠤ᠋ᠨ ᠳᠥᠷᠪᠡᠨ ᠶᠡᠬᠡ ᠬᠣᠷᠢᠶ᠎ᠠ ᠬᠦᠷᠢᠶ᠎ᠡ ᠲᠡᠢ ᠤᠷᠢᠳᠠ ᠳᠠᠪᠰᠢᠨ ᠨᠡᠭᠦᠵᠦ᠂ ᠵᠥᠭᠡᠭᠡᠵᠦ ᠬᠥᠳᠡᠯᠦᠭᠡᠳ᠂ ᠮᠤᠩ ᠭᠣᠣᠯ ᠤ᠋ᠨ ᠠᠮᠠᠨ ᠤ᠋ ᠵᠢᠪᠬᠤᠯᠠᠩᠲᠤ ᠬᠣᠲᠠ ᠬᠣᠷᠣᠭ᠎ᠠ ᠶ᠋ᠢᠨ ᠵᠦᠭ᠂ ᠪᠠᠭ ᠪᠠᠭ ᠢ᠋ᠶ᠋ᠠᠷ ᠵᠠᠯᠭᠠᠯᠳᠤᠨ᠂ ᠪᠦᠯᠦᠭ ᠪᠦᠯᠦᠭ ᠢ᠋ᠶ᠋ᠡᠷ ᠪᠥᠭᠡᠮᠨᠡᠷᠡᠨ ᠬᠣᠷᠢᠨ ᠲᠠᠪᠤᠨ ᠠ᠋ᠴᠠ ᠡᠬᠢᠯᠡᠨ ᠬᠥᠳᠡᠯᠦᠯᠴᠡᠨ ᠡᠭᠦᠰᠬᠡᠵᠦ᠂ ᠬᠡᠳᠦᠨ ᠵᠠᠭᠤᠨ ᠬᠡᠳᠦᠨ ᠵᠠᠭᠤᠨ ᠢ᠋ᠶ᠋ᠠᠷ ᠲᠣᠯᠣᠭᠠᠢ ᠰᠡᠭᠦᠯ ᠵᠠᠯᠭᠠᠯᠳᠤᠨ᠂ ᠵᠠᠭᠤᠨ ᠢᠯᠡᠭᠦᠦ ᠭᠠᠵᠠᠷ ᠬᠥᠮᠦᠨ ᠮᠣᠷᠢ᠂ ᠴᠡᠷᠢᠭ ᠬᠤᠶᠠᠭ᠂ ᠲᠡᠮᠡᠭᠡ ᠲᠡᠷᠭᠡ᠂ ᠠᠴᠢᠶ᠎ᠠ ᠬᠥᠰᠬᠡ᠂ ᠴᠠᠴᠠᠷ ᠲᠠᠭᠲᠤ᠂ ᠥᠷᠭᠥᠭᠡ ᠮᠠᠢᠬᠠᠨ᠂ ᠦᠳᠡ ᠬᠣᠨᠣᠭ ᠤ᠋ᠨ ᠪᠠᠭᠤᠳᠠᠯ ᠪᠠᠭᠤᠷᠢ᠂ ᠬᠦᠷᠢᠶ᠎ᠡ ᠨᠡᠭᠦᠳᠡᠯ᠂ ᠫᠢᠭ ᠳᠦᠭᠦᠷᠴᠦ ᠬᠡᠯᠬᠢᠶᠡᠯᠡᠨ ᠵᠠᠯᠭᠠᠯᠳᠤᠵᠤᠬᠤᠢ᠃ 
       ᠡᠵᠡᠨ ᠦ᠌ ᠣᠷᠳᠣᠨ ᠬᠣᠲᠠᠯᠠᠭᠠᠷ ᠤ᠋ᠨ ᠮᠣᠷᠳᠠᠬᠤ ᠬᠣᠶᠠᠷ ᠰᠠᠷ᠎ᠠ ᠶ᠋ᠢᠨ ᠰᠢᠨ᠎ᠡ ᠶ᠋ᠢᠨ ᠬᠣᠶᠠᠷ ᠤ᠋ᠨ ᠪᠠᠷᠰ ᠴᠠᠭ ᠲᠤᠷ ᠭᠤᠷᠪᠠᠨ ᠶᠡᠬᠡ ᠦᠬᠡᠷ ᠫᠤᠤ ᠶ᠋ᠢᠨ ᠳᠠᠭᠤᠨ ᠠᠭᠤᠯᠠ ᠲᠠᠯ᠎ᠠ ᠶ᠋ᠢ ᠳᠦᠷᠭᠢᠲᠡᠯ᠎ᠡ ᠳᠠᠭᠤᠷᠢᠰᠤᠮᠠᠭᠴᠠ᠂ ᠳᠥᠷᠪᠡᠨ ᠶᠡᠬᠡ ᠴᠠᠭᠠᠨ ᠵᠠᠭᠠᠨ ᠥᠪᠡᠷ ᠢ᠋ᠶ᠋ᠡᠨ ᠲᠦᠷᠭᠡᠯᠡᠨ ᠬᠥᠳᠡᠯᠵᠦ᠂ ᠲᠠᠢᠽᠦ ᠶ᠋ᠢᠨ ᠬᠣᠷᠣᠭ᠎ᠠ ᠶ᠋ᠢᠨ ᠬᠠᠭᠠᠯᠭ᠎ᠠ ᠶ᠋ᠢᠨ ᠡᠮᠦᠨ᠎ᠡ ᠢᠷᠡᠵᠦ ᠵᠡᠷᠭᠡᠴᠡᠨ ᠭᠠᠳᠠᠭᠰᠢ ᠬᠠᠨᠳᠤᠨ ᠵᠣᠭᠰᠣᠭᠰᠠᠨ᠎ᠠ ᠲᠠᠢᠽᠦ ᠵᠠᠬᠢᠷᠤᠨ᠄ 
      《ᠵᠠᠭᠠᠨ ᠬᠡᠮᠡᠭᠴᠢ ᠵᠠᠺᠠᠷ ᠭᠠᠵᠠᠷ ᠤ᠋ᠨ ᠶᠡᠬᠡ ᠬᠥᠯᠭᠡ ᠪᠤᠶᠤ᠂ ᠵᠠᠷᠤᠭᠳᠠᠬᠤ ᠵᠣᠬᠢᠰ ᠢ᠋ᠶ᠋ᠠᠨ ᠥᠪᠡᠷ ᠢ᠋ᠶ᠋ᠡᠨ ᠮᠡᠳᠡᠵᠦ᠂ ᠨᠠᠩᠭᠢᠶᠠᠳ ᠭᠠᠵᠠᠷ᠎ᠡ ᠲᠠᠷᠢᠶ᠎ᠠ ᠲᠠᠷᠢᠵᠤ ᠥᠭᠬᠦ ᠪᠥᠯᠥᠭᠡ᠃ ᠡᠳᠦᠭᠡ ᠮᠢᠨᠦ ᠮᠣᠷᠳᠠᠬᠤ ᠶ᠋ᠢ ᠮᠡᠳᠡᠵᠦ ᠬᠦᠴᠦᠨ ᠪᠠᠷᠢᠷ᠎ᠠ ᠢᠷᠡᠭᠰᠡᠨ ᠢ᠋ᠶ᠋ᠡᠷ ᠤᠭ ᠠᠴᠢᠶ᠎ᠠ ᠶ᠋ᠢᠨ ᠲᠣᠬᠣᠮ ᠳᠡᠪᠰᠡ ᠶ᠋ᠢ ᠵᠥᠭᠡᠯᠡᠨ ᠵᠤᠵᠠᠭᠠᠨ ᠢ᠋ᠶ᠋ᠠᠷ ᠪᠡᠬᠢᠯᠡᠨ ᠪᠡᠯᠡᠳᠬᠡᠭᠲᠦᠨ 》ᠬᠡᠮᠡᠭᠰᠡᠨ᠎ᠡ᠂ ᠲᠠᠢᠽᠦ ᠶ᠋ᠢᠨ ᠪᠡᠶ᠎ᠡ ᠶ᠋ᠢᠨ ᠣᠢᠷᠠᠬᠢ ᠨᠠᠷᠢᠨ ᠬᠦᠨᠳᠦ ᠦᠨᠡᠲᠡᠢ ᠴᠢᠬᠤᠯᠠ᠂ ᠠᠯᠲᠠᠨ ᠬᠠᠰ᠂ ᠠᠯᠮᠠᠰ ᠰᠤᠪᠤᠳᠲᠤ ᠰᠠᠪᠠ ᠬᠡᠷᠡᠭᠯᠡᠯ ᠪᠠ ᠲᠠᠵᠢ ᠮᠠᠩᠨᠤᠭ ᠲᠣᠷᠭ᠎ᠠ ᠲᠦᠷᠭᠡ ᠶ᠋ᠢᠨ ᠵᠠᠮ ᠤ᠋ᠨ ᠮᠠᠢᠬᠠᠨ ᠰᠢᠬᠦᠷ ᠦ᠋ᠨ ᠵᠡᠷᠭᠡ ᠶ᠋ᠢᠨ ᠵᠠᠭᠤᠨ ᠢᠯᠡᠭᠦᠦ ᠬᠠᠰᠠᠭ ᠲᠡᠷᠭᠡᠨ᠎ᠡ ᠲᠡᠭᠡᠭᠡᠬᠦ ᠲᠡᠭᠡᠭᠡᠰᠢ ᠶ᠋ᠢ ᠳᠦᠷᠪᠡᠭᠡᠨ ᠵᠠᠭᠠᠨ ᠳ᠋ᠤᠷ ᠴᠥᠮ ᠪᠠᠭᠲᠠᠭᠠᠨ ᠠᠴᠢᠵᠤ᠂ ᠳᠡᠭᠡᠷ᠎ᠡ ᠢᠨᠦ ᠤᠯᠠᠭᠠᠨ ᠴᠠᠴᠤᠭᠲᠤ ᠳᠥᠷᠪᠡᠨ ᠠᠯᠲᠠ ᠶ᠋ᠢᠨ ᠶᠡᠬᠡ ᠢᠰᠡᠭᠡᠢ ᠪᠡᠷ ᠪᠦᠷᠬᠦᠵᠦ᠂ ᠬᠠᠮᠤᠭ ᠵᠢᠭᠰᠠᠭᠠᠯ ᠤ᠋ᠨ ᠡᠮᠦᠨ᠎ᠡ ᠬᠣᠣᠰᠯᠠᠨ ᠶᠠᠪᠤᠵᠤ᠂ ᠵᠠᠮ ᠤᠳᠤᠷᠢᠳᠤᠭᠤᠯᠤᠨ ᠬᠥᠳᠡᠯᠪᠡ᠃  
       ᠡᠳᠦᠭᠡᠬᠢ ᠴᠠᠭ ᠲᠤᠷ ᠬᠣᠣᠰ ᠮᠣᠨᠴᠣᠭ ᠮᠥᠩᠭᠥᠨ ᠪᠤᠢᠯᠠᠲᠤ ᠲᠡᠮᠡᠭᠡ ᠬᠣᠣᠰᠯᠠᠨ ᠶᠠᠪᠤᠬᠤ ᠠᠨᠤ ᠲᠡᠭᠦᠨ ᠢ᠋ ᠳᠠᠭᠤᠷᠢᠶᠠᠬᠤ ᠶᠣᠰᠣᠯᠠᠯ ᠠᠨᠤ ᠪᠤᠶᠤ᠃ ᠵᠠᠭᠠᠨ ᠤ᠋ ᠠᠴᠢᠶ᠎ᠠ ᠳ᠋ᠤᠷ ᠭᠠᠭᠴᠠ ᠬᠦ᠌ ᠪᠠᠷᠰ ᠤ᠋ᠨ ᠠᠷᠠᠰᠤᠨ ᠥᠷᠭᠥᠭᠡ ᠮᠠᠢᠬᠠᠨ ᠤ᠋ ᠵᠦᠢᠯ ᠢ᠋ ᠠᠴᠢᠵᠤ ᠦᠯᠦ ᠪᠣᠯᠬᠤ ᠪᠥᠭᠡᠳ ᠵᠠᠮ ᠤ᠋ᠨ ᠭᠣᠳᠣᠰ ᠲᠤᠷ ᠪᠠᠰᠠ ᠪᠠᠷᠰ ᠤ᠋ᠨ ᠠᠷᠠᠰᠤᠨ ᠤ᠋ ᠥᠷᠭᠥᠭᠡ ᠮᠠᠢᠬᠠᠨ ᠢ᠋ ᠮᠥᠨ ᠰᠢᠭᠠᠵᠤ ᠪᠠᠷᠢᠬᠤ ᠦᠭᠡᠢ᠂ ᠵᠠᠭᠠᠨ ᠬᠡᠮᠡᠭᠴᠢ ᠪᠠᠷᠰ ᠲᠤᠷ ᠦᠰ ᠲᠡᠢ ᠪᠥᠭᠡᠳ ᠪᠠᠷᠰ ᠪᠠᠷᠢᠬᠤᠢ ᠶ᠋ᠢᠨ ᠲᠡᠷᠢᠭᠦᠨ ᠨᠢᠭᠡᠨ ᠳᠠᠷᠤᠩᠭᠤᠢ ᠠᠨᠤ ᠮᠥᠨ ᠦ᠌ ᠲᠤᠯᠠᠳᠠ᠂ ᠵᠠᠭᠠᠨ ᠪᠠᠷᠰ ᠤ᠋ᠨ ᠠᠷᠠᠰᠤ ᠶ᠋ᠢ ᠦᠵᠡᠮᠡᠭᠴᠡ ᠠᠭᠤᠷᠯᠠᠨ ᠬᠠᠪᠠᠷ ᠢ᠋ᠶ᠋ᠠᠷ ᠣᠷᠢᠶᠠᠨ ᠠᠪᠴᠤ ᠲᠠᠶᠠᠭᠳᠠᠬᠤ ᠲᠤᠯᠠ ᠴᠡᠭᠡᠷᠯᠡᠯᠴᠡᠮᠦᠢ᠃  
       ᠲᠡᠨᠳᠡᠴᠡ ᠳᠥᠷᠪᠡᠨ ᠶᠡᠬᠡ ᠵᠠᠭᠠᠨ ᠬᠣᠶᠠᠷ ᠬᠣᠣᠰᠯᠠᠨ ᠵᠢᠭᠰᠠᠭᠠᠯ ᠢ᠋ ᠲᠡᠷᠢᠭᠦᠯᠡᠨ ᠶᠠᠪᠤᠵᠤ᠂ ᠲᠠᠢᠽᠦ ᠥᠭᠡᠯᠦᠨ ᠦᠵᠢᠨ ᠡᠮᠡᠭᠡ ᠶ᠋ᠢ ᠬᠣᠶᠠᠷ ᠪᠠᠭ᠎ᠠ ᠡᠩᠰᠡᠭᠯᠡᠬᠦ ᠥᠬᠢᠳ ᠲᠡᠢ ᠤᠯᠠᠭᠠᠨ ᠣᠷᠣᠰ ᠢᠰᠡᠭᠡᠢ ᠳ᠋ᠦ᠍ᠷ ᠶᠢᠰᠦᠨ ᠡᠷᠳᠡᠨᠢᠰ ᠬᠠᠲᠠᠭᠰᠠᠨ ᠨᠠᠢ᠍ᠮᠠᠨ ᠬᠥᠮᠦᠨ ᠳᠠᠮᠨᠠᠵᠤ᠂ ᠳᠥᠷᠪᠡᠨ ᠬᠥᠮᠦᠨ ᠦ᠌ ᠲᠦᠷᠡᠭᠴᠢ ᠶᠡᠬᠡ ᠠᠭᠤᠳᠠᠮ ᠰᠡᠦᠬᠡ ᠳ᠋ᠦ᠍ᠷ ᠵᠠᠯᠠᠵᠤ᠂ ᠳᠠᠷᠠᠭ᠎ᠠ ᠪᠠᠷ ᠤᠯᠤᠰ ᠤ᠋ᠨ ᠡᠬᠡ ᠪᠦᠷᠳᠡᠭᠡᠯᠵᠢᠨ ᠰᠡᠴᠡᠨ ᠬᠠᠲᠤᠨ ᠤ᠋ ᠳᠥᠷᠪᠡᠨ ᠤᠷᠢ ᠶ᠋ᠢᠨ ᠪᠠᠭᠠᠲᠤᠷ ᠬᠢᠶ᠎ᠡ ᠶ᠋ᠢᠨ ᠶᠡᠬᠡ ᠡᠷᠳᠡᠨᠢᠰ ᠦ᠋ᠨ ᠰᠡᠦᠬᠡ᠂ ᠳᠠᠷᠠᠭ᠎ᠠ ᠶᠡᠬᠡ ᠭᠦᠩᠵᠦ ᠲᠡᠷᠢᠭᠦᠯᠡᠨ ᠣᠯᠠᠨ ᠬᠠᠲᠤᠳ᠂ ᠠᠪᠢᠰᠤᠨ ᠠᠵᠢᠳ ᠤ᠋ᠨ ᠨᠠᠢ᠍ᠮᠠᠨ ᠬᠥᠮᠦᠨ ᠦ᠌ ᠨᠣᠭᠣᠭᠠᠨ ᠰᠡᠦᠬᠡ ᠪᠠ ᠶᠡᠬᠡ ᠨᠢᠶᠠᠨ ᠲᠡᠷᠭᠡᠨ ᠦ᠌ ᠵᠦᠢᠯ ᠬᠣᠶᠠᠷ ᠮᠥᠷ ᠢ᠋ᠶ᠋ᠡᠷ ᠵᠢᠭᠰᠠᠭᠠᠨ ᠠᠷᠪᠠᠭᠠᠳ ᠭᠠᠵᠠᠷ ᠵᠠᠯᠭᠠᠯᠳᠤᠨ ᠬᠡᠳᠦᠨ ᠮᠢᠩᠭᠠᠨ ᠲᠡᠷᠭᠡ ᠮᠣᠷᠢ ᠲᠡᠮᠡᠭᠡ ᠳᠥᠷᠪᠡᠨ ᠮᠥᠷ ᠢ᠋ᠶ᠋ᠡᠷ ᠵᠢᠭᠰᠠᠭᠠᠨ ᠲᠠᠭᠠᠯᠴᠠᠵᠤᠬᠤᠢ᠃ ᠡᠮᠦᠨ᠎ᠡ᠂ ᠳᠥᠷᠪᠡᠨ ᠲᠠᠢᠽᠢ ᠡᠵᠡᠳ᠂ ᠳᠥᠷᠪᠡᠨ ᠳᠡᠭᠦᠦ ᠨᠣᠶᠠᠳ ᠮᠥᠨ᠂ ᠳᠥᠷᠪᠡᠨ ᠮᠥᠷ ᠢ᠋ᠶ᠋ᠡᠷ ᠳᠠᠪᠬᠤᠷ ᠵᠢᠭᠰᠠᠭᠠᠯ ᠵᠢᠭᠰᠠᠭᠠᠨ ᠲᠤᠭ ᠬᠢᠭᠢᠷᠢ ᠰᠢᠭᠦᠷ ᠳᠠᠯᠪᠠᠭ᠎ᠠ ᠣᠭᠲᠠᠷᠭᠤᠢ ᠶ᠋ᠢ ᠪᠦᠷᠬᠦᠨ ᠵᠠᠷ ᠵᠡᠪᠰᠡᠭ᠂ ᠰᠠᠭᠠᠳᠠᠭ ᠬᠣᠷᠣᠮᠰᠠᠭ᠎ᠠ ᠨᠡᠷᠡᠨ᠎ᠡ ᠬᠢᠯᠠᠪᠠᠯᠵᠠᠨ᠂ ᠮᠠᠩᠨᠤᠭ ᠳᠡᠪᠡᠯ᠂ ᠯᠤᠤᠲᠤ ᠬᠤᠪᠴᠠᠳ ᠨᠢᠳᠦᠨ ᠢ᠋ ᠭᠢᠯᠠᠰᠬᠠᠨ᠂ ᠠᠯᠲᠠᠨ ᠤ᠋ ᠡᠮᠡᠭᠡᠯ ᠬᠠᠰ ᠤ᠋ᠨ ᠬᠠᠵᠠᠭᠠᠷ ᠭᠠᠵᠠᠷ ᠢ᠋ ᠪᠦᠷᠬᠦᠭᠡᠳ᠂ ᠰᠦᠯᠳᠡ ᠶ᠋ᠢᠨ ᠶᠡᠬᠡ ᠴᠠᠭᠠᠨ ᠲᠤᠭ ᠢ᠋ ᠴᠢᠬᠡ ᠳᠤᠮᠳᠠ ᠰᠥᠪᠡᠭᠡᠲᠡᠢ ᠪᠠᠭᠠᠲᠤᠷ ᠪᠠᠷᠢᠵᠤ᠂ ᠳᠣᠭᠲᠣᠩᠭᠤ ᠪᠠᠭᠠᠲᠤᠷ ᠲᠤᠭ ᠤ᠋ᠨ ᠶᠡᠬᠡ ᠵᠠᠩᠵᠤᠨ ᠪᠣᠯᠵᠤ᠂ ᠬᠣᠢᠯᠳᠤᠷ ᠬᠣᠰᠢᠭᠤᠴᠢ ᠬᠠᠮᠤᠭ ᠤ᠋ᠨ ᠡᠮᠦᠨ᠎ᠡ ᠺᠠᠷᠣᠳᠢ ᠶ᠋ᠢᠨ ᠬᠤᠰᠢᠭᠤᠨ ᠵᠢᠭᠰᠠᠭᠠᠯ ᠢ᠋ ᠲᠡᠷᠢᠭᠦᠯᠡᠨ᠂ ᠭᠢᠯᠦᠭᠡᠨ ᠪᠠᠭᠠᠲᠤᠷ ᠭᠡᠷ ᠦ᠋ᠨ ᠵᠢᠭᠰᠠᠭᠠᠯ ᠤ᠋ᠨ ᠪᠦᠭᠦᠳᠡᠭᠡᠷ ᠢ᠋ ᠲᠡᠷᠢᠭᠦᠯᠡᠨ᠂ ᠵᠥᠯᠭᠡᠲᠡᠢ ᠪᠠᠭᠠᠲᠤᠷ ᠵᠥᠰᠡᠨ ᠬᠠᠲᠤᠨ ᠤ᠋ ᠵᠦᠭ ᠪᠦᠷᠢ ᠶ᠋ᠢ ᠳᠠᠭᠠᠵᠤ ᠭᠤᠴᠢᠨ ᠵᠢᠷᠭᠤᠭᠠᠨ ᠰᠡᠴᠡᠳ ᠰᠢᠳᠠᠷ ᠰᠠᠢᠳ ᠤ᠋ᠳ ᠭᠣᠣᠯ ᠳᠤᠮᠳᠠ ᠲᠠᠢᠽᠦ ᠶ᠋ᠢᠨ ᠭᠡᠭᠡᠨ ᠢ᠋ ᠬᠠᠮᠵᠢᠨ ᠰᠢᠭᠦᠷ ᠲᠦᠰᠢᠮᠡᠯ ᠰᠢᠮᠡᠳᠦ ᠰᠠᠷᠬᠤᠳ ᠡᠷᠭᠦᠨ᠂ ᠮᠡᠩᠬᠡᠯᠢᠭ ᠰᠠᠢᠳ ᠮᠠᠨᠳᠤᠬᠤ ᠬᠤᠨᠳᠠᠭ᠎ᠠ ᠶ᠋ᠢ ᠡᠷᠭᠦᠨ ᠰᠥᠭᠥᠳᠴᠦ ᠦᠳᠡᠨ ᠮᠥᠷᠭᠥᠵᠦ ᠮᠣᠷᠳᠠᠭᠤᠯᠤᠨ᠂ ᠠᠷᠪᠠᠨ ᠭᠤᠷᠪᠠᠨ ᠪᠦᠯᠦᠭ ᠦ᠋ᠨ ᠠᠮᠤᠭᠤᠯᠠᠩ ᠳᠠᠷᠬᠠᠨ ᠴᠡᠷᠢᠭ ᠦ᠋ᠳ ᠦ᠋ᠨ ᠠᠷᠠᠬᠠᠢ ᠶ᠋ᠢᠨ ᠵᠢᠭᠰᠠᠭᠠᠯ ᠢ᠋ᠶ᠋ᠠᠷ ᠠᠶᠠᠷᠯᠠᠨ ᠰᠥᠭᠥᠳᠴᠦ ᠠᠮᠤᠭᠤᠯᠠᠩ ᠡᠷᠢᠨ ᠮᠣᠷᠳᠠᠭᠤᠯᠵᠤ᠂ ᠠᠷᠪᠠᠨ ᠭᠠᠵᠠᠷ ᠤ᠋ᠨ ᠤᠷᠲᠤ ᠶᠡᠬᠡ ᠠᠶᠤᠩᠭ᠎ᠠ ᠶ᠋ᠢᠨ ᠵᠢᠭᠰᠠᠭᠠᠯ ᠠᠯᠭᠤᠷ ᠢ᠋ᠶ᠋ᠠᠷ ᠵᠢᠷᠪᠢᠭᠢᠨᠡᠨ ᠬᠥᠳᠡᠯᠵᠦ ᠮᠥᠩᠭᠥᠨ ᠳᠠᠪᠠᠯᠭᠠᠲᠤ ᠬᠠᠷ᠎ᠠ ᠯᠤᠤ ᠶ᠋ᠢᠨ ᠮᠥᠷᠡᠨ ᠦ᠌ ᠮᠡᠲᠦ ᠵᠢᠪᠬᠤᠯᠠᠩᠲᠤ ᠪᠠᠯᠭᠠᠰᠤᠨ ᠤ᠋ ᠵᠦᠭ ᠮᠣᠷᠢᠯᠠᠨ ᠬᠥᠳᠡᠯᠵᠦ᠂ ᠴᠡᠷᠢᠭ ᠦ᠋ᠨ ᠪᠦᠷᠢᠶ᠎ᠡ ᠬᠣᠯᠠᠳᠠ ᠣᠷᠬᠢᠷᠠᠨ ᠬᠠᠷᠠᠩᠭ᠎ᠠ ᠬᠡᠩᠭᠡᠷᠭᠡ ᠵᠠᠮ ᠵᠠᠯᠭᠠᠯᠳᠤᠨ ᠬᠥᠩᠭᠢᠷᠡᠰᠦᠨ ᠬᠠᠩᠭᠠᠷᠢᠰᠤᠨ᠂ ᠠᠷᠤ ᠡᠯᠡᠰᠦᠨ ᠦ᠌ ᠠᠭᠤᠳᠠᠮ ᠲᠠᠯ᠎ᠠ ᠶ᠋ᠢᠨ ᠠᠩ ᠬᠦᠷᠦᠭᠡᠳ ᠠᠶᠤᠨ ᠰᠣᠴᠢᠵᠤ ᠠᠯᠮᠠᠢᠳᠠᠨ ᠨᠠᠳᠬᠤᠵᠤ᠂ ᠲᠠᠯ᠎ᠠ ᠶ᠋ᠢᠨ ᠵᠠᠳᠠᠤᠯᠠᠢ᠂ ᠵᠢᠭᠦᠷᠲᠡᠨ ᠠᠶ᠎ᠠ ᠵᠢᠷᠭᠢᠨ ᠳᠡᠭᠳᠡᠵᠦ ᠰᠦᠷᠦᠭᠯᠡᠨ ᠨᠢᠰᠦᠮᠦᠢ᠃ ᠡᠨᠡ ᠦᠶ᠎ᠡ ᠳ᠋ᠦ᠍ᠷ ᠴᠡᠷᠢᠭ ᠦ᠋ᠨ ᠶᠡᠬᠡ ᠵᠢᠨᠦᠩ ᠮᠤᠬᠤᠯᠢ ᠣᠯᠠᠨ ᠲᠡᠷᠢᠭᠦᠯᠡᠭᠴᠢᠳ ᠢ᠋ᠶ᠋ᠡᠨ ᠠᠪᠴᠤ᠂ ᠬᠡᠳᠦᠢᠨ ᠤᠷᠤᠭᠰᠢᠯᠠᠨ ᠲᠣᠪᠴᠢᠯᠠᠵᠤ ᠵᠢᠪᠬᠤᠯᠠᠩᠲᠤ ᠪᠠᠯᠭᠠᠰᠤᠨ᠎ᠠ ᠬᠦᠷᠬᠦᠶ᠎ᠡ᠂ ᠵᠠᠮ ᠤ᠋ᠨ ᠭᠣᠳᠣᠰ ᠲᠤᠷ ᠢ᠋ᠶ᠋ᠠᠨ ᠶᠢᠰᠦᠨ ᠳᠠᠪᠬᠤᠷ ᠤᠭᠲᠤᠯᠭ᠎ᠠ ᠶ᠋ᠢᠨ ᠶᠢᠰᠦᠨ ᠡᠩ ᠦ᠋ᠨ ᠲᠡᠷᠢᠭᠦᠯᠡᠭᠴᠢ ᠨᠣᠶᠠᠳ ᠢ᠋ ᠳᠠᠮ ᠳᠠᠮ ᠢ᠋ᠶ᠋ᠠᠷ ᠵᠠᠮ ᠲᠡᠭᠰᠢᠯᠡᠨ ᠬᠤᠪᠢᠶᠠᠵᠤ ᠦᠯᠡᠳᠡᠭᠡᠭᠰᠡᠭᠡᠷ ᠡᠴᠢᠵᠦ᠂ ᠥᠪᠡᠷᠦᠨ ᠪᠡᠶ᠎ᠡ ᠨᠠᠢ᠍ᠮᠠᠳᠤᠭᠠᠷ ᠤᠭᠲᠤᠯᠭ᠎ᠠ ᠶ᠋ᠢᠨ ᠵᠢᠪᠬᠤᠯᠠᠩᠲᠤ ᠪᠠᠯᠭᠠᠰᠤᠨ ᠤ᠋ ᠴᠢᠬᠡ ᠬᠣᠢᠲᠤ ᠬᠠᠭᠠᠯᠭᠠᠨ ᠭᠠᠳᠠᠨ᠎ᠠ ᠶᠡᠬᠡ ᠬᠤᠷᠢᠮ ᠤ᠋ᠨ ᠬᠣᠷᠣᠭ᠎ᠠ ᠳ᠋ᠤᠷ ᠰᠤᠷᠬᠠᠨ ᠰᠢᠷ᠎ᠠ᠂ ᠳ᠋ᠠᠢ ᠰᠡᠴᠡᠨ ᠬᠣᠶᠠᠭᠤᠯᠠ ᠶ᠋ᠢ ᠰᠠᠶᠢ ᠶᠢᠰᠦᠳᠦᠭᠡᠷ ᠤᠭᠲᠤᠯᠭ᠎ᠠ ᠶ᠋ᠢᠨ ᠶᠡᠬᠡ ᠮᠠᠨᠳᠠᠯ ᠤ᠋ᠨ ᠳᠣᠣᠷ᠎ᠠ ᠪᠡᠯᠡᠳᠬᠡᠨ᠂ ᠶᠡᠬᠡ  ᠪᠠᠭ᠎ᠠ ᠳᠠᠯᠠᠨ ᠲᠠᠪᠤᠨ ᠠᠢᠮᠠᠭ ᠤ᠋ᠨ ᠡᠵᠡᠳ ᠡᠵᠡᠳ ᠢ᠋ ᠥᠪᠡᠷ ᠥᠪᠡᠷ ᠦ᠋ᠨ ᠲᠤᠰ ᠲᠤᠰ ᠤ᠋ᠨ ᠲᠤᠭ ᠬᠢᠭᠢᠷᠢ ᠰᠢᠭᠦᠷ ᠳᠠᠯᠪᠠᠭᠠᠨ ᠢ᠋ ᠠᠨᠤ ᠠᠩᠭᠢ ᠠᠩᠭᠢ᠂ ᠬᠤᠪᠢ ᠬᠤᠪᠢ ᠪᠠᠷ ᠢ᠋ᠶ᠋ᠠᠨ ᠮᠥᠨ ᠬᠦ᠌ ᠶᠢᠰᠦᠨ ᠡᠩ ᠦ᠋ᠨ ᠶᠢᠰᠦᠨ ᠥᠩᠭᠡ ᠪᠡᠨ ᠲᠠᠭᠠᠯᠴᠠᠨ᠂ ᠪᠠᠭ ᠪᠦᠷᠢ᠂ ᠪᠢᠯᠠᠷ ᠪᠢᠰᠬᠢᠭᠦᠷ ᠬᠤᠭᠤᠷ ᠴᠤᠭᠤᠷ ᠢ᠋ᠶ᠋ᠠᠷ ᠤᠭᠲᠤᠬᠤᠢ ᠪᠠᠷ ᠪᠡᠯᠡᠳᠬᠡᠭᠦᠯᠦᠨ᠂ ᠲᠠᠢᠽᠦ ᠶ᠋ᠢᠨ ᠶᠡᠬᠡ ᠵᠢᠭᠰᠠᠭᠠᠯ ᠬᠣᠢᠲᠤ ᠬᠠᠭᠠᠯᠭ᠎ᠠ ᠳ᠋ᠤᠷ ᠬᠦᠷᠴᠦ ᠪᠡᠯᠡᠭᠲᠦ ᠬᠤᠷᠢᠮ ᠤ᠋ᠨ ᠰᠠᠷᠬᠤᠳ ᠢ᠋ ᠠᠮᠰᠠᠮᠠᠭᠴᠠ ᠤᠷᠢᠳᠠ ᠪᠠᠷ ᠬᠣᠲᠠ ᠳ᠋ᠤᠷ ᠣᠷᠣᠬᠤ ᠦᠭᠡᠢ ᠪᠡᠷ ᠪᠦᠬᠦᠯᠢ ᠵᠢᠭᠰᠠᠭᠠᠯ ᠢ᠋ᠶ᠋ᠠᠷ ᠵᠡᠭᠦᠨᠰᠢ ᠡᠷᠭᠢᠨ᠂ ᠶᠡᠬᠡ ᠭᠠᠳᠠᠭᠠᠳᠤ ᠬᠣᠲᠠ ᠶ᠋ᠢᠨ ᠭᠠᠳᠠᠭᠤᠷ ᠵᠥᠪᠰᠢᠶᠡᠬᠦᠷ ᠡᠷᠭᠢᠵᠦ᠂ ᠭᠠᠳᠠᠭᠠᠳᠤ ᠳ᠋ᠤᠷ ᠪᠣᠯᠪᠠᠰᠤ ᠳᠠᠯᠠᠨ ᠲᠠᠪᠤᠨ ᠠᠢᠮᠠᠭ ᠤ᠋ᠨ ᠬᠦᠷᠢᠶ᠎ᠡ ᠪᠠᠭᠤᠳᠠᠯ ᠢ ᠬᠦᠷᠴᠦ ᠦᠵᠡᠨ᠂ ᠳᠣᠲᠣᠭᠠᠳᠤ ᠳ᠋ᠤᠷ ᠪᠣᠯᠪᠠᠰᠤ ᠶᠡᠬᠡ ᠬᠣᠲᠠ ᠶ᠋ᠢᠨ ᠠᠷᠪᠠᠨ ᠬᠣᠶᠠᠷ ᠳᠠᠭᠲᠠᠷᠰᠢᠭᠤᠯᠤᠭᠰᠠᠨ ᠬᠠᠭᠠᠯᠭ᠎ᠠ ᠶ᠋ᠢ ᠪᠠᠢᠴᠠᠭᠠᠨ ᠦᠵᠡᠵᠦ᠂ ᠪᠦᠬᠦᠯᠢ ᠪᠡᠷ ᠨᠢᠭᠡᠨ ᠤᠳᠠᠭ᠎ᠠ ᠡᠷᠭᠢᠨ ᠣᠷᠴᠢᠵᠤ᠂ ᠮᠥᠨ ᠬᠦ᠌ ᠬᠣᠢᠲᠤ ᠬᠠᠭᠠᠯᠭ᠎ᠠ ᠳ᠋ᠤᠷ ᠬᠦᠷᠴᠦ᠂ ᠰᠠᠶᠢ ᠡᠮᠦᠨᠡᠰᠢ ᠬᠠᠨᠳᠤᠨ ᠬᠣᠲᠠ ᠳ᠋ᠤᠷ ᠣᠷᠣᠮᠤᠢ᠃ ᠡᠨᠡ ᠢᠨᠦ ᠣᠯᠠᠨ ᠰᠡᠴᠡᠳ ᠰᠠᠢᠳ ᠤ᠋ᠳ ᠲᠠᠢᠽᠦ ᠶ᠋ᠢᠨ ᠤᠯᠠᠮ ᠡᠮᠦᠨᠡᠰᠢ ᠵᠦᠭ ᠳᠠᠢᠯᠠᠨ ᠡᠵᠡᠯᠡᠬᠦᠢ ᠶ᠋ᠢᠨ ᠪᠠᠯᠩ ᠳ᠋ᠤᠷ ᠪᠠᠷᠢᠯᠳᠤᠭᠤᠯᠤᠭᠰᠠᠨ ᠠᠵᠤᠭᠤ᠃ ᠲᠡᠢᠨ ᠬᠦ᠌ ᠳᠠᠯᠠᠨ ᠲᠠᠪᠤᠨ ᠠᠢᠮᠠᠭ ᠤ᠋ᠨ ᠬᠦᠷᠢᠶ᠎ᠡ ᠶ᠋ᠢ ᠥᠩᠭᠡᠷᠡᠬᠦᠶ᠎ᠡ ᠤᠭᠲᠤᠬᠤ ᠶᠣᠰᠣᠯᠠᠯ ᠤ᠋ᠨ ᠫᠤᠤ ᠬᠡᠩᠭᠡᠷᠭᠡ᠂ ᠪᠦᠷᠢᠶ᠎ᠡ ᠪᠢᠰᠬᠢᠭᠦᠷ᠂ ᠱᠠᠪᠠᠩ ᠬᠥᠭᠵᠢᠮ ᠢ᠋ ᠡᠭᠦᠰᠬᠡᠯᠴᠡᠬᠦ ᠪᠡᠷ ᠵᠣᠬᠢᠶᠠᠨ ᠪᠡᠯᠡᠳᠬᠡᠵᠦᠬᠦᠢ᠃ ᠡᠨᠡ ᠦᠶ᠎ᠡ ᠬᠡᠳᠦᠢᠪᠡᠷ ᠭᠤᠷᠪᠠᠨ ᠰᠠᠷ᠎ᠠ ᠶ᠋ᠢᠨ ᠰᠢᠨ᠎ᠡ ᠶ᠋ᠢᠨ ᠭᠤᠷᠪᠠᠨ᠎ᠠ ᠪᠠᠢᠴᠠᠭᠠᠮᠤᠢ ᠬᠡᠮᠡᠭᠰᠡᠨ ᠪᠣᠯᠪᠠᠴᠤ᠂ ᠬᠣᠯᠠ ᠠᠬᠠᠮᠠᠳ ᠠᠨᠤ ᠡᠷᠲᠡᠰᠡ ᠬᠢᠴᠢᠶᠡᠯᠴᠡᠨ ᠴᠠᠷᠤᠵᠤ ᠤᠷᠢᠳᠠ ᠬᠦᠷᠴᠦ ᠢᠷᠡᠭᠰᠡᠨ ᠢᠨᠦ ᠶᠢᠰᠦᠨ ᠬᠤᠪᠢ ᠰᠢᠬᠠᠮ ᠪᠣᠯᠵᠤ᠂ ᠬᠣᠷᠢᠨ ᠭᠠᠵᠠᠷ ᠤ᠋ᠨ ᠠᠭᠤᠳᠠᠮ ᠵᠢᠪᠬᠤᠯᠠᠩ ᠪᠠᠯᠭᠠᠰᠤᠨ᠎ᠠ ᠬᠥᠮᠦᠨ ᠲᠣᠯᠣᠭᠠᠢ ᠬᠣᠷᠢᠨ ᠭᠠᠵᠠᠷ ᠤ᠋ᠨ ᠲᠠᠯ᠎ᠠ ᠶ᠋ᠢᠨ ᠬᠥᠷᠥᠰᠥ ᠶ᠋ᠢ ᠲᠠᠷᠢᠶ᠎ᠠ ᠮᠡᠲᠦ ᠪᠦᠷᠬᠦᠵᠦᠬᠦᠢ᠃      
       ᠲᠡᠨᠳᠡᠴᠡ ᠲᠠᠢᠽᠦ ᠶ᠋ᠢᠨ ᠶᠡᠬᠡ ᠵᠢᠭᠰᠠᠭᠠᠯ ᠠᠯᠭᠤᠷ ᠠᠭᠠᠵᠢᠮ ᠤᠰᠤ ᠤᠷᠤᠰᠤᠨ ᠡᠭᠦᠯᠡ ᠨᠡᠭᠦᠬᠦ ᠮᠡᠲᠦ ᠢᠯᠪᠠᠯᠵᠠᠨ ᠭᠤᠴᠢᠨ ᠭᠠᠵᠠᠷ ᠶᠠᠪᠤᠲᠠᠯ᠎ᠠ᠂ ᠲᠤᠭ ᠬᠢᠭᠢᠷᠢ ᠦᠵᠡᠭᠳᠡᠵᠦ᠂ ᠦᠳᠡ ᠶ᠋ᠢᠨ ᠪᠠᠭᠤᠳᠠᠯ ᠤ᠋ᠨ ᠬᠦᠷᠢᠶ᠎ᠡ ᠪᠠᠭᠤᠷᠢ ᠳ᠋ᠤᠷ ᠲᠤᠭ ᠬᠥᠳᠡᠯᠦᠨ᠂ ᠭᠤᠷᠪᠠᠨᠲᠠ ᠶᠡᠬᠡ ᠦᠬᠡᠷ ᠫᠤᠤ ᠳᠠᠭᠤᠷᠢᠰᠴᠤ᠂ ᠶᠡᠬᠡ ᠬᠥᠭᠵᠢᠮ ᠡᠭᠦᠰᠬᠡᠨ ᠪᠠᠰᠤᠳ ᠤ᠋ᠨ ᠵᠡᠪᠡ ᠶᠢᠰᠦᠭᠡᠳ ᠠᠢᠮᠠᠭ ᠤ᠋ᠨ ᠡᠵᠡᠳ ᠢ᠋ ᠠᠪᠴᠤ ᠲᠡᠷᠢᠭᠦᠨ ᠤᠭᠲᠤᠯᠭᠠᠨ᠎ᠠ ᠤᠭᠲᠤᠨ᠂ ᠵᠠᠮ ᠤ᠋ᠨ ᠬᠠᠵᠠᠭᠤᠳᠠ ᠰᠠᠷᠬᠤᠳ ᠤ᠋ᠨ ᠰᠢᠷᠡᠭᠡᠨ ᠤ ᠰᠢᠷ᠎ᠠ ᠮᠠᠢᠬᠠᠨ ᠠ᠋ᠴᠠ ᠰᠠᠷᠬᠤᠳ ᠤ᠋ᠨ ᠬᠤᠨᠳᠠᠭ᠎ᠠ ᠶ᠋ᠢ ᠪᠠᠷᠢᠵᠤ ᠤᠭᠲᠤᠨ ᠬᠤᠷᠢᠮ ᠪᠠᠷᠢᠪᠠ᠃ ᠳᠣᠷᠣᠭᠰᠢ ᠶᠢᠰᠦᠨ ᠤᠭᠲᠤᠯᠭ᠎ᠠ ᠶ᠋ᠢᠨ ᠶᠣᠰᠣᠯᠠᠯ ᠡᠭᠦᠨ ᠳ᠋ᠦ᠍ᠷ ᠨᠢᠭᠡᠨ ᠠᠳᠠᠯᠢ᠃ ᠲᠡᠢᠨ ᠬᠦ᠌ ᠪᠠᠰᠠ ᠭᠤᠴᠢᠨ ᠭᠠᠵᠠᠷ ᠤ᠋ᠨ ᠦᠵᠦᠭᠦᠷ᠎ᠡ ᠪᠠᠭᠤᠳᠠᠯ ᠦᠵᠡᠭᠳᠡᠨ ᠲᠤᠭ ᠬᠥᠳᠡᠯᠵᠦ᠂ ᠫᠤᠤ ᠳᠠᠭᠤᠷᠢᠰᠤᠨ᠂ ᠬᠥᠭᠵᠢᠮ ᠡᠭᠦᠰᠬᠡᠨ ᠵᠦᠷᠴᠢᠳ ᠦ᠋ᠨ ᠴᠤᠤ ᠮᠡᠷᠭᠡᠨ ᠲᠡᠷᠢᠭᠦᠯᠡᠨ ᠨᠠᠢ᠍ᠮᠠᠭᠠᠳ ᠠᠢᠮᠠᠭ ᠤ᠋ᠨ ᠡᠵᠡᠳ ᠢ᠋ ᠠᠪᠴᠤ ᠵᠠᠮ ᠤ᠋ᠨ ᠬᠠᠵᠠᠭᠤᠳᠠ ᠰᠥᠭᠥᠳᠴᠦ ᠬᠤᠨᠳᠠᠭ᠎ᠠ ᠡᠷᠭᠦᠨ᠂ ᠳᠡᠳ᠋ ᠤᠭᠲᠤᠯᠭᠠᠨ᠎ᠠ ᠤᠭᠲᠤᠪᠠ᠃ ᠪᠠᠰᠠ ᠭᠤᠴᠢᠨ ᠭᠠᠵᠠᠷ ᠤ᠋ᠨ ᠦᠵᠦᠭᠦᠷ᠎ᠡ ᠦᠳᠡᠰᠢ ᠶ᠋ᠢᠨ ᠬᠣᠨᠣᠭ ᠤ᠋ᠨ ᠶᠡᠬᠡ ᠬᠣᠷᠢᠶ᠎ᠠ ᠪᠠᠭᠤᠲᠠᠯ᠎ᠠ᠂ ᠲᠤᠭ ᠬᠥᠳᠡᠯᠦᠨ ᠫᠤᠤ ᠳᠠᠭᠤᠷᠢᠰᠴᠤ ᠬᠥᠭᠵᠢᠮ ᠡᠭᠦᠰᠬᠡᠨ᠂ ᠣᠷᠢᠶᠠᠩᠬᠠᠨ ᠤ᠋ ᠵᠠᠯᠮ᠎ᠠ ᠳᠣᠯᠣᠭᠠᠨ ᠠᠢᠮᠠᠭ ᠤ᠋ᠨ ᠡᠵᠡᠳ ᠢ᠋ ᠠᠪᠴᠤ ᠲᠡᠷᠢᠭᠦᠯᠡᠨ ᠰᠥᠭᠥᠳᠴᠦ᠂ ᠬᠤᠨᠳᠠᠭ᠎ᠠ ᠡᠷᠭᠦᠨ᠂ ᠭᠤᠷᠪᠠᠳᠤᠭᠠᠷ ᠤᠭᠲᠤᠯᠭᠠᠨ᠎ᠠ ᠤᠭᠲᠤᠨ᠂ ᠬᠣᠨᠣᠭ ᠤ᠋ᠨ ᠬᠤᠷᠢᠮ ᠪᠠᠷᠢᠬᠤᠶ᠎ᠠ᠂ ᠬᠤᠨᠳᠠᠭ᠎ᠠ ᠡᠷᠭᠦᠨ ᠰᠥᠭᠥᠳᠴᠦ ᠡᠢᠨ ᠭᠡᠮᠡᠨ ᠪᠡᠯᠡᠭᠯᠡᠷᠦᠨ :  
           ᠬᠤᠨ ᠭᠠᠯᠠᠭᠤ ᠬᠣᠢᠲᠤ ᠨᠠᠭᠤᠷ ᠲᠤᠷ ᠲᠥᠷᠥᠭᠡᠳ ᠡᠮᠦᠨᠡᠲᠦ ᠮᠥᠷᠡᠨ᠎ᠡ ᠡᠪᠦᠯᠵᠢᠮᠦᠢ    
           ᠬᠣᠢᠰᠢ ᠣᠷᠣᠭᠰᠢ ᠡᠴᠢᠵᠦ ᠢᠷᠡᠬᠦᠶ᠎ᠡ ᠲᠡᠭᠷᠢ ᠶ᠋ᠢᠨ ᠴᠠᠭ ᠲᠣᠢ ᠲᠡᠩᠴᠡᠭᠦᠯᠦᠨ ᠴᠢᠳᠠᠮᠤᠢ᠃   
           ᠬᠣᠯᠠ ᠣᠢᠷ᠎ᠠ ᠶ᠋ᠢ ᠬᠣᠷᠢᠶᠠᠨ ᠡᠩᠬᠡᠵᠢᠭᠦᠯᠦᠭᠴᠢ ᠡᠵᠡᠨ ᠦ᠌ ᠮᠢᠨᠦ ᠡᠷᠳᠡᠮᠲᠦ ᠰᠦᠷ ᠬᠡᠰᠢᠭ  
           ᠬᠠᠭᠤᠴᠢᠨ ᠨᠤᠲᠤᠭ ᠤ᠋ᠨ ᠡᠨᠡᠳᠬᠡᠭ ᠤᠯᠤᠰ ᠬᠦᠷᠲᠡᠯ᠎ᠡ ᠬᠥᠩᠭᠢᠷᠡᠰᠦᠨ ᠳᠡᠯᠭᠡᠷᠡᠵᠦ ᠭᠡᠢᠭᠡᠲᠦᠭᠡᠢ᠃ 
ᠬᠡᠮᠡᠭᠰᠡᠨ᠎ᠡ᠂ ᠲᠠᠢᠽᠦ ᠬᠤᠨᠳᠠᠭᠠᠲᠤ ᠬᠣᠣᠷᠠᠵᠠ ᠶ᠋ᠢ ᠬᠣᠷᠢᠶᠠᠨ ᠵᠣᠭᠣᠭᠯᠠᠵᠤ᠂ ᠬᠣᠣᠰ ᠬᠤᠨᠳᠠᠭ᠎ᠠ ᠪᠠᠷ ᠬᠣᠣᠷᠠᠵᠠ ᠳᠦᠭᠦᠷᠭᠡᠨ᠂ ᠬᠠᠷᠢᠭᠤ ᠬᠠᠢᠷᠠᠯᠠᠨ ᠵᠣᠭᠣᠭᠯᠠᠵᠤ᠂ ᠡᠢᠨ ᠭᠡᠮᠡᠨ ᠪᠡᠯᠡᠭᠯᠡᠨ ᠥᠴᠢᠵᠦ ᠵᠠᠬᠢᠷᠤᠨ :      
           ᠬᠠᠭᠤᠴᠢᠨ ᠨᠤᠲᠤᠭ ᠡᠨᠡᠳᠬᠡᠭ ᠲᠣᠷ    
           ᠬᠣᠴᠣᠷᠯᠢ ᠦᠭᠡᠢ ᠬᠤᠪᠢᠳᠠᠨ ᠪᠦᠬᠦᠨ᠎ᠡ ᠠᠭᠤᠯᠵᠠᠶ᠎ᠠ ᠪᠢ᠂     
           ᠬᠣᠯᠠ ᠠᠭᠯᠠᠭ ᠬᠦᠷᠦᠶ᠎ᠡ ᠬᠡᠮᠡᠭᠡᠳ ᠭᠠᠯᠠᠭᠤ ᠠ᠋ᠴᠠ ᠬᠡᠲᠦᠷᠡᠶ᠎ᠡ        
           ᠬᠤᠲᠤᠭᠲᠤ ᠤᠯᠤᠰ ᠯᠤᠭ᠎ᠠ ᠪᠠᠨ ᠵᠢᠷᠭᠠᠯᠳᠤᠶ᠎ᠠ ᠪᠢᠳᠡ ᠬᠡᠮᠡᠪᠡᠢ᠃ 
ᠰᠥᠨᠢ ᠪᠠᠰᠠ ᠵᠠᠯᠮ᠎ᠠ ᠳ᠋ᠤᠷ ᠬᠤᠷᠢᠮ ᠬᠦᠷᠲᠡᠭᠡᠨ᠂ ᠤᠷᠤᠭ ᠤ᠋ᠨ ᠳᠣᠲᠣᠨᠣᠴᠢᠯᠠᠨ ᠦᠵᠡᠬᠦ ᠶᠣᠰᠣᠨ ᠢ᠋ ᠭᠦᠢᠴᠡᠳᠬᠡᠭᠰᠡᠨ᠎ᠡ ᠮᠥᠷᠭᠥᠪᠡᠢ᠃ ᠵᠢᠴᠢ ᠡᠳᠦᠷ ᠶᠡᠬᠡ ᠵᠢᠭᠰᠠᠭᠠᠯ ᠬᠥᠳᠡᠯᠵᠦ᠂ ᠭᠤᠴᠢᠨ ᠭᠠᠵᠠᠷ ᠤ᠋ᠨ ᠦᠵᠦᠭᠦᠷ᠂ ᠦᠳᠡ ᠶ᠋ᠢᠨ ᠪᠠᠭᠤᠳᠠᠯ ᠦᠵᠡᠭᠳᠡᠨ᠂ ᠲᠤᠭ ᠬᠥᠳᠡᠯᠦᠨ᠂ ᠫᠤᠤ ᠳᠠᠭᠤᠷᠢᠰᠴᠤ ᠬᠥᠭᠵᠢᠮ ᠡᠭᠦᠰᠬᠡᠨ᠂ ᠲᠠᠲ᠋ᠠᠷ ᠤ᠋ᠨ ᠰᠢᠷᠢᠬᠤᠳᠤᠭ ᠵᠢᠷᠭᠤᠭᠠᠨ ᠠᠢᠮᠠᠭ ᠤ᠋ᠨ ᠡᠵᠡᠳ ᠢ᠋ ᠠᠪᠴᠤ᠂ ᠲᠡᠷᠢᠭᠦᠯᠡᠨ ᠰᠥᠭᠥᠳᠴᠦ ᠬᠤᠨᠳᠠᠭ᠎ᠠ ᠡᠷᠭᠦᠨ ᠳᠥᠲᠥᠭᠡᠷ ᠤᠭᠲᠤᠯᠭᠠᠨ᠎ᠠ ᠤᠭᠲᠤᠪᠠ᠃  ᠴᠠᠢ ᠶ᠋ᠢᠨ ᠵᠣᠭᠣᠭ ᠪᠠᠷᠢᠵᠤ᠂ ᠭᠤᠴᠢᠨ ᠭᠠᠵᠠᠷ ᠤ᠋ᠨ ᠵᠣᠭᠣᠭ ᠤ᠋ᠨ ᠦᠳᠡ ᠶ᠋ᠢᠨ ᠪᠠᠭᠤᠳᠠᠯ ᠦᠵᠡᠭᠳᠡᠨ᠂ ᠲᠤᠭ ᠬᠥᠳᠡᠯᠦᠨ᠂ ᠫᠤᠤ ᠳᠠᠭᠤᠷᠢᠰᠴᠤ᠂ ᠬᠥᠭᠵᠢᠮ ᠡᠭᠦᠰᠬᠡᠨ᠂ ᠦᠬᠦᠰᠢᠨ ᠤ ᠬᠦᠯᠦᠭ ᠪᠤᠭᠤᠷᠤᠯ ᠲᠠᠪᠤᠭᠠᠳ ᠠᠢᠮᠠᠭ ᠤ᠋ᠨ ᠡᠵᠡᠳ ᠢ᠋ ᠠᠪᠴᠤ ᠲᠡᠷᠢᠭᠦᠯᠡᠨ ᠰᠥᠭᠥᠳᠴᠦ᠂ ᠬᠤᠨᠳᠠᠭ᠎ᠠ ᠡᠷᠭᠦᠨ ᠲᠠᠪᠤᠳᠤᠭᠠᠷ ᠤᠭᠲᠤᠯᠭᠠᠨ᠎ᠠ ᠤᠭᠲᠤᠵᠤ᠂ ᠦᠳᠡ ᠶ᠋ᠢᠨ ᠵᠣᠭᠣᠭ ᠤ᠋ᠨ ᠴᠠᠪ ᠤ᠋ᠨ ᠬᠤᠷᠢᠮ ᠪᠠᠷᠢᠪᠠ᠃ ᠦᠳᠡ ᠶ᠋ᠢᠨ ᠬᠣᠢᠰᠢ ᠭᠤᠴᠢᠨ ᠭᠠᠵᠠᠷ ᠤ᠋ᠨ ᠦᠵᠦᠭᠦᠷ᠂ ᠬᠣᠨᠣᠭ ᠤ᠋ᠨ ᠪᠠᠭᠤᠳᠠᠯ ᠦᠵᠡᠭᠳᠡᠨ᠂ ᠲᠤᠭ ᠬᠥᠳᠡᠯᠦᠨ᠂ ᠫᠤᠤ ᠳᠠᠭᠤᠷᠢᠰᠴᠤ᠂ ᠬᠥᠭᠵᠢᠮ ᠡᠭᠦᠰᠬᠡᠨ ᠰᠦᠯᠲᠠᠨ ᠤ᠋ ᠬᠦᠯᠦᠭ ᠴᠢᠯᠠᠭᠤᠨ᠂ ᠲᠠᠪᠤᠭᠠᠳ ᠠᠢᠮᠠᠭ ᠤ᠋ᠨ ᠡᠵᠡᠳ ᠢ᠋ ᠠᠪᠴᠤ ᠲᠡᠷᠢᠭᠦᠯᠡᠨ ᠰᠥᠭᠥᠳᠴᠦ ᠬᠤᠨᠳᠠᠭ᠎ᠠ ᠡᠷᠭᠦᠨ ᠵᠢᠷᠭᠤᠳᠤᠭᠠᠷ ᠤᠭᠲᠤᠯᠭᠠᠨ᠎ᠠ ᠤᠭᠲᠤᠵᠤ᠂ ᠬᠣᠨᠣᠭ ᠤ᠋ᠨ ᠶᠡᠬᠡ ᠬᠤᠷᠢᠮ ᠬᠤᠷᠢᠮᠯᠠᠪᠠ᠃ ᠵᠢᠴᠢ ᠡᠳᠦᠷ ᠶᠡᠬᠡ ᠵᠢᠭᠰᠠᠭᠠᠯ ᠬᠥᠳᠡᠯᠦᠨ ᠭᠤᠴᠢᠨ ᠭᠠᠵᠠᠷ ᠤ᠋ᠨ ᠦᠵᠦᠭᠦᠷ᠎ᠡ ᠦᠳᠡ ᠶ᠋ᠢᠨ ᠴᠠᠢ ᠶ᠋ᠢᠨ ᠪᠠᠭᠤᠳᠠᠯ ᠦᠵᠡᠭᠳᠡᠨ᠂ ᠲᠤᠭ ᠬᠥᠳᠡᠯᠦᠨ ᠫᠤᠤ ᠳᠠᠭᠤᠷᠢᠰᠴᠤ ᠬᠥᠭᠵᠢᠮ ᠡᠭᠦᠰᠬᠡᠨ᠂ ᠠᠷᠯᠠᠳ ᠤ᠋ᠨ ᠬᠦᠯᠦᠭ ᠪᠤᠭᠤᠷᠵᠢ᠂ ᠲᠠᠪᠤᠭᠠᠳ ᠠᠢᠮᠠᠭ ᠤ᠋ᠨ ᠡᠵᠡᠳ ᠢ᠋ ᠠᠪᠴᠤ ᠲᠡᠷᠢᠭᠦᠯᠡᠨ ᠰᠥᠭᠥᠳᠴᠦ ᠬᠤᠨᠳᠠᠭ᠎ᠠ ᠡᠷᠭᠦᠨ ᠪᠡᠯᠡᠭᠯᠡᠨ ᠮᠥᠷᠭᠥᠵᠦ᠂ ᠳᠣᠯᠣᠳᠤᠭᠠᠷ ᠤᠭᠲᠤᠯᠭᠠᠨ᠎ᠠ ᠤᠭᠲᠤᠵᠤ᠂ ᠦᠳᠡ ᠶ᠋ᠢᠨ ᠴᠠᠢ ᠪᠠᠷᠢᠵᠤ᠂ ᠠᠲᠠᠴᠠ ᠳᠠᠷᠤᠢ ᠵᠢᠪᠬᠤᠯᠠᠩᠲᠤ ᠪᠠᠯᠭᠠᠰᠤᠨ ᠤ᠋ ᠥᠨᠳᠥᠷ ᠶᠡᠬᠡ᠂ ᠣᠢ ᠰᠢᠭᠤᠢ᠂ ᠬᠣᠲᠠ ᠮᠠᠨᠳᠠᠯ ᠤ᠋ᠨ ᠰᠦᠷᠲᠦ ᠳᠣᠪᠣ ᠰᠡᠬᠦᠢᠨ ᠦᠵᠡᠭᠳᠡᠵᠦ᠂ ᠡᠭᠦᠯᠡ ᠵᠡᠷᠭᠡᠯᠡᠨ ᠤᠨᠢᠶᠠᠷ ᠠᠨᠢᠷᠯᠠᠨ ᠭᠦᠨ ᠠᠭᠠᠷ ᠤ᠋ᠨ ᠳᠣᠲᠣᠷ᠎ᠠ ᠬᠥᠬᠡᠷᠡᠨ ᠲᠠᠲᠠᠷᠠᠵᠤ᠂ ᠢᠯᠡᠷᠡᠨ ᠦᠵᠡᠭᠳᠡᠵᠦ᠂ ᠶᠡᠬᠡ ᠬᠣᠲᠠ ᠬᠣᠷᠢᠶ᠎ᠠ ᠤᠨᠢᠭᠤᠯ ᠬᠣᠷᠣᠭ᠎ᠠ ᠶ᠋ᠢᠨ ᠳᠣᠲᠣᠷ᠎ᠠ᠂ ᠨᠠᠷᠢᠨ ᠨᠢᠭᠲᠠ ᠪᠠᠭᠤᠳᠠᠯ ᠪᠠᠢᠷᠢ᠂ ᠣᠷᠳᠣᠨ ᠴᠠᠴᠠᠷ ᠣᠯᠠᠨ ᠥᠷᠭᠥᠭᠡ᠂ ᠬᠥᠮᠦᠨ ᠦ᠌ ᠲᠡᠷᠢᠭᠦᠨ ᠦ᠌ ᠦᠰᠦ᠂ ᠬᠡᠪᠢᠰᠦᠨ ᠦᠰᠦᠯᠢᠭ ᠢ᠋ᠶ᠋ᠡᠷ ᠠᠭᠤᠯᠠ ᠬᠠᠢᠷᠬᠠᠨ ᠢ᠋ ᠪᠦᠷᠬᠦᠭᠰᠡᠨ ᠠᠳᠠᠯᠢ ᠬᠠᠷᠠᠭᠳᠠᠮᠤᠢ᠃ ᠳᠡᠮᠡᠢ ᠭᠤᠴᠢᠨ ᠭᠠᠵᠠᠷ ᠶᠠᠪᠤᠭᠰᠠᠨ ᠦᠭᠡᠢ᠂ ᠬᠠᠪᠤᠷᠤᠨ ᠦᠶ᠎ᠡ ᠶ᠋ᠢᠨ ᠡᠮᠦᠨᠡᠲᠦ ᠵᠢᠪᠡᠷ᠎ᠡ᠂ ᠪᠠᠯᠭᠠᠰᠤᠨ ᠤ᠋ ᠳᠣᠲᠣᠷ᠎ᠠ ᠭᠠᠳᠠᠨ᠎ᠠ ᠶ᠋ᠢᠨ ᠴᠡᠷᠢᠭ ᠪᠣᠯᠪᠠᠰᠤᠷᠠᠭᠤᠯᠬᠤ ᠳᠣᠬᠢᠶ᠎ᠠ ᠲᠡᠮᠳᠡᠭ ᠦ᠋ᠨ ᠳᠠᠭᠤᠨ ᠴᠢᠮᠡᠭᠡ ᠪᠠ ᠵᠠᠷᠢᠮ ᠵᠠᠪᠰᠠᠷ ᠵᠠᠪᠰᠠᠷ᠎ᠠ᠂ ᠨᠤᠮᠤ ᠰᠤᠮᠤᠨ ᠤ᠋ ᠰᠣᠷᠭᠣᠭ ᠶᠡᠬᠡ ᠳᠠᠭᠤᠨ ᠨᠠᠷᠢᠨ ᠭᠣᠳᠣᠯᠢ ᠶ᠋ᠢᠨ ᠵᠢᠵᠢᠭᠢᠨᠡᠯ ᠦ᠋ᠨ ᠴᠢᠮᠡᠭᠡ᠂ ᠬᠡᠩᠭᠡᠷᠭᠡ ᠴᠠᠩ ᠪᠦᠷᠢᠶ᠎ᠡ ᠪᠢᠰᠬᠢᠭᠦᠷ ᠦ᠋ᠨ ᠡᠬᠡᠰᠢᠭ᠂ ᠬᠣᠯᠠ ᠣᠢᠷ᠎ᠠ ᠪᠠᠷ ᠲᠠᠰᠤᠷᠠᠰᠢ ᠦᠭᠡᠢ ᠡᠭᠦᠰᠬᠡᠯᠴᠡᠨ᠂ ᠳᠠᠷᠤᠢ ᠬᠣᠢᠲᠤ ᠬᠠᠭᠠᠯᠭᠠᠨ ᠤ᠋ ᠶᠡᠬᠡ ᠪᠠᠭᠤᠳᠠᠯ ᠦᠵᠡᠭᠳᠡᠨ᠂ ᠲᠡᠨᠳᠡᠬᠢ ᠲᠤᠭ ᠬᠥᠳᠡᠯᠦᠨ᠂ ᠫᠤᠤ ᠳᠠᠭᠤᠷᠢᠰᠴᠤ᠂ ᠴᠡᠷᠢᠭ ᠦ᠋ᠨ ᠶᠡᠬᠡ ᠵᠢᠨᠦᠩ ᠮᠤᠬᠤᠯᠢ᠂ ᠲᠠᠪᠤᠭᠠᠳ ᠠᠢᠮᠠᠭ ᠤ᠋ᠨ ᠡᠵᠡᠳ ᠪᠠ ᠤᠷᠢᠳᠠ ᠶ᠋ᠢᠨ ᠳᠣᠯᠣᠭᠠᠨ ᠤᠭᠲᠤᠯᠭ᠎ᠠ ᠶ᠋ᠢᠨ ᠨᠡᠢᠲᠡ ᠪᠦᠭᠦᠳᠡᠭᠡᠷ ᠢ᠋ ᠠᠪᠴᠤ ᠲᠡᠷᠢᠭᠦᠯᠡᠨ ᠰᠥᠭᠥᠳᠴᠦ᠂ ᠡᠵᠡᠨ ᠦ᠌ ᠠᠯᠮᠠᠰ ᠡᠷᠳᠡᠨᠢ ᠶ᠋ᠢᠨ ᠰᠢᠬᠢᠳᠬᠡᠬᠡᠷᠳᠦ ᠪᠢᠳᠦᠷᠶ᠎ᠡ ᠴᠥᠭᠥᠴᠡ ᠶ᠋ᠢ ᠪᠠᠷᠢᠵᠤ᠂ ᠨᠠᠢ᠍ᠮᠠᠳᠤᠭᠠᠷ ᠤᠭᠲᠤᠯᠭᠠᠨ᠎ᠠ ᠤᠭᠲᠤᠨ ᠪᠡᠯᠡᠭᠯᠡᠨ ᠮᠥᠷᠭᠥᠵᠦ᠂ ᠦᠳᠡ ᠶ᠋ᠢᠨ ᠶᠡᠬᠡ ᠵᠣᠭᠣᠭ ᠴᠠᠪ ᠤ᠋ᠨ ᠬᠤᠷᠢᠮ ᠬᠤᠷᠢᠮᠯᠠᠨ᠂ ᠰᠠᠶᠢ ᠪᠦᠬᠦᠯᠢ ᠵᠢᠭᠰᠠᠭᠠᠯ ᠢ᠋ᠶ᠋ᠠᠷ ᠶᠡᠬᠡ ᠬᠣᠲᠠ ᠶ᠋ᠢ ᠵᠥᠪᠰᠢᠶᠡᠷᠡᠭᠦᠷ ᠲᠣᠭᠣᠷᠢᠨ ᠳᠠᠯᠠᠨ ᠲᠠᠪᠤᠨ ᠠᠢᠮᠠᠭ ᠤ᠋ᠳ ᠤ᠋ᠨ ᠪᠠᠭᠤᠳᠠᠯ ᠬᠦᠷᠢᠶᠡᠨ ᠦ᠌ ᠳᠤᠮᠳᠠᠭᠤᠷ ᠢ᠋ᠶ᠋ᠠᠷ ᠨᠡᠪᠲᠡᠯᠦᠨ ᠥᠩᠭᠡᠷᠡᠨ ᠭᠠᠷᠬᠤᠶ᠎ᠠ᠂ ᠪᠠᠭᠤᠳᠠᠯ ᠪᠦᠷᠢ ᠳ᠋ᠦ᠍ᠷ ᠬᠦᠷᠦᠮᠡᠭᠴᠡ᠂ ᠫᠤᠤ ᠳᠠᠭᠤᠷᠢᠰᠤᠨ ᠬᠥᠭᠵᠢᠮ ᠡᠭᠦᠰᠬᠡᠨ᠂ ᠬᠡᠩᠭᠡᠷᠭᠡ ᠬᠠᠷᠠᠩᠭ᠎ᠠ ᠳᠠᠭᠤᠷᠢᠰᠤᠨ ᠠᠢᠮᠠᠭ ᠠᠢᠮᠠᠭ ᠤ᠋ᠨ ᠡᠵᠡᠳ᠂ ᠴᠡᠷᠢᠭ ᠴᠡᠷᠢᠭ ᠢ᠋ᠶ᠋ᠡᠨ ᠠᠪᠤᠯᠴᠠᠨ ᠮᠥᠷᠭᠥᠨ ᠵᠣᠯᠭᠠᠬᠤᠶ᠎ᠠ᠂ ᠲᠠᠢᠽᠦ ᠶ᠋ᠢᠨ ᠮᠣᠳᠣᠷ ᠱᠠᠩ – ᠳᠠᠯᠠᠨ ᠲᠠᠪᠤᠨ ᠬᠦᠷᠢᠶ᠎ᠡ ᠪᠦᠷᠢ ᠳ᠋ᠦ᠍ᠷ : ᠠᠷᠪᠠᠢ ᠠᠷᠪᠠᠨ ᠲᠠᠭᠠᠷ᠂ ᠬᠣᠨᠢ ᠠᠷᠪᠠ᠂ ᠦᠬᠡᠷ ᠬᠣᠶᠠᠷ᠂ ᠠᠯᠲᠠᠨ ᠤᠯᠤᠰ ᠤ᠋ᠨ ᠬᠠᠷ᠎ᠠ ᠠᠷᠢᠬᠢ ᠬᠣᠶᠠᠷ ᠶᠡᠬᠡ ᠪᠣᠳᠣᠩ᠂ ᠵᠣᠳᠣᠩ ᠪᠥᠰ ᠠᠷᠪᠠ᠂ ᠱᠣ ᠲᠠᠪᠤ᠂ ᠲᠣᠷᠭ᠎ᠠ ᠭᠤᠷᠪᠠᠨ ᠣᠷᠢᠶᠠᠳᠠᠰᠤ᠂ ᠬᠠᠳᠬᠤᠮᠠᠯ ᠮᠠᠩᠨᠤᠭ ᠳᠡᠪᠡᠯ ᠨᠢᠭᠡ᠂ ᠰᠢᠷ᠎ᠠ ᠣᠯᠪᠣᠭ ᠬᠣᠶᠠᠷ᠂ ᠴᠠᠭᠠᠨ ᠮᠥᠩᠭᠥ ᠨᠢᠭᠡ ᠵᠠᠭᠤᠨ ᠯᠠᠩ ᠢ ᠱᠠᠩᠨᠠᠪᠠ᠃ ᠣᠯᠠᠨ ᠠᠢᠮᠠᠭ ᠤ᠋ᠳ ᠤ᠋ᠨ ᠪᠠᠶᠠᠷᠯᠠᠨ ᠳᠠᠭᠤᠳᠠᠯᠴᠠᠨ ᠬᠡᠰᠢᠭ ᠲᠣᠷ ᠮᠥᠷᠭᠥᠬᠦ ᠳᠠᠭᠤᠨ ᠬᠠᠪᠤᠷᠤᠨ ᠠᠶᠤᠩᠭ᠎ᠠ ᠶ᠋ᠢᠨ ᠬᠦᠷᠬᠢᠷᠡᠯ ᠵᠠᠯᠭᠠᠯᠳᠤᠬᠤ ᠮᠡᠲᠦ ᠪᠡᠷ ᠵᠥᠪ ᠢ᠋ᠶ᠋ᠡᠷ ᠨᠢᠭᠡ ᠡᠷᠭᠢᠨ᠂ ᠠᠷᠪᠠᠨ ᠬᠣᠶᠠᠷ ᠬᠠᠭᠠᠯᠭ᠎ᠠ ᠳ᠋ᠤᠷ ᠲᠠᠢᠽᠦ ᠥᠪᠡᠷᠦᠨ ᠮᠣᠳᠣᠷ ᠢ᠋ᠶ᠋ᠠᠷ ᠰᠠᠷᠬᠤᠳ ᠰᠠᠴᠤᠨ᠂ ᠲᠣᠰᠣᠨ ᠳᠤᠰᠠᠭᠠᠨ ᠪᠡᠯᠡᠭᠯᠡᠵᠦ᠂ ᠰᠠᠶᠢ ᠬᠣᠢᠲᠤ ᠬᠠᠭᠠᠯᠭ᠎ᠠ ᠪᠠᠷ ᠭᠤᠷᠪᠠᠨ ᠶᠡᠬᠡ ᠦᠬᠡᠷ ᠫᠤᠤ ᠳᠠᠭᠤᠷᠢᠰᠬᠠᠨ᠂ ᠶᠡᠬᠡ ᠵᠢᠭᠰᠠᠭᠠᠯ ᠡᠮᠦᠨᠡᠰᠢ ᠬᠠᠨᠳᠤᠨ ᠣᠷᠣᠵᠤ᠂ ᠲᠠᠢᠽᠦ ᠨᠢᠳᠦᠨ ᠡᠷᠭᠦᠨ ᠦᠵᠡᠪᠡᠰᠦ᠂ ᠡᠵᠡᠨ ᠤ ᠬᠠᠷᠢᠶᠠᠲᠤ ᠸᠴᠢᠷ ᠮᠠᠨᠳᠠᠯ ᠠ᠋ᠴᠠ ᠳᠠᠷᠠᠭᠠᠯᠠᠨ ᠬᠣᠢᠲᠤ ᠭᠤᠷᠪᠠᠨ ᠶᠡᠬᠡ ᠮᠠᠨᠳᠠᠯ ᠲᠠᠢ ᠳᠥᠷᠪᠡᠨ ᠶᠡᠬᠡ ᠮᠠᠨᠳᠠᠯ ᠨᠠᠢ᠍ᠮᠠᠨ ᠣᠷᠳᠣᠨ ᠬᠦᠷᠢᠶ᠎ᠡ ᠠᠷᠪᠠᠨ ᠬᠣᠶᠠᠷ ᠲᠠᠪᠴᠠᠩ ᠡᠭᠦᠯᠡ ᠴᠣᠭᠴᠠᠯᠠᠨ ᠰᠣᠯᠣᠩᠭ᠎ᠠ ᠲᠠᠲᠠᠵᠤ ᠣᠳᠣᠨ ᠵᠡᠷᠭᠡᠯᠡᠭᠰᠡᠨ ᠮᠡᠲᠦ ᠮᠢᠷᠠᠯᠵᠠᠵᠤᠬᠤᠢ᠃ ᠳᠤᠮᠳᠠᠳᠤ ᠬᠦᠢᠰᠦᠨ ᠦ᠌ ᠸᠴᠢᠷ ᠲᠠᠪᠴᠠᠩ ᠤ᠋ᠨ ᠮᠠᠨᠳᠠᠯ ᠤ᠋ᠨ ᠶᠢᠰᠦᠨ ᠥᠩᠭᠡ ᠶ᠋ᠢᠨ ᠶᠡᠬᠡ ᠲᠤᠭ ᠢ᠋ ᠳᠠᠭᠠᠵᠤ᠂ ᠶᠢᠰᠦᠨ ᠡᠩ ᠦ᠋ᠨ ᠥᠷᠭᠥᠭᠡ ᠴᠠᠴᠠᠷ ᠲᠠᠭᠲᠤ ᠶ᠋ᠢᠨ ᠪᠠᠭᠤᠭᠰᠠᠨ ᠴᠡᠷᠢᠭ ᠦ᠋ᠨ ᠪᠠᠭᠤᠳᠠᠯ ᠠᠨᠤ ᠳᠠᠯᠠᠢ ᠶ᠋ᠢᠨ ᠳᠠᠪᠠᠯᠭᠠᠨ ᠬᠢᠵᠠᠭᠠᠯᠠᠰᠢ ᠦᠭᠡᠢ ᠳᠠᠪᠠᠯᠭᠠᠯᠠᠬᠤ ᠮᠡᠲᠦ᠃ ᠲᠤᠭ ᠤ᠋ᠨ ᠶᠡᠬᠡ ᠵᠠᠩᠵᠤᠨ ᠳᠣᠭᠲᠣᠩᠭᠤ ᠪᠠᠭᠠᠲᠤᠷ ᠲᠤᠭ ᠢ᠋ ᠤᠷᠢᠳᠠ ᠪᠠᠷ ᠲᠠᠢᠽᠦ ᠶ᠋ᠢ ᠪᠠᠭᠤᠯᠭᠠᠬᠤ ᠶᠢᠰᠦᠨ ᠰᠢᠷ᠎ᠠ ᠬᠦᠷᠢᠶᠡᠨ ᠦ᠌ ᠲᠥᠪ ᠳᠤᠮᠳᠠ ᠳ᠋ᠤᠷ ᠵᠠᠯᠠᠨ ᠲᠣᠭᠲᠠᠭᠠᠲᠠᠯ᠎ᠠ᠂ ᠫᠤᠤ ᠳᠠᠭᠤᠷᠢᠰᠤᠨ ᠶᠢᠰᠦᠨ ᠬᠤᠪᠢ ᠶ᠋ᠢᠨ ᠬᠥᠭᠵᠢᠮ ᠬᠠᠮᠲᠤᠪᠠᠷ ᠬᠥᠩᠭᠢᠷᠡᠰᠦᠨ ᠡᠭᠦᠰᠬᠡᠵᠦ᠂ ᠶᠢᠰᠦᠨ ᠠᠢᠮᠠᠭ ᠤ᠋ᠨ ᠡᠵᠡᠳ ᠢ᠋ ᠰᠦᠯᠲᠠᠨ ᠤ ᠰᠤᠷᠬᠠᠨ ᠰᠢᠷ᠎ᠠ ᠲᠡᠷᠢᠭᠦᠯᠡᠭᠰᠡᠨ ᠲᠦᠰᠢᠮᠡᠯ ᠠᠪᠴᠤ᠂ ᠳ᠋ᠠᠢ ᠰᠡᠴᠡᠨ᠂ ᠯᠢᠳᠡᠷ ᠰᠡᠴᠡᠨ ᠲᠡᠢ ᠬᠤᠨᠳᠠᠭ᠎ᠠ ᠡᠷᠭᠦᠨ᠂ ᠶᠢᠰᠦᠳᠦᠭᠡᠷ ᠤᠭᠲᠤᠯᠭᠠᠨ᠎ᠠ ᠤᠭᠲᠤᠨ᠂ ᠲᠠᠢᠽᠦ ᠡᠨᠡ ᠰᠢᠷ᠎ᠠ ᠬᠦᠷᠢᠶᠡᠨ ᠤ ᠡᠭᠦᠳᠡᠨ᠎ᠡ ᠬᠦᠷᠦᠭᠡᠳ᠂ ᠮᠣᠷᠢᠨ ᠢ᠋ᠶ᠋ᠠᠨ ᠲᠡᠳᠡᠨ ᠵᠣᠭᠰᠣᠭᠠᠵᠤ 《ᠶᠠᠭᠠᠬᠢᠭᠰᠠᠨ ᠡᠳᠦᠢᠴᠢᠨᠡᠭᠡᠨ ᠲᠩᠷᠢ ᠶ᠋ᠢᠨ ᠬᠥᠪᠡᠭᠦᠨ ᠦ᠌ ᠥᠷᠭᠥᠭᠡ ᠴᠠᠴᠠᠷ ᠪᠣᠢ ?》 ᠬᠡᠮᠡᠲᠡᠯ᠎ᠡ᠂ ᠮᠤᠬᠤᠯᠢ ᠤᠷᠤᠭᠰᠢ ᠰᠥᠭᠥᠳᠴᠦ ᠮᠡᠳᠡᠭᠦᠯᠦᠷᠦᠨ᠄ 《ᠠᠮᠢᠲᠠᠨ ᠪᠦᠬᠦᠨ ᠢ᠋ ᠠᠮᠢᠳᠤᠷᠠᠭᠤᠯᠤᠨ ᠠᠮᠤᠭᠤᠯᠬᠤ᠂ ᠲᠠᠪᠤᠨ ᠮᠠᠨᠳᠠᠯ᠂ ᠶᠢᠰᠦᠨ ᠰᠦᠮ᠎ᠡ ᠶ᠋ᠢᠨ ᠪᠤᠷᠬᠠᠨ ᠪᠣᠭᠳᠠ ᠡᠵᠡᠳ ᠬᠤᠪᠢᠯᠭᠠᠨ ᠰᠠᠬᠢᠭᠤᠯᠰᠤᠨ ᠰᠢᠳᠢᠲᠡᠨ᠂ ᠤᠷᠢᠳᠤᠰ ᠡᠪᠦᠭᠡᠳ ᠦ᠋ᠨ ᠲᠠᠬᠢᠯ ᠤ᠋ᠨ ᠣᠷᠣᠨ᠂ ᠡᠵᠡᠨ ᠦ᠌ ᠤᠬᠢᠶᠠᠯ ᠤ᠋ᠨ ᠣᠷᠣᠨ ᠭᠡᠷ ᠠᠷᠰᠯᠠᠨᠲᠤ ᠲᠠᠭᠲᠤ ᠳᠣᠲᠣᠷ᠎ᠠ ᠪᠣᠢ᠂ ᠡᠵᠡᠨ ᠵᠠᠯᠠᠷᠠᠨ ᠪᠠᠭᠤᠵᠤ ᠤᠬᠢᠶᠠᠯᠠᠨ ᠠᠷᠢᠭᠤᠳᠬᠠᠵᠤ᠂ ᠤᠯᠤᠰ ᠢᠷᠭᠡᠨ ᠦ᠌ ᠲᠥᠯᠥᠭᠡ ᠳᠠᠭᠠᠳᠬᠠᠨ ᠵᠠᠯᠪᠠᠷᠢᠮᠤ ! 》ᠬᠡᠮᠡᠭᠰᠡᠨ᠎ᠡ᠂ ᠲᠠᠢᠽᠦ ᠮᠥᠨ ᠴᠣᠬᠣᠮ ᠶᠣᠰᠣ ᠭᠡᠮᠡᠨ ᠳᠤᠮᠳᠠᠳᠤ ᠶᠡᠬᠡ ᠦᠷᠭᠦᠭᠡᠨ᠎ᠡ ᠪᠠᠭᠤᠵᠤ ᠤᠬᠢᠶᠠᠯᠠᠨ ᠠᠷᠢᠭᠤᠳᠬᠠᠨ᠂ ᠯᠤᠤ ᠶ᠋ᠢᠨ ᠬᠤᠪᠴᠠᠳ ᠬᠠᠯᠠᠨ ᠡᠮᠦᠰᠲᠡᠯ᠎ᠡ᠂ ᠤᠯᠤᠰ ᠤ᠋ᠨ ᠥᠵᠢᠨ ᠡᠮᠡᠭᠡ ᠪᠠ ᠤᠯᠤᠰ ᠤ᠋ᠨ ᠡᠬᠡ ᠶ᠋ᠢᠨ ᠵᠢᠭᠰᠠᠭᠠᠯ ᠬᠦᠷᠴᠦ ᠢᠷᠡᠨ᠂ ᠵᠠᠭᠤᠨ ᠬᠥᠭᠵᠢᠮ ᠬᠠᠮᠲᠤᠪᠠᠷ ᠡᠭᠦᠰᠬᠡᠨ᠂ ᠥᠭᠡᠯᠦᠨ ᠡᠬᠡ ᠶ᠋ᠢ ᠵᠠᠭᠤᠨ ᠲᠦᠰᠢᠮᠡᠳ ᠮᠥᠷᠭᠥᠨ ᠤᠭᠲᠤᠵᠤ᠂ ᠲᠥᠪ ᠦ᠋ᠨ ᠣᠷᠲᠣᠨ᠎ᠠ ᠵᠠᠯᠠᠨ ᠪᠠᠭᠤᠯᠭᠠᠵᠤ᠂ ᠴᠠᠢ ᠪᠠᠷᠢᠨ ᠠᠷᠢᠬᠢ ᠡᠷᠭᠦᠨ᠂ ᠵᠠᠯᠭᠠᠯᠳᠤᠭ᠎ᠠ ᠰᠠᠶᠢ ᠤᠯᠤᠰ ᠤ᠋ᠨ ᠡᠬᠡ ᠶ᠋ᠢ ᠣᠷᠳᠣᠨ ᠳ᠋ᠤᠷ ᠠᠨᠤ ᠵᠠᠯᠠᠨ ᠳᠥᠷᠪᠡᠨ ᠲᠠᠢᠽᠢ ᠨᠠᠷ ᠴᠠᠢ ᠪᠠᠷᠢᠨ ᠠᠷᠢᠬᠢ ᠡᠷᠭᠦᠨ ᠵᠠᠭᠤᠨ ᠲᠦᠰᠢᠮᠡᠳ ᠮᠥᠷᠭᠥᠵᠦ ᠂ ᠳᠠᠷᠠᠭ᠎ᠠ ᠪᠠᠷ ᠰᠠᠶᠢ ᠳᠥᠷᠪᠡᠨ ᠳᠡᠭᠦᠦ ᠨᠣᠶᠠᠳ ᠪᠠ ᠳᠥᠷᠪᠡᠨ ᠲᠠᠢᠽᠢ᠂ ᠬᠣᠶᠠᠷ ᠭᠦᠩᠵᠦ ᠶ᠋ᠢ ᠲᠤᠰ ᠲᠤᠰ ᠢ᠋ᠶ᠋ᠠᠷ ᠣᠷᠳᠣᠨ ᠣᠷᠳᠣᠨ ᠳ᠋ᠤᠷ ᠵᠠᠯᠠᠵᠤ᠂ ᠤᠭᠲᠤᠭᠤᠯ ᠤ᠋ᠨ ᠶᠡᠬᠡ ᠬᠤᠷᠢᠮ ᠪᠠᠷᠢᠵᠤ ᠂ ᠲᠠᠢᠽᠦ ᠨᠢᠳᠦᠨ ᠡᠮᠦᠨ᠎ᠡ ᠶ᠋ᠢᠨ ᠡᠭᠦᠯᠡ ᠲᠤᠯᠤᠮ᠎ᠠ ᠭᠤᠷᠪᠠᠨ ᠶᠡᠬᠡ ᠲᠠᠪᠴᠠᠩ ᠢ᠋ ᠠᠰᠠᠭᠤᠭᠰᠠᠨ᠎ᠠ ᠰᠤᠷᠬᠠᠨ ᠰᠢᠷ᠎ᠠ ᠰᠥᠭᠥᠳᠴᠦ ᠮᠡᠳᠡᠭᠦᠯᠦᠷᠦᠨ : 
     《ᠣᠯᠠᠨ ᠤᠯᠤᠰ ᠠᠢᠮᠠᠭ ᠤ᠋ᠳ ᠢ᠋ ᠨᠡᠢᠯᠡᠭᠦᠯᠦᠨ ᠨᠢᠭᠡᠳᠬᠡᠬᠦᠶ᠎ᠡ᠂ ᠤᠷᠢᠳᠠ ᠬᠠᠭᠠᠨ ᠬᠤᠷᠮᠤᠰᠲᠠ ᠲᠡᠭᠷᠢ ᠭᠠᠵᠠᠷ ᠢ᠋ ᠪᠠᠶᠠᠰᠬᠠᠨ ᠲᠠᠬᠢᠬᠤ ᠮᠠᠨᠳᠠᠯ ᠮᠥᠨ  》 ᠬᠡᠮᠡᠭᠰᠡᠨ᠎ᠡ ᠳ᠋ᠦ᠍ᠷ᠂ ᠲᠠᠢᠽᠦ ᠲᠡᠷᠢᠭᠦᠨ ᠲᠣᠬᠢᠯᠬᠢᠯᠠᠨ ᠳᠠᠭᠤᠨ ᠡᠰᠡ ᠭᠠᠷᠪᠠᠴᠤ᠂ ᠳᠣᠲᠣᠷ᠎ᠠ ᠪᠠᠨ ᠡᠨᠡ ᠪᠠᠢᠳᠠᠯ ᠢ᠋ ᠠᠷᠪᠠᠨ ᠬᠤᠪᠢ ᠲᠥᠰᠦᠭᠡᠯᠡᠨ ᠮᠡᠳᠡᠭᠡᠳ ᠳᠣᠲᠣᠷ᠎ᠠ ᠪᠣᠳᠣᠯᠭ᠎ᠠ ᠲᠠᠢ ᠪᠠᠷ ᠵᠠᠭᠤᠨ ᠲᠦᠰᠢᠮᠡᠳ ᠢ᠋ ᠮᠥᠷᠭᠥᠭᠦᠯᠦᠨ᠂ ᠳᠠᠷᠠᠭ᠎ᠠ ᠪᠠᠷ ᠬᠤᠷᠢᠮ ᠬᠤᠷᠢᠮᠯᠠᠨ᠂ ᠭᠤᠷᠪᠠᠨ ᠡᠳᠦᠷ ᠪᠡᠶ᠎ᠡ ᠠᠮᠠᠷᠠᠨ᠂ ᠵᠢᠴᠢ ᠡᠳᠦᠷ ᠡᠴᠡ ᠰᠠᠶᠢ ᠬᠡᠰᠢᠭᠲᠦ ᠬᠡᠷᠦᠯᠦᠨ ᠤ ᠤᠮᠳᠠᠳᠤ ᠤᠨᠤᠨ ᠤ᠋ ᠭᠠᠵᠠᠷ ᠤᠰᠤᠨ ᠢ᠋ ᠪᠠᠢᠴᠠᠭᠠᠨ᠂ ᠵᠢᠪᠬᠤᠯᠠᠩᠲᠤ ᠪᠠᠯᠭᠠᠰᠤᠨ ᠤ᠋ ᠶᠢᠰᠦᠨ ᠬᠣᠲᠠ ᠶ᠋ᠢᠨ ᠳᠣᠲᠣᠭᠠᠳᠤ ᠭᠠᠳᠠᠭᠠᠳᠤ ᠨᠡᠢᠲᠡ ᠬᠣᠷᠢᠨ ᠳᠥᠷᠪᠡᠨ ᠬᠠᠭᠠᠯᠭ᠎ᠠ ᠪᠦᠬᠦᠨ᠎ᠡ ᠵᠠᠯᠠᠷᠠᠨ ᠬᠦᠷᠴᠦ ᠰᠠᠷᠬᠤᠳ ᠰᠠᠴᠤᠨ ᠰᠠᠢᠨ ᠪᠡᠯᠡᠭᠲᠦ ᠦᠭᠡ ᠪᠡᠷ ᠢᠷᠥᠭᠡᠨ᠂ ᠰᠢᠨ᠎ᠡ ᠬᠣᠲᠠ ᠬᠣᠷᠣᠭ᠎ᠠ ᠳ᠋ᠤᠷ ᠣᠷᠣᠭᠰᠠᠨ ᠪᠠ ᠪᠠᠰᠠ ᠳᠠᠯᠠᠨ ᠲᠠᠪᠤᠨ ᠠᠢᠮᠠᠭ ᠤ᠋ᠨ ᠡᠭᠡᠯᠵᠢᠯᠡᠨ ᠬᠤᠷᠢᠮ ᠪᠠᠷᠢᠯᠴᠠᠨ ᠥᠷᠯᠥᠭᠡ ᠦᠳᠡᠰᠢ ᠶ᠋ᠢᠨ ᠬᠣᠶᠠᠷ ᠴᠠᠭ ᠢ᠋ᠶ᠋ᠠᠷ ᠬᠤᠷᠢᠶᠠᠮᠵᠢᠯᠠᠨ ᠬᠤᠷᠢᠮᠯᠠᠭᠰᠠᠭᠠᠷ ᠠᠷᠠᠢᠬᠠᠨ ᠨᠢᠭᠡᠨ ᠰᠠᠷ᠎ᠠ ᠢᠯᠡᠭᠦᠦ ᠳ᠋ᠦ᠍ᠷ ᠳᠠᠯᠠᠨ ᠢᠯᠡᠭᠦᠦ ᠬᠤᠷᠢᠮ ᠢ᠋ ᠭᠦᠢᠴᠡᠳᠬᠡᠯᠭᠡᠨ᠂ ᠳᠠᠯᠠᠨ ᠲᠠᠪᠤᠨ ᠠᠢᠮᠠᠭ ᠤ᠋ᠨ ᠡᠵᠡᠳ ᠬᠤᠷᠠᠯᠳᠤᠨ᠂ ᠭᠤᠷᠪᠠᠨ ᠰᠠᠷ᠎ᠠ ᠶ᠋ᠢᠨ ᠰᠢᠨ᠎ᠡ ᠭᠤᠷᠪᠠᠨ᠎ᠡ ᠡᠵᠡᠨ ᠸᠴᠢᠷ ᠮᠠᠨᠳᠠᠯ ᠳ᠋ᠤᠷ ᠵᠠᠯᠠᠷᠠᠨ᠂ ᠦᠵᠢᠨ ᠡᠮᠡᠭᠡ ᠶ᠋ᠢᠨ ᠥᠯᠵᠡᠢ ᠤᠷᠲᠤᠳᠬᠠᠬᠤ ᠶ᠋ᠢᠨ ᠲᠤᠯᠠ ᠲᠡᠭᠷᠢ ᠭᠠᠵᠠᠷ ᠤ᠋ᠨ ᠡᠵᠡᠳ ᠬᠤᠪᠢᠯᠭᠠᠨ᠎ᠠ ᠬᠦᠵᠢ ᠵᠤᠯᠠ ᠡᠷᠭᠦᠵᠦ ᠬᠤᠲᠤᠭ ᠭᠤᠶᠤᠨ ᠵᠠᠯᠪᠠᠷᠢ ᠭᠡᠮᠡᠨ ᠵᠠᠯᠠᠯᠭ᠎ᠠ ᠮᠡᠳᠡᠭᠦᠯᠦᠭᠰᠡᠨ ᠳ᠋ᠦ᠍ᠷ ᠲᠠᠢᠽᠦ ᠵᠥᠪᠰᠢᠶᠡᠨ᠂ ᠳᠠᠬᠢᠨ ᠠᠷᠢᠭᠤᠳᠬᠠᠨ ᠤᠬᠢᠶᠠᠯᠠᠵᠤ᠂ ᠶᠡᠬᠡ ᠪᠠᠶᠠᠷ ᠤ᠋ᠨ ᠶᠣᠰᠣᠭᠠᠷ ᠰᠠᠢᠨ ᠪᠡᠯᠡᠭᠲᠦ ᠯᠤᠤ ᠶ᠋ᠢᠨ ᠬᠤᠪᠴᠠᠳ᠂ ᠰᠠᠢᠬᠠᠨ ᠡᠷᠳᠡᠨᠢᠰ ᠦ᠋ᠨ ᠪᠦᠰᠡ ᠪᠦᠰᠡᠯᠡᠵᠦ᠂ ᠠᠯᠮᠠᠰ ᠰᠤᠪᠤᠳ ᠤ᠋ᠨ ᠡᠷᠳᠡᠨᠢ ᠶ᠋ᠢᠨ ᠮᠠᠯᠠᠭ᠎ᠠ᠂ ᠤᠯᠠᠭᠠᠨ ᠤᠭᠠᠯᠵᠠᠲᠤ ᠸᠠᠩ ᠤ᠋ᠨ ᠭᠤᠲᠤᠯ ᠡᠮᠦᠰᠴᠦ᠂ ᠪᠠᠰᠤᠳ ᠤ᠋ᠨ ᠵᠡᠪᠡ ᠮᠣᠷᠢᠨ ᠢ᠋ ᠬᠥᠲᠥᠯᠦᠨ᠂ ᠶᠢᠰᠦᠨ ᠳᠠᠪᠬᠤᠷ ᠤ᠋ᠨ ᠮᠠᠨᠳᠠᠯ ᠳ᠋ᠤᠷ ᠠᠪᠠᠷᠢᠨ᠂ ᠸᠴᠢᠷ ᠮᠠᠨᠳᠠᠯ ᠤ᠋ᠨ ᠳᠣᠣᠷ᠎ᠠ ᠬᠦᠷᠴᠦ᠂ ᠲᠠᠢᠽᠦ ᠮᠣᠷᠢᠨ ᠠ᠋ᠴᠠ ᠵᠠᠯᠠᠷᠠᠨ ᠪᠠᠭᠤᠵᠤ᠂ ᠰᠥᠨᠳᠦ ᠤᠰᠤᠨ ᠢ᠋ᠶ᠋ᠠᠷ ᠠᠮᠠᠨ ᠢ᠋ᠶ᠋ᠠᠨ ᠵᠠᠢᠯᠤᠨ᠂ ᠨᠢᠭᠤᠷ ᠭᠠᠷ ᠢ᠋ ᠳᠠᠬᠢᠨ ᠠᠷᠢᠭᠤᠯᠠᠵᠤ᠂ ᠠᠩᠬᠢᠯᠤᠮᠠᠯ ᠭᠥᠯᠢᠰ ᠢ᠋ᠶ᠋ᠡᠷ ᠪᠡᠶ᠎ᠡ ᠶ᠋ᠢ ᠰᠦᠷᠴᠢᠨ᠂ ᠵᠡᠪᠡ ᠶ᠋ᠢ ᠲᠦᠰᠢᠨ ᠸᠴᠢᠷ ᠮᠠᠨᠳᠠᠯ ᠳ᠋ᠤᠷ ᠠᠪᠠᠷᠢᠨ ᠭᠠᠷᠴᠤ ᠰᠤᠷᠬᠠᠨ ᠰᠢᠷ᠎ᠠ ᠴᠠᠭᠠᠨ ᠬᠬᠢᠪ ᠢ᠋ ᠡᠷᠭᠦᠨ᠂ ᠵᠢᠨᠦᠩ ᠮᠤᠬᠤᠯᠢ ᠠᠯᠲᠠᠲᠤ ᠬᠦᠵᠢ ᠶ᠋ᠢ ᠪᠠᠷᠢᠵᠤ ᠂ ᠬᠦᠯᠦᠭ ᠪᠤᠭᠤᠷᠵᠢ ᠠᠯᠲᠠᠨ ᠳᠣᠮᠲᠣ ᠰᠠᠴᠤᠯᠢ ᠶ᠋ᠢ ᠲᠡᠪᠡᠷᠢᠨ᠂ ᠬᠦᠯᠦᠭ ᠪᠤᠭᠤᠷᠤᠯ ᠣᠷᠬᠢᠭᠤᠯ ᠢ᠋ ᠡᠷᠭᠦᠨ᠂ ᠬᠦᠯᠦᠭ ᠴᠢᠯᠠᠭᠤᠨ ᠡᠷᠦᠬᠡ ᠶ᠋ᠢ ᠰᠡᠬᠦᠭᠰᠡᠨ᠎ᠡ ᠲᠠᠢᠽᠦ ᠬᠠᠭᠠᠨ ᠥᠷᠭᠥᠭᠡ ᠳ᠋ᠦ᠍ᠷ ᠵᠠᠯᠠᠷᠠᠨ ᠣᠷᠣᠵᠤ ᠦᠵᠡᠪᠡᠰᠦ᠂ ᠦᠵᠡᠰᠡ ᠴᠥᠮ ᠲᠡᠭᠷᠢ ᠶ᠋ᠢᠨ ᠬᠥᠪᠡᠭᠦᠨ ᠦ᠌ ᠣᠷᠣᠨ ᠰᠠᠭᠤᠷᠢᠨ ᠢ᠋ ᠪᠡᠯᠡᠳᠬᠡᠵᠦ ᠂ ᠠᠷᠤ ᠶ᠋ᠢᠨ ᠬᠣᠢᠨ᠎ᠠ ᠬᠠᠷᠢᠨ ᠪᠠᠳᠠᠷᠠᠩᠭᠤᠢ ᠴᠠᠭᠠᠨ ᠰᠦᠯᠳᠡ ᠲᠡᠭᠷᠢ ᠶ᠋ᠢ ᠳᠠᠬᠢᠵᠤᠬᠤᠢ᠃ ᠡᠭᠦᠨ ᠳ᠋ᠦ᠍ᠷ ᠡᠳᠡᠭᠡᠷ ᠦ᠋ᠳ ᠦ᠋ᠨ ᠰᠠᠨᠠᠭᠠᠨ ᠢ᠋ ᠬᠡᠳᠦᠢᠨ ᠲᠣᠳᠣᠷᠬᠠᠶ᠎ᠠ ᠠᠢᠯᠠᠳᠴᠤ ᠮᠡᠳᠡᠭᠡᠳ᠂ ᠥᠪᠡᠷ᠎ᠡ ᠨᠢᠭᠡᠨ ᠭᠠᠵᠠᠷ ᠢ᠋ ᠪᠣᠳᠣᠨ ᠲᠣᠭᠲᠠᠭᠠᠪᠠ᠃  
       ᠲᠡᠳᠦᠢ ᠤᠯᠤᠰ ᠤ᠋ᠨ ᠬᠣᠲᠠᠯᠠᠭᠠᠷ ᠢ᠋ ᠠᠪᠴᠤ᠂ ᠲᠠᠢᠽᠦ ᠠᠯᠲᠠᠨ ᠵᠤᠯᠠ ᠶ᠋ᠢ ᠠᠰᠠᠭᠠᠨ ᠡᠷᠳᠡᠨᠢᠰ ᠦ᠋ᠨ ᠬᠦᠵᠢ ᠶ᠋ᠢ ᠡᠷᠭᠦᠵᠦ᠂ ᠤᠷᠲᠤ ᠬᠬᠢᠪ ᠢ᠋ ᠲᠠᠲᠠᠭᠠᠳ᠂ ᠥᠭᠡᠯᠦᠨ ᠡᠬᠡ ᠥᠵᠢᠨ ᠡᠮᠡᠭᠡ ᠶ᠋ᠢᠨ ᠨᠠᠰᠤᠨ ᠪᠤᠶᠠᠨ ᠤ᠋ ᠥᠨᠳᠥᠷ ᠪᠣᠯᠬᠤᠢ ᠶ᠋ᠢᠨ ᠲᠤᠯᠠ ᠬᠤᠲᠤᠭ ᠭᠤᠶᠤᠨ ᠮᠥᠷᠭᠥᠨ ᠵᠠᠯᠪᠠᠷᠢᠵᠤ᠂ ᠰᠢᠪᠰᠢᠨ ᠳᠠᠭᠠᠳᠬᠠᠭᠠᠳ᠂ ᠶᠢᠰᠦᠨᠲᠡ ᠶᠣᠰᠣᠯᠠᠨ ᠮᠥᠷᠭᠥᠯ ᠲᠡᠭᠦᠰᠴᠦ ᠭᠠᠷᠴᠤ ᠢᠷᠡᠭᠡᠳ ᠬᠠᠭᠠᠨ ᠥᠷᠭᠥᠭᠡ ᠶ᠋ᠢᠨ ᠶᠡᠬᠡ ᠣᠶᠣᠭ ᠰᠠᠷᠠᠪᠴᠢᠨ ᠤ᠋ ᠳᠣᠣᠷᠠᠬᠢ ᠠᠷᠰᠯᠠᠨᠲᠤ ᠰᠠᠨᠳᠠᠯᠢ ᠳ᠋ᠤᠷ ᠵᠠᠯᠠᠷᠠᠨ ᠰᠠᠭᠤᠵᠤ᠂ ᠡᠷᠳᠡᠨᠢᠰ ᠦ᠋ᠨ ᠠᠶᠠᠭᠠᠲᠤ ᠴᠠᠢ ᠶ᠋ᠢ ᠪᠠᠷᠢᠲᠠᠯ᠎ᠠ᠂ ᠨᠠᠷᠠᠨ ᠰᠠᠷᠠᠨ ᠤ᠋ ᠮᠠᠨᠳᠠᠯ ᠤ᠋ᠨ ᠲᠤᠭ ᠤ᠋ᠨ ᠳᠣᠣᠷ᠎ᠠ ᠠᠯᠲᠠᠨ ᠵᠦᠩ᠂ ᠯᠤᠤ ᠶ᠋ᠢᠨ ᠬᠡᠩᠭᠡᠷᠭᠡ ᠶ᠋ᠢᠨ ᠳᠠᠭᠤᠨ ᠨᠢᠭᠡᠨᠲᠡ ᠳᠠᠭᠤᠷᠢᠰᠤᠮᠠᠭᠴᠠ᠂ ᠨᠠᠢ᠍ᠮᠠᠨ ᠬᠦᠯᠢᠯ᠂ ᠶᠢᠰᠦᠨ ᠮᠡᠩᠭᠡ ᠶ᠋ᠢᠨ ᠬᠥᠭᠵᠢᠮ ᠦ᠋ᠨ ᠴᠠᠴᠠᠷ ᠠ᠋ᠴᠠ ᠶᠢᠰᠦᠨ ᠵᠦᠢᠯ ᠦ᠋ᠨ ᠬᠥᠭᠵᠢᠮ ᠬᠥᠩᠭᠢᠷᠡᠰᠦᠨ ᠡᠭᠦᠰᠬᠡᠵᠦ ᠭᠤᠷᠪᠠᠨ ᠵᠡᠷᠭᠡ ᠦᠯᠢᠶᠡᠨ ᠳᠡᠯᠡᠳᠬᠦᠶ᠎ᠡ᠂ ᠲᠠᠢᠽᠦ ᠡᠮᠦᠨᠡᠲᠦ ᠶᠠᠨᠳᠠᠷ᠎ᠠ ᠠᠵᠢᠶᠠᠷᠠᠨ ᠦᠵᠡᠪᠡᠰᠦ ᠳᠥᠷᠪᠡᠨ ᠥᠩᠭᠡ ᠶ᠋ᠢᠨ ᠮᠠᠩᠨᠤᠭ ᠰᠢᠬᠦᠷᠲᠦ ᠥᠷᠭᠥᠭᠡ ᠶ᠋ᠢᠨ ᠳᠣᠣᠷ᠎ᠠ᠂ ᠳᠥᠷᠪᠡᠨ ᠳᠡᠭᠦᠦ ᠨᠣᠶᠠᠳ ᠳᠣᠲᠣᠭᠰᠢ ᠬᠠᠨᠳᠤᠨ ᠵᠣᠭᠰᠣᠵᠤ ᠂ ᠲᠡᠭᠦᠨᠦ ᠳᠡᠰ ᠳᠥᠷᠪᠡᠨ ᠤᠯᠠᠭᠠᠨ ᠮᠠᠩᠨᠤᠭ ᠰᠢᠬᠦᠷᠲᠦ ᠴᠠᠴᠠᠷ ᠤ᠋ᠨ ᠳᠣᠣᠷ᠎ᠠ᠂ ᠳᠥᠷᠪᠡᠨ ᠪᠠᠭ᠎ᠠ ᠡᠵᠡᠳ ᠲᠠᠢᠽᠢ ᠠᠨᠤ ᠵᠣᠭᠰᠣᠵᠤ᠂ ᠶᠢᠰᠦᠨ ᠥᠩᠭᠡ ᠶ᠋ᠢᠨ ᠶᠢᠰᠦᠨ ᠶᠡᠬᠡ ᠰᠢᠬᠦᠷ ᠲᠤᠭ ᠤ᠋ᠨ ᠳᠣᠣᠷ᠎ᠠ᠂ ᠶᠢᠰᠦᠨ ᠡᠩ ᠦ᠋ᠨ ᠲᠡᠷᠢᠭᠦᠯᠡᠭᠰᠡᠨ ᠲᠦᠰᠢᠮᠡᠳ ᠴᠥᠮ ᠳᠣᠲᠣᠭᠰᠢ ᠬᠠᠨᠳᠤᠨ ᠢᠪ ᠴᠢᠪ ᠵᠢᠭᠰᠠᠭᠠᠨ ᠶᠣᠰᠣᠯᠠᠯᠴᠠᠨ᠂ ᠳᠣᠣᠷᠠᠲᠤ ᠳᠡᠭᠲᠡᠷ ᠦ᠋ᠨ ᠡᠮᠦᠨᠡᠲᠦ ᠭᠤᠷᠪᠠᠨ ᠲᠠᠯ᠎ᠠ ᠳ᠋ᠤᠷ ᠳᠠᠯᠠᠨ ᠲᠠᠪᠤᠨ ᠠᠢᠮᠠᠭ ᠤ᠋ᠳ ᠤ᠋ᠨ ᠡᠵᠡᠳ᠂ ᠮᠥᠷᠥ ᠵᠡᠷᠭᠡᠯᠡᠨ᠂ ᠢᠪᠡᠯᠴᠡᠨ ᠳᠣᠲᠣᠭᠰᠢ ᠬᠠᠨᠳᠤᠨ ᠳᠦᠭᠦᠷᠲᠡᠯ᠎ᠡ ᠬᠤᠮᠤᠷᠠᠨ ᠲᠡᠭᠰᠢᠯᠡᠨ ᠵᠢᠭᠰᠠᠭᠠᠭᠠᠳ᠂ ᠲᠠᠢᠽᠦ ᠶ᠋ᠢᠨ ᠡᠮᠦᠨ᠎ᠡ ᠲᠠᠪᠤᠨ ᠥᠲᠡᠭᠦᠰ᠂ ᠲᠠᠪᠤᠨ ᠪᠠᠷᠰ᠂ ᠭᠤᠴᠢᠨ ᠵᠢᠷᠭᠤᠭᠠᠨ ᠪᠠᠭᠠᠲᠤᠷ᠂ ᠭᠤᠴᠢᠨ ᠬᠣᠶᠠᠷ ᠰᠡᠴᠡᠳ᠂ ᠭᠤᠷᠪᠠᠨ ᠳᠡᠰ ᠦ᠋ᠨ ᠲᠠᠢᠹᠦ᠋ ᠰᠠᠢᠳ ᠤ᠋ᠳ ᠳᠡᠳ᠋ ᠳᠡᠭᠲᠡᠷ ᠦ᠋ᠨ ᠬᠣᠶᠠᠷ ᠬᠠᠵᠠᠭᠤ ᠳ᠋ᠤᠷ ᠳᠥᠷᠪᠡ ᠳᠥᠷᠪᠡᠨ ᠮᠥᠷ ᠢ᠋ᠶ᠋ᠡᠷ ᠬᠣᠶᠠᠷ ᠵᠢᠭᠦᠷᠯᠡᠨ ᠵᠣᠭᠰᠣᠵᠤ᠂ ᠡᠭᠦᠨ ᠡᠴᠡ ᠳᠠᠷᠠᠭᠠᠯᠠᠨ ᠸᠴᠢᠷ ᠲᠠᠪᠴᠠᠩ ᠤ᠋ᠨ ᠳᠡᠭᠡᠷᠡᠬᠢ ᠶᠢᠰᠦᠨ ᠡᠩ ᠦ᠋ᠨ ᠶᠢᠰᠦᠨ ᠥᠩᠭᠡ ᠶ᠋ᠢᠨ ᠲᠤᠭ ᠳᠠᠯᠪᠠᠭ᠎ᠠ ᠶ᠋ᠢᠨ ᠥᠩᠭᠡ ᠪᠡᠷ ᠲᠠᠭᠠᠯᠴᠠᠨ ᠂ ᠳᠣᠷᠣᠭᠰᠢ ᠶᠢᠰᠦᠨ ᠳᠡᠭᠲᠡᠷ ᠪᠠ ᠲᠡᠭᠰᠢ ᠭᠠᠵᠠᠷ ᠲᠤᠷ ᠬᠦᠷᠲᠡᠯ᠎ᠡ ᠶᠢᠰᠦᠨ ᠥᠩᠭᠡ ᠶ᠋ᠢᠨ ᠵᠠᠩᠵᠤᠨ ᠪᠠᠭᠠᠲᠤᠳ᠂ ᠬᠤᠶᠠᠭ ᠴᠡᠷᠢᠭ ᠦ᠋ᠳ ᠶᠢᠰᠦᠨ ᠲᠦᠮᠡᠨ ᠶᠢᠰᠦᠨ ᠮᠢᠩᠭᠠᠨ ᠶᠢᠰᠦᠨ ᠵᠠᠭᠤᠨ ᠶᠡᠷᠡᠨ ᠶᠢᠰᠦᠨ ᠬᠢᠭᠢᠷᠢ ᠪᠠᠷᠢᠭᠰᠠᠨ ᠠᠷᠠᠳ ᠴᠥᠮ ᠳᠣᠲᠣᠭᠰᠢ ᠬᠠᠨᠳᠤᠨ ᠲᠡᠭᠰᠢᠯᠡᠨ ᠵᠣᠭᠰᠣᠵᠤᠬᠤᠢ ᠃ ᠲᠠᠢᠽᠦ ᠰᠠᠭᠤᠳᠠᠯ ᠳ᠋ᠤᠷ ᠰᠠᠭᠤᠮᠠᠭᠴᠠ᠂ ᠬᠥᠭᠵᠢᠮ ᠡᠭᠦᠰᠬᠡᠨ ᠴᠠᠢ ᠪᠠᠷᠢᠵᠤ ᠶᠡᠬᠡ ᠦᠬᠡᠷ ᠫᠤᠤ ᠭᠤᠷᠪᠠᠨᠲᠠ ᠳᠠᠭᠤᠷᠢᠰᠤᠮᠠᠭᠴᠠ᠂ ᠵᠠᠭᠤᠨ ᠡᠭᠡᠰᠢᠭ ᠮᠢᠩᠭᠠᠨ ᠴᠢᠮᠡᠭᠡ ᠶᠠᠭ ᠲᠠᠭ ᠢᠪ ᠴᠢᠪ ᠂ ᠲᠦᠭ ᠲᠦᠮᠡᠨ ᠲᠦᠰᠢᠮᠡᠯ ᠴᠡᠷᠢᠭ ᠦ᠋ᠳ ᠨᠢᠭᠡᠬᠡᠨ ᠨᠠᠮ ᠢ᠋ᠶ᠋ᠠᠷ ᠬᠠᠮᠲᠤ ᠴᠤᠭᠭᠠᠷ ᠨᠠᠢᠭᠤᠬᠤ ᠨᠠᠢᠯᠵᠠᠭᠤᠷ ᠡᠪᠡᠰᠦ ᠨᠠᠮᠤᠷ ᠤ᠋ᠨ ᠰᠠᠯᠬᠢᠨ᠎ᠠ ᠨᠠᠢᠭᠤᠨ ᠬᠡᠪᠲᠡᠬᠦ ᠮᠡᠲᠦ ᠬᠦᠰᠡᠷ᠎ᠡ ᠰᠥᠭᠥᠳᠦᠯᠴᠡᠭᠡᠳ᠂ ᠣᠯᠠᠨ ᠠᠢᠮᠠᠭ ᠤ᠋ᠨ ᠣᠯᠠᠨ ᠡᠵᠡᠳ ᠦ᠋ᠨ ᠡᠮᠦᠨ᠎ᠡ ᠡᠴᠡ ᠠᠯᠲᠠᠨᠱᠠᠭ᠎ᠠ᠂ ᠲᠤᠰᠬᠤ᠂ ᠲᠡᠴᠢᠩᠬᠣᠷᠯᠣᠣ᠂ ᠢᠯᠠᠭᠤᠭᠰᠠᠨ ᠳᠥᠷᠪᠡᠨ ᠬᠥᠮᠦᠨ ᠣᠷᠣᠭᠰᠢ ᠨᠢᠭᠡᠨ ᠠᠯᠬᠤᠮ ᠮᠥᠯᠬᠥᠨ ᠲᠠᠪᠰᠢᠵᠤ᠂ ᠠᠯᠲᠠᠨᠱᠠᠭ᠎ᠠ ᠠᠷᠢᠬᠢ ᠶ᠋ᠢ ᠪᠠᠷᠢᠨ᠂ ᠲᠤᠰᠬᠤ ᠬᠬᠢᠪ ᠢ᠋ ᠡᠷᠭᠦᠨ᠂ ᠢᠯᠠᠭᠤᠭᠰᠠᠨ ᠰᠦᠨ ᠢ᠋ ᠪᠠᠷᠢᠵᠤ᠂ ᠲᠠᠴᠢᠩᠬᠤᠷᠯᠤᠤ ᠯᠤᠤᠲᠤ ᠳᠡᠪᠲᠡᠷ ᠢ᠋ ᠳᠡᠯᠭᠡᠵᠦ᠂ ᠥᠨᠳᠥᠷ ᠬᠦᠩᠭᠢᠨᠡᠮ᠎ᠡ ᠡᠭᠡᠰᠢᠭᠲᠦ ᠳᠠᠭᠤᠨ ᠢ᠋ᠶ᠋ᠠᠷ ᠳᠠᠭᠤᠳᠠᠨ ᠤᠩᠰᠢᠷᠤᠨ᠄  
      《ᠡᠴᠢᠭᠡ ᠲᠡᠭᠷᠢ ᠡᠬᠡ ᠭᠠᠵᠠᠷ᠂ ᠡᠩ ᠲᠡᠷᠢᠭᠦᠨ ᠡᠵᠡᠨ ᠴᠢᠮᠠᠶ᠋ᠢ ᠰᠢᠯᠲᠠᠭᠠᠨ ᠲᠠᠢ ᠪᠤᠯᠬᠤᠢ ᠳ᠋ᠤᠷ ᠦᠵᠢᠨ ᠡᠬᠡ ᠶ᠋ᠢᠨ ᠬᠥᠰᠢᠭᠡ ᠰᠠᠨᠳᠠᠯᠢ ᠶ᠋ᠢ ᠯᠠᠪᠠᠢ ᠴᠠᠭᠠᠨ ᠭᠡᠭᠡᠬᠡᠨ ᠭᠡᠷᠡᠯ ᠢ᠋ᠶ᠋ᠡᠷ ᠪᠦᠷᠬᠦᠨ᠂ ᠠᠯᠲᠠᠨ ᠥᠩᠭᠡᠲᠦ ᠪᠠᠳᠠᠷᠠᠩᠭᠤᠢ ᠴᠠᠭᠠᠨ ᠰᠦᠯᠳᠡ ᠲᠡᠭᠷᠢ ᠪᠣᠯᠤᠨ ᠬᠤᠪᠢᠯᠵᠤ ᠡᠬᠡ ᠦᠵᠢᠨ ᠢ᠋ ᠡᠨᠡᠷᠢᠵᠦ ᠠᠰᠠᠷᠠᠨ ᠰᠠᠨᠳᠠᠯᠢ ᠬᠠᠮᠲᠤᠳᠬᠠᠨ᠂ ᠳᠡᠷ᠎ᠡ ᠨᠢᠭᠡᠳᠬᠡᠭᠰᠡᠨ ᠢ᠋ᠶ᠋ᠡᠷ ᠰᠢᠯᠲᠠᠭᠠᠲᠠᠢ ᠪᠣᠯᠵᠤ᠂ ᠠᠷᠪᠠᠨ ᠰᠠᠷ᠎ᠠ ᠳᠥᠭᠥᠷᠦᠨ ᠳᠦᠭᠦᠷᠲᠡᠯ᠎ᠡ ᠡᠬᠡ ᠦᠵᠢᠨ ᠦ᠌ ᠡᠷᠳᠡᠨᠢᠰ ᠦ᠋ᠨ ᠴᠣᠭᠴᠠ ᠠ᠋ᠴᠠ ᠭᠡᠭᠡᠬᠡᠨ ᠭᠡᠷᠡᠯ ᠡᠰᠡ ᠰᠠᠯᠤᠨ᠂ ᠴᠠᠭᠠᠨ ᠭᠡᠷᠡᠯ ᠡᠰᠡ ᠴᠤᠴᠠᠨ ᠂ ᠳᠡᠭᠷᠢᠯᠢᠭ ᠡᠵᠡᠨ ᠴᠢᠮᠠᠶ᠋ᠢ ᠮᠡᠨᠳᠦᠯᠡᠭᠰᠡᠨ ᠲᠡᠷᠡ ᠡᠳᠦᠷ ᠲᠡᠷᠡ ᠴᠠᠭ ᠳᠡᠯᠭᠡᠷᠡᠭᠰᠡᠨ ᠳᠥᠷᠪᠡᠨ ᠰᠠᠷ᠎ᠠ ᠶ᠋ᠢᠨ ᠠᠷᠪᠠᠨ ᠵᠢᠷᠭᠤᠭᠠᠨ ᠤ᠋ ᠮᠣᠷᠢᠨ ᠴᠠᠭ ᠲᠤᠷ ᠳᠡᠯᠢᠭᠦᠨ ᠪᠣᠯᠳᠣᠭ ᠠ᠋ᠴᠠ ᠴᠠᠭᠠᠨ ᠭᠡᠷᠡᠯ ᠮᠠᠨᠳᠤᠨ ᠭᠠᠷᠴᠤ ᠣᠭᠲᠠᠷᠭᠤᠢ ᠶ᠋ᠢᠨ ᠴᠡᠭᠡᠯ ᠳ᠋ᠦ᠍ᠷ ᠲᠤᠯᠪᠠ᠃ ᠶᠡᠬᠡ ᠤᠨᠤᠨ ᠮᠥᠷᠡᠨ ᠭᠤᠷᠪᠠᠨ ᠡᠳᠦᠷ ᠲᠤᠩᠭᠠᠯᠠᠭ ᠪᠣᠯᠤᠨ ᠲᠤᠨᠵᠤ ᠤᠷᠤᠰᠪᠠ᠂ ᠡᠵᠡᠨ ᠦ᠌ ᠪᠡᠶ᠎ᠡ ᠡᠬᠡ ᠶ᠋ᠢᠨ ᠬᠡᠪᠡᠯᠢ ᠡᠴᠡ ᠬᠣᠶᠠᠷ ᠮᠣᠲᠣᠷ᠎ᠠ ᠡᠷᠳᠡᠨᠢ ᠶ᠋ᠢᠨ ᠨᠥᠵᠢ ᠠᠳᠬᠤᠭᠰᠠᠭᠠᠷ ᠮᠡᠨᠳᠦᠯᠡᠪᠡ ᠂ ᠦᠨᠡᠬᠡᠷ ᠠᠷᠢᠭᠤᠨ ᠦᠶᠡᠲᠦ ᠴᠠᠭᠠᠨ ᠡᠪᠡᠰᠦᠨ᠎ᠡ ᠤᠨᠠᠪᠠ᠃ ᠥᠨᠢᠳᠡ ᠪᠠᠲᠤ ᠬᠠᠳᠠ ᠶ᠋ᠢᠨ ᠴᠢᠯᠠᠭᠤᠨ ᠢ᠋ᠶ᠋ᠠᠷ ᠬᠦᠢᠰᠦ ᠶ᠋ᠢ ᠣᠭᠲᠣᠯᠪᠠ᠂ ᠡᠯᠳᠡᠪ ᠵᠦᠢᠯ ᠦ᠋ᠨ ᠥᠩᠭᠡᠲᠦ ᠴᠡᠴᠡᠭ ᠦ᠋ᠨ ᠬᠤᠷ᠎ᠠ ᠣᠷᠣᠪᠠ᠃ ᠮᠥᠨ ᠡᠳᠦᠷ ᠮᠥᠨ ᠴᠠᠭ ᠲᠤᠷ ᠳᠡᠭᠡᠳᠦ ᠡᠵᠡᠨ᠂ ᠲᠠᠲ᠋ᠠᠷ ᠠᠢᠮᠠᠭ ᠢ᠋ ᠲᠡᠭᠰᠢᠯᠡᠵᠦ᠂ ᠲᠡᠮᠡᠭᠡᠴᠢᠨ ᠠᠢᠮᠠᠭ ᠢ᠋ ᠣᠯᠵᠠᠯᠠᠵᠤ᠂ ᠲᠡᠮᠳᠡᠭᠲᠦ ᠨᠡᠷ᠎ᠡ ᠶ᠋ᠢ ᠪᠠᠢᠭᠤᠯᠪᠠᠢ᠃ ᠡᠭᠦᠨᠴᠡ ᠡᠵᠡᠨ ᠦ᠌ ᠪᠡᠶ᠎ᠡ ᠥᠭᠡᠯᠡᠢ ᠪᠣᠯᠵᠤ ᠠᠷᠪᠠᠨ ᠭᠤᠷᠪᠠᠨ ᠨᠠᠰᠤᠨ ᠰᠡᠭᠦᠳᠡᠷ ᠡᠴᠡ ᠡᠬᠢᠯᠡᠨ ᠴᠡᠷᠢᠭ ᠲᠦ᠍ᠷ ᠶᠠᠪᠤᠨ᠂ ᠳᠡᠭᠡᠳᠦ ᠡᠵᠡᠨ ᠦ᠌ ᠥᠰᠢᠶ᠎ᠡ ᠶ᠋ᠢ ᠠᠪᠴᠤ᠂ ᠤᠷᠭᠤᠭᠤᠯ ᠢ᠋ ᠣᠭᠲᠣᠴᠠᠨ ᠠᠯᠠᠵᠤ᠂ ᠣᠯᠠᠨ ᠰᠠᠮᠠᠭᠤᠨ ᠢ᠋ ᠤᠰᠠᠤᠬᠠᠨ ᠠᠷᠢᠯᠭᠠᠬᠤᠶ᠎ᠠ ᠤᠷᠤᠭᠰᠢ ᠬᠣᠢᠰᠢ᠂ ᠵᠡᠭᠦᠨ ᠪᠠᠷᠠᠭᠤᠨ ᠳᠥᠷᠪᠡᠨ ᠵᠦᠭ ᠲᠦ᠍ᠷ ᠪᠠᠢᠯᠳᠤᠨ ᠳᠠᠢᠯᠠᠵᠤ᠂ ᠠᠯᠠᠯᠳᠤᠨ ᠬᠠᠳᠬᠤᠯᠳᠤᠨ ᠶᠠᠪᠤᠬᠤᠶ᠎ᠠ ᠡᠷᠬᠡᠲᠡᠨ ᠮᠠᠬᠠᠪᠣᠳ ᠤ᠋ᠨ ᠭᠠᠰᠢᠭᠤᠨ ᠪᠠ ᠴᠣᠭᠴᠠ ᠪᠡᠶ᠎ᠡ ᠶ᠋ᠢᠨ ᠵᠣᠪᠠᠯᠠᠩ ᠬᠢᠭᠡᠳ ᠥᠯᠥᠰᠬᠦ᠂ ᠲᠠᠭᠠᠷᠠᠬᠤ᠂ ᠭᠠᠴᠢᠭᠳᠠᠬᠤ᠂ ᠮᠣᠬᠣᠭᠳᠠᠬᠤ᠂ ᠪᠠᠰᠤᠭᠳᠠᠬᠤ᠂ ᠳᠣᠷᠣᠮᠵᠢᠯᠠᠭᠳᠠᠬᠤ᠂ ᠭᠦᠵᠢᠷᠯᠡᠭᠳᠡᠬᠦ᠂ ᠬᠢᠯᠢᠰᠳᠡᠬᠦ ᠵᠠᠭᠤᠨ ᠪᠡᠷᠬᠡᠳᠡᠯ᠂ ᠮᠢᠩᠭᠠᠨ ᠵᠣᠪᠠᠯᠠᠩ᠂ ᠲᠦᠭ ᠲᠦᠮᠡᠨ ᠮᠡᠩᠳᠡᠷᠡᠯ ᠵᠦᠳᠡᠭᠦᠷᠢ ᠶ᠋ᠢ ᠠᠮᠰᠠᠨ ᠡᠳ᠋ᠯᠡᠭᠰᠡᠭᠡᠷ ᠡᠳᠦᠭᠡ ᠳᠥᠴᠢᠨ ᠲᠠᠪᠤᠨ ᠰᠡᠭᠦᠳᠡᠷ ᠬᠦᠷᠲᠡᠯ᠎ᠡ᠂ ᠳᠥᠷᠪᠡᠨ ᠵᠦᠭ ᠨᠠᠢ᠍ᠮᠠᠨ ᠵᠣᠪᠬᠢᠰ ᠲᠤᠷ ᠲᠡᠷᠰ ᠢ᠋ ᠳᠠᠢᠯᠠᠨ᠂ ᠬᠠᠷᠭᠢᠰ ᠢ᠋ ᠠᠷᠢᠯᠭᠠᠨ᠂ ᠰᠥᠷᠭᠡᠦ ᠶ᠋ᠢ ᠰᠥᠨᠥᠭᠡᠨ᠂ ᠮᠥᠯᠵᠢᠮᠡᠲᠡᠭᠡᠢ ᠶ᠋ᠢ ᠮᠥᠬᠥᠭᠡᠨ ᠶᠠᠪᠤᠬᠤᠶ᠎ᠠ᠂ ᠵᠠᠷ ᠵᠡᠪᠰᠡᠭ ᠦ᠋ᠨ ᠰᠥᠷᠥ ᠰᠢᠭᠤᠢ ᠳ᠋ᠤᠷ ᠰᠢᠷᠭᠤᠯᠤᠨ ᠪᠠᠢᠯᠳᠤᠵᠤ᠂ ᠴᠢᠰᠤ ᠨᠥᠵᠢ ᠶ᠋ᠢᠨ ᠮᠥᠷᠡᠨ ᠳᠠᠯᠠᠢ ᠳ᠋ᠤᠷ ᠱᠤᠩᠪᠠᠨ ᠠᠯᠠᠯᠳᠤᠵᠤ᠂ ᠵᠠᠭᠤᠨ ᠦᠬᠦᠯ᠂ ᠮᠢᠩᠭᠠᠨ ᠮᠥᠬᠥᠯ ᠡᠴᠡ ᠥᠩᠭᠡᠷᠡᠨ ᠮᠤᠯᠲᠤᠷᠠᠵᠤ᠂ ᠠᠷᠠᠢᠬᠠᠨ ᠭᠤᠴᠢᠨ ᠬᠣᠶᠠᠷ ᠵᠢᠯ ᠦ᠋ᠨ ᠬᠤᠶᠠᠭᠲᠤ ᠪᠡᠶ᠎ᠡ᠂ ᠬᠥᠯᠥᠰᠥᠲᠦ ᠮᠣᠷᠢᠨ ᠤ᠋ ᠬᠦᠴᠦᠨ ᠭᠠᠪᠢᠶ᠎ᠠ ᠪᠠᠷ ᠰᠠᠶᠢ ᠣᠷᠴᠢᠨ ᠲᠣᠭᠣᠷᠢᠨ ᠲᠦᠮᠡᠨ ᠭᠠᠵᠠᠷ ᠤ᠋ᠨ ᠠᠷᠤ ᠡᠯᠡᠰᠦᠨ ᠢ᠋ ᠠᠮᠤᠭᠤᠯᠤᠨ᠂ ᠣᠷᠣᠭᠰᠢ ᠬᠣᠢᠰᠢ ᠵᠡᠭᠦᠨ ᠪᠠᠷᠠᠭᠤᠨ ᠤ᠋ ᠣᠯᠣᠰᠣᠨ ᠰᠢᠷᠢᠯᠳᠦᠭᠡ ᠮᠡᠲᠦ ᠣᠯᠠᠨ ᠰᠠᠮᠠᠭᠤᠨ ᠤ᠋ ᠬᠤᠯᠠᠭᠠᠢ ᠳᠡᠭᠡᠷᠡᠮᠴᠢ ᠠᠷᠢᠯᠤᠨ᠂ ᠪᠠᠷᠠᠭᠤᠨ ᠲᠠᠩᠭᠤᠳ᠂ ᠳᠤᠮᠳᠠᠳᠤ ᠠᠯᠲᠠᠨ᠂ ᠡᠮᠦᠨᠡᠲᠦ ᠰᠥᠩ ᠪᠣᠯᠪᠠᠴᠤ᠂ ᠬᠥᠪᠡᠭᠡ ᠬᠢᠵᠠᠭᠠᠷ ᠴᠤ᠌ ᠡᠵᠡᠨ ᠦ᠌ ᠭᠡᠷᠡᠯ ᠳ᠋ᠦ᠍ᠷ ᠡᠩᠬᠡᠵᠢᠨ ᠲᠦᠪᠰᠢᠷᠡᠬᠦ ᠪᠡᠷ ᠦᠵᠡᠬᠦᠯ᠎ᠡ᠂ ᠡᠷᠲᠡ ᠣᠷᠣᠢ ᠳ᠋ᠠᠭᠠᠨ ᠮᠥᠨ ᠡᠵᠡᠨ ᠴᠢᠨᠦ ᠡᠷᠬᠡ ᠳ᠋ᠦ᠍ᠷ ᠬᠤᠷᠢᠶᠠᠭᠳᠠᠨ᠂ ᠡᠷᠳᠡᠮ ᠳ᠋ᠦ᠍ᠷ ᠭᠢᠰᠬᠢᠭᠳᠡᠬᠦ ᠪᠣᠯᠤᠮᠤᠢ᠃ ᠡᠵᠡᠨ ᠡᠨᠡ ᠳᠥᠴᠢᠨ ᠲᠠᠪᠤᠨ ᠵᠢᠯ ᠦ᠋ᠨ ᠬᠣᠭᠣᠷᠣᠨᠳᠣ᠂ ᠪᠤᠰᠤᠳ ᠬᠥᠮᠦᠨ ᠴᠥᠮ ᠢ᠋ᠶ᠋ᠡᠷ ᠵᠠᠢ ᠵᠠᠪᠰᠠᠷ᠂ ᠠᠷᠭ᠎ᠠ ᠠᠮᠢᠰᠬᠤᠯ ᠪᠣᠢ ᠠᠮᠤᠢ᠃ ᠭᠠᠭᠴᠠ ᠡᠨᠡᠷᠢᠯᠲᠦ ᠡᠬᠡ ᠦᠵᠢᠨ ᠡᠮᠡᠭᠡ ᠶ᠋ᠢᠨ ᠡᠯᠢᠭᠡ ᠵᠢᠷᠦᠬᠡ᠂ ᠨᠢᠭᠡᠨ ᠬᠤᠪᠢ ᠨᠢᠭᠡᠨ ᠭᠱᠠᠨ᠂ ᠨᠢᠭᠡᠨ ᠮᠥᠴᠡ ᠨᠢᠭᠡᠨ ᠴᠠᠭ ᠴᠤ᠌ ᠠᠮᠤᠵᠢᠨ ᠠᠭᠤᠵᠢᠷᠠᠬᠤ ᠵᠠᠢ ᠵᠠᠪᠰᠠᠷ ᠭᠠᠷᠤᠭᠰᠠᠨ ᠦᠭᠡᠢ ᠢᠨᠦ ᠴᠢᠩ ᠦᠨᠡᠨ ᠬᠦ ᠪᠣᠯᠠᠢ᠃  ᠡᠳᠦᠭᠡ ᠡᠵᠡᠨ ᠦ᠌ ᠪᠡᠶ᠎ᠡ ᠬᠡᠳᠦᠢᠪᠡᠷ ᠡᠰᠡᠷᠸ᠎ᠠ ᠶ᠋ᠢᠨ ᠲᠡᠭᠷᠢ ᠶ᠋ᠢᠨ ᠡᠪᠰᠡᠯ ᠬᠠᠪᠰᠤᠯ ᠢᠯᠡᠷᠬᠡᠶ᠎ᠠ ᠪᠣᠢ ᠪᠣᠯᠪᠠᠴᠤ ᠪᠠᠷ ᠭᠡᠮᠡᠨ ᠦᠵᠢᠨ ᠡᠮᠡᠭᠡ ᠶ᠋ᠢᠨ ᠲᠡᠭᠷᠢ ᠶ᠋ᠢᠨ ᠬᠡᠪᠡᠯᠢ ᠡᠴᠡ ᠬᠤᠪᠢᠯᠤᠨ ᠮᠡᠨᠳᠦᠯᠡᠭᠰᠡᠨ ᠦ᠌ ᠲᠤᠯᠠᠳᠠ᠂ ᠳᠠᠪᠬᠤᠷ ᠠᠰᠠᠷᠠᠯ ᠤ᠋ᠨ ᠡᠭᠦᠳᠡᠨ ᠡᠴᠡ ᠠᠶᠤᠬᠤ ᠪᠣᠯᠭᠣᠮᠵᠢᠯᠠᠬᠤ᠂ ᠰᠠᠨᠠᠮᠵᠢᠯᠠᠨ ᠰᠡᠳᠬᠢᠬᠦ ᠶ᠋ᠢ ᠬᠡᠳᠦᠢᠪᠡᠷ ᠨᠣᠢᠷᠰᠤᠯ ᠪᠠ ᠵᠣᠭᠣᠭ ᠲᠤᠷ ᠪᠣᠯᠪᠠᠴᠤ ᠬᠣᠯᠠ ᠪᠣᠯᠭᠠᠨ᠂ ᠠᠯᠠᠭᠯᠠᠨ ᠠᠯᠤᠰᠯᠠᠭᠤᠯᠤᠨ ᠦᠯᠦ ᠴᠢᠳᠠᠮᠤᠢ᠃ ᠡᠵᠡᠨ ᠢ᠋ ᠮᠡᠨᠳᠦᠯᠡᠭᠡᠳ ᠡᠨᠡ ᠡᠳᠦᠷ ᠦ᠋ᠨ ᠡᠨᠡ ᠴᠠᠭ ᠲᠤᠷ ᠭᠦᠷᠦᠨ ᠬᠦᠷᠲᠡᠯ᠎ᠡ᠂ ᠡᠨᠡ ᠳᠥᠴᠢᠨ ᠲᠠᠪᠤᠨ ᠵᠢᠯ ᠦ᠋ᠨ ᠳᠣᠲᠣᠷ᠎ᠠ ᠰᠡᠳᠬᠢᠯ ᠲᠠᠲᠠᠭᠳᠠᠨ᠂ ᠰᠠᠨᠠᠭᠠᠨ ᠰᠦᠢᠳᠬᠡᠭᠰᠡᠨ ᠢ᠋ ᠪᠣᠳᠣᠪᠠᠰᠤ ᠲᠡᠭᠷᠢᠯᠢᠭ ᠡᠵᠡᠨ ᠣᠳᠣ ᠭᠠᠳᠠᠭᠠᠳᠤ ᠠ᠋ᠴᠠ ᠳᠠᠯᠠᠨ ᠲᠠᠪᠤᠨ  ᠠᠢᠮᠠᠭ ᠤ᠋ᠳ ᠪᠠ ᠳᠣᠲᠣᠷ᠎ᠠ ᠠ᠋ᠴᠠ ᠨᠢᠭᠡᠨ ᠤᠯᠤᠰ ᠤ᠋ᠨ ᠪᠦᠭᠦᠳᠡᠭᠡᠷ ᠢ᠋ ᠡᠨᠡᠷᠢᠨ ᠦᠵᠡᠵᠦ᠂ ᠡᠩᠰᠡᠨ ᠬᠦᠯᠢᠴᠡᠵᠦ ᠡᠵᠡᠨ ᠲᠡᠭᠷᠢᠯᠢᠭ ᠢ᠋ ᠡᠷᠲᠡᠨ ᠦ᠌ ᠡᠪᠦᠭᠡᠳ ᠦ᠋ᠨ ᠬᠠᠭᠠᠨ ᠰᠠᠭᠤᠷᠢ ᠪᠠᠨ ᠵᠠᠯᠭᠠᠮᠵᠢᠯᠠᠨ᠂ ᠡᠳᠦᠭᠡᠬᠢ ᠴᠠᠭ ᠤ᠋ᠨ ᠲᠡᠭᠷᠢ ᠶ᠋ᠢᠨ ᠦᠷᠡᠰ ᠲᠡᠭᠷᠢ ᠶ᠋ᠢᠨ ᠬᠥᠪᠡᠭᠦᠨ ᠦ᠌ ᠲᠥᠷᠥ ᠰᠠᠭᠤᠷᠢᠨ ᠢ᠋ᠶ᠋ᠠᠨ ᠡᠵᠡᠯᠡᠨ᠂ ᠵᠠᠯᠠᠷᠠᠨ ᠰᠠᠭᠤᠭᠠᠳ᠂ ᠳᠡᠭᠡᠭᠰᠢᠳᠡ ᠡᠴᠡ ᠲᠡᠭᠷᠢ ᠰᠠᠬᠢᠭᠤᠯᠰᠤᠨ᠂ ᠤᠷᠢᠳᠤᠰ ᠡᠪᠦᠭᠡᠳ᠂ ᠡᠴᠢᠭᠡ ᠡᠬᠡ᠂ ᠢᠨᠠᠭᠰᠢᠳᠠ ᠠᠬ᠎ᠠ ᠳᠡᠭᠦᠦ᠂ ᠬᠠᠲᠤᠳ ᠬᠥᠪᠡᠭᠦᠳ ᠪᠠ ᠳᠣᠷᠣᠭᠰᠢᠳᠠ ᠠ᠋ᠴᠠ ᠤᠯᠤᠰ ᠠᠢᠮᠠᠭ ᠤ᠋ᠳ ᠤᠷᠤᠭ ᠲᠥᠷᠥᠯ᠂ ᠣᠯᠠᠨ ᠰᠠᠢᠳ ᠵᠠᠭᠤᠨ ᠲᠦᠰᠢᠮᠡᠳ᠂ ᠠᠷᠠᠳ ᠠᠯᠪᠠᠲᠤ ᠬᠢᠭᠡᠳ ᠵᠠᠭᠤᠨ ᠲᠦᠮᠡᠨ ᠦ᠌ ᠴᠡᠷᠢᠭ ᠢᠷᠭᠡᠨ ᠳ᠋ᠦ᠍ᠷ ᠬᠦᠷᠲᠡᠯ᠎ᠡ ᠲᠡᠭᠷᠢ ᠭᠠᠵᠠᠷ᠂ ᠬᠥᠮᠦᠨ ᠠᠮᠢᠲᠠᠨ ᠨᠢᠭᠡᠨ᠎ᠡ ᠬᠠᠮᠲᠤᠪᠠᠷ ᠬᠦᠰᠡᠨ ᠰᠠᠨᠠᠬᠤᠢ ᠶ᠋ᠢᠨ ᠬᠦᠰᠡᠯ ᠰᠠᠨᠠᠯ ᠳ᠋ᠤᠷ ᠠᠨᠤ ᠭᠥᠷᠦᠭᠦᠯᠬᠦ ᠠᠵᠢᠶᠠᠮᠤ᠃ ᠡᠷᠲᠡᠨ ᠡᠴᠡ᠂ ᠡᠩ ᠡᠩ ᠦ᠋ᠨ ᠲᠡᠷᠢᠭᠦᠯᠡᠭᠴᠢ ᠡᠵᠡᠳ ᠪᠠ ᠠᠢᠮᠠᠭ ᠠᠢᠮᠠᠭ ᠤ᠋ᠨ ᠠᠩᠬᠠᠨ ᠤ᠋ ᠨᠣᠶᠠᠳ ᠢ᠋ᠶ᠋ᠠᠷ ᠡᠵᠡᠨ ᠦ᠌ ᠬᠡᠰᠢᠭ ᠪᠠ ᠰᠦᠷ ᠪᠤᠶᠠᠨ ᠤ᠋ ᠡᠷᠬᠡ ᠬᠦᠴᠦᠨ ᠳ᠋ᠦ᠍ᠷ ᠡᠷᠡᠰ ᠪᠠᠭᠠᠲᠤᠳ ᠪᠤᠯᠢᠶᠠᠯᠳᠤᠭᠠᠨ ᠦᠭᠡᠢ᠂ ᠡᠨᠳᠡᠭᠡ ᠲᠡᠷᠲᠡᠭᠡ ᠲᠡᠮᠡᠴᠡᠯᠳᠦᠭᠡᠨ ᠦᠭᠡᠢ᠂ ᠡᠵᠡᠳ ᠨᠣᠶᠠᠳ ᠠᠲᠠᠭ᠎ᠠ ᠵᠢᠲᠥᠭᠡ ᠦᠭᠡᠢ᠂ ᠡᠮᠡᠰ ᠬᠡᠦᠬᠡᠳ ᠴᠦ᠍ ᠬᠡᠷᠡᠯᠳᠦᠭᠡᠨ ᠵᠢᠭᠤᠷᠭᠠᠨ ᠦᠭᠡᠢ᠂ ᠡᠩᠬᠡ ᠲᠦᠪᠰᠢᠨ ᠡᠶᠡᠲᠡᠢ ᠨᠠᠢᠷᠲᠠᠢ ᠨᠢᠭᠡᠬᠡᠨ ᠭᠡᠷ ᠪᠣᠯᠤᠭᠰᠠᠨ᠎ᠠ ᠪᠠᠶᠠᠰᠤᠯᠳᠤᠨ ᠰᠡᠳᠬᠢᠯ ᠤᠶᠠᠷᠠᠨ ᠬᠦᠨᠳᠦᠯᠡᠵᠦ ᠪᠣᠢ ᠭᠡᠮᠡᠨ ᠭᠤᠷᠪᠠᠨ ᠵᠡᠷᠭᠡ ᠮᠥᠷᠭᠥᠨ ᠭᠤᠶᠤᠨ ᠠᠢᠯᠠᠳᠬᠠᠲᠠᠯ᠎ᠠ᠂ ᠡᠵᠡᠨ ᠢ᠋ᠶ᠋ᠡᠷ ᠡᠭᠡᠨᠡᠭᠲᠡ ᠡᠰᠡ ᠵᠥᠪᠰᠢᠶᠡᠯᠦᠭᠡ᠃ ᠡᠭᠦᠨ ᠳ᠋ᠦ᠍ᠷ ᠡᠳᠦᠭᠡᠬᠢ ᠶ᠋ᠢᠨ ᠪᠦᠬᠦᠢ ᠶ᠋ᠢᠨ ᠳᠡᠭᠡᠷ᠎ᠡ ᠳᠣᠣᠷ᠎ᠠ᠂ ᠳᠣᠲᠣᠷ᠎ᠠ ᠭᠠᠳᠠᠨ᠎ᠠ᠂ ᠣᠢᠷ᠎ᠠ ᠬᠣᠯᠠ᠂ ᠥᠪᠡᠷ ᠪᠤᠰᠤᠳ ᠲᠠᠢ ᠭᠠᠳᠠᠭᠠᠳᠤ ᠠᠢᠮᠠᠭ ᠳᠣᠲᠣᠭᠠᠳᠤ ᠤᠯᠤᠰ ᠲᠦᠭ ᠲᠦᠮᠡᠨ ᠤ ᠲᠦᠭᠡᠮᠡᠯ ᠨᠡᠢᠭᠡᠮ ᠦ᠋ᠨ ᠰᠡᠳᠬᠢᠯ ᠦ᠋ᠨ ᠳᠣᠲᠣᠷ᠎ᠠ ᠭᠣᠮᠣᠳᠠᠯ ᠢ᠋ ᠡᠪᠦᠷᠯᠡᠵᠦ᠂ ᠨᠢᠭᠤᠷ ᠳᠡᠭᠡᠷ᠎ᠡ ᠢᠴᠢᠩᠭᠦᠷᠡᠯ ᠢ᠋ ᠬᠦᠯᠢᠴᠡᠨ᠂ ᠡᠳᠦᠷ ᠰᠥᠨᠢ ᠦᠭᠡᠢ ᠭᠡᠮᠰᠢᠨ ᠭᠠᠰᠢᠭᠤᠳᠠᠵᠤ᠂ ᠨᠢᠯᠬ᠎ᠠ ᠬᠥᠪᠡᠭᠦᠨ ᠡᠬᠡ ᠪᠡᠨ ᠡᠷᠢᠬᠦ᠂ ᠨᠢᠰᠦᠭᠴᠢ ᠵᠢᠭᠦᠷᠲᠡᠨ ᠭᠡᠭᠡᠷᠡᠬᠦ ᠶ᠋ᠢ ᠬᠦᠰᠡᠬᠦ ᠳ᠋ᠦ᠍ᠷ ᠠᠳᠠᠯᠢ᠂ ᠭᠠᠭᠴᠠ ᠰᠡᠳᠬᠢᠯ ᠦ᠋ᠨ ᠭᠠᠰᠢᠭᠤᠳᠠᠯ ᠨᠢᠭᠡᠨᠲᠡ ᠵᠣᠭᠰᠣᠬᠤ ᠦᠭᠡᠢ ᠳ᠋ᠦ᠍ᠷ ᠠᠬᠤ ᠪᠦᠭᠦᠳᠡᠭᠡᠷ ᠠᠷᠭᠠᠳᠠᠯ ᠦᠭᠡᠶ᠎ᠡ᠂ ᠳᠡᠭᠡᠭᠰᠢᠳᠡ ᠪᠣᠯᠪᠠᠰᠤ ᠲᠡᠭᠷᠢ ᠶ᠋ᠢᠨ ᠰᠠᠨᠠᠭᠠᠨ ᠪᠠ ᠦᠵᠢᠨ ᠦ᠌ ᠰᠡᠳᠬᠢᠯ ᠢ᠋ ᠪᠣᠳᠣᠨ᠂ ᠳᠣᠷᠣᠭᠰᠢᠳᠠ ᠪᠣᠯᠪᠠᠰᠤ ᠣᠯᠠᠨ ᠠᠢᠮᠠᠭ ᠤ᠋ᠳ ᠤ᠋ᠨ ᠰᠠᠨᠠᠬᠤ ᠬᠦᠰᠡᠯ ᠢ᠋ ᠲᠡᠪᠴᠢᠨ ᠦᠯᠦ ᠴᠢᠳᠠᠵᠤ᠂ ᠣᠯᠠᠨ ᠤᠯᠤᠰ ᠤ᠋ᠨ ᠡᠵᠡᠳ᠂ ᠥᠪᠡᠷ ᠤᠯᠤᠰ ᠤ᠋ᠨ ᠨᠣᠶᠠᠳ ᠬᠢᠭᠡᠳ ᠲᠦᠭ ᠲᠦᠮᠡᠨ ᠴᠡᠷᠢᠭ ᠢᠷᠭᠡᠨ ᠨᠡᠢᠲᠡ ᠪᠦᠭᠦᠳᠡᠭᠡᠷ ᠯᠦ᠍ᠭᠡ ᠤᠳᠠᠭ᠎ᠠ ᠳᠠᠷᠠᠭ᠎ᠠ ᠬᠡᠳᠦᠢᠨ ᠴᠥᠮ ᠵᠥᠪᠳᠡᠨ ᠲᠣᠭᠲᠠᠭᠠᠳ᠂ ᠡᠨᠡ ᠡᠳᠦᠷ ᠠᠷᠭ᠎ᠠ ᠦᠭᠡᠶ᠎ᠡ ᠠᠶᠤᠨ ᠡᠮᠢᠶᠡᠨ ᠴᠡᠴᠡᠷᠡᠨ ᠳᠠᠭᠵᠢᠵᠤ ᠠᠢᠯᠠᠳᠬᠠᠨ ᠮᠥᠷᠭᠥᠵᠦ ᠡᠷᠭᠦᠨ ᠮᠡᠳᠡᠭᠦᠯᠪᠡ᠃ 
        ᠠᠶ᠎ᠠ ᠬᠠᠯᠠᠬᠠᠢ !ᠡᠵᠡᠨ ᠮᠢᠨᠦ ᠠ᠋ ᠣᠯᠳᠠᠬᠤᠯᠠ᠂ ᠲᠡᠷᠢᠭᠦᠨ ᠳ᠋ᠦ᠍ᠷ ᠲᠡᠭᠷᠢ ᠡᠬᠡ ᠦᠵᠢᠨ ᠡᠮᠡᠭᠡ ᠶ᠋ᠢᠨ ᠳᠥᠴᠢᠨ ᠲᠠᠪᠤᠨ ᠣᠨ ᠰᠠᠷ᠎ᠠ ᠡᠳᠦᠷ ᠴᠠᠭ ᠦᠷᠭᠦᠯᠵᠢᠯᠡᠨ ᠂ ᠰᠡᠳᠬᠢᠯ ᠵᠦᠳᠡᠨ ᠰᠠᠨᠠᠭᠠᠨ ᠲᠠᠲᠠᠭᠳᠠᠭᠰᠠᠨ ᠡᠨᠡᠷᠢᠯ ᠳ᠋ᠦ᠍ᠷ ᠢᠨᠦ ᠡᠨᠡ ᠡᠳᠦᠷ᠂ ᠡᠷᠬᠢᠮ ᠥᠨᠳᠥᠷ ᠲᠡᠭᠷᠢ ᠶ᠋ᠢᠨ ᠬᠥᠪᠡᠭᠦᠨ ᠦ᠌ ᠡᠬᠡ ᠪᠣᠯᠭᠠᠨ᠂ ᠨᠢᠭᠡᠬᠡᠨ ᠠᠴᠢᠯᠠᠯ ᠢ᠋ᠶ᠋ᠠᠷ ᠬᠠᠷᠢᠭᠤᠯᠠᠨ ᠠᠰᠠᠷᠠᠯᠲᠤ ᠶ᠋ᠢᠨ ᠪᠣᠳᠣᠯᠭ᠎ᠠ ᠶ᠋ᠢ ᠠᠨᠤ ᠠᠭᠤᠳᠠᠮ ᠲᠠᠯᠪᠢᠭᠤ ᠪᠣᠯᠭᠠᠵᠤ᠂ ᠠᠴᠢᠯᠠᠯ ᠳᠠᠭᠢᠮᠳᠠᠯᠠᠯ ᠢ᠋ ᠭᠦᠢᠴᠡᠳᠬᠡᠬᠦ ᠠᠵᠢᠶᠠᠮᠤ᠃ ᠡᠭᠦᠨ ᠦ᠌ ᠲᠤᠯᠠ᠂ ᠲᠦᠮᠡᠨ ᠪᠠᠷ᠎ᠠ ᠶ᠋ᠢᠨ ᠳᠣᠲᠣᠷᠠᠬᠢ᠂ ᠲᠦᠭᠡᠮᠡᠯ ᠨᠡᠢᠭᠡᠮ ᠦ᠋ᠨ ᠨᠢᠭᠡᠬᠡᠨ ᠰᠠᠨᠠᠭᠠᠨ ᠢ᠋ᠶ᠋ᠠᠷ ᠠᠢᠯᠠᠳᠬᠠᠨ ᠮᠡᠳᠡᠭᠦᠯᠵᠦ᠂ ᠠᠯᠲᠠᠨ ᠲᠥᠷᠥ ᠶ᠋ᠢᠨ ᠠᠰᠢᠳᠠ ᠶ᠋ᠢᠨ ᠰᠠᠭᠤᠷᠢᠨ ᠢ ᠲᠥᠪ ᠪᠣᠯᠭᠠᠬᠤ ᠶ᠋ᠢ ᠠᠶᠤᠨ ᠡᠮᠢᠶᠡᠨ ᠴᠡᠴᠡᠷᠡᠨ ᠳᠠᠭᠵᠢᠵᠤ ᠂ ᠪᠠᠷᠠᠭᠠᠳᠠᠨ ᠭᠤᠶᠤᠮᠤᠢ ! 》ᠭᠡᠮᠡᠨ ᠳᠠᠭᠤᠳᠠᠵᠤ ᠶᠢᠰᠦᠨᠲᠡ ᠮᠥᠷᠭᠥᠬᠦᠶ᠎ᠡ ᠂ ᠵᠠᠭᠤᠨ ᠬᠥᠭᠵᠢᠮ ᠮᠢᠩᠭᠠᠨ ᠡᠬᠡᠰᠢᠭ᠂ ᠵᠦᠩ ᠬᠡᠩᠭᠡᠷᠭᠡ ᠪᠡᠨ ᠳᠠᠭᠠᠵᠤ ᠂ ᠶᠡᠬᠡᠯ᠎ᠡ ᠬᠠᠩᠭᠠᠷᠢᠰᠤᠨ ᠬᠥᠩᠭᠢᠷᠡᠰᠦᠨ᠂ ᠶᠡᠬᠡ ᠮᠠᠨᠳᠠᠯ ᠤ᠋ᠨ ᠲᠤᠭ ᠬᠢᠭᠢᠷᠢ ᠰᠢᠭᠦᠷ ᠳᠠᠯᠪᠠᠭᠠᠨ ᠳᠣᠭᠳᠣᠯᠤᠨ ᠴᠡᠴᠡᠷᠬᠢᠯᠡᠨ ᠬᠥᠳᠡᠯᠦᠮᠦᠢ᠃ ᠡᠭᠦᠨ ᠳ᠋ᠦ᠍ᠷ ᠲᠠᠢᠽᠦ ᠪᠠᠰᠠ ᠬᠦ᠌ ᠳᠠᠭᠤᠨ ᠭᠠᠷᠬᠤ ᠦᠭᠡᠢ᠂ ᠵᠥᠪᠰᠢᠶᠡᠨ ᠲᠣᠭᠲᠠᠭᠠᠰᠤᠭᠠᠢ ᠬᠡᠮᠡᠬᠦᠯ᠎ᠡ᠂ ᠥᠪᠡᠷᠦᠨ ᠡᠵᠡᠯᠡᠭᠰᠡᠨ ᠭᠠᠵᠠᠷ ᠣᠷᠣᠨ ᠰᠡᠳᠬᠢᠯ ᠳ᠋ᠦ᠍ᠷ ᠬᠦᠷᠦᠭᠡᠳᠦᠢ ᠲᠤᠯᠠ ᠡᠨᠡ ᠪᠢᠴᠢᠬᠠᠨ ᠬᠠᠭᠠᠨ ᠢ᠋ ᠰᠠᠭᠤᠬᠤ ᠠ᠋ᠴᠠ ᠢᠴᠢᠩᠭᠦᠷᠡᠮᠦᠢ᠃ ᠵᠠᠩᠳᠠᠨ ᠠᠭᠤᠷᠰᠠᠵᠤ ᠡᠭᠡᠭᠦᠯᠰᠦᠭᠡᠢ ᠬᠡᠮᠡᠬᠦᠯ᠎ᠡ ᠣᠯᠠᠨ ᠤ᠋ ᠴᠢᠩ ᠦᠨᠡᠨ ᠰᠡᠳᠬᠢᠯ ᠢ᠋ ᠪᠤᠷᠤᠭᠤᠰᠢᠶᠠᠨ ᠤᠨᠲᠤᠭᠤᠴᠠᠵᠤ ᠮᠥᠨ ᠪᠣᠯᠬᠤ ᠦᠭᠡᠢ ᠲᠤᠯᠠ ᠠᠷᠭ᠎ᠠ ᠦᠭᠡᠢ᠂ ᠣᠯᠠᠨ ᠤ᠋ ᠵᠦᠭ ᠨᠠᠮ ᠠᠮᠤᠭᠤᠯᠠᠩ ᠢ᠋ᠶ᠋ᠠᠷ ᠵᠠᠬᠢᠷᠤᠨ : 
      《ᠲᠠᠨ ᠤ᠋ ᠣᠯᠠᠨ ᠠᠢᠮᠠᠭ ᠤ᠋ᠨ ᠡᠵᠡᠳ᠂ ᠤᠯᠤᠰ ᠤ᠋ᠨ ᠨᠣᠶᠠᠳ ᠪᠠ ᠵᠢᠨᠦᠩ ᠪᠠᠭᠠᠲᠤᠳ ᠰᠡᠴᠡᠳ ᠰᠠᠢᠳ ᠤ᠋ᠳ ᠲᠠ ᠶᠠᠭᠤᠨ ᠢ ᠡᠰᠡ ᠮᠡᠳᠡᠪᠡ᠂ ᠶᠠᠭᠤᠨ ᠢ᠋ ᠦᠯᠦ ᠤᠬᠠᠮᠤᠢ᠃ ᠡᠷ᠎ᠡ ᠬᠥᠮᠦᠨ ᠬᠡᠮᠡᠭᠴᠢ ᠡᠷᠬᠡ ᠰᠦᠷ᠂ ᠡᠷᠳᠡᠮ ᠥᠷᠥᠰᠢᠶᠡᠯ ᠬᠡᠰᠢᠭ ᠢ᠋ ᠲᠡᠭᠰᠢᠳᠬᠡᠨ ᠳᠡᠯᠭᠡᠷᠡᠭᠦᠯᠦᠨ ᠴᠢᠳᠠᠪᠠᠰᠤ ᠶᠠᠷᠢᠭᠳᠠᠭᠠᠨ ᠨᠡᠷ᠎ᠡ ᠦᠭᠡᠢ ᠬᠠᠭᠠᠨ ᠪᠣᠯᠠᠢ᠂ ᠡᠳᠦᠭᠡ ᠲᠡᠮᠦᠵᠢᠨ ᠪᠢ ᠬᠠᠷᠭᠢᠰ ᠳᠣᠭᠰᠢᠨ ᠢ᠋ ᠠᠷᠢᠯᠭᠠᠨ᠂ ᠠᠷᠢᠭᠤᠨ ᠭᠡᠭᠡᠬᠡᠨ ᠢ᠋ ᠲᠡᠳᠬᠦᠭᠰᠡᠭᠡᠷ ᠦᠵᠡᠲᠡᠯ᠎ᠡ ᠲᠠᠨ ᠤ᠋ ᠡᠳᠦᠢᠴᠢᠨᠡᠭᠡᠨ ᠠᠢᠮᠠᠭ ᠤ᠋ᠨ ᠡᠵᠡᠳ ᠨᠣᠶᠠᠳ᠂ ᠰᠠᠢᠳ ᠲᠦᠰᠢᠮᠡᠳ ᠲᠦᠭ ᠲᠦᠮᠡᠨ ᠦ᠌ ᠴᠡᠷᠢᠭ ᠢᠷᠭᠡᠨ ᠦ᠌ ᠣᠯᠠᠨ ᠨᠡᠢᠲᠡ ᠳ᠋ᠦ᠍ᠷ ᠬᠦᠷᠲᠡᠯ᠎ᠡ ᠵᠠᠬᠢᠶ᠎ᠠ ᠵᠠᠷᠯᠠᠯ ᠢ᠋ ᠮᠢᠨᠦ ᠦᠨᠡᠮᠴᠢᠯᠡᠨ ᠳᠠᠭᠠᠵᠤ ᠬᠠᠷᠢᠯᠴᠠᠨ ᠲᠡᠢᠨ ᠳᠠᠢᠰᠤᠨ ᠪᠤᠯᠢᠶᠠᠯᠳᠤᠭᠠᠨ ᠲᠡᠮᠡᠴᠡᠯᠳᠦᠭᠡᠨ ᠥᠭᠡᠶ᠎ᠡ ᠡᠶ᠎ᠡ ᠨᠠᠢᠷᠲᠠᠶ᠎ᠠ ᠶᠠᠪᠤᠬᠤ ᠠᠨᠤ ᠡᠨᠡ ᠳᠠᠷᠤᠢ ᠡᠷᠳᠡᠮ ᠦᠭᠡᠢ ᠨᠠᠮᠠᠢ᠍ᠢ ᠡᠵᠡᠨ ᠬᠠᠭᠠᠨ ᠮᠡᠲᠦ ᠦᠵᠡᠬᠦ ᠢᠨᠦ ᠪᠣᠯᠠᠢ᠂ ᠡᠷᠬᠡᠪᠰᠢ ᠲᠡᠷᠡ ᠬᠠᠭᠠᠨ ᠤ᠋ ᠬᠣᠭᠣᠰᠣᠨ ᠨᠡᠷ᠎ᠡ ᠪᠡᠷ ᠶᠠᠭᠠᠬᠢᠬᠤ ᠠᠵᠢ ! ᠬᠡᠷᠪᠡᠷ ᠡᠩᠭᠡᠷ ᠨᠡᠢᠲᠡ ᠪᠡᠷ ᠢᠨᠤ ᠡᠷᠢᠨ ᠦᠵᠡᠬᠦ ᠰᠠᠨᠠᠭᠠᠨ ᠢ ᠠᠯᠳᠠᠵᠤ᠂ ᠡᠷᠭᠦᠮᠵᠢᠯᠡᠨ ᠲᠡᠳᠬᠦᠮᠵᠢᠯᠡᠬᠦ᠂ ᠡᠪᠦᠷᠯᠡᠨ ᠡᠯᠢᠭᠡᠰᠢᠶᠡᠬᠦ ᠦᠨᠡᠨ ᠣᠨᠣᠯ ᠢ᠋ ᠠᠯᠳᠠᠪᠠᠰᠤ᠂ ᠬᠡᠳᠦᠢᠪᠡᠷ ᠤᠭ ᠠ᠋ᠴᠠᠭᠠᠨ ᠬᠠᠭᠠᠨ ᠪᠣᠯᠪᠠᠴᠤ ᠤᠯᠤᠰ ᠡᠪᠳᠡᠷᠡᠨ ᠭᠡᠷ ᠪᠤᠰᠨᠢᠨ ᠠᠮᠢᠨ ᠶᠡᠭᠦᠳᠬᠡᠵᠦ ᠪᠡᠶ᠎ᠡ ᠮᠥᠬᠥᠬᠦ ᠪᠣᠯᠠᠢ᠃ ᠲᠡᠢᠨ ᠬᠦ᠌ ᠮᠢᠨᠦ ᠡᠨᠡ ᠪᠡᠶ᠎ᠡ᠂ ᠡᠨᠡ ᠭᠤᠴᠢᠨ ᠬᠣᠶᠠᠷ ᠣᠨ ᠬᠤᠶᠠᠭ ᠡᠮᠦᠰᠴᠦ ᠵᠡᠪᠰᠡᠭ ᠪᠠᠷᠢᠨ᠂ ᠮᠣᠷᠢ ᠤᠨᠤᠨ ᠬᠡᠭᠡᠷ᠎ᠡ ᠬᠡᠪᠲᠡᠵᠦ ᠳᠠᠢᠯᠠᠨ ᠶᠠᠪᠤᠬᠤᠶ᠎ᠠ ᠡᠨᠡ ᠮᠡᠲᠦ ᠪᠠᠭᠤᠳᠠᠯ ᠤ᠋ᠨ ᠳᠣᠲᠣᠷ᠎ᠠ ᠪᠠᠨ ᠪᠣᠭᠳᠠ ᠪᠣᠯᠤᠨ᠂ ᠬᠠᠰᠢᠶᠠᠨ ᠳᠣᠲᠣᠷ᠎ᠠ ᠪᠠᠨ ᠬᠠᠭᠠᠨ ᠰᠠᠭᠤᠭᠰᠠᠨ ᠰᠠᠮᠠᠭᠤᠨ ᠬᠠᠳ ᠠᠷᠪᠠᠨ ᠬᠡᠳᠦ ᠶ᠋ᠢ ᠳᠠᠢᠯᠠᠨ ᠲᠦᠪᠰᠢᠳᠬᠡᠭᠰᠡᠨ ᠪᠥᠭᠡᠳ ᠡᠳᠦᠭᠡ ᠣᠳᠣ ᠪᠢ ᠥᠪᠡᠷᠦᠨ ᠪᠡᠶ᠎ᠡ ᠪᠡᠷ ᠪᠠᠰᠠ ᠲᠡᠢᠮᠦ ᠬᠠᠭᠠᠨ ᠢ᠋ ᠰᠠᠭᠤᠵᠤ ᠥᠪᠡᠷᠦᠨ ᠰᠡᠳᠬᠢᠯ ᠳ᠋ᠦ᠍ᠷ ᠢ᠋ᠶ᠋ᠡᠨ ᠥᠪᠡᠷ ᠢ᠋ᠶ᠋ᠡᠨ ᠢᠴᠢᠭᠦᠷᠢ ᠪᠣᠯᠭᠠᠮᠤᠢ ᠤᠤ ?  ᠲᠠᠨ ᠤ᠋ ᠣᠯᠠᠨ ᠢ᠋ᠶ᠋ᠠᠷ ᠦᠯᠦ ᠤᠬᠠᠮᠤᠢ᠃ ᠡᠨᠡ ᠬᠠᠭᠠᠨ ᠬᠡᠮᠡᠭᠴᠢ ᠨᠡᠷ᠎ᠡ ᠶ᠋ᠢ ᠶᠡᠷᠦ ᠶ᠋ᠢᠨ ᠵᠡᠷᠭᠡ ᠬᠡᠷᠬᠡᠮ ᠡᠷᠭᠦᠮᠵᠢᠯᠡᠯ ᠴᠣᠯᠠ ᠡᠷᠭᠦᠬᠦ ᠮᠡᠲᠦ ᠳᠤᠷ᠎ᠠ ᠪᠠᠷ ᠬᠡᠯᠡᠵᠦ ᠪᠣᠯᠤᠮᠤᠢ ᠤᠤ ?  ᠬᠠᠭᠠᠨ ᠬᠡᠮᠡᠭᠴᠢ ᠶ᠋ᠢ ᠡᠷᠬᠡᠪᠰᠢ ᠣᠨᠴᠠ ᠦᠨᠡᠩᠭᠦ ᠬᠠᠭᠠᠨ ᠪᠣᠯᠤᠮᠠᠷ ᠬᠥᠮᠦᠨ ᠰᠠᠶᠢ ᠰᠠᠭᠤᠵᠤ ᠪᠣᠯᠬᠤ ᠪᠣᠢ ᠊ᠶ᠎ᠠ᠃ ᠬᠥᠮᠦᠨ ᠪᠦᠬᠦᠨ ᠬᠠᠭᠠᠨ ᠰᠠᠭᠤᠵᠤ ᠦᠯᠦ ᠪᠣᠯᠤᠮᠤᠢ᠃ ᠬᠠᠭᠠᠨ ᠬᠡᠮᠡᠭᠴᠢ᠂ ᠬᠠᠭᠠᠨ ᠬᠡᠮᠡᠬᠦ ᠨᠡᠷ᠎ᠡ ᠶ᠋ᠢ ᠡᠷᠭᠦᠯ ᠦᠭᠡᠢ ᠪᠡᠷ ᠶᠠᠷᠢᠭᠳᠠᠭᠠᠨ ᠣᠯᠠᠨ ᠤ᠋ ᠰᠡᠳᠬᠢᠯ ᠡᠴᠡ ᠬᠠᠭᠠᠨ ᠮᠡᠲᠦ ᠦᠵᠡᠪᠡᠰᠦ ᠡᠭᠦᠨ ᠢ᠋ ᠰᠠᠶᠢ ᠬᠠᠭᠠᠨ ᠬᠡᠮᠡᠮᠦᠢ᠃ ᠬᠠᠭᠤᠷᠮᠠᠭ ᠵᠠᠰᠠᠳᠠᠭ᠂ ᠭᠠᠳᠠᠭᠠᠳᠤ ᠳᠦᠷᠢᠮᠯᠡᠯ ᠢ᠋ᠶ᠋ᠡᠷ ᠬᠠᠭᠠᠨ ᠮᠡᠲᠦ ᠠᠭᠠᠰᠢᠯᠠᠭᠠᠳ ᠬᠠᠭᠠᠨ ᠪᠣᠯᠵᠤ ᠦᠯᠦ ᠪᠣᠯᠤᠮᠤᠢ᠃ ᠡᠳᠦᠭᠡ ᠮᠢᠨᠦ ᠡᠨᠡ ᠦᠶ᠎ᠡ ᠶ᠋ᠢᠨ ᠬᠢᠷᠢ ᠬᠡᠮᠵᠢᠶ᠎ᠡ ᠪᠡᠷ ᠦᠵᠡᠬᠦᠯ᠎ᠡ ᠂ ᠡᠨᠡ ᠮᠡᠲᠦ ᠡᠩ ᠦ᠋ᠨ ᠬᠥᠮᠦᠨ ᠳᠥᠷᠪᠡᠨ ᠵᠦᠭ ᠳᠠᠢᠯᠠᠨ ᠶᠠᠪᠤᠬᠤᠶ᠎ᠠ ᠲᠠᠨ ᠤ᠋ ᠣᠯᠠᠨ ᠨᠡᠢᠲᠡ ᠪᠡᠷ ᠦ᠋ᠨ ᠲᠡᠳᠬᠦᠮᠵᠢ ᠪᠡᠷ ᠬᠠᠷᠢᠨᠴᠤ ᠶᠠᠮᠪᠠᠷ ᠬᠠᠭᠠᠨ ᠠ᠋ᠴᠠ ᠴᠤ᠌ ᠳᠡᠮᠡᠢ ᠳᠣᠣᠷ᠎ᠠ ᠦᠭᠡᠢ ᠲᠤᠯᠠ ᠰᠢᠭᠤᠳ ᠨᠢᠭᠡᠨ ᠨᠡᠷ᠎ᠡ ᠦᠭᠡᠢ᠂ ᠦᠨᠡᠮᠴᠢ ᠴᠢᠬᠡᠴᠢ ᠶᠡᠬᠡ ᠬᠠᠭᠠᠨ ᠪᠤᠰᠤ ᠤᠤ ?  ᠬᠠᠭᠠᠨ ᠪᠤᠰᠤ ᠪᠥᠭᠡᠳ ᠬᠠᠭᠠᠨ ᠬᠥᠮᠦᠨ ᠦ᠌ ᠶᠠᠪᠤᠳᠠᠯ ᠢ᠋ᠶ᠋ᠠᠷ ᠶᠠᠪᠤᠪᠠᠰᠤ ᠲᠡᠭᠦᠨ ᠢ᠋ ᠰᠠᠶᠢ ᠰᠠᠢᠨ ᠡᠵᠡᠨ ᠬᠡᠮᠡᠬᠦ ᠪᠣᠯᠠᠢ᠃ ᠬᠠᠭᠠᠨ ᠪᠣᠯᠤᠭᠠᠳ ᠣᠳᠣ ᠬᠠᠭᠠᠨ ᠬᠥᠮᠦᠨ ᠦ᠌ ᠰᠠᠬᠢᠯ ᠴᠡᠭᠡᠷᠯᠡᠯ ᠢ᠋ ᠠᠯᠳᠠᠪᠠᠰᠤ ᠬᠠᠭᠠᠨ ᠪᠣᠯᠵᠤ ᠶᠠᠭᠤ ᠬᠢᠬᠦ ?  ᠡᠨᠡ ᠢᠨᠦ ᠮᠢᠨᠦ ᠤᠭ ᠰᠠᠨᠠᠭᠠᠨ ᠮᠥᠨ᠃ ᠲᠠ ᠡᠳᠦᠭᠡ ᠣᠨᠴᠠ ᠨᠠᠮᠠᠢ᠍ᠢ ᠬᠡᠲᠦᠷᠬᠡᠢ ᠶᠡᠬᠡ ᠨᠡᠷ᠎ᠡ ᠶ᠋ᠢ ᠡᠷᠭᠦᠬᠦ ᠬᠡᠮᠡᠬᠦ ᠢᠨᠦ᠂ ᠮᠢᠨᠦ ᠳᠥᠷᠪᠡᠨ ᠵᠦᠭ ᠢ᠋ ᠳᠤᠷ᠎ᠠ ᠪᠠᠷ ᠳᠠᠢᠯᠠᠨ ᠶᠠᠪᠤᠬᠤ ᠶ᠋ᠢ ᠬᠠᠯᠬᠠᠯᠠᠬᠤ ᠬᠡᠮᠡᠮᠦᠢ ᠤᠤ?  ᠬᠠᠭᠠᠨ ᠬᠥᠮᠦᠨ ᠦ᠌ ᠡᠷᠳᠡᠮ ᠶᠠᠪᠤᠳᠠᠯ ᠮᠢᠨᠦ ᠪᠡᠶ᠎ᠡ ᠳ᠋ᠦ᠍ᠷ ᠮᠠᠰᠢᠳᠠ ᠳᠤᠲᠠᠭᠤ ᠶ᠋ᠢᠨ ᠲᠤᠯᠠᠳᠠ᠂ ᠪᠢ ᠪᠡᠷ ᠬᠡᠷᠬᠢᠨ ᠬᠠᠭᠠᠨ ᠰᠠᠭᠤᠵᠤ ᠪᠣᠯᠤᠮᠤᠢ ? ᠠᠯᠲᠠᠨ ᠡᠬᠡ ᠶ᠋ᠢᠨ ᠠᠰᠢᠳᠠ ᠶ᠋ᠢᠨ ᠰᠠᠬᠢᠯ ᠳ᠋ᠤᠷ ᠠᠰᠤᠷᠤ ᠬᠡᠲᠦᠷᠬᠡᠢ ᠶ᠋ᠢ ᠴᠡᠭᠡᠷᠯᠡᠭᠦᠯᠳᠡᠭ ᠢ᠋ ᠪᠦᠭᠦᠳᠡᠭᠡᠷ ᠮᠡᠳᠡᠳᠡᠭ ᠪᠢᠰᠢᠦ?  ᠲᠠ ᠪᠠᠷ  》 ᠭᠡᠮᠡᠨ ᠠᠯᠲᠠᠨ ᠠᠮᠠᠨ ᠢ᠋ ᠦᠯᠦ ᠠᠯᠳᠠᠬᠤᠢ ᠳ᠋ᠤᠷ ᠠᠯᠲᠠᠨᠱᠠᠭ᠎ᠠ ᠲᠤᠰᠬᠤ ᠬᠣᠶᠠᠭᠤᠯᠠ ᠂ ᠮᠠᠯᠠᠭ᠎ᠠ ᠪᠠᠨ ᠠᠪᠴᠤ ᠮᠥᠷᠭᠥᠬᠦᠢ ᠳ᠋ᠦ᠍ᠷ ᠡᠨᠳᠡᠭᠡ ᠲᠠᠢᠽᠦ ᠶ᠋ᠢᠨ ᠡᠲᠡᠭᠡᠳ ᠡᠴᠡ ᠬᠠᠷᠢᠭᠤ ᠳ᠋ᠤᠷ ᠲᠡᠷᠢᠭᠦᠯᠡᠭᠰᠡᠨ ᠰᠠᠢᠳ ᠰᠤᠷᠬᠠᠨ ᠰᠢᠷ᠎ᠠ ᠴᠡᠷᠢᠭ ᠦ᠋ᠨ ᠶᠡᠬᠡ ᠵᠢᠨᠦᠩ ᠮᠤᠬᠤᠯᠢ ᠬᠣᠶᠠᠭᠤᠯᠠ ᠮᠥᠨ ᠬᠣᠣᠰᠯᠠᠵᠤ ᠮᠠᠯᠠᠭ᠎ᠠ ᠪᠠᠨ ᠠᠪᠤᠮᠠᠭᠴᠠ ᠪᠸᠲ᠋ᠠ᠋ ᠤᠯᠤᠰ ᠤ᠋ᠨ ᠳᠥᠷᠪᠡᠨ ᠳᠡᠭᠦᠦ᠂ ᠳᠥᠷᠪᠡᠨ ᠲᠠᠢᠽᠢ᠂ ᠳᠥᠷᠪᠡᠨ ᠬᠦᠯᠦᠭ᠂ ᠳᠥᠷᠪᠡᠨ ᠤᠷᠤᠭ᠂ ᠲᠠᠪᠤᠨ ᠥᠲᠡᠭᠦᠰ᠂ ᠵᠢᠷᠭᠤᠭᠠᠨ ᠰᠠᠢᠳ᠂ ᠶᠢᠰᠦᠨ ᠡᠩ᠂ ᠭᠤᠴᠢᠨ ᠵᠢᠷᠭᠤᠭᠠᠨ ᠰᠡᠴᠡᠳ ᠰᠠᠢᠳ᠂ ᠳᠠᠯᠠᠨ ᠲᠠᠪᠤᠨ ᠠᠢᠮᠠᠭ᠂ ᠵᠠᠭᠤᠨ ᠵᠠᠩᠵᠤᠨ᠂ ᠮᠢᠩᠭᠠᠨ ᠪᠠᠭᠠᠲᠤᠷ᠂ ᠵᠠᠭᠤᠨ ᠲᠦᠮᠡᠨ ᠦ᠌ ᠴᠡᠷᠢᠭ ᠬᠤᠶᠠᠭ ᠲᠤᠷ ᠬᠦᠷᠲᠡᠯ᠎ᠡ ᠨᠡᠢᠲᠡ ᠪᠡᠷ ᠴᠥᠮ ᠮᠠᠯᠠᠭ᠎ᠠ ᠪᠠᠨ ᠠᠪᠴᠤ᠂ ᠲᠣᠯᠣᠭᠠᠢ ᠪᠠᠷ ᠢ᠋ᠶ᠋ᠠᠨ ᠭᠠᠵᠠᠷ ᠢ᠋ ᠲᠤᠯᠵᠤ᠂ ᠲᠦᠭ ᠲᠦᠮᠡᠨ ᠬᠥᠮᠦᠨ ᠨᠢᠭᠡᠬᠡᠨ ᠳᠠᠭᠤᠨ ᠢ᠋ᠶ᠋ᠠᠷ 《ᠲᠦᠮᠡᠨ ᠨᠠᠰᠤᠲᠤ ᠲᠡᠭᠷᠢᠯᠢᠭ ᠡᠵᠡᠨ ᠢ᠋ᠶ᠋ᠡᠷ ᠨᠢᠭᠦᠯᠡᠰᠦᠨ ᠡᠨᠡᠷᠢᠵᠦ᠂ ᠠᠯᠲᠠᠨ ᠠᠮᠠᠨ ᠢ᠋ᠶ᠋ᠠᠨ ᠠᠯᠳᠠᠵᠤ ᠬᠠᠢᠷᠠᠯᠠ ! 》 ᠭᠡᠮᠡᠨ ᠵᠠᠭᠤᠨ ᠲᠦᠮᠡᠨ ᠬᠥᠮᠦᠨ ᠦ᠌ ᠭᠤᠶᠤᠳᠠᠯ ᠤ᠋ᠨ ᠳᠠᠭᠤᠨ ᠪᠠ ᠵᠠᠭᠤᠨ ᠲᠦᠮᠡᠨ ᠬᠥᠮᠦᠨ ᠦ᠌ ᠨᠢᠴᠦᠭᠦᠨ ᠲᠣᠯᠣᠭᠠᠢ ᠪᠠᠷ ᠬᠦᠰᠡᠷ᠎ᠡ ᠮᠥᠷᠭᠥᠬᠦ ᠴᠢᠮᠡᠭᠡ ᠲᠡᠢ ᠨᠡᠢᠯᠡᠭᠡᠳ᠂ ᠬᠦᠩᠭᠢᠨᠡᠨ ᠳᠦᠩᠭᠢᠨᠡᠬᠦ ᠲᠤᠷᠭᠢᠯᠭᠠᠨ ᠳᠣᠯᠭᠢᠰᠤᠯ ᠳ᠋ᠤᠷ ᠬᠥᠮᠦᠨ ᠦ᠌ ᠭᠣᠣᠯ ᠵᠢᠷᠦᠬᠡ ᠳᠣᠯᠭᠢᠰᠤᠨ ᠬᠥᠳᠡᠯᠦᠮᠦᠢ᠃ ᠡᠭᠦᠨ ᠳ᠋ᠦ᠍ᠷ ᠲᠠᠢᠽᠦ ᠶ᠋ᠢᠨ ᠳᠣᠲᠣᠷ᠎ᠠ ᠮᠥᠨ ᠨᠡᠯᠢᠶᠡᠳ ᠢᠭᠲᠦᠯᠵᠦ᠂ ᠨᠢᠳᠦᠨ ᠣᠷᠬᠢᠨ ᠣᠯᠠᠨ ᠢ᠋ ᠦᠵᠡᠪᠡᠰᠦ᠂ ᠳᠡᠭᠡᠷ᠎ᠡ ᠳᠤᠮᠳᠠ ᠳᠣᠣᠷ᠎ᠠ᠂ ᠵᠠᠭᠤᠨ ᠲᠦᠮᠡᠨ ᠴᠡᠷᠢᠭ ᠢᠷᠭᠡᠨ ᠳ᠋ᠦ᠍ᠷ ᠬᠦᠷᠲᠡᠯ᠎ᠡ᠂ ᠳᠠᠭᠤᠨ ᠤ᠋ ᠡᠬᠡᠰᠢᠭ ᠴᠡᠴᠡᠷᠡᠨ᠂ ᠨᠢᠳᠦᠨ ᠦ᠌ ᠵᠣᠪᠬᠢᠰ ᠲᠤᠷ ᠴᠥᠮ ᠨᠢᠯᠪᠤᠰᠤᠨ ᠬᠠᠪᠴᠢᠭᠰᠠᠨ ᠢ᠋ ᠠᠢᠯᠠᠳᠴᠤ ᠦᠵᠡᠭᠡᠳ᠂ ᠣᠯᠠᠨ ᠨᠡᠢᠲᠡ ᠶ᠋ᠢᠨ ᠰᠠᠨᠠᠭᠠᠨ ᠦᠨᠡᠬᠡᠷ ᠴᠢᠩ ᠦᠨᠡᠩᠭᠦ ᠪᠣᠯᠤᠨ ᠨᠢᠭᠡᠳᠦᠭᠰᠡᠨ ᠢ᠋ ᠮᠡᠳᠡᠭᠡᠳ᠂ ᠠᠷᠭᠠᠳᠠᠯ ᠥᠭᠡᠶ᠎ᠡ ᠡᠵᠡᠨ ᠪᠣᠯᠤᠭᠴᠢᠳ ᠤ᠋ᠨ ᠡᠨᠡᠷᠢᠯᠲᠦ ᠰᠡᠳᠬᠢᠯ ᠳᠣᠯᠭᠢᠰᠤᠨ ᠬᠥᠳᠡᠯᠵᠦ ᠰᠠᠭᠤᠭᠰᠠᠨ ᠰᠠᠭᠤᠳᠠᠯ ᠠ᠋ᠴᠠᠭᠠᠨ ᠪᠣᠰᠴᠤ ᠣᠷᠣᠭᠰᠢ ᠭᠤᠷᠪᠠᠨ ᠠᠯᠬᠤᠮ ᠲᠠᠪᠰᠢᠵᠤ᠂ ᠣᠯᠠᠨ ᠤ᠋ ᠵᠦᠭ ᠬᠠᠨᠳᠤᠵᠤ ᠴᠡᠭᠡᠵᠢ ᠪᠡᠨ ᠡᠷᠭᠦᠨ᠂ ᠥᠨᠳᠥᠷ ᠶᠡᠬᠡ ᠳᠠᠭᠤᠨ ᠢ᠋ᠶ᠋ᠠᠷ ᠵᠠᠷᠯᠢᠭ ᠪᠣᠯᠤᠨ ᠥᠭᠦᠯᠡᠷᠦᠨ : 
      《ᠣᠯᠠᠨ ᠤ᠋ ᠰᠠᠨᠠᠭᠠᠨ ᠲᠡᠭᠷᠢ ᠳ᠋ᠦ᠍ᠷ ᠨᠡᠪᠲᠡ᠂ ᠤᠯᠤᠰ ᠤ᠋ᠨ ᠰᠠᠨᠠᠭᠠᠨ ᠢ᠋ ᠳᠠᠭᠠᠵᠤ ᠬᠠᠭᠠᠨ ᠰᠠᠭᠤᠰᠤᠭᠠᠢ᠃ ᠲᠡᠢᠨ ᠪᠣᠯᠪᠠᠴᠤ᠂ ᠲᠠ ᠪᠦᠭᠦᠳᠡᠭᠡᠷ ᠪᠠᠰᠠ ᠮᠢᠨᠦ ᠰᠠᠨᠠᠭᠠᠨ ᠢ᠋ ᠳᠠᠭᠠᠬᠤ ᠭᠤᠷᠪᠠᠨ ᠵᠦᠢᠯ ᠠᠮᠤᠢ ! 》ᠬᠡᠮᠡᠭᠰᠡᠨ ᠡᠨᠡ ᠨᠢᠭᠡᠨ ᠳᠠᠭᠤᠨ ᠢ᠋ ᠠᠷᠪᠠᠨ ᠲᠦᠮᠡᠨ ᠦ᠌ ᠣᠯᠠᠨ ᠢ᠋ᠶ᠋ᠠᠷ ᠲᠣᠪ ᠳᠤᠳᠤᠷᠬᠠᠶ᠎ᠠ ᠰᠣᠨᠣᠰᠴᠤ ᠂ ᠠᠯᠲᠠᠨ ᠠᠮᠠᠨ ᠠᠯᠳᠠᠭᠰᠠᠨ ᠢ᠋ ᠦᠵᠡᠭᠡᠳ ᠠᠯᠢᠪᠠ ᠪᠦᠭᠦᠳᠡᠭᠡᠷ ᠪᠠᠶᠠᠷᠯᠠᠨ ᠠᠢᠯᠠᠳᠬᠠᠷᠤᠨ ᠄ 
      《ᠲᠡᠭᠷᠢᠯᠢᠭ ᠡᠵᠡᠨ ᠦ᠌ ᠦᠨᠡᠨ ᠦᠭᠡᠰ ᠪᠦᠲᠦᠭᠰᠡᠨ ᠠᠯᠲᠠᠨ ᠠᠮᠠᠨ ᠠ᠋ᠴᠠ ᠲᠡᠭᠷᠢ ᠶ᠋ᠢᠨ ᠬᠥᠪᠡᠭᠦᠨ ᠦ᠌ ᠬᠠᠭᠠᠨ ᠰᠠᠭᠤᠷᠢᠨ ᠳ᠋ᠤᠷ ᠢ᠋ᠶ᠋ᠠᠨ ᠰᠠᠭᠤᠰᠤᠭᠠᠢ ᠬᠡᠮᠡᠬᠦ ᠵᠠᠷᠯᠢᠭ ᠭᠠᠷᠤᠮᠠᠭᠴᠠ ᠳᠡᠭᠡᠷ᠎ᠡ ᠲᠡᠭᠷᠢ ᠳᠠᠷᠤᠢ ᠠᠢᠯᠠᠳᠤᠨ ᠰᠣᠨᠣᠰᠬᠤ ᠪᠣᠯᠠᠢ᠃ ᠡᠵᠡᠨ ᠬᠠᠭᠠᠨ ᠤ᠋ ᠡᠷᠬᠢᠯᠡᠨ ᠵᠠᠬᠢᠬᠤ ᠭᠤᠷᠪᠠᠨ ᠵᠦᠢᠯ ᠢ᠋ ᠳᠤᠷᠠᠲᠠᠶ᠎ᠠ ᠮᠥᠷᠭᠥᠨ ᠬᠦᠰᠡᠨ ᠳᠠᠭᠠᠯᠴᠠᠮᠤᠢ ! 》ᠬᠡᠮᠡᠭᠰᠡᠨ ᠳ᠋ᠦ᠍ᠷ ᠲᠠᠢᠽᠦ ᠪᠠᠰᠠ ᠶᠡᠬᠡ ᠳᠠᠭᠤᠨ ᠢ᠋ᠶ᠋ᠠᠷ ᠵᠠᠷᠯᠢᠭ ᠪᠣᠯᠤᠨ ᠵᠠᠬᠢᠷᠤᠨ : 
      《ᠡᠨᠡᠬᠦ ᠦᠨᠡᠩᠬᠦ ᠲᠡᠭᠷᠢ ᠶ᠋ᠢᠨ ᠬᠥᠪᠡᠭᠦᠨ ᠦ᠌ ᠬᠠᠭᠠᠨ ᠰᠠᠭᠤᠮᠤᠢ ᠬᠡᠮᠡᠭᠴᠢ ᠣᠨᠴᠠ ᠪᠠᠰᠠ ᠬᠦ᠌ ᠥᠪ ᠦᠨᠡᠩᠬᠦ ᠲᠡᠭᠷᠢ ᠶ᠋ᠢᠨ ᠬᠥᠪᠡᠭᠦᠨ ᠳᠤᠳᠤᠷᠬᠠᠶ᠎ᠠ ᠮᠠᠭᠠᠳ ᠮᠥᠨ ᠪᠣᠯᠪᠠᠰᠤ ᠰᠠᠶᠢ ᠪᠣᠯᠬᠤᠢ ᠶ᠋ᠢᠨ ᠲᠤᠯᠠᠳᠠ ᠂ ᠪᠢ ᠶᠢᠰᠦᠨ ᠥᠷᠯᠥᠭᠡ ᠪᠡᠯᠭᠡᠳᠡᠵᠦ ᠦᠵᠡᠭᠡᠳ ᠂ ᠦᠨᠡᠬᠡᠷ ᠶᠢᠰᠦᠨ ᠪᠡᠯᠭᠡ ᠳ᠋ᠦ᠍ ᠴᠥᠮ ᠢ᠋ᠶ᠋ᠡᠷ ᠨᠡᠢᠴᠡᠪᠡᠰᠦ᠂ ᠪᠢ ᠳᠠᠷᠤᠢ ᠳᠤᠷᠠᠲᠠᠶ᠎ᠠ ᠪᠠᠶᠠᠷᠯᠠᠨ᠂ ᠥᠪᠡᠷ ᠦ᠋ᠨ ᠰᠡᠳᠬᠢᠯ ᠳ᠋ᠦ᠍ᠷ ᠥᠪᠡᠷ ᠦ᠋ᠨ ᠦᠨᠡᠨ ᠵᠠᠶᠠᠭ᠎ᠠ ᠪᠣᠢ ᠪᠠ ᠦᠭᠡᠢ ᠪᠡᠨ ᠥᠪᠡᠷ ᠢ᠋ᠶ᠋ᠡᠨ ᠮᠥᠨ ᠲᠣᠳᠣᠷᠬᠠᠢ᠎ᠠ ᠮᠡᠳᠡᠵᠦ᠂ ᠲᠡᠭᠷᠢ ᠳ᠋ᠦ᠍ᠷ ᠢᠲᠡᠭᠡᠮᠵᠢᠯᠡᠨ᠂ ᠳᠠᠷᠤᠢ ᠡᠨᠡ ᠬᠠᠭᠠᠨ ᠰᠠᠭᠤᠷᠢᠨ᠎ᠠ ᠰᠡᠵᠢᠭ ᠦᠭᠡᠢ ᠪᠡᠷ ᠮᠢᠩᠭᠠᠨ ᠣᠨ ᠤ᠋ ᠢᠵᠠᠭᠤᠷᠲᠠᠨ ᠤ᠋ ᠡᠬᠢ ᠡᠭᠦᠰᠬᠡᠯ ᠪᠣᠯᠤᠨ ᠰᠠᠭᠤᠰᠤᠭᠠᠢ᠂ ᠮᠢᠨᠦ ᠡᠨᠡ ᠡᠳᠦᠷ ᠦ᠋ᠨ ᠲᠡᠷᠢᠭᠦᠨ ᠨᠢᠭᠡᠨ ᠪᠡᠯᠭᠡ ᠢᠨᠤ᠂ ᠮᠢᠨᠦ ᠡᠨᠡ ᠡᠳᠦᠷ ᠦ᠋ᠨ ᠬᠤᠲᠤᠭ ᠭᠤᠶᠤᠨ ᠠᠰᠠᠭᠠᠵᠤ ᠡᠷᠭᠦᠭᠰᠡᠨ ᠳᠣᠯᠣᠭᠠᠨ ᠦᠨᠡᠨ ᠨᠠᠢ᠍ᠮᠠᠨ ᠡᠷᠳᠡᠨᠢᠰ ᠦ᠋ᠨ ᠭᠤᠷᠪᠠᠨ ᠪᠦᠳᠦᠭᠦᠨ ᠬᠦᠵᠢ᠂ ᠮᠠᠷᠭᠠᠲᠠ ᠥᠷᠯᠥᠭᠡ ᠶ᠋ᠢᠨ ᠪᠠᠷᠰ ᠴᠠᠭ ᠤ᠋ᠨ ᠡᠬᠢᠨ᠎ᠡ ᠂ ᠮᠢᠨᠦ ᠪᠡᠶ᠎ᠡ ᠪᠡᠷ ᠮᠥᠷᠭᠥᠷ᠎ᠡ ᠢᠷᠡᠲᠡᠯ᠎ᠡ ᠬᠡᠷᠪᠡ ᠭᠠᠯ ᠤᠲᠤᠭ᠎ᠠ ᠥᠴᠦᠬᠡᠨ ᠪᠠᠢᠪᠠᠰᠤ ᠳᠠᠷᠤᠢ ᠲᠡᠷᠢᠭᠦᠨ ᠪᠡᠯᠭᠡ ᠳ᠋ᠦ᠍ᠷ ᠨᠡᠢᠴᠡᠭᠰᠡᠨ ᠪᠡᠯᠭᠡ ᠪᠣᠯᠲᠤᠭᠠᠢ ! 》 ᠬᠡᠮᠡᠭᠰᠡᠨ᠎ᠡ ᠣᠯᠠᠨ ᠢ᠋ᠶ᠋ᠠᠷ ᠶᠡᠬᠡᠯ᠎ᠡ ᠠᠶᠤᠯᠳᠤᠨ ᠳᠠᠭᠤᠨ ᠭᠠᠷᠤᠨ ᠵᠠᠪᠳᠤᠬᠤᠢ ᠶ᠋ᠢᠨ ᠤᠷᠢᠳ᠂ ᠵᠢᠨᠦᠩ ᠮᠤᠬᠤᠯᠢ ᠮᠠᠯᠠᠭ᠎ᠠ ᠪᠠᠨ ᠪᠠᠷᠢᠭᠰᠠᠭᠠᠷ ᠲᠣᠰᠴᠤ ᠥᠨᠳᠥᠷ ᠳᠠᠭᠤᠨ ᠢ᠋ᠶ᠋ᠠᠷ :  
      《ᠲᠡᠭᠷᠢ ᠶ᠋ᠢᠨ ᠬᠥᠪᠡᠭᠦᠨ ᠦ᠌ ᠵᠠᠷᠯᠢᠭ ᠢ᠋ ᠲᠡᠭᠷᠢ ᠡᠴᠢᠭᠡ ᠡᠷᠬᠡ ᠦᠭᠡᠢ ᠪᠦᠲᠦᠭᠡᠨ ᠶᠠᠪᠤᠭᠤᠯᠤᠮᠤᠢ᠂ ᠡᠵᠡᠨ ᠦ᠌ ᠵᠠᠷᠯᠢᠭ ᠢ᠋ᠶ᠋ᠠᠷ ᠪᠣᠯᠲᠤᠭᠠᠢ᠂ ᠪᠣᠯᠲᠤᠭᠠᠢ ! 》ᠬᠡᠮᠡᠲᠡᠯ᠎ᠡ ᠵᠠᠭᠤᠨ ᠲᠦᠰᠢᠮᠡᠳ ᠭᠤᠷᠪᠠᠨ ᠵᠡᠷᠭᠡ ᠰᠥᠭᠥᠳᠴᠦ ᠂ ᠶᠢᠰᠦᠨ ᠵᠡᠷᠭᠡ ᠮᠥᠷᠭᠥᠵᠦ ᠂ ᠮᠠᠯᠠᠭ᠎ᠠ ᠪᠠᠨ ᠡᠮᠦᠰᠦᠯᠴᠡᠨ ᠰᠠᠶᠢ ᠪᠣᠰᠤᠯᠴᠠᠵᠤ ᠂ ᠲᠠᠢᠽᠦ ᠥᠪᠡᠷ ᠦ᠋ᠨ ᠮᠣᠳᠣᠷ ᠢ᠋ᠶ᠋ᠠᠷ ᠬᠠᠭᠠᠨ ᠥᠷᠭᠥᠭᠡ ᠶ᠋ᠢᠨ ᠡᠭᠦᠳᠡ ᠶ᠋ᠢ ᠭᠤᠷᠪᠠᠨ ᠳᠠᠪᠬᠤᠷ ᠠᠯᠳᠠᠮᠠᠯ ᠣᠨᠢᠰᠣᠨ ᠢ᠋ᠶ᠋ᠠᠷ ᠣᠨᠢᠰᠤᠯᠠᠨ᠂ ᠮᠥᠨ ᠬᠦ᠌ ᠥᠪᠡᠷ ᠦ᠋ᠨ ᠮᠣᠳᠣᠷ ᠢ᠋ᠶ᠋ᠠᠷ ᠭᠤᠷᠪᠠᠨ ᠣᠨᠢᠰᠣᠨ ᠢ᠋ ᠰᠢᠷ᠎ᠠ ᠬ᠌ᠬᠢᠪ ᠢ᠋ᠶ᠋ᠡᠷ ᠣᠷᠢᠶᠠᠨ ᠰᠢᠷᠢᠯᠡᠵᠦ ᠭᠤᠷᠪᠠᠨ ᠶᠡᠬᠡ ᠯᠠᠴᠠ ᠬᠠᠢᠯᠤᠭᠤᠯᠤᠨ᠂ ᠠᠯᠲᠠᠨ ᠲᠢᠶᠸᠽᠢ ᠪᠡᠷ ᠭᠤᠷᠪᠠᠨᠲᠠ ᠲᠢᠶᠸᠽᠢᠯᠠᠵᠤ ᠳᠠᠬᠢᠨ ᠨᠢᠭᠡᠨᠲᠡ ᠭᠠᠳᠠᠨ᠎ᠠ ᠠ᠋ᠴᠠ ᠥᠴᠢᠨ ᠵᠠᠯᠪᠠᠷᠢᠨ ᠮᠥᠷᠭᠥᠭᠡᠳ ᠮᠥᠨ ᠬᠦ᠌ ᠵᠡᠪᠡ ᠶ᠋ᠢ ᠲᠦᠰᠢᠨ ᠳᠡᠭᠡᠳᠦ ᠲᠠᠪᠴᠠᠩ ᠠ᠋ᠴᠠ ᠪᠠᠭᠤᠵᠤ᠂ ᠮᠣᠷᠢ ᠤᠨᠤᠵᠤ ᠲᠡᠷᠢᠭᠦᠨ ᠰᠢᠷ᠎ᠠ ᠣᠷᠣᠨ᠎ᠠ ᠵᠠᠯᠠᠷᠠᠨ ᠪᠠᠭᠤᠵᠤ᠂ ᠰᠢᠳᠢᠲᠡᠨ ᠦ᠌ ᠮᠠᠨᠳᠠᠯ ᠢ᠋ ᠳᠠᠬᠢᠵᠤ ᠲᠠᠪᠢᠭᠯᠠᠨ᠂ ᠬᠦᠵᠢ ᠵᠤᠯᠠ ᠠᠷᠢᠬᠢ ᠰᠠᠷᠬᠤᠳ ᠰᠠᠴᠤᠵᠤ ᠮᠥᠷᠭᠥᠨ ᠵᠢᠷᠭᠤᠭᠠᠨ ᠰᠠᠢᠰᠢᠶᠠᠯ ᠤ᠋ᠨ ᠰᠠᠢᠳ ᠤ᠋ᠳ ᠪᠠᠰᠤᠳ ᠤ᠋ᠨ ᠵᠡᠪᠡ ᠶ᠋ᠢᠨ ᠭᠠᠪᠢᠶ᠎ᠠ ᠵᠢᠳᠬᠦᠯᠭᠡ ᠶ᠋ᠢ ᠢᠯᠭᠠᠨ ᠬᠡᠯᠡᠯᠴᠡᠵᠦ᠂ ᠲᠡᠭᠦᠨᠦ ᠨᠢᠭᠡᠨ ᠡᠩ ᠦ᠋ᠨ ᠨᠣᠭᠣᠭᠠᠨ ᠲᠤᠭ ᠤ᠋ᠨ ᠳᠣᠣᠷ᠎ᠠ ᠵᠠᠬᠢᠷᠬᠤ ᠭᠠᠳᠠᠭᠠᠳᠤ ᠠᠢᠮᠠᠭ ᠨᠠᠢ᠍ᠮᠠᠨ ᠬᠤᠪᠢ ᠳ᠋ᠤᠷ ᠱᠠᠩᠨᠠᠨ ᠬᠥᠬᠢᠭᠦᠯᠵᠦ ᠲᠡᠭᠰᠢᠯᠡᠨ ᠲᠣᠭᠲᠠᠭᠠᠪᠠ᠂ ᠲᠡᠭᠦᠨᠴᠡ ᠵᠠᠭᠤᠨ ᠲᠦᠰᠢᠮᠡᠳ᠂ ᠴᠥᠮ ᠵᠢᠨᠦᠩ ᠦ᠋ᠨ ᠴᠠᠴᠠᠷ ᠲᠤᠷ ᠴᠤᠭᠯᠠᠨ ᠥᠭᠦᠯᠡᠯᠳᠦᠷᠦᠨ: 
      《ᠡᠨᠡ ᠤᠳᠠᠭ᠎ᠠ ᠶ᠋ᠢᠨ ᠡᠨᠡ ᠠᠷᠭ᠎ᠠ ᠪᠠᠰᠠ ᠡᠪᠳᠡᠷᠡᠪᠡ᠃ ᠲᠡᠷᠡ ᠨᠢᠭᠡᠨ ᠡᠷᠡᠬᠡᠢ ᠬᠤᠷᠤᠭᠤ ᠴᠢᠨᠡᠭᠡ ᠪᠦᠳᠦᠭᠦᠨ ᠬᠠᠭᠠᠰ ᠠᠯᠲᠠ ᠶ᠋ᠢᠨ ᠭᠤᠷᠪᠠᠨ ᠬᠦᠵᠢ ᠬᠡᠳᠦᠢᠪᠡᠷ ᠨᠠᠷᠢᠨ ᠡᠷᠳᠡᠨᠢᠰ ᠦ᠋ᠨ ᠲᠠᠯᠬ᠎ᠠ ᠶ᠋ᠢᠨ ᠨᠠᠢᠷᠠᠯᠲᠠ ᠪᠣᠢ ᠪᠣᠯᠪᠠᠴᠤ ᠪᠠᠷ ᠶᠠᠭᠠᠬᠢᠨ ᠨᠢᠭᠡᠨ ᠡᠳᠦᠷ᠂ ᠨᠢᠭᠡᠨ ᠰᠥᠨᠢ ᠮᠠᠷᠭᠠᠲᠠ ᠶ᠋ᠢᠨ ᠪᠠᠷᠰ ᠴᠠᠭ ᠪᠣᠯᠲᠠᠯ᠎ᠠ ᠰᠢᠳᠡᠵᠦ ᠪᠣᠯᠬᠤ ᠶᠣᠰᠣ ᠪᠣᠢ ?  ᠭᠤᠷᠪᠠᠬᠠᠨ ᠴᠠᠭ ᠤ᠋ᠨ ᠬᠦᠵᠢ ᠶ᠋ᠢ ᠠᠷᠪᠠᠨ ᠴᠠᠭ ᠰᠢᠬᠠᠮ ᠰᠢᠳᠡ ᠬᠡᠮᠡᠭᠴᠢ ᠢᠯᠡᠷᠬᠡᠶ᠎ᠡ ᠠᠢᠯᠠᠳᠬᠠᠯ ᠢ᠋ ᠦᠯᠦ ᠰᠣᠶᠣᠷᠬᠠᠬᠤ ᠰᠢᠯᠲᠠᠭ ᠪᠣᠯᠠᠢ 》ᠬᠡᠮᠡᠭᠰᠡᠨ ᠳ᠋ᠦ᠍ᠷ ᠵᠢᠨᠦᠩ ᠮᠤᠬᠤᠯᠢ ᠬᠠᠷᠢᠨ ᠣᠭᠲᠣ ᠵᠣᠪᠠᠨᠢᠬᠤ ᠳᠦᠷᠢ ᠦᠭᠡᠢ᠂ ᠨᠡᠩ ᠬᠠᠷᠢᠨ ᠪᠠᠶᠠᠷ ᠪᠠᠶᠠᠰᠬᠤᠯᠠᠩ ᠲᠠᠢ ᠢᠨᠢᠶᠡᠨ ᠥᠭᠦᠯᠡᠷᠦᠨ :   
     《ᠣᠯᠠᠨ ᠨᠣᠶᠠᠳ ᠢ᠋ᠶ᠋ᠠᠷ ᠰᠡᠳᠬᠢᠯ ᠢ᠋ᠶ᠋ᠡᠨ ᠰᠤᠯᠠᠬᠠᠨ ᠲᠠᠯᠪᠢᠵᠤ᠂ ᠮᠠᠷᠭᠠᠲᠠ ᠥᠷᠯᠥᠭᠡ ᠶ᠋ᠢᠨ ᠪᠠᠷᠰ ᠴᠠᠭ ᠲᠤᠷ ᠲᠡᠭᠷᠢᠯᠢᠭ ᠡᠵᠡᠨ ᠦ᠌ ᠲᠡᠮᠳᠡᠭ ᠢᠲᠡᠭᠡᠮᠵᠢ ᠲᠡᠢ ᠲᠡᠭᠷᠢ ᠶ᠋ᠢᠨ ᠬᠥᠪᠡᠭᠦᠨ ᠮᠠᠭᠠᠳ ᠮᠥᠨ ᠢ᠋ ᠦᠵᠡᠭᠳᠡᠬᠦᠢ᠃ ᠲᠡᠷᠡ ᠭᠤᠷᠪᠠᠨ ᠬᠦᠵᠢ ᠮᠠᠷᠭᠠᠲᠠ ᠶ᠋ᠢᠨ ᠪᠠᠷᠰ ᠴᠠᠭ ᠪᠣᠯᠲᠠᠯ᠎ᠠ ᠰᠢᠲᠠᠬᠤ ᠶ᠋ᠢ ᠵᠢᠨᠦᠩ ᠪᠢ ᠬᠠᠪᠠᠷ ᠵᠢᠭᠠᠨ ᠪᠠᠲᠤᠯᠠᠰᠤᠭᠠᠢ ! 》ᠬᠡᠮᠡᠭᠰᠡᠨ ᠳ᠋ᠦ᠍ᠷ ᠣᠯᠠᠨ ᠢ᠋ᠶ᠋ᠠᠷ ᠭᠠᠢᠬᠠᠨ ᠠᠰᠠᠭᠤᠷᠤᠨ : 
      《ᠡᠰᠡᠬᠦᠯ᠎ᠡ ᠠᠷᠪᠠᠨ ᠬᠣᠶᠠᠷ ᠴᠠᠭ ᠪᠣᠯᠲᠠᠯ᠎ᠠ ᠤᠳᠠᠭᠠᠨ ᠰᠢᠲᠠᠬᠤ ᠬᠦᠵᠢ ᠪᠣᠯᠪᠠᠤ ? 》ᠮᠤᠬᠤᠯᠢ ᠢᠨᠢᠶᠡᠨ ᠥᠴᠢᠷᠦᠨ ᠄   
     《ᠲᠡᠢᠮᠦ ᠤᠳᠠᠭᠠᠨ ᠰᠢᠲᠠᠬᠤ ᠬᠦᠵᠢ ᠪᠠᠢᠵᠤ ᠪᠣᠯᠬᠤ ᠶᠣᠰᠣ ᠪᠣᠢ ᠤᠤ ?  ᠮᠢᠨᠦ ᠮᠠᠭᠠᠳ ᠢ᠋ᠶ᠋ᠠᠷ ᠢᠲᠡᠭᠡᠮᠵᠢᠯᠡᠨ ᠪᠠᠲᠤ ᠰᠠᠨᠠᠭᠰᠠᠨ ᠭᠠᠵᠠᠷ ᠪᠠᠢᠬᠤ ᠠᠨᠤ᠂ ᠡᠵᠡᠨ ᠦ᠌ ᠠᠮᠠᠨ ᠠ᠋ᠴᠠ <ᠮᠠᠷᠭᠠᠲᠠ ᠥᠷᠯᠥᠭᠡ ᠶ᠋ᠢᠨ ᠪᠠᠷᠰ ᠴᠠᠭ ᠪᠣᠯᠲᠠᠯ᠎ᠠ ᠰᠢᠳᠡᠪᠡᠰᠦ > ᠬᠡᠮᠡᠭᠰᠡᠨ ᠵᠠᠷᠯᠢᠭ ᠭᠠᠷᠤᠨ ᠪᠠᠷᠠᠪᠠᠰᠤ᠂ ᠲᠡᠷᠡ ᠬᠦᠵᠢ ᠯᠠᠪ ᠯᠠᠪᠳᠠᠭᠤᠨ ᠵᠠᠷᠯᠢᠭ ᠤ᠋ᠨ ᠶᠣᠰᠣᠭᠠᠷ ᠪᠣᠯᠤᠮᠤᠢ᠃ ᠮᠢᠨᠦ ᠡᠵᠡᠨ ᠢ᠋ ᠮᠡᠨᠳᠦᠯᠡᠬᠦ ᠶ᠋ᠢᠨ ᠦᠶ᠎ᠡ ᠶ᠋ᠢᠨ ᠳᠣᠯᠣᠭᠠᠨ ᠵᠦᠢᠯ ᠦ᠋ᠨ ᠲᠡᠭᠷᠢ ᠶ᠋ᠢᠨ ᠪᠡᠯᠭᠡ ᠲᠡᠮᠳᠡᠭ ᠢ᠋ ᠣᠯᠤᠭᠰᠠᠨ ᠢ᠋ ᠤᠯᠤᠰ ᠤ᠋ᠨ ᠬᠣᠲᠠᠯᠠᠭᠠᠷ ᠴᠥᠮ ᠡᠰᠡ ᠮᠠᠷᠲᠠᠨᠠᠮ ᠪᠢᠰᠢᠦ ?  》 ᠡᠨᠡ ᠡᠳᠦᠷ ᠦ᠋ᠨ ᠡᠯ᠎ᠡ ᠬᠡᠷᠡᠭ ᠢ᠋ ᠡᠵᠡᠨ ᠂ ᠦᠵᠢᠨ ᠡᠮᠡᠭᠡ ᠳ᠋ᠦ᠍ᠷ ᠪᠦᠷᠢᠳᠬᠡᠨ ᠮᠡᠳᠡᠭᠦᠯᠦᠭᠰᠡᠨ᠎ᠡ  ᠦᠵᠢᠨ ᠡᠮᠡᠭᠡ ᠶ᠋ᠢᠨ ᠵᠠᠬᠢᠭᠰᠠᠨ ᠵᠠᠷᠯᠢᠭ ᠠᠨᠤ ᠄  
            ᠬᠡᠮᠵᠢᠶ᠎ᠡ ᠦᠭᠡᠢ ᠶᠡᠬᠡ ᠬᠠᠭᠠᠨ ᠨᠡᠷ᠎ᠡ ᠶ᠋ᠢ ᠦᠯᠦ ᠠᠪᠬᠤ ᠠᠨᠤ         
            ᠬᠡᠰᠢᠭᠲᠦ ᠬᠥᠪᠡᠭᠦᠨ ᠦ᠌ ᠬᠢᠴᠢᠶᠡᠯᠲᠦ ᠬᠡᠷᠡᠭ ᠮᠥᠨ ᠃      
            ᠬᠡᠷᠪᠡ ᠦᠨᠡᠬᠡᠷ ᠲᠡᠭᠷᠢ ᠶ᠋ᠢᠨ ᠦᠷ᠎ᠡ ᠮᠠᠭᠠᠳ ᠮᠥᠨ ᠪᠣᠯᠪᠠᠰᠤ 
            ᠬᠡᠨ ᠬᠥᠮᠦᠨ ᠴᠦ᠍ ᠵᠥᠷᠢᠴᠡᠨ ᠴᠢᠳᠠᠬᠤ ᠠᠵᠢ ? 
ᠬᠡᠮᠡᠪᠡᠢ᠃  ᠵᠢᠨᠦᠩ ᠮᠤᠬᠤᠯᠠᠢ ᠥᠭᠦᠯᠡᠷᠦᠨ:《ᠡᠭᠦᠨ ᠢ᠋ᠶ᠋ᠡᠷ ᠦᠵᠡᠬᠦᠯ᠎ᠡ᠂ ᠡᠬᠡ ᠦᠵᠢᠨ ᠦ᠌ ᠡᠷᠬᠡᠪᠰᠢ ᠮᠠᠭᠠᠳ ᠲᠣᠭᠲᠠᠭᠠᠨ ᠢᠲᠡᠭᠡᠬᠦ ᠨᠢᠭᠡᠨ ᠲᠣᠳᠣᠷᠬᠠᠢ ᠰᠠᠨᠠᠭᠰᠠᠨ ᠭᠠᠵᠠᠷ ᠪᠣᠢ ᠠᠮᠤᠢ᠃ ᠡᠷᠲᠡᠨ ᠦ᠌ ᠡᠵᠡᠨ ᠢ ᠮᠡᠨᠳᠦᠯᠡᠬᠦᠢ ᠶ᠋ᠢᠨ ᠲᠡᠳᠡᠭᠡᠷ ᠵᠡᠷᠭᠡ ᠶ᠋ᠢᠨ ᠶᠠᠮᠪᠠᠷᠪᠠ ᠬᠥᠮᠦᠨ ᠴᠦ᠍ ᠦᠯᠦ ᠢᠲᠡᠭᠡᠬᠦ ᠰᠣᠨᠢᠨ ᠡᠲᠡᠭᠡᠳ ᠰᠠᠢᠨ ᠢᠷᠣ᠎ᠠ ᠪᠡᠯᠭᠡ ᠶ᠋ᠢᠨ ᠮᠠᠰᠢ ᠴᠢᠩ ᠦᠨᠡᠨ ᠢ᠋ ᠣᠯᠠᠨ ᠨᠡᠢᠲᠡ ᠪᠡᠷ ᠲᠣᠳᠣᠷᠬᠠᠢ ᠮᠡᠳᠡᠬᠦ ᠶ᠋ᠢ ᠴᠦ᠍ ᠪᠠᠢᠲᠤᠭᠠᠢ᠂ ᠡᠨᠡ ᠭᠤᠴᠢᠨ ᠬᠣᠶᠠᠷ ᠵᠢᠯ ᠦ᠋ᠨ ᠳᠣᠲᠣᠷ᠎ᠠ ᠳᠥᠷᠪᠡᠨ ᠵᠦᠭ ᠨᠠᠢ᠍ᠮᠠᠨ ᠵᠣᠪᠬᠢᠰ ᠲᠤᠷ ᠴᠡᠷᠢᠭᠯᠡᠨ ᠪᠠᠢᠯᠳᠤᠵᠤ ᠳᠠᠢᠯᠠᠨ ᠶᠠᠪᠤᠬᠤᠶ᠎ᠠ᠂ ᠮᠢᠨᠦ ᠪᠡᠶ᠎ᠡ ᠪᠡᠷ ᠬᠠᠭᠠᠴᠠᠯ ᠦᠭᠡᠢ ᠳᠠᠭᠠᠵᠤ ᠶᠠᠪᠤᠬᠤᠶ᠎ᠠ᠂ ᠡᠵᠡᠨ ᠦ᠌ ᠬᠡᠳᠦᠢᠴᠢᠨᠡᠭᠡᠨ ᠤᠳᠠᠭ᠎ᠠ ᠶ᠋ᠢᠨ ᠲᠩᠷᠢ ᠶ᠋ᠢᠨ ᠬᠥᠪᠡᠭᠦᠨ ᠦ᠌ ᠢᠯᠡᠷᠬᠡᠢ ᠢᠪᠡᠭᠡᠯ ᠢ᠋ ᠨᠢᠳᠦᠨ ᠢ᠋ᠶ᠋ᠡᠷ ᠦᠵᠡᠭᠰᠡᠨ ᠪᠥᠯᠥᠭᠡ᠃ ᠡᠵᠡᠨ ᠦ᠌ ᠵᠠᠷᠯᠢᠭ ᠢ᠋ᠶ᠋ᠠᠷ ᠠᠭᠤᠯᠠ ᠬᠠᠭᠠᠷᠠᠵᠤ ᠭᠠᠯ ᠭᠠᠷᠤᠨ᠂ ᠰᠠᠯᠬᠢᠨ ᠰᠢᠭᠤᠷᠭᠠᠨ ᠭᠤᠶᠤᠭᠰᠠᠨ ᠡᠲᠡᠭᠡᠳ ᠦ᠋ᠨ ᠵᠦᠭ ᠳᠡᠯᠡᠳᠦᠨ ᠣᠷᠣᠭᠰᠠᠨ᠂ ᠡᠵᠡᠨ ᠢ᠋ ᠬᠣᠣᠷᠯᠠᠬᠤ ᠰᠠᠨᠠᠭᠠᠲᠠᠨ ᠥᠷᠭᠥᠭᠡ ᠭᠡᠷ ᠲᠦ᠍ᠷ ᠨᠦᠬᠡ ᠤᠬᠤᠵᠤ ᠣᠯᠪᠣᠭ ᠲᠦᠰᠢᠯᠭᠡ ᠵᠢᠭᠰᠠᠭᠠᠨ ᠡᠵᠡᠨ ᠰᠠᠶᠢ ᠵᠠᠯᠠᠷᠠᠵᠤ ᠰᠠᠭᠤᠰᠤᠭᠠᠢ ᠭᠡᠲᠡᠯ᠎ᠡ ᠬᠠᠷᠴᠠᠭᠠᠢ ᠰᠢᠪᠠᠭᠤ ᠨᠢᠰᠦᠨ ᠡᠴᠢᠵᠦ ᠰᠠᠭᠤᠪᠠ᠃ ᠰᠢᠪᠠᠭᠤ ᠶ᠋ᠢ ᠠᠪᠤᠬᠤᠶ᠎ᠠ᠂ ᠣᠯᠪᠣᠭ ᠰᠢᠪᠠᠭᠤᠨ ᠤ᠋ ᠬᠢᠮᠤᠰᠤᠨ᠎ᠠ ᠠᠳᠬᠤᠭᠳᠠᠨ ᠢᠷᠠᠭᠰᠠᠨ᠎ᠠ ᠬᠤᠷᠴᠠ ᠵᠡᠪᠰᠡᠭᠲᠦ ᠭᠦᠨ ᠨᠦᠬᠡ ᠢᠯᠡᠷᠡᠭᠰᠡᠨ᠂ ᠬᠡᠳᠦᠬᠡᠨ ᠵᠠᠭᠤᠨ ᠴᠡᠷᠢᠭ ᠢ᠋ᠶ᠋ᠡᠷ ᠬᠡᠳᠦᠨ ᠲᠦᠮᠡᠨ ᠴᠡᠷᠢᠭ ᠲᠦ᠍ᠷ ᠬᠠᠭᠠᠭᠳᠠᠨ᠂ ᠬᠡᠭᠡᠷ᠎ᠡ ᠬᠣᠨᠣᠨ ᠬᠦᠨᠡᠰᠦ ᠲᠠᠰᠤᠷᠠᠭᠰᠠᠨ᠎ᠠ᠂ ᠬᠣᠭᠣᠰᠣᠨ ᠭᠠᠵᠠᠷ ᠲᠡᠭᠷᠢ ᠠᠶᠤᠩᠭᠠᠯᠠᠨ ᠬᠡᠳᠦ ᠬᠡᠳᠦᠨ ᠴᠢᠬᠢᠲᠡᠢ ᠨᠠᠳᠬᠤᠨ ᠢᠷᠡᠭᠰᠡᠨ ᠢ᠋ ᠰᠢᠷᠠᠵᠤ ᠢᠳᠡᠨ᠂ ᠵᠢᠴᠢ ᠡᠳᠦᠷ ᠠᠶᠤᠩᠭ᠎ᠠ ᠴᠠᠬᠢᠯᠭᠠᠨ ᠰᠠᠯᠬᠢᠨ ᠰᠢᠭᠤᠷᠭᠠᠨ ᠡᠵᠡᠨ ᠦ᠌ ᠡᠮᠦᠨ᠎ᠡ ᠵᠠᠮ ᠨᠡᠭᠡᠭᠡᠨ ᠬᠠᠭᠠᠭᠳᠠᠭᠰᠠᠨ ᠠ᠋ᠴᠠ ᠮᠤᠯᠲᠤᠷᠠᠨ ᠭᠠᠷᠤᠭᠰᠠᠨ᠂ ᠪᠠᠭ᠎ᠠ ᠶ᠋ᠢᠨ ᠴᠠᠭᠳᠠ ᠶᠡᠬᠡ ᠭᠠᠮᠰᠢᠭ ᠭᠠᠴᠢᠭᠳᠠᠯ ᠳ᠋ᠤᠷ ᠬᠡᠳᠦ ᠬᠡᠳᠦᠨ ᠤᠳᠠᠭ᠎ᠠ ᠤᠯᠠᠭᠠᠨ ᠭᠡᠷᠡᠯ ᠲᠤᠶᠠᠭᠠᠯᠠᠨ ᠭᠠᠷᠴᠤ᠂ ᠠᠶᠤᠩᠭ᠎ᠠ ᠶ᠋ᠢᠨ ᠭᠠᠯ ᠲᠠᠭᠠᠯᠴᠠᠨ᠂ ᠳᠥᠩᠭᠡ ᠶ᠋ᠢ ᠬᠡᠮᠬᠡᠴᠢᠨ᠂ ᠲᠠᠪᠤᠨ ᠰᠠᠷ᠎ᠠ ᠶ᠋ᠢᠨ ᠠᠷᠪᠠᠨ ᠲᠠᠪᠤᠨ ᠤ᠋ ᠰᠥᠨᠢ᠂ ᠬᠣᠭᠣᠰᠣᠨ ᠭᠠᠵᠠᠷ ᠲᠤᠷ ᠠᠶᠤᠩᠭᠠᠯᠠᠨ᠂ ᠬᠠᠷᠢᠶᠠᠭᠰᠠᠳ ᠤ᠋ᠨ ᠲᠣᠯᠣᠭᠠᠢ ᠶ᠋ᠢ ᠪᠠᠯᠪᠠᠯᠠᠭᠰᠠᠨ᠂ ᠬᠤᠪᠢᠯᠭᠠᠨ ᠰᠠᠬᠢᠭᠤᠯᠰᠤᠨ ᠲᠠᠭᠠᠯᠴᠠᠨ ᠬᠠᠮᠠᠭᠠᠯᠠᠵᠤ᠂ ᠡᠵᠡᠳ ᠲᠠᠭ᠌ᠷᠢᠰ ᠨᠠᠷ ᠰᠠᠬᠢᠯᠴᠠᠨ ᠢᠪᠡᠭᠡᠬᠦ ᠵᠦᠢᠯ ᠢ᠋ ᠪᠢ ᠪᠡᠶ᠎ᠡ ᠪᠡᠷ ᠣᠯᠠᠨᠲᠠ ᠥᠩᠭᠡᠷᠡᠭᠡᠨ᠂ ᠨᠢᠳᠦ ᠪᠡᠷ ᠣᠯᠠᠨᠲᠠ ᠦᠵᠡᠭᠰᠡᠨ ᠲᠤᠯᠠ ᠡᠨᠡ ᠤᠳᠠᠭ᠎ᠠ ᠶ᠋ᠢᠨ ᠡᠨᠡ ᠠᠰᠠᠭᠠᠭᠰᠠᠨ ᠭᠤᠷᠪᠠᠨ ᠬᠦᠵᠢ ᠡᠵᠡᠨ ᠦ᠌ ᠵᠠᠷᠯᠢᠭ ᠤ᠋ᠨ ᠶᠣᠰᠣᠭᠠᠷ ᠮᠠᠷᠭᠠᠲᠠ ᠪᠣᠯᠲᠠᠯ᠎ᠠ ᠰᠢᠲᠠᠬᠤ ᠶ᠋ᠢ ᠮᠢᠨᠦ ᠳᠣᠲᠣᠷ᠎ᠠ ᠬᠠᠷᠢᠨᠴᠤ ᠮᠠᠰᠢᠳᠠ ᠮᠠᠭᠠᠳ ᠪᠠᠲᠤᠯᠠᠨ ᠰᠠᠨᠠᠮᠤᠢ᠃ ᠡᠵᠡᠨ ᠦ᠌ ᠲᠣᠳᠣᠷᠬᠠᠢ ᠮᠠᠭᠠᠳ ᠲᠡᠭᠷᠢ ᠶ᠋ᠢᠨ ᠬᠥᠪᠡᠭᠦᠨ ᠪᠤᠰᠤ ᠠ᠋ᠴᠠ ᠠᠶᠤᠬᠤ ᠪᠣᠢ ᠢ᠎ᠡ᠂ ᠬᠡᠷᠪᠡ ᠳᠤᠳᠤᠷᠬᠠᠶ᠎ᠠ ᠮᠠᠭᠠᠳ ᠲᠡᠭᠷᠢ ᠶ᠋ᠢᠨ ᠬᠥᠪᠡᠭᠦᠨ ᠮᠥᠨ ᠪᠣᠯᠪᠠᠰᠤ ᠲᠡᠷᠡ ᠨᠢᠭᠡᠨ ᠬᠦᠵᠢ ᠵᠠᠷᠯᠢᠭ ᠢ᠋ ᠦᠯᠦ ᠳᠠᠭᠠᠬᠤ ᠠ᠋ᠴᠠ ᠶᠠᠮᠪᠠᠷ ᠠᠶᠤᠬᠤ ᠭᠠᠵᠠᠷ ᠪᠣᠢ ? ᠡᠭᠦᠨ ᠢ᠋ ᠪᠠᠰᠠ ᠪᠠᠢᠵᠤ ᠂ ᠶᠡᠷᠦ ᠶ᠋ᠢᠨ ᠬᠠᠳ ᠢ᠋ᠶ᠋ᠠᠷ ᠠᠪᠴᠤ ᠬᠡᠯᠡᠪᠡᠰᠦ ᠡᠮᠦᠨ᠎ᠡ ᠭᠠᠵᠠᠷ ᠤ᠋ᠨ ᠪᠠᠭ᠎ᠠ ᠪᠠᠭ᠎ᠠ ᠬᠡᠳᠦᠬᠡᠨ ᠮᠣᠵᠢ ᠪᠠᠨ ᠡᠵᠡᠯᠡᠭᠴᠢ ᠬᠡᠳᠦᠨ ᠵᠢᠯ ᠦ᠋ᠨ ᠬᠠᠭᠠᠨ ᠰᠠᠭᠤᠬᠤ ᠪᠤᠶᠠᠨ ᠠᠭᠴᠢᠳ ᠪᠦᠬᠦᠨ᠎ᠡ ᠤᠭ ᠠ᠋ᠴᠠ ᠡᠷᠬᠡᠪᠰᠢ ᠥᠪᠡᠷ᠎ᠡ ᠨᠢᠭᠡᠨ ᠵᠦᠢᠯ ᠦ᠋ᠨ ᠲᠡᠳᠬᠦᠯ ᠠᠪᠤᠷᠠᠯ ᠳᠠᠭᠠᠯᠴᠠᠬᠤ ᠪᠣᠯᠠᠢ᠂ ᠡᠨᠡ ᠢᠨᠣ ᠮᠠᠨᠳᠤᠬᠤ ᠪᠠᠳᠠᠷᠠᠬᠤ ᠲᠥᠷᠥ ᠶ᠋ᠢᠨ ᠬᠠᠳ ᠪᠠᠢᠲᠤᠭᠠᠢ᠂ ᠮᠠᠭᠤᠳᠠᠬᠤ ᠪᠠᠭᠤᠷᠠᠬᠤ ᠲᠥᠷᠥ ᠶ᠋ᠢᠨ ᠬᠠᠳ ᠪᠣᠯᠪᠠᠴᠤ ᠦᠬᠦᠬᠦ ᠮᠥᠬᠥᠬᠦ ᠶ᠋ᠢᠨ ᠴᠠᠭ ᠡᠰᠡ ᠭᠦᠷᠦᠨ ᠢᠯᠡᠭᠦᠦ ᠬᠡᠳᠦᠨ ᠵᠢᠯ ᠦ᠋ᠨ ᠬᠠᠭᠠᠨ ᠤ᠋ ᠬᠤᠲᠤᠭ ᠠᠨᠤ ᠡᠰᠡ ᠳᠠᠭᠤᠰᠪᠠᠰᠤ ᠪᠠᠰᠠ ᠬᠦ᠌ ᠡᠵᠡᠳ ᠰᠠᠬᠢᠭᠤᠯᠰᠤᠨ ᠲᠠᠭᠠᠯᠴᠠᠨ ᠲᠤᠰᠠᠯᠠᠨ ᠠᠪᠤᠷᠠᠬᠤ ᠪᠣᠯᠠᠢ ᠃ ᠡᠳᠦᠭᠡ ᠨᠢᠳᠦᠨ ᠦᠵᠡᠲᠡᠯ᠎ᠡ ᠡᠳᠦᠭᠡᠬᠢ ᠡᠨᠡ ᠳᠣᠷᠣᠢᠲᠠᠨ ᠪᠠᠭᠤᠷᠠᠬᠤ᠂ ᠮᠥᠷᠡᠨ ᠦ᠌ ᠡᠮᠦᠨᠡᠲᠦ ᠳ᠋ᠦ᠍ᠷ ᠳᠤᠲᠠᠭᠠᠵᠤ ᠤᠷᠭᠤᠨ ᠭᠠᠷᠤᠭᠰᠠᠨ ᠵᠣᠣ ᠣᠪᠣᠭᠲᠤ ᠶ᠋ᠢᠨ ᠡᠮᠦᠨᠡᠲᠦ ᠰᠥᠩ ᠤᠯᠤᠰ ᠤ᠋ᠨ ᠭᠣᠣᠽᠥ᠋ᠩ ᠵᠣᠣ ᠬ᠌ᠸᠣ᠂ ᠠᠯᠲᠠᠨ ᠤᠯᠤᠰ ᠲᠤᠷ ᠡᠴᠢᠭᠡ ᠪᠠ ᠠᠬ᠎ᠠ ᠾᠦᠢᠽᠥ᠋ᠩ᠂ ᠴᠢᠨᠽᠥ᠋ᠩ ᠢ᠋ ᠪᠡᠨ ᠴᠥᠮ ᠠᠮᠢᠳᠤ ᠪᠠᠷ ᠪᠠᠷᠢᠭᠤᠯᠤᠭᠠᠳ᠂ ᠡᠦ ᠭᠦᠸᠧ ᠴᠧᠩ ᠬᠣᠲᠠ ᠳ᠋ᠤᠷ ᠠᠴᠢᠷᠠᠭᠰᠠᠨ ᠠᠲᠠᠯ᠎ᠠ᠂ ᠡᠨᠡ ᠵᠣᠣ ᠬᠸᠦ ᠭᠠᠭᠴᠠᠭᠠᠷ ᠤᠷᠭᠤᠨ ᠮᠤᠯᠲᠤᠷᠠᠨ ᠭᠠᠷᠴᠤ ᠂ ᠰᠢᠪᠡᠷ ᠢ᠋ᠶ᠋ᠡᠷ ᠪᠦᠲᠦᠭᠡᠭᠰᠡᠨ ᠮᠣᠷᠢ ᠶ᠋ᠢ ᠤᠨᠤᠵᠤ ᠮᠥᠷᠡᠨ ᠢ᠋ ᠭᠡᠲᠦᠯᠦᠨ ᠳᠠᠬᠢᠨ ᠤᠯᠤᠰ ᠢ᠋ᠶ᠋ᠠᠨ ᠴᠤᠭᠯᠠᠭᠤᠯᠤᠨ᠂ ᠬᠠᠩ ᠵᠧᠦ ᠶ᠋ᠢᠨ ᠯᠢᠨ ᠠᠨ ᠴᠧᠩ ᠳ᠋ᠦ᠍ᠷ ᠺᠠᠩ ᠸᠠᠩ ᠭᠡᠮᠡᠨ ᠬᠠᠭᠠᠨ ᠰᠠᠭᠤᠭᠠᠳ ᠭᠤᠴᠢᠨ ᠵᠢᠷᠭᠤᠭᠠᠨ ᠵᠢᠯ ᠪᠣᠯᠵᠤ᠂ ᠡᠳᠦᠭᠡ ᠪᠠᠰᠠ ᠳᠥᠷᠪᠡᠨ ᠬᠠᠭᠠᠨ ᠰᠠᠭᠤᠵᠤᠬᠤᠢ᠃ ᠡᠨᠡ ᠢᠨᠣ ᠮᠠᠭᠤᠳᠠᠬᠤ ᠳᠣᠷᠣᠢᠲᠠᠬᠤ ᠂ ᠪᠠᠭᠤᠷᠠᠬᠤ ᠪᠠᠷᠠᠭᠳᠠᠬᠤ ᠰᠢᠬᠠᠭᠰᠠᠨ ᠤᠯᠤᠰ ᠪᠠᠰᠠ ᠡᠢᠨ ᠬᠦ᠌ ᠪᠥᠭᠡᠲᠡᠯ᠎ᠡ᠂ ᠡᠳᠦᠭᠡ ᠮᠠᠨ ᠤ᠋ ᠡᠨᠡ ᠮᠠᠭᠠᠳ ᠦᠨᠡᠩᠭᠦ ᠲᠡᠭᠷᠢ ᠶ᠋ᠢᠨ ᠬᠥᠪᠡᠭᠦᠨ ᠦ᠌ ᠮᠠᠨᠳᠤᠬᠤ ᠪᠠᠳᠠᠷᠠᠬᠤ ᠡᠬᠢᠨ ᠦ᠌ ᠰᠠᠶᠢ ᠡᠭᠦᠰᠬᠡᠬᠦ ᠤᠯᠤᠰ ᠲᠥᠷᠥ ᠶ᠋ᠢᠨ ᠤᠯᠠᠭᠠᠨ ᠨᠠᠷᠠᠨ ᠮᠡᠲᠦ ᠪᠣᠭᠳᠠ ᠶ᠋ᠢ ᠨᠡᠩ ᠶᠠᠭᠤᠨ ᠥᠭᠦᠯᠡᠬᠦ ? 》ᠬᠡᠮᠡᠪᠡ᠃     
           ᠡᠷᠬᠢᠮ ᠡᠷᠭᠦᠮᠵᠢᠯᠡᠯ ᠢ᠋ ᠦᠯᠦ ᠣᠢᠰᠢᠶᠠᠬᠤ ᠡᠵᠡᠨ ᠪᠣᠯᠤᠭᠴᠢᠳ ᠤ᠋ᠨ ᠬᠦᠨᠳᠦ     
           ᠡᠮᠡᠭᠡ ᠡᠬᠡ ᠶ᠋ᠢᠨ ᠡᠰᠡ ᠶᠠᠭᠠᠷᠠᠬᠤ ᠡᠭᠡᠨᠡᠭᠲᠡ ᠡᠬᠡᠨᠡᠷ ᠦ᠋ᠨ ᠮᠠᠩᠯᠠᠢ᠃     
           ᠡᠷᠳᠡᠮ ᠶᠠᠪᠤᠳᠠᠯ ᠢ᠋ ᠡᠷᠬᠢᠯᠡᠨ ᠦᠵᠡᠬᠦ ᠪᠣᠭᠳᠠ ᠬᠥᠮᠦᠨ ᠦ᠌ ᠣᠨᠣᠯ  
           ᠡᠯ᠎ᠡ ᠰᠠᠢᠳ ᠤ᠋ᠨ ᠡᠢᠨ ᠬᠦ᠌ ᠶᠠᠭᠠᠷᠠᠬᠤ ᠡᠨᠡ ᠪᠠᠰᠠᠴᠤ ᠵᠢᠷᠤᠮ ᠃