ᠬᠢᠶᠠᠭ Хиаг

ᠬᠢᠶᠠᠭ (ᠬᠠᠷ᠎ᠠ ᠬᠢᠶᠠᠭ)
ᠦᠶᠡᠲᠦ ᠤᠷᠭᠤᠮᠠᠯ ᠤ᠋ᠨ ᠢᠵᠠᠭᠤᠷ
ᠣᠯᠠᠨ ᠨᠠᠰᠤᠲᠤ ᠡᠪᠡᠰᠦᠯᠢᠭ ᠤᠷᠭᠤᠮᠠᠯ᠂ ᠦᠨᠳᠦᠰᠦᠯᠢᠭ ᠡᠰᠢ ᠲᠡᠢ᠂ ᠡᠯᠡᠰᠦᠨ ᠲᠣᠭᠳᠣᠢ ᠪᠦᠬᠦᠢ ᠰᠠᠬᠠᠯ ᠦᠨᠳᠦᠰᠦ ᠲᠡᠢ᠃ ᠰᠦᠷᠡᠯ ᠨᠢ ᠭᠠᠭᠴᠠᠭᠠᠷ ᠪᠤᠶᠤ ᠴᠥᠭᠡᠬᠡᠨ ᠬᠡᠳᠦ ᠪᠡᠷ ᠪᠤᠲᠠᠯᠠᠵᠤ ᠤᠷᠭᠤᠨ᠎ᠠ᠂ ᠰᠢᠯᠤᠭᠤᠨ᠂ ᠦᠰᠦ ᠦᠭᠡᠢ᠂ 30—90cm ᠥᠨᠳᠥᠷ᠂ 2—3 ᠦᠶ᠎ᠡ ᠲᠡᠢ᠂ ᠣᠵᠣᠭᠣᠷ ᠲᠤᠨᠢ ᠰᠢᠷᠬᠡᠭ ᠮᠡᠲᠦ ᠪᠣᠯᠤᠭᠰᠠᠨ ᠬᠤᠪᠠᠬᠠᠢᠷᠠᠭᠰᠠᠨ ᠨᠠᠪᠴᠢᠨ ᠤ᠋ ᠲᠣᠭᠳᠣᠢ ᠶ᠋ᠢᠨ ᠦᠯᠡᠳᠡᠭᠳᠡᠯ ᠪᠣᠢ᠃ ᠨᠠᠪᠴᠢ ᠨᠢ 7—14cm ᠤᠷᠲᠤ᠂ 3—5mm ᠥᠷᠭᠡᠨ᠂ ᠬᠠᠲᠠᠭᠤ ᠮᠥᠷᠲᠡᠭᠡᠨ ᠵᠤᠵᠠᠭᠠᠨ᠂ ᠲᠡᠭᠰᠢᠬᠡᠨ ᠬᠠᠪᠲᠠᠭᠠᠢ᠂ ᠭᠡᠪᠡᠴᠦ ᠭᠠᠩ ᠬᠠᠭᠤᠷᠠᠢ ᠪᠣᠯᠪᠠᠯ ᠳᠣᠲᠣᠭᠰᠢ ᠬᠤᠮᠢᠷᠠᠨ᠎ᠠ᠂ ᠳᠡᠭᠡᠳᠦ ᠲᠠᠯ᠎ᠠ ᠪᠣᠯᠤᠨ ᠬᠥᠪᠡᠭᠡ ᠨᠢ ᠠᠷᠵᠠᠭᠠᠷ᠃ ᠲᠦᠷᠦᠭᠦᠦ ᠬᠡᠯᠪᠡᠷᠢᠲᠦ ᠪᠠᠭ ᠴᠡᠴᠡᠭ ᠨᠢ12—18cm ᠤᠷᠲᠤ᠂ 6—10mm ᠥᠷᠭᠡᠨ᠂ ᠰᠢᠯᠤᠭᠤᠨ ᠤᠷᠭᠤᠨ᠎ᠠ ; ᠵᠢᠵᠢᠭ ᠲᠦᠷᠦᠭᠦᠦ ᠨᠢ 10—20mm ᠤᠷᠲᠤ᠂ 5—10 ᠴᠡᠴᠡᠭ ᠲᠡᠢ᠂ ᠴᠠᠭᠠᠪᠲᠤᠷ ᠨᠣᠭᠣᠭᠠᠨ᠂ ᠪᠣᠯᠪᠠᠰᠤᠷᠠᠪᠠᠯ ᠰᠢᠷ᠎ᠠ ᠪᠣᠯᠵᠤ ᠬᠤᠪᠢᠷᠠᠨ᠎ᠠ᠂ ᠲᠦᠷᠦᠭᠦᠦ ᠶ᠋ᠢᠨ ᠲᠡᠩᠭᠡᠯᠢᠭ ᠦ᠋ᠨ ᠦᠶ᠎ᠡ ᠪᠦᠷᠢ ᠳ᠋ᠦ᠍ ᠬᠣᠣᠰ ᠢ᠋ᠶ᠋ᠠᠷ ᠪᠤᠶᠤ ᠦᠵᠦᠭᠦᠷ ᠪᠣᠯᠤᠨ ᠳᠣᠣᠷᠠᠲᠤ ᠬᠡᠰᠡᠭ ᠦ᠋ᠨ ᠦᠶ᠎ᠡ ᠪᠦᠷᠢ ᠳ᠋ᠦ᠍ ᠭᠠᠭᠴᠠᠭᠠᠷ ᠤᠷᠭᠤᠨ᠎ᠠ ; ᠵᠢᠵᠢᠭ ᠲᠦᠷᠦᠭᠦᠦ ᠶ᠋ᠢᠨ ᠲᠡᠩᠭᠡᠯᠢᠭ ᠨᠢ ᠭᠢᠯᠦᠭᠡᠷ ; ᠬᠠᠯᠢᠰᠤ ᠨᠢ ᠰᠢᠪᠦᠭᠡᠨ ᠬᠡᠯᠪᠡᠷᠢ ᠲᠡᠢ᠂ ᠬᠠᠲᠠᠭᠤ᠂ ᠨᠢᠭᠡ ᠯᠡ ᠰᠤᠳᠠᠯ ᠲᠠᠢ᠂ ᠠᠷᠤ ᠲᠠᠯ᠎ᠠ ᠶ᠋ᠢᠨ ᠳᠤᠮᠳᠠ ᠠ᠋ᠴᠠ ᠳᠣᠭᠣᠭᠰᠢ ᠬᠡᠰᠡᠭ ᠨᠢ ᠭᠢᠯᠦᠭᠡᠷ ᠪᠠᠢᠵᠤ ᠳᠡᠭᠡᠳᠦ ᠬᠡᠰᠡᠭ ᠨᠢ ᠠᠷᠵᠠᠭᠠᠷ ᠮᠥᠷᠲᠡᠭᠡᠨ ᠨᠠᠷᠢᠨ ᠰᠢᠷᠬᠡᠭ ᠦᠰᠦ ᠪᠦᠬᠦᠢ ᠬᠥᠪᠡᠭᠡ ᠲᠡᠢ᠂ ᠭᠠᠳᠠᠷ ᠬᠡᠪᠡᠭ ᠦ᠋ᠨ ᠶᠠᠭ ᠠᠷᠤ ᠠ᠋ᠴᠠ ᠨᠢ ᠪᠦᠷᠬᠦᠵᠦ ᠤᠷᠭᠤᠭᠰᠠᠨ ᠦᠭᠡᠢ ᠲᠤᠯᠠ ᠭᠠᠳᠠᠷ ᠬᠡᠪᠡᠭ ᠦ᠋ᠨ ᠤᠭ ᠤ᠋ᠨ ᠬᠡᠰᠡᠭ ᠨᠢ ᠢᠯᠡ ᠭᠠᠷᠳᠠᠭ ; ᠨᠢᠭᠡᠳᠦᠭᠡᠷ ᠬᠠᠯᠢᠰᠤ ᠨᠢ 5—9mm ᠤᠷᠲᠤ ; ᠭᠠᠳᠠᠷ ᠬᠡᠪᠡᠭ ᠨᠢ ᠭᠢᠯᠦᠭᠡᠷ᠂ᠨᠠᠷᠢᠨ᠂ ᠲᠣᠷᠭᠠᠨ ᠬᠠᠯᠢᠰᠤᠯᠢᠭ ᠬᠥᠪᠡᠭᠡ ᠲᠡᠢ ᠂ ᠱᠣᠪᠣᠭᠣᠷ ᠪᠤᠶᠤ ᠰᠤᠷ ᠮᠡᠲᠦ ᠦᠵᠦᠭᠦᠷ ᠲᠡᠢ ; ᠰᠠᠭᠤᠷᠢ ᠲᠠᠪᠠᠭ ᠨᠢ ᠭᠢᠯᠦᠭᠡᠷ ; ᠳᠣᠲᠣᠷ ᠬᠡᠪᠡᠭ ᠦ᠋ᠨ ᠦᠵᠦᠭᠦᠷ ᠨᠢ ᠶᠡᠷᠦ ᠳ᠋ᠡᠭᠡᠨ ᠪᠠᠬᠠᠨ ᠣᠨᠢ ᠲᠠᠢ ; ᠲᠣᠭᠣᠰᠣᠪᠴᠢ ᠨᠢ 3—4mm ᠤᠷᠲᠤ᠃
ᠬᠡᠭᠡᠷ᠎ᠡ ᠲᠠᠯ᠎ᠠ᠂ ᠴᠢᠭᠢᠭᠲᠡᠢ ᠭᠠᠵᠠᠷ᠂ ᠭᠣᠣᠯ ᠤ᠋ᠨ ᠬᠥᠪᠡᠭᠡ᠂ ᠪᠣᠭᠣᠨᠢᠬᠠᠨ ᠠᠭᠤᠯᠠ ᠶ᠋ᠢᠨ ᠬᠠᠵᠠᠭᠤ ᠳ᠋ᠤ᠌ ᠪᠦᠷ ᠤᠷᠭᠤᠨ᠎ᠠ᠃ ᠬᠦᠢᠲᠡᠨ᠂ ᠭᠠᠩ ᠬᠠᠭᠤᠷᠠᠢ᠂ ᠬᠤᠵᠢᠷ ᠳᠤ ᠲᠡᠰᠪᠦᠷᠢᠲᠡᠢ ᠪᠡᠷ ᠦᠯᠦ ᠪᠠᠷᠠᠨ ᠮᠠᠯ ᠤᠨᠤᠭᠠᠨ ᠤ᠋ ᠭᠢᠰᠬᠢᠯᠡᠬᠦ ᠳ᠋ᠦ᠍ ᠪᠠᠰᠠ ᠲᠡᠰᠪᠦᠷᠢᠲᠡᠢ᠃
ᠮᠠᠨ ᠤ᠋ ᠤᠯᠤᠰ ᠤ᠋ᠨ ᠥᠪᠥᠷ ᠮᠣᠩᠭᠣᠯ᠂ ᠰᠢᠨᠵᠢᠶᠠᠩ᠂ ᠱᠠᠨ ᠰᠢ᠂ ᠱᠠᠨᠰᠢ᠂ ᠾᠧᠪᠧᠢ ᠬᠢᠭᠡᠳ ᠵᠡᠭᠦᠨ ᠬᠣᠢᠲᠤ ᠣᠷᠣᠨ ᠳ᠋ᠤ᠌ ᠪᠦᠷ ᠤᠷᠭᠤᠳᠠᠭ᠃
ᠰᠠᠢᠨ ᠪᠣᠷᠳᠣᠭ᠎ᠠ᠃ ᠣᠳᠣ ᠶᠡᠬᠡ ᠬᠡᠮᠵᠢᠶ᠎ᠡ ᠪᠡᠷ ᠠᠷᠠᠴᠢᠯᠠᠨ ᠲᠠᠷᠢᠵᠤ ᠪᠣᠢ᠃
ᠬᠢᠲᠠᠳ ᠨᠡᠷ᠎ᠡ᠄羊草(碱草)
ᠠᠩᠭ᠌ᠯᠢ ᠨᠡᠷ᠎ᠡ᠄ Leymus chinensis (Trin. ex Bunge) Tzvel.
ᠦᠰᠦᠭ ᠠᠮᠢᠯᠠᠭᠤᠯᠤᠭᠴᠢ᠄ ᠳ᠂ ᠡᠷᠬᠢᠮᠪᠠᠭᠠᠲᠤᠷ
ᠬᠢᠨᠠᠭᠴᠢ᠄ ᠫᠣ· ᠴᠠᠭᠠᠨ
