ᠳᠤᠷᠠᠯᠠᠭᠰᠠᠨ ᠨᠢᠳᠦ᠎ - ᠪ ∙ ᠪᠠᠶᠠᠷᠴᠡᠴᠡᠭДурласан нүд - Б.Баярцэцэг ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳᠤᠷᠠᠯᠠᠭᠰᠠᠨ ᠨᠢᠳᠦ᠎ - ᠪ ∙ ᠪᠠᠶᠠᠷᠴᠡᠴᠡᠭДурласан нүд - Б.Баярцэцэг

ᠳᠤᠷᠠᠯᠠᠭᠰᠠᠨ ᠨᠢᠳᠦ᠎ - ᠪ ∙ ᠪᠠᠶᠠᠷᠴᠡᠴᠡᠭДурласан нүд - Б.Баярцэцэг

ᠠᠩᠭᠢᠯᠠᠯ:ᠳᠠᠭᠤᠤ ᠬᠥᠭᠵᠢᠮ
2024-05-13

898

ᠳᠤᠷᠠᠯᠠᠭᠰᠠᠨ ᠨᠢᠳᠦ

   ᠦᠭᠡ᠄ ᠳ᠂ ᠭᠠᠩᠸᠴᠢᠷ  
   ᠠᠶ᠎ᠠ᠄ ᠰ᠂ ᠭᠠᠩᠲᠦ᠋ᠷᠦ 
   ᠳᠠᠭᠤᠴᠢᠨ᠄  ᠪ᠂ ᠪᠠᠶᠠᠷᠴᠡᠴᠡᠭ 
ᠳᠤᠷᠠᠯᠠᠯ ᠶᠠᠭ ᠪᠣᠷᠣᠭ᠎ᠠ ᠰᠢᠭ᠋ ᠠᠰᠬᠠᠷᠠᠨ᠎ᠠ 
ᠳᠤᠮᠳᠠ ᠨᠢ ᠠᠭᠤᠰᠴᠢᠬᠠᠬᠤ ᠦᠭᠡᠢ 
ᠭᠡᠬᠦ ᠳ᠋ᠡᠭᠡᠨ ᠨᠢᠳᠦ ᠤᠷᠤᠭᠤ ᠴᠢᠨᠢ ᠰᠢᠷᠳᠡᠨ᠎ᠡ 
ᠬᠠᠢᠷ᠎ᠠ ᠶ᠋ᠢ ᠮᠢᠨᠢ ᠴᠢ ᠥᠪᠡᠷ ᠤᠷᠤᠭᠤ ᠪᠠᠨ ᠡᠷᠭᠢᠭᠦᠯᠦᠨ᠎ᠡ ᠠ᠋ 
ᠬᠠᠵᠠᠭᠤ ᠳ᠋ᠤ᠌ ᠴᠢᠨᠢ ᠪᠠᠢᠬᠤ ᠳ᠋ᠤ᠌ ᠶᠠᠭᠠᠬᠢᠭᠠᠳ ᠡᠢᠮᠦ ᠰᠠᠢᠬᠠᠨ ᠪᠣᠢ 
ᠨᠢᠳᠦᠨ ᠳ᠋ᠦ᠍ ᠴᠢᠨᠢ᠂ ᠵᠢᠷᠦᠬᠡᠨ ᠳ᠋ᠦ᠍ ᠴᠢᠨᠢ 
ᠨᠢᠭᠡ ᠯᠡ ᠠᠮᠢᠳᠤᠷᠠᠮᠠᠷ ᠪᠠᠢᠨ᠎ᠠ
ᠬᠦᠰᠡᠯ ᠳ᠋ᠦ᠍ ᠴᠢᠨᠢ᠂ ᠰᠡᠳᠬᠢᠯ ᠳ᠋ᠦ᠍ ᠴᠢᠨᠢ
ᠨᠢᠭᠡᠯᠡ ᠡᠷᠬᠡᠯᠡᠮᠡᠷ ᠪᠠᠢᠨ᠎ᠠ
ᠴᠢ ᠮᠢᠨᠦ ᠰᠡᠳᠬᠢᠯ ᠦ᠋ᠨ ᠴᠢᠯᠥᠭᠡᠨ ᠳ᠋ᠦ᠍ ᠲᠤᠰᠤᠭᠰᠠᠨ ᠨᠠᠷᠠ
ᠴᠢᠮᠡᠭᠡ ᠦᠭᠡᠢ ᠰᠢᠷᠲᠡᠬᠦ ᠴᠢᠨᠢ ᠨᠠᠳᠠ ᠳ᠋ᠤ᠌ ᠲᠠᠭᠠᠯᠠᠭᠳᠠᠳᠠᠭ

ᠳᠤᠷᠠᠯᠠᠯ ᠶᠠᠭ ᠴᠡᠴᠡᠭ ᠰᠢᠭ ᠳᠡᠯᠭᠡᠷᠡᠨ᠎ᠡ
ᠳᠤᠮᠳᠠ ᠨᠢ ᠠᠭᠤᠰᠴᠢᠬᠠᠬᠤ ᠦᠭᠡᠢ
ᠭᠡᠬᠦ ᠳ᠋ᠡᠭᠡᠨ ᠬᠠᠷᠠᠴᠠ ᠶ᠋ᠢ ᠴᠢᠨᠢ ᠪᠤᠯᠢᠶᠠᠨ᠎ᠠ
ᠰᠡᠳᠬᠢᠯ ᠢ᠋ ᠮᠢᠨᠢ ᠴᠢ ᠥᠪᠡᠷ ᠤᠷᠤᠭᠤ ᠪᠠᠨ ᠢᠲᠡᠭᠡᠭᠦᠯᠦᠨ᠎ᠡ ᠠ᠋
ᠰᠡᠷᠡᠵᠦ ᠪᠣᠯᠬᠤ ᠦᠭᠡᠢ ᠵᠡᠭᠦᠳᠦ ᠰᠢᠭ ᠶᠠᠮᠠᠷ ᠰᠠᠢᠬᠠᠨ ᠪᠣᠢ
ᠬᠦᠰᠡᠯ ᠳ᠋ᠦ᠍ ᠴᠢᠨᠢ᠂ ᠰᠡᠳᠬᠢᠯ ᠳ᠋ᠦ᠍ ᠴᠢᠨᠢ
ᠨᠢᠭᠡ ᠯᠡ ᠡᠷᠬᠡᠯᠡᠮᠡᠷ ᠪᠠᠢᠨ᠎ᠠ
ᠠᠯᠭᠠᠨ ᠳ᠋ᠤ᠌ ᠴᠢᠨᠢ᠂ ᠠᠨᠢᠰᠬᠠᠨ ᠳ᠋ᠤ᠌ ᠴᠢᠨᠢ
ᠨᠢᠭᠡᠯᠡ ᠵᠢᠷᠭᠠᠮᠠᠷ ᠪᠠᠢᠨ᠎ᠠ
ᠴᠢ ᠮᠢᠨᠦ ᠰᠡᠳᠬᠢᠯ ᠦ᠋ᠨ ᠴᠢᠯᠥᠭᠡᠨ ᠳ᠋ᠦ᠍ ᠲᠤᠰᠤᠭᠰᠠᠨ ᠨᠠᠷᠠ
ᠴᠢᠮᠡᠭᠡ ᠦᠭᠡᠢ ᠰᠢᠷᠳᠡᠬᠦ ᠴᠢᠨᠢ ᠨᠠᠳᠠ ᠳ᠋ᠤ᠌ ᠲᠠᠭᠠᠯᠠᠭᠳᠠᠳᠠᠭ

ᠨᠢᠳᠦᠨ ᠳ᠋ᠦ᠍ ᠴᠢᠨᠢ᠂ ᠵᠢᠷᠦᠬᠡᠨ ᠳ᠋ᠦ᠍ ᠴᠢᠨᠢ
ᠨᠢᠭᠡᠯᠡ ᠠᠮᠢᠳᠤᠷᠠᠮᠠᠷ ᠪᠠᠢᠨ᠎ᠠ
ᠬᠦᠰᠡᠯ ᠳ᠋ᠦ᠍ ᠴᠢᠨᠢ᠂ ᠰᠡᠳᠬᠢᠯ ᠳ᠋ᠦ᠍ ᠴᠢᠨᠢ
ᠨᠢᠭᠡᠯᠡ ᠡᠷᠬᠡᠯᠡᠮᠡᠷ ᠪᠠᠢᠨ᠎ᠠ
ᠴᠢ ᠮᠢᠨᠦ ᠰᠡᠳᠬᠢᠯ ᠦ᠋ᠨ ᠴᠢᠯᠥᠭᠡᠨ ᠳ᠋ᠦ᠍ ᠲᠤᠰᠤᠭᠰᠠᠨ ᠨᠠᠷᠠ
ᠴᠢᠮᠡᠭᠡ ᠦᠭᠡᠢ ᠰᠢᠷᠳᠡᠬᠦ ᠴᠢᠨᠢ ᠨᠠᠳᠠ ᠳ᠋ᠤ᠌ ᠲᠠᠭᠠᠯᠠᠭᠳᠠᠳᠠᠭ
ᠢᠷᠡᠬᠦ ᠪᠣᠯᠭᠠᠨ ᠳ᠋ᠤ᠌ ᠴᠢᠨᠢ ᠰᠡᠳᠬᠢᠯ ᠳ᠋ᠦ᠍ ᠨᠠᠷᠠᠨ ᠮᠠᠨᠳᠤᠨ᠎ᠠ
ᠡᠷᠭᠢᠭᠡᠳ ᠪᠤᠴᠠᠬᠤ ᠳ᠋ᠤ᠌ ᠴᠢᠨᠢ ᠰᠠᠷᠠ ᠭᠠᠷᠴᠤ ᠪᠢ ᠵᠡᠭᠦᠳᠦᠯᠡᠳᠡᠭ

ᠨᠢᠳᠦᠨ ᠳ᠋ᠦ᠍ ᠴᠢᠨᠢ····

   ᠦᠰᠦᠭ ᠠᠮᠢᠯᠠᠭᠤᠯᠤᠭᠰᠠᠨ ᠨᠢ ᠄ ᠬᠠᠨᠳᠠᠵᠠᠪ
   ᠦᠰᠦᠭ ᠬᠠᠲᠠᠭᠰᠠᠨ ᠨᠢ ᠄ ᠬᠠᠨᠳᠠᠵᠠᠪ