ᠳᠤᠷᠠᠰᠤᠯ ᠬᠠᠢᠷ᠎ᠠ ᠶ᠋ᠢᠨ ᠠᠷᠤ ᠬᠣᠷᠴᠢᠨДурсал хайрын ар хорчин
ᠳᠤᠷᠠᠰᠤᠯ ᠬᠠᠢᠷ᠎ᠠ ᠶ᠋ᠢᠨ ᠠᠷᠤ ᠬᠣᠷᠴᠢᠨ
ᠬᠠᠬᠢᠷ ᠤ᠋ᠨ ᠭᠣᠣᠯ ᠨᠢ ᠪᠡᠯᠴᠢᠭᠡᠷ ᠤᠮᠳᠠᠯᠠᠭᠰᠠᠨ
ᠬᠠᠨ ᠠᠭᠤᠯᠠ ᠶ᠋ᠢᠨ ᠣᠷᠣᠢ ᠲᠩᠷᠢ ᠡᠷᠭᠦᠭᠰᠡᠨ
ᠬᠦᠯᠦᠭ ᠦ᠋ᠨ ᠳᠠᠪᠬᠢᠭ᠎ᠠ ᠬᠤᠷ᠎ᠠ ᠶ᠋ᠢᠨ ᠢᠰᠬᠡᠷᠦᠭᠡ ᠲᠡᠢ
ᠬᠦᠰᠡᠯ ᠢ᠋ ᠮᠢᠨᠢ ᠪᠦᠪᠡᠢᠯᠡᠭᠰᠡᠨ ᠳᠤᠯᠠᠭᠠᠬᠠᠨ ᠥᠯᠥᠭᠡᠢ
ᠪᠠᠭᠤᠳᠠᠯ ᠨᠡᠭᠦᠳᠡᠯ ᠲᠡᠢ ᠠᠷᠤ ᠬᠣᠷᠴᠢᠨ ᠮᠢᠨᠢ
ᠪᠤᠭᠤᠷᠤᠯ ᠲᠡᠦᠬᠡ ᠲᠡᠢ ᠰᠠᠢᠬᠠᠨ ᠨᠤᠲᠤᠭ ᠠ᠋
ᠬᠦᠰᠡᠯ ᠢᠲᠡᠭᠡᠯ ᠲᠡᠢ ᠠᠷᠤ ᠬᠣᠷᠴᠢᠨ ᠮᠢᠨᠢ
ᠬᠥᠭᠵᠢᠯ ᠪᠠᠳᠠᠷᠠᠯ ᠤ᠋ᠨ ᠠᠯᠲᠠᠨ ᠲᠤᠤᠯᠢᠰ ᠠ᠋᠂
ᠤᠶᠠᠬᠠᠨ ᠰᠠᠷᠠᠯᠠᠩ ᠨᠢ ᠤᠰᠤᠨ ᠳ᠋ᠤ᠌ ᠪᠠᠨ ᠳᠣᠬᠢᠯᠵᠠᠭᠰᠠᠨ
ᠤᠯᠠᠭᠠᠨ ᠴᠢᠪᠠᠭ᠎ᠠ ᠨᠢ ᠠᠭᠤᠯᠠᠨ ᠳ᠋ᠤ᠌ ᠪᠠᠨ ᠪᠥᠮᠪᠥᠭᠡᠨᠡᠭᠰᠡᠨ
ᠤᠷᠲᠤ ᠶ᠋ᠢᠨ ᠳᠠᠭᠤᠨ ᠳ᠋ᠤ᠌ ᠪᠠᠨ ᠰᠡᠳᠬᠢᠯ ᠭᠡᠭᠡᠯᠵᠡᠭᠰᠡᠨ
ᠤᠭᠤᠷᠠᠭ ᠰᠦ ᠡᠴᠡ ᠨᠢ ᠢᠷᠦᠭᠡᠯ ᠠᠮᠲᠠᠯᠠᠭᠳᠠᠭᠰᠠᠨ
ᠪᠠᠭᠤᠳᠠᠯ ᠨᠡᠭᠦᠳᠡᠯ ᠲᠡᠢ ᠠᠷᠤ ᠬᠣᠷᠴᠢᠨ ᠮᠢᠨᠢ
ᠪᠤᠭᠤᠷᠤᠯ ᠲᠡᠦᠬᠡ ᠲᠡᠢ ᠰᠠᠢᠬᠠᠨ ᠨᠤᠲᠤᠭ ᠠ᠋
ᠬᠦᠰᠡᠯ ᠢᠲᠡᠭᠡᠯ ᠲᠡᠢ ᠠᠷᠤ ᠬᠣᠷᠴᠢᠨ ᠮᠢᠨᠢ
ᠬᠥᠭᠵᠢᠯ ᠪᠠᠳᠠᠷᠠᠯ ᠤ᠋ᠨ ᠠᠯᠲᠠᠨ ᠲᠤᠤᠯᠢᠰ ᠠ᠋᠂
ᠦᠰᠦᠭ ᠠᠮᠢᠯᠠᠭᠤᠯᠤᠭᠴᠢ᠄ ᠤᠷᠢᠶᠠᠩᠬᠠᠢ ᠨᠠᠷᠠᠨᠮᠠᠨᠳᠠ
