ᠥᠭᠡᠯᠦᠨ ᠪᠤᠷᠬᠠᠨ - ᠶᠣᠨᠳᠣᠨ ᠤ ᠪᠢᠯᠢᠭ᠌ - ᠪᠠᠭᠠᠲᠤᠷ Өөлөн бурхан - Ёндоны Билиг - Баатар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠥᠭᠡᠯᠦᠨ ᠪᠤᠷᠬᠠᠨ - ᠶᠣᠨᠳᠣᠨ ᠤ ᠪᠢᠯᠢᠭ᠌ - ᠪᠠᠭᠠᠲᠤᠷ Өөлөн бурхан - Ёндоны Билиг - Баатар

ᠥᠭᠡᠯᠦᠨ ᠪᠤᠷᠬᠠᠨ - ᠶᠣᠨᠳᠣᠨ ᠤ ᠪᠢᠯᠢᠭ᠌ - ᠪᠠᠭᠠᠲᠤᠷ Өөлөн бурхан - Ёндоны Билиг - Баатар

2024-05-09

245

ᠥᠭᠡᠯᠦᠨ ᠪᠤᠷᠬᠠᠨ


 ᠥᠭᠡᠯᠦᠨ ᠪᠤᠷᠬᠠᠨ ᠮᠢᠨᠢ ᠮᠡᠨᠳᠦᠯᠡᠭᠰᠡᠨ 
          ᠮᠥᠴᠡ ᠡᠴᠡ ᠪᠡᠨ ᠬᠣᠢᠰᠢ 
 ᠥᠪᠡᠷ ᠢ᠋ᠶ᠋ᠡᠨ ᠪᠤᠷᠬᠠᠨ ᠪᠠᠢᠭᠰᠠᠨ ᠢ᠋ᠶ᠋ᠠᠨ ᠴᠤ᠌ 
          ᠱᠠᠯ ᠮᠡᠳᠡᠭᠡ ᠦᠭᠡᠢ ᠠᠵᠢ 
 ᠡᠪᠡᠳᠴᠦ ᠲᠥᠷᠥᠨ ᠥᠰᠬᠡᠭᠰᠡᠨ ᠬᠦᠦ ᠨᠢ 
 ᠥᠷᠥᠨ᠎ᠡ ᠳᠣᠷᠣᠨ᠎ᠠ ᠶ᠋ᠢ ᠬᠤᠷᠢᠶᠠᠮᠵᠢᠯᠠᠨ 
 ᠳᠡᠯᠡᠬᠡᠢ ᠶᠢᠷᠲᠢᠨᠴᠦ ᠶ᠋ᠢᠨ ᠬᠠᠭᠠᠰ ᠢᠯᠡᠭᠦᠦ ᠶ᠋ᠢ 
 ᠳᠡᠪᠡᠯ ᠦ᠋ᠨ ᠢ᠋ᠶ᠋ᠡᠨ ᠬᠠᠨᠴᠤᠢ ᠳ᠋ᠤ᠌ ᠡᠨᠡᠷᠢᠭᠡᠳ 
 ᠲᠡᠭᠷᠢ ᠶ᠋ᠢᠨ ᠨᠠᠷᠠᠨ ᠮᠡᠲᠦ ᠰᠠᠴᠤᠷᠠᠭᠠᠳ ᠯᠠ 
 ᠲᠢᠪ ᠪᠥᠮᠪᠥᠷᠴᠡᠭ ᠦ᠋ᠨ ᠬᠠᠭᠠᠨ ᠪᠤᠯᠬᠤᠢ ᠳ᠋ᠤ᠌ 
 ᠥᠭᠡᠯᠦᠨ ᠡᠬᠡ ᠪᠤᠷᠬᠠᠨ ᠭᠡᠳᠡᠭ ᠢ᠋ᠶ᠋ᠡᠨ ᠯᠡ 
 ᠥᠪᠡᠷ ᠢ᠋ᠶ᠋ᠡᠨ ᠮᠠᠰᠢ ᠭᠦᠨᠵᠡᠭᠡᠢ ᠮᠡᠳᠡᠷᠡᠪᠡᠢ 
 ᠪᠦᠬᠦ ᠪᠥᠮᠪᠥᠷᠴᠡᠭ ᠦ᠋ᠨ ᠢᠰᠡᠭᠡᠢ ᠲᠤᠭᠤᠷᠭᠠᠲᠠᠨ 
 ᠶᠢᠰᠦᠨ ᠡᠷᠳᠡᠨᠢ ᠶ᠋ᠢᠨ ᠣᠷᠣᠢ ᠶ᠋ᠢᠨ ᠴᠢᠮᠡᠭ 
 ᠥᠭᠡᠯᠦᠨ ᠡᠬᠡ ᠪᠤᠷᠬᠠᠨ ᠢ᠋ᠶ᠋ᠠᠨ ᠯᠠ 
 ᠥᠨᠢ ᠡᠭᠦᠷᠢᠳᠡ ᠮᠠᠷᠲᠠᠰᠢ ᠦᠭᠡᠢ ᠪᠡᠷ 
 ᠥᠨᠢ ᠮᠥᠩᠬᠡ ᠶ᠋ᠢᠨ ᠬᠠᠲᠤᠨ ᠪᠤᠷᠬᠠᠨ ᠢ᠋ᠶ᠋ᠠᠨ 
 ᠦᠶ᠎ᠡ ᠶ᠋ᠢᠨ ᠦᠶ᠎ᠡ ᠳ᠋ᠦ᠍ᠷ ᠲᠠᠬᠢᠲᠤᠭᠠᠢ 
 ᠮᠥᠩᠬᠡ ᠶ᠋ᠢᠨ ᠮᠥᠩᠬᠡ 
 ᠪᠤᠷᠬᠠᠨ ᠠᠴᠠ ᠲᠥᠷᠥᠭᠰᠡᠨ
 ᠮᠥᠩᠬᠡ ᠶᠢᠨ ᠮᠥᠩᠬᠡ
 ᠪᠣᠭᠳᠠ ᠴᠢᠩᠭᠢᠰ ᠬᠠᠭᠠᠨ ᠢ᠋ ᠪᠡᠨ 
 ᠮᠥᠷᠥᠭᠡᠳᠦᠨ ᠮᠥᠷᠥᠭᠡᠳᠦᠨ ᠲᠠᠬᠢᠲᠤᠭᠠᠢ 
 ᠥᠭᠡᠯᠦᠨ ᠪᠤᠷᠬᠠᠨ ᠪᠠᠢᠭ᠎ᠠ ᠦᠭᠡᠢ ᠪᠣᠯ 
 ᠥᠨᠢᠳᠡ ᠶ᠋ᠢᠨ ᠲᠡᠮᠦᠵᠢᠨ ᠪᠠᠢᠰᠢ ᠦᠭᠡᠢ 
 ᠮᠣᠩᠭᠣᠯ ᠶᠢᠷᠲᠢᠨᠴᠦ ᠶ᠋ᠢᠨ ᠲᠡᠭᠷᠢ ᠳ᠋ᠦ᠍ 
 ᠮᠥᠩᠬᠡ ᠶ᠋ᠢᠨ ᠪᠤᠷᠬᠠᠨ ᠪᠣᠭᠳᠠ ᠪᠣᠯᠪᠠᠰᠤ 
 ᠮᠥᠮᠥ ᠬᠦᠦ ᠥᠭᠡᠯᠦᠨ ᠴᠢᠩᠭᠢᠰ ᠬᠡᠮᠡᠬᠦ 
 ᠮᠥᠩᠬᠡ ᠶ᠋ᠢᠨ ᠬᠣᠣᠰ ᠨᠠᠷᠠᠨ ᠯᠠ ᠶᠤᠮ ᠠ᠋ 
 ᠥᠭᠡᠯᠦᠨ ᠥᠭᠡᠯᠦᠨ ᠥᠭᠡᠯᠦᠨ ᠪᠤᠷᠬᠠᠨ 
 ᠴᠢᠩᠭᠢᠰ ᠴᠢᠩᠭᠢᠰ ᠴᠢᠩᠭᠢᠰ ᠪᠣᠭᠳᠠ  
 ᠥᠭᠡᠯᠦᠨ ᠥᠭᠡᠯᠦᠨ ᠥᠭᠡᠯᠦᠨ ᠪᠤᠷᠬᠠᠨ 
 ᠴᠢᠩᠭᠢᠰ ᠴᠢᠩᠭᠢᠰ ᠴᠢᠩᠭᠢᠰ ᠪᠣᠭᠳᠠ
 ᠥᠭᠡᠯᠦᠨ ᠥᠭᠡᠯᠦᠨ ᠥᠭᠡᠯᠦᠨ ᠪᠤᠷᠬᠠᠨ 
 ᠴᠢᠩᠭᠢᠰ ᠴᠢᠩᠭᠢᠰ ᠴᠢᠩᠭᠢᠰ ᠪᠣᠭᠳᠠ  
   ᠁ ᠁ ᠁  

        2024᠂ 5᠂ 9᠃ 
          ᠨᠠᠷᠠᠨ ᠴᠢᠩᠭ᠎ᠠ ᠥᠨᠳᠥᠷ  
                ᠵᠢᠩ ᠦᠳᠡ ᠳ᠋ᠦ᠍᠃

     ᠰᠢᠯᠦᠭ ᠪᠦᠲᠦᠭᠡᠳᠡᠭ ᠰᠢᠷᠭᠠᠯ ᠬᠠᠳᠠᠨ ᠪᠢᠴᠢᠭ ᠦ᠋ᠨ ᠰᠢᠷᠡᠭᠡᠨ ᠳᠡᠭᠡᠷ᠎ᠡ ᠪᠡᠨ 
           ᠬᠥᠬᠡᠬᠣᠲᠠᠨ᠎ᠠ ᠮᠠᠰᠢᠳᠠ ᠬᠢᠴᠢᠶᠡᠩᠭᠦᠢᠯᠡᠨ ᠬᠢᠨᠠᠮᠠᠭᠠᠢ ᠪᠦᠲᠦᠭᠡᠪᠡᠢ᠃