ᠪᠣᠭᠳᠠ ᠯᠣᠣᠶᠠ ᠶ᠋ᠢᠨ ᠪᠦᠷᠢᠨ ᠲᠥᠯᠭᠡ  81~90 Богд лууяны бүрэн төлөг 81~90 ᠵᠠᠩ ᠦᠢᠯᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠣᠭᠳᠠ ᠯᠣᠣᠶᠠ ᠶ᠋ᠢᠨ ᠪᠦᠷᠢᠨ ᠲᠥᠯᠭᠡ  81~90 Богд лууяны бүрэн төлөг 81~90

ᠪᠣᠭᠳᠠ ᠯᠣᠣᠶᠠ ᠶ᠋ᠢᠨ ᠪᠦᠷᠢᠨ ᠲᠥᠯᠭᠡ  81~90 Богд лууяны бүрэн төлөг 81~90

ᠠᠩᠭᠢᠯᠠᠯ:ᠵᠠᠩ ᠦᠢᠯᠡ
2024-05-12

307


      ᠨᠠᠶᠠᠨ ᠨᠢᠭᠡᠳᠦᠭᠡᠷ ᠲᠥᠯᠭᠡ : ᠬᠠᠷ᠎ᠠ ᠬᠥᠬᠡ᠂ ᠳᠤᠮᠳᠠ ᠲᠡᠭᠰᠢ᠂ ᠲᠥᠯᠭᠡ ᠶ᠋ᠢᠨ ᠪᠡᠯᠭᠡ ᠠᠨᠤ : ᠬᠦᠩ ᠯᠠᠢ ᠶᠠᠩ ᠳ᠋ᠤᠷ ᠲᠦᠰᠢᠮᠡᠯ ᠰᠠᠭᠤᠭᠰᠠᠨ : ᠴᠢᠨᠦ ᠡᠳ᠋ ᠢ᠋ ᠵᠢᠭᠡᠯᠡᠭᠰᠡᠨ ᠪᠥᠭᠡᠰᠦ ᠲᠥᠯᠥᠵᠦ ᠥᠭᠬᠦ ᠬᠡᠷᠡᠭᠲᠡᠢ ᠂ ᠠᠷᠭ᠎ᠠ ᠵᠠᠯᠢ ᠡᠭᠦᠰᠬᠡᠵᠦ ᠪᠣᠷᠴᠢᠭᠴᠢ ᠥᠪᠡᠰᠦᠪᠡᠨ ᠮᠡᠳᠡᠬᠦ ᠪᠡᠷ ᠂ ᠥᠨᠳᠥᠷ ᠲᠠᠪᠴᠠᠩ ᠤ᠋ᠨ ᠳᠡᠭᠡᠷ᠎ᠡ ᠭᠡᠭᠡᠨ ᠰᠠᠷᠠᠨ ᠲᠣᠯᠢᠨ ᠮᠡᠲᠦ᠂ ᠠᠪᠴᠤ ᠢᠷᠡᠭᠡᠳ ᠤᠷᠭᠠᠭᠤᠯᠤᠨ ᠣᠷᠣᠭᠤᠯᠪᠠᠰᠤ ᠠᠷᠭ᠎ᠠ ᠴᠢᠨᠢ ᠠᠪᠲᠠᠮᠤ᠃ 
      ᠪᠣᠭᠳᠠ ᠶ᠋ᠢᠨ ᠲᠠᠭᠠᠯᠠᠯ : ᠬᠠᠭᠤᠷᠮᠠᠭ ᠪᠢᠲᠡᠭᠡᠢ ᠵᠠᠷᠭᠤᠯᠠ᠂ ᠬᠡᠪ ᠢ ᠳᠠᠭᠠᠲᠤᠭᠠᠢ᠂ ᠡᠪᠡᠳᠴᠢᠳᠡᠨ᠎ᠡ ᠡᠮᠴᠢ ᠤᠴᠠᠷᠠᠮᠤᠢ᠂ ᠨᠡᠷ᠎ᠡ ᠠᠯᠳᠠᠷ ᠲᠤᠷ ᠪᠢᠲᠡᠭᠡᠢ ᠭᠣᠷᠢᠯᠠ᠂ ᠤᠷᠤᠭ ᠢ ᠬᠢᠴᠢᠶᠡᠲᠦᠭᠡᠢ᠂ ᠬᠡᠷᠡᠭ ᠢ ᠬᠢᠨᠠᠵᠤ ᠰᠢᠳᠬᠡ᠂ ᠵᠢᠷᠮᠦᠰᠦᠨ ᠠᠮᠤᠷ ᠮᠡᠨᠳᠦ᠂ ᠶᠠᠪᠤᠳᠠᠯ ᠤ᠋ᠨ ᠬᠥᠮᠦᠨ ᠮᠣᠬᠣᠳᠠᠭ ᠪᠠᠢᠨᠠᠮ᠃ 
      ᠲᠠᠢᠯᠪᠤᠷᠢ ᠥᠭᠦᠯᠡᠯ : ᠡᠨᠡ ᠲᠥᠯᠭᠡ ᠳ᠋ᠦ᠍ᠷ ᠤᠷᠢᠳᠠ ᠬᠦᠴᠢᠷ᠂ ᠬᠣᠢᠨ᠎ᠠ ᠬᠢᠯᠪᠠᠷ ᠪᠤᠰᠤᠳ ᠢ ᠬᠠᠭᠤᠷᠪᠠᠰᠤ ᠥᠪᠡᠷ ᠢᠶᠠᠨ ᠬᠠᠭᠤᠷᠲᠠᠬᠤ᠂ ᠨᠥᠬᠥᠷ ᠢ ᠬᠠᠭᠤᠷᠠᠬᠤ ᠰᠡᠳᠬᠢᠯ ᠢ ᠵᠠᠰᠠᠵᠤ ᠪᠤᠶᠠᠨ ᠦᠢᠯᠡᠳᠪᠡᠰᠦ ᠳᠠᠯᠳᠠ ᠳ᠋ᠠᠭᠠᠨ ᠪᠤᠷᠬᠠᠨ ᠰᠠᠬᠢᠭᠤᠯᠰᠤᠨ ᠢᠪᠡᠭᠡᠬᠦ᠂ ᠵᠠᠷᠭᠤ ᠪᠢᠲᠡᠭᠡᠢ ᠡᠳᠦᠭᠲᠦᠨ᠂ ᠨᠡᠷ᠎ᠡ ᠠᠰᠢᠭ ᠢ ᠪᠦᠲᠦᠬᠦ᠂ ᠤᠷᠤᠭ ᠢ ᠰᠡᠷᠡᠮᠵᠢᠯᠡ᠂ ᠡᠪᠡᠳᠴᠢᠲᠡᠨ ᠡᠮᠴᠢ ᠶ᠋ᠢ ᠰᠢᠲᠦᠭᠳᠡᠭᠦᠢ᠂ ᠶᠠᠪᠤᠳᠠᠯ ᠤ᠋ᠨ ᠬᠥᠮᠦᠨ ᠤᠳᠠᠭᠠᠨ᠂ ᠭᠠᠵᠠᠷ ᠤ᠋ᠨ ᠰᠤᠳᠠᠯ ᠲᠠᠮᠢᠷ ᠢ ᠬᠠᠯᠠᠵᠤ ᠨᠡᠭᠦᠯᠭᠡ᠂ ᠵᠢᠷᠮᠦᠰᠦᠨ ᠪᠣᠯᠪᠠᠰᠤ ᠥᠬᠢᠨ ᠬᠥᠩᠭᠡᠵᠢᠮᠦᠢ᠃ 
      ᠰᠠᠨᠠᠭ᠎ᠠ ᠲᠠᠢᠯᠤᠭᠰᠠᠨ : ᠦᠵᠡᠭᠦᠯᠦᠭᠴᠢᠳ ᠰᠠᠷ᠎ᠠ ᠶ᠋ᠢᠨ ᠰᠢᠨ᠎ᠡ ᠳ᠋ᠦ᠍ ᠦᠵᠡᠭᠦᠯᠪᠡᠯ ᠮᠠᠭᠤ ᠬᠥᠮᠦᠨ ᠳ᠋ᠦ᠍ ᠡᠳ᠋ ᠦ᠋ᠨ ᠤᠴᠢᠷ ᠭᠦᠳᠬᠡᠭᠳᠡᠬᠦ ᠶ᠋ᠢ ᠰᠡᠷᠡᠮᠵᠢᠯᠡ᠂ ᠰᠠᠷ᠎ᠠ ᠶ᠋ᠢᠨ ᠬᠠᠭᠤᠴᠢᠨ ᠳ᠋ᠤ᠌ ᠪᠣᠯ ᠵᠠᠷᠭᠤ ᠠᠪᠬᠤ ᠠᠰᠢᠭ ᠣᠯᠬᠤ ᠡᠪᠡᠳᠴᠢᠨ ᠠᠮᠤᠷᠵᠢᠬᠤ᠃ 
      ᠪᠡᠯᠭᠡ ᠶ᠋ᠢᠨ ᠲᠣᠬᠢᠶᠠᠯᠳᠤᠪᠤᠷᠢ : ᠨᠢᠭᠡᠨ ᠬᠥᠮᠦᠨ ᠬᠡᠷᠡᠭ ᠲᠣᠷ ᠮᠤᠰᠬᠢᠭᠳᠠᠵᠤ ᠬᠡᠳᠦᠨ ᠤᠳᠠᠭ᠎ᠠ ᠵᠠᠭᠠᠯᠲᠤᠪᠠᠴᠤ ᠣᠯᠬᠤ ᠦᠭᠡᠢ ᠳ᠋ᠦ᠍ᠷ ᠦᠵᠡᠭᠦᠯᠪᠡᠰᠦ ᠡᠨᠡ ᠲᠥᠯᠭᠡ ᠪᠠᠭᠤᠵᠣᠬᠤᠢ᠂ ᠲᠡᠨᠳᠡᠴᠡ ᠱᠠᠨ ᠳ᠋ᠦᠩ ᠦ᠋ᠨ ᠪᠠᠢᠴᠠᠭᠠᠨ ᠰᠢᠭᠦᠭᠴᠢ ᠲᠦᠰᠢᠮᠡᠯ ᠵᠣᠣ ᠶᠣᠣ ᠳ᠋ᠤᠷ ᠵᠠᠭᠠᠯᠳᠤᠵᠤ ᠮᠤᠰᠬᠢᠭᠳᠠᠭᠰᠠᠨ ᠠᠨᠤ ᠰᠠᠶᠢ ᠢᠯᠡᠷᠡᠵᠦᠬᠦᠢ᠃ ᠰᠠᠢᠨ ᠲᠦᠰᠢᠮᠡᠯ ᠳ᠋ᠦ᠍ᠷ ᠠᠭᠤᠯᠵᠠᠭᠰᠠᠨ ᠲᠤᠯᠠ ᠰᠢᠯᠦᠭ ᠦ᠋ᠨ ᠭᠤᠲᠠᠭᠠᠷ ᠦᠭᠡᠨ ᠯᠦ᠍ᠭᠡ ᠨᠡᠢᠯᠡᠵᠦᠬᠦᠢ᠃ 
      ᠨᠠᠶᠠᠨ ᠬᠣᠶᠠᠳᠤᠭᠠᠷ ᠲᠥᠯᠭᠡ : ᠬᠠᠷ᠎ᠠ ᠬᠥᠬᠡᠭᠴᠢᠨ᠂ ᠳᠡᠭᠡᠳᠦ ᠰᠠᠢᠨ᠂ ᠲᠥᠯᠭᠡ ᠶ᠋ᠢᠨ ᠪᠡᠯᠭᠡ ᠠᠨᠤ : ᠰᠥᠩ ᠵᠢᠨ ᠱᠠᠨ ᠬᠠᠭᠠᠨ ᠡᠬᠡ ᠪᠡᠨ ᠲᠠᠨᠢᠭᠰᠠᠨ : ᠲᠡᠷᠡ ᠮᠥᠨ ᠠᠢᠮᠠᠭ ᠤ᠋ᠨ ᠳᠣᠲᠣᠷ᠎ᠠ ᠨᠢᠭᠡᠨ ᠦᠶ᠎ᠡ ᠶ᠋ᠢᠨ ᠮᠡᠷᠭᠡᠨ ᠪᠣᠢ᠂ ᠴᠢ ᠪᠡᠷ ᠲᠡᠭᠦᠨ ᠯᠦ᠍ᠭᠡ ᠰᠠᠢᠨ ᠨᠠᠢᠷᠠᠵᠤ ᠲᠤᠰᠠᠯᠠᠨ ᠲᠡᠳᠬᠦᠯᠴᠢᠭᠳᠦᠨ᠂ ᠡᠨᠡ ᠴᠠᠭ ᠲᠣᠷ ᠭᠡᠷ ᠦ᠋ᠨ ᠡᠵᠡᠨ ᠵᠣᠴᠢᠳ ᠬᠣᠶᠠᠭᠤᠯᠠ ᠪᠡᠶᠡᠰᠦᠨ ᠤᠴᠠᠷᠠᠪᠠᠰᠤ᠂ ᠬᠣᠢᠰᠢ ᠡᠳᠦᠷ ᠸᠠᠩ ᠬᠤ᠌ ᠯᠦ᠍ᠭᠡ ᠮᠥᠷᠥ ᠰᠠᠴᠠᠭᠤ ᠪᠣᠯᠤᠮᠤᠢ᠃  
      ᠪᠣᠭᠳᠠ ᠶ᠋ᠢᠨ ᠲᠠᠭᠠᠯᠠᠯ : ᠡᠳ᠋ ᠮᠠᠭᠠᠳ ᠣᠯᠬᠤ᠂ ᠨᠡᠷ᠎ᠡ ᠲᠡᠭᠦᠯᠳᠡᠷ ᠪᠣᠯᠬᠤ᠂ ᠵᠠᠷᠭᠤ ᠵᠠᠭᠠᠯᠢ ᠣᠯᠬᠤ᠂ ᠡᠪᠡᠳᠴᠢᠲᠡᠨ ᠠᠮᠠᠯᠠᠭᠰᠠᠨ ᠰᠢᠯᠲᠠᠭᠠᠨ ᠪᠣᠢ᠂ ᠤᠷᠤᠭ ᠮᠠᠭᠠᠳ ᠪᠦᠲᠦᠬᠦ᠂ ᠶᠠᠪᠤᠳᠠᠯ ᠤ᠋ᠨ ᠬᠥᠮᠦᠨ ᠵᠣᠯᠭᠠᠬᠤ ᠪᠤᠶᠠᠨ ᠠᠷᠪᠢᠳᠪᠠᠰᠤ ᠵᠢᠷᠭᠠᠯᠠᠩ ᠢ ᠣᠯᠤᠮᠤ᠃  
      ᠲᠠᠢᠯᠪᠤᠷᠢ ᠥᠭᠦᠯᠡᠯ : ᠡᠨᠡ ᠲᠥᠯᠭᠡ ᠳ᠋ᠦ᠍ᠷ ᠶᠡᠬᠡᠳᠡ ᠰᠠᠢᠨ᠂ ᠠᠯᠢᠪᠠ ᠰᠠᠨᠠᠭᠰᠠᠨ ᠬᠡᠷᠡᠭ ᠰᠡᠳᠬᠢᠯᠴᠢᠯᠡᠨ ᠪᠦᠲᠦᠬᠦ ᠦᠭᠡᠢ᠂ ᠤᠷᠤᠭ ᠡᠷᠬᠡᠪᠡᠰᠢ ᠵᠣᠬᠢᠯᠳᠤᠮᠤ᠂ ᠡᠳ᠋ ᠡᠷᠭᠡᠪᠡᠰᠢ ᠰᠠᠨᠠᠭᠠᠨ ᠳ᠋ᠤᠷ ᠬᠦᠷᠬᠦ᠂ ᠨᠡᠷ᠎ᠡ ᠬᠦᠰᠡᠭᠴᠢᠳ ᠪᠠᠲᠤᠯᠠᠭᠳᠠᠮᠤ᠂ ᠶᠠᠪᠤᠳᠠᠯ ᠤ᠋ᠨ ᠬᠥᠮᠦᠨ ᠢᠷᠡᠮᠦ᠂ ᠡᠪᠡᠳᠴᠢᠲᠡᠨ ᠠᠮᠠᠯᠠᠭᠰᠠᠨ ᠢᠶᠠᠨ ᠪᠦᠲᠦᠭᠡ ᠡᠳᠦᠢ᠂ ᠵᠠᠷᠭᠤ ᠣᠯᠤᠮᠤᠢ ᠵᠢᠷᠮᠦᠰᠦᠨ ᠬᠥᠪᠡᠭᠦᠨ ᠬᠥᠩᠭᠡᠵᠢᠮᠦᠢ᠂ ᠭᠠᠵᠠᠷ ᠤ᠋ᠨ ᠰᠤᠳᠠᠯ ᠲᠠᠮᠢᠷ ᠰᠠᠢᠨ ᠭᠡᠷ ᠦ᠋ᠨ ᠬᠤᠪᠢᠨ᠎ᠠ ᠳᠡᠭᠵᠢᠮᠦᠢ᠂ ᠪᠤᠶᠠᠨᠲᠤ ᠬᠥᠮᠦᠨ ᠥᠪᠡᠷ ᠦ᠋ᠨ ᠵᠦᠭ ᠡᠴᠡ ᠲᠤᠰᠠᠯᠠᠬᠤ᠃ 
      ᠰᠠᠨᠠᠭ᠎ᠠ ᠲᠠᠢᠯᠤᠭᠰᠠᠨ: ᠪᠤᠰᠤᠳ ᠢ ᠥᠪᠡᠷ ᠯᠦ᠍ᠭᠡ ᠦᠯᠢᠳᠬᠡᠵᠦ ᠬᠡᠷᠡᠭ ᠲᠦ᠍ᠷ ᠠᠨᠤ ᠲᠤᠰᠠᠯᠠᠨ ᠲᠡᠳᠬᠦᠮᠵᠢᠯᠡᠪᠡᠰᠦ ᠥᠪᠡᠷ ᠦ᠋ᠨ ᠲᠤᠰᠠ ᠶᠡᠬᠡ ᠪᠦᠲᠦᠮᠦ᠂ ᠬᠥᠮᠦᠨ ᠢ ᠰᠣᠩᠭᠣᠵᠤ ᠬᠠᠨᠢᠯᠠᠪᠠᠰᠤ ᠠᠰᠢᠭ ᠢ ᠡᠯᠪᠡᠭ ᠣᠯᠤᠮᠤᠢ᠃ ᠭᠠᠪᠢᠶ᠎ᠠ ᠨᠡᠷ᠎ᠡ ᠪᠥᠭᠡᠰᠦ ᠥᠪᠡᠷ ᠦ᠋ᠨ ᠶᠠᠪᠤᠳᠠᠯ ᠢ ᠬᠢᠴᠢᠶᠡᠪᠡᠰᠦ ᠪᠤᠶᠠᠨ ᠲᠠᠨ ᠳ᠋ᠤᠷ ᠪᠠᠲᠤᠯᠠᠭᠳᠠᠮᠤ᠃ 
      ᠪᠡᠯᠭᠡ ᠶ᠋ᠢᠨ ᠲᠣᠬᠢᠶᠠᠯᠳᠤᠪᠦᠷᠢ ᠄ ᠰᠢᠶᠠ ᠰᠢᠩ ᠬᠠᠭᠠᠨ ᠤ᠋ ᠴᠠᠭ ᠲᠤᠷ ᠡᠦ ᠴᠠᠩ ᠬᠣᠲᠠᠨ ᠤ᠋ ᠠᠢ ᠮᠧᠢ ᠶ᠋ᠢᠨ ᠰᠢ ᠰᠢᠯᠭᠠᠬᠤᠢ ᠳ᠋ᠤᠷ ᠦᠵᠡᠭᠦᠯᠪᠡᠰᠦ ᠡᠨᠡ ᠲᠥᠯᠭᠡ ᠪᠠᠭᠤᠵᠤᠬᠤᠢ᠂ ᠬᠣᠵᠢᠮ ᠰᠢᠯᠭᠠᠬᠤᠢ ᠳ᠋ᠤᠷ ᠲᠡᠷᠢᠭᠦᠨ ᠳ᠋ᠦ᠍ ᠣᠷᠣᠪᠠ᠃ ᠲᠡᠭᠦᠨ ᠯᠦ᠍ᠭᠡ ᠬᠠᠮᠲᠤ ᠲᠡᠷᠢᠭᠦᠨ ᠳ᠋ᠦ᠍ᠷ ᠵᠢᠭᠳᠡᠯᠡᠭᠰᠡᠨ ᠠᠨᠤ ᠸᠠᠩ ᠰᠤᠸᠠᠩ ᠪᠠᠨ᠂  ᠬᠡᠦ ᠶᠤ ᠮᠦ᠍ ᠪᠣᠯᠠᠢ᠂ ᠡᠨᠡ ᠠᠨᠤ ᠸᠠᠩ ᠬᠤ᠌ ᠯᠤᠭ᠎ᠠ ᠮᠥᠷᠥ ᠰᠠᠴᠠᠭᠤ ᠬᠡᠮᠡᠭᠰᠡᠨ ᠯᠦ᠍ᠭᠡ ᠨᠡᠢᠯᠡᠵᠦᠬᠦᠢ᠃  
      ᠨᠠᠶᠠᠨ ᠭᠤᠷᠪᠠᠳᠤᠭᠠᠷ ᠲᠥᠯᠭᠡ : ᠬᠠᠷ᠎ᠠ ᠤᠯᠠᠭᠠᠨ᠂ ᠳᠣᠣᠷ᠎ᠠ ᠶ᠋ᠢᠨ ᠳᠣᠣᠷ᠎ᠠ᠂ ᠲᠥᠯᠭᠡ ᠶ᠋ᠢᠨ ᠪᠡᠯᠭᠡ ᠠᠨᠤ᠄ ᠵᠣ᠌ ᠭᠧ ᠺᠦᠩ ᠮᠢᠩ – ᠡᠷᠳᠡᠮ ᠰᠤᠷᠠᠭᠰᠠᠨ : ᠥᠪᠡᠷ ᠦ᠋ᠨ ᠬᠡᠷᠲᠡᠭᠡᠨ ᠬᠡᠪ ᠢ ᠳᠠᠭᠠᠵᠤ ᠰᠢᠩᠭᠡᠨ ᠰᠦᠮᠡᠰᠦᠨ ᠳ᠋ᠦ᠍ᠷ ᠰᠢᠳᠦᠭᠳᠡᠬᠦᠢ᠂ ᠳᠡᠮᠡᠢ ᠲᠡᠬᠡᠷᠡᠬᠦᠢ ᠰᠡᠳᠬᠢᠯ ᠢ᠋ᠶ᠋ᠡᠷ ᠬᠡᠲᠦᠷᠬᠡᠢ ᠰᠠᠨᠠᠵᠤ ᠵᠣᠪᠠᠵᠤ ᠶᠠᠭᠤᠨ ᠬᠡᠷᠡᠭ᠂ ᠡᠭᠦᠳᠡ ᠡᠷᠦᠬᠡ ᠶ᠋ᠢ ᠮᠠᠨᠳᠤᠭᠤᠯᠬᠤ ᠡᠵᠡᠭᠨᠡᠬᠦ ᠠᠨᠤ ᠦᠨᠡᠬᠡᠷ ᠪᠡᠷᠬᠡ ᠲᠡᠢ ᠪᠠᠢᠨᠠᠮ᠂ ᠵᠠᠭᠤᠨ ᠣᠨ ᠠᠮᠤᠷ ᠳᠠᠷᠬᠠᠠᠨ ᠰᠠᠭᠤᠬᠤ ᠠᠨᠤ ᠬᠡᠳᠦᠬᠡᠨ ᠣᠨ ᠪᠣᠢ᠃ 
      ᠪᠣᠭᠳᠠ ᠶ᠋ᠢᠨ ᠲᠠᠭᠠᠯᠠᠯ :  ᠡᠯᠪᠡᠭ ᠠᠰᠢᠭ ᠢ ᠬᠣᠮᠣᠬᠤᠯᠵᠢᠨ ᠪᠦᠦ ᠡᠷᠢ᠂ ᠵᠠᠷᠭᠤ ᠡᠪᠰᠡᠪᠡᠯ ᠰᠠᠢᠨ ᠶᠠᠪᠤᠳᠠᠯ ᠤ᠋ᠨ ᠬᠥᠮᠦᠨ ᠢᠷᠡᠭᠡ ᠡᠳᠦᠢ᠂ ᠡᠪᠡᠳᠴᠢᠲᠡᠨ ᠮᠠᠰᠢ ᠨᠤᠨᠵᠢᠭᠠᠢ ᠤᠷᠤᠭ ᠪᠦᠦ ᠬᠡᠯᠡᠯᠴᠢ᠂ ᠬᠦᠯᠢᠯᠴᠡᠵᠦ ᠴᠢᠳᠠᠪᠠᠯ ᠭᠡᠷ ᠦ᠋ᠨ ᠬᠤᠪᠢᠨ᠎ᠠ ᠰᠠᠢᠨ᠃ 
      ᠲᠠᠢᠯᠪᠤᠷᠢ ᠥᠭᠦᠯᠡᠯ : ᠡᠨᠡ ᠲᠥᠯᠭᠡ ᠳ᠋ᠦ᠍ᠷ ᠬᠠᠭᠤᠴᠢᠨ ᠬᠡᠪ ᠢ ᠰᠠᠬᠢᠲᠤᠭᠠᠢ᠂ ᠪᠢᠲᠡᠬᠡᠢ ᠳᠤᠷᠠᠪᠠᠷ ᠦᠢᠯᠡᠳ᠂ ᠤᠷᠤᠭ ᠪᠦᠲᠦᠭᠡ ᠡᠳᠦᠢ᠂ ᠡᠳ᠋ ᠢ ᠪᠢᠲᠡᠭᠡᠢ ᠬᠦᠰᠡ᠂ ᠨᠡᠷ᠎ᠡ ᠠᠰᠢᠭ ᠢ ᠠᠰᠠᠭᠤᠬᠤ ᠬᠡᠷᠡᠭ ᠦᠭᠡᠢ᠂ ᠵᠠᠷᠭᠤ ᠪᠣᠯᠪᠠᠰᠤ ᠵᠣᠬᠢᠯᠳᠤ᠂ ᠡᠪᠡᠳᠴᠢᠨ ᠰᠠᠢᠨ ᠪᠣᠯᠤᠭ᠎ᠠ ᠡᠳᠦᠢ᠂ ᠬᠡᠭᠦᠷ ᠢ ᠨᠡᠭᠦᠯᠭᠡ᠂ ᠬᠤᠪᠢ ᠪᠠᠨ ᠰᠠᠬᠢᠵᠤ ᠭᠡᠷ ᠦ᠋ᠨ ᠬᠡᠷᠡᠭ ᠢ ᠦᠢᠯᠡᠳᠪᠡᠰᠦ ᠰᠠᠢᠨ᠃  
      ᠰᠠᠨᠠᠭ᠎ᠠ ᠲᠠᠢᠯᠤᠭᠰᠠᠨ : ᠶᠡᠬᠡ ᠲᠥᠯᠥᠪ ᠢᠨᠤ ᠬᠣᠮᠣᠭᠠᠢ ᠰᠡᠳᠬᠢᠯ ᠬᠥᠳᠡᠯᠪᠡᠰᠦ ᠵᠣᠪᠠᠯᠠᠩ ᠠᠭᠤᠯᠵᠠᠮᠤ᠂ ᠲᠡᠢᠮᠦ ᠶ᠋ᠢᠨ ᠲᠤᠯᠠ ᠵᠠᠭᠤᠨ ᠨᠠᠰᠤᠨ ᠳ᠋ᠤᠷ ᠬᠦᠷᠦᠪᠡᠴᠦ ᠡᠪᠡᠳᠴᠢᠨ ᠪᠠ ᠵᠣᠪᠠᠯᠠᠩ ᠦᠭᠡᠢ ᠪᠡᠷ ᠲᠡᠭᠰᠢ ᠨᠠᠢᠷᠠᠮᠳᠠᠭᠤ ᠪᠤᠶᠠᠨ ᠢ ᠡᠳ᠋ᠯᠡᠬᠦ ᠠᠨᠤ ᠬᠡᠳᠦᠢᠬᠡᠨ ᠴᠢᠯᠥᠭᠡ ᠪᠣᠢ ᠦᠵᠡᠭᠦᠯᠦᠭᠴᠢᠳ ᠬᠡᠪ ᠢ ᠳᠠᠭᠠᠵᠤ ᠰᠢᠩᠭᠡᠨ ᠰᠦᠮᠡᠰᠦᠨ ᠳ᠋ᠦ᠍ᠷ ᠰᠢᠲᠦᠵᠦ ᠴᠠᠭ ᠢ ᠬᠦᠯᠢᠶᠡᠬᠦ ᠬᠡᠷᠡᠭᠲᠡᠢ᠂ ᠡᠭᠦᠳᠡ ᠡᠷᠦᠬᠡ ᠶ᠋ᠢ ᠮᠠᠨᠳᠤᠭᠤᠯᠵᠤ ᠡᠵᠡᠯᠡᠬᠦ ᠠᠨᠤ ᠦᠨᠡᠬᠡᠷ ᠪᠡᠷᠬᠡ ᠲᠡᠢ ᠬᠡᠮᠡᠭᠰᠡᠨ ᠠᠨᠤ ᠵᠠᠯᠭᠠᠮᠵᠢᠯᠠᠬᠤ ᠬᠥᠮᠦᠨ ᠦᠭᠡᠢ ᠲᠤᠯᠠ᠂ ᠬᠦᠴᠦᠨ ᠲᠤᠰᠠᠯᠠᠵᠤ ᠬᠡᠷᠡᠭ ᠪᠦᠲᠦᠭᠡᠬᠦᠶ᠎ᠡ ᠪᠡᠷᠬᠡ ᠶ᠋ᠢ ᠥᠭᠦᠯᠡᠭᠰᠡᠨ ᠪᠣᠯᠠᠢ᠃ 
      ᠪᠡᠯᠭᠡ ᠶ᠋ᠢᠨ ᠲᠣᠬᠢᠶᠠᠯᠳᠤᠪᠦᠷᠢ᠂ ᠨᠢᠭᠡᠨ ᠶᠡᠬᠡ ᠰᠦᠮ᠎ᠡ ᠶ᠋ᠢᠨ ᠬᠤᠸᠠᠷᠠᠭ ᠰᠢᠷᠡᠭᠡᠨ ᠪᠯᠠᠮ᠎ᠠ ᠢᠨᠤ ᠣᠯᠠᠨ ᠪᠣᠯᠰᠤᠭᠠᠢ ᠭᠡᠮᠡᠨ ᠦᠵᠡᠭᠦᠯᠪᠡᠰᠦ ᠡᠨᠡ ᠲᠥᠯᠭᠡ ᠪᠠᠭᠤᠵᠤᠬᠤᠢ᠂ ᠲᠡᠭᠦᠪᠡᠷ ᠬᠣᠵᠢᠮ ᠪᠣᠯᠤᠭᠰᠠᠨ ᠰᠢᠷᠡᠭᠡᠨ ᠪᠯᠠᠮ᠎ᠠ ᠢᠨᠤ ᠦᠢᠯᠡ ᠶᠠᠪᠤᠳᠠᠯ ᠳ᠋ᠤᠷ ᠵᠣᠪᠠᠵᠤ ᠤᠭᠲᠤᠬᠤ ᠦᠳᠡᠬᠦᠢ ᠳ᠋ᠦ᠍ ᠭᠠᠰᠢᠷᠠᠨ ᠭᠡᠮᠰᠢᠵᠦ ᠪᠠᠢᠬᠤ ᠶ᠋ᠢ ᠦᠵᠡᠭᠡᠳ᠂ ᠥᠪᠡᠷ ᠦ᠋ᠨ ᠠᠮᠤᠷ ᠳᠠᠷᠬᠠᠨ ᠮᠡᠲᠦ ᠵᠢᠷᠭᠠᠯᠠᠩ ᠲᠠᠢ ᠶ᠋ᠢ ᠪᠣᠳᠣᠵᠤ ᠰᠢᠯᠦᠭ ᠦ᠋ᠨ ᠳᠥᠲᠥᠭᠡᠷ ᠦᠭᠡᠨ ᠯᠦ᠍ᠭᠡ ᠨᠡᠢᠯᠡᠭᠰᠡᠨ ᠳ᠋ᠦ᠍ᠷ ᠮᠠᠰᠢ ᠪᠡᠶᠡᠰᠪᠡᠢ᠃ 
      ᠨᠠᠶᠠᠨ ᠳᠥᠲᠥᠭᠡᠷ ᠲᠥᠯᠭᠡ : ᠬᠠᠷ᠎ᠠ ᠤᠯᠠᠭᠴᠢᠨ᠂ ᠳᠤᠮᠳᠠ ᠲᠡᠭᠰᠢ᠂ ᠲᠥᠯᠭᠡ ᠶ᠋ᠢᠨ ᠪᠡᠯᠭᠡ ᠠᠨᠤ : ᠰᠢᠦᠢ ᠰᠢᠶᠠ ᠸᠠᠨ ᠰᠢᠦᠢ ᠶᠢ ᠰᠥᠨᠥᠭᠡᠭᠰᠡᠨ :  ᠳᠠᠷ᠎ᠠ ᠳᠣᠲᠣᠷ᠎ᠠ ᠶ᠋ᠢᠨ ᠬᠡᠷᠡᠭ ᠦ᠋ᠨ ᠦᠢᠮᠡᠭᠡᠨ ᠨᠡᠩ ᠡᠭᠡᠳᠡᠷᠡᠵᠦᠬᠦᠢ᠂ ᠬᠥᠯᠭᠡᠨ ᠤ ᠳᠡᠭᠡᠷ᠎ᠡ ᠤᠷᠢᠲᠠᠵᠤ ᠨᠢᠭᠡᠨ ᠪᠠᠭᠤᠴᠠ ᠠᠪᠬᠤ ᠶ᠋ᠢ ᠮᠡᠳᠡᠭᠳᠡᠬᠦᠢ᠂ ᠤᠷᠲᠤ ᠬᠡᠯᠡᠲᠦ ᠡᠬᠡᠨᠡᠷ ᠦ᠋ᠨ ᠦᠭᠡᠨ ᠢ ᠪᠢᠲᠡᠭᠡᠢ ᠰᠣᠨᠣᠰᠤᠭᠲᠤᠨ᠂ ᠭᠣᠣᠯ ᠶᠣᠰᠣᠨ ᠢ ᠴᠢᠩᠳᠠᠯᠠᠨ ᠦᠢᠯᠡᠳᠦᠭᠡᠳ ᠰᠡᠳᠬᠢᠯ ᠢ᠋ᠶ᠋ᠡᠨ ᠨᠤᠲᠠᠯᠠᠭᠳᠠᠬᠤᠢ᠃ 
      ᠪᠣᠭᠳᠠ ᠶ᠋ᠢᠨ ᠲᠠᠭᠠᠯᠠᠯ :  ᠵᠠᠷᠭᠤ ᠶ᠋ᠢ ᠲᠠᠢᠯᠤᠨ ᠠᠯᠳᠠᠷᠠᠭᠤᠯ᠂ ᠬᠣᠪ ᠰᠢᠪ ᠢ ᠪᠢᠲᠡᠭᠡᠢ ᠰᠣᠨᠣᠰ᠂ ᠡᠳ᠋ ᠢ᠋ ᠠᠯᠭᠤᠷ ᠡᠷᠢ᠂ ᠨᠡᠷ᠎ᠡ ᠶ᠋ᠢ ᠪᠢᠲᠡᠭᠡᠢ ᠬᠣᠮᠣᠭᠤᠯᠵᠢ᠂  ᠵᠢᠷᠮᠦᠰᠦᠨ ᠪᠥᠭᠡᠰᠦ ᠥᠬᠢᠨ ᠬᠥᠩᠭᠡᠵᠢᠮᠦᠢ᠂ ᠶᠠᠪᠤᠳᠠᠯ ᠤ᠋ᠨ ᠬᠥᠮᠦᠨ ᠢᠷᠡᠮᠦᠢ᠂ ᠤᠷᠤᠭ ᠢ ᠰᠠᠢᠲᠤᠷ ᠪᠣᠯᠭᠣᠮᠵᠢᠯᠠ᠂ ᠠᠯᠤᠰ ᠬᠡᠯᠲᠡᠬᠢ ᠪᠢᠲᠡᠭᠡᠢ ᠭᠣᠷᠢᠯᠠ᠃ 
      ᠲᠠᠢᠯᠪᠤᠷᠢ ᠥᠭᠦᠯᠡᠯ : ᠡᠨᠡ ᠲᠥᠯᠭᠡ ᠳᠦ ᠰᠡᠳᠬᠢᠯ ᠢ ᠲᠥᠪ ᠪᠣᠯᠭᠠᠨ ᠶᠠᠪᠤᠪᠠᠰᠤ ᠵᠣᠪᠠᠯᠠᠩ ᠤᠰᠠᠳᠤᠭᠠᠳ ᠵᠢᠷᠭᠠᠯᠠᠩ ᠢᠷᠡᠮᠦᠢ᠂ ᠬᠡᠷᠪᠡ ᠬᠦᠴᠦᠯᠡᠨ ᠡᠷᠢᠪᠡᠰᠦ ᠪᠤᠶᠠᠨ ᠡᠪᠳᠡᠷᠡᠭᠡᠳ ᠵᠣᠪᠠᠯᠠᠩ ᠢᠷᠡᠮᠦᠢ᠂ ᠡᠪᠡᠳᠴᠢᠲᠡᠨ ᠪᠣᠯᠪᠠᠰᠤ ᠠᠮᠤᠷᠵᠢᠮᠤᠢ᠂ ᠵᠠᠷᠭᠤ ᠪᠣᠯᠪᠠᠰᠤ ᠵᠣᠬᠢᠯᠳᠤᠮᠤᠢ᠂ ᠡᠳ᠋ ᠭᠠᠷᠤᠵᠢ ᠲᠠᠢ᠂ ᠨᠡᠷ᠎ᠡ ᠶ᠋ᠢ ᠪᠢᠲᠡᠭᠡᠢ ᠡᠷᠢ᠂ ᠤᠷᠤᠭ ᠪᠣᠯᠤᠯᠴᠠᠬᠤᠢ ᠳ᠋ᠤᠷ ᠪᠢᠲᠡᠭᠡᠢ ᠬᠦᠴᠦᠯᠡᠨ ᠨᠡᠬᠡᠮᠵᠢᠯᠡ᠂ ᠶᠠᠪᠤᠳᠠᠯ ᠤ᠋ᠨ ᠬᠥᠮᠦᠨ ᠢᠷᠡᠮᠦᠢ᠂ ᠠᠯᠳᠠᠭᠰᠠᠨ ᠶᠠᠭᠤᠮ᠎ᠠ ᠠᠷᠭ᠎ᠠ ᠶ᠋ᠢ ᠦᠵᠡᠵᠦ ᠡᠷᠢᠪᠡᠰᠦ ᠣᠯᠳᠠᠬᠤ᠂ ᠡᠬᠡᠨᠡᠷ ᠬᠥᠮᠦᠨ ᠢ ᠰᠡᠷᠡᠮᠵᠢᠯᠡ᠃  
      ᠰᠠᠨᠠᠭ᠎ᠠ ᠲᠠᠢᠯᠤᠭᠰᠠᠨ : ᠬᠡᠷᠡᠭ ᠲᠦ᠍ᠷ ᠥᠪᠡᠷ ᠢ᠋ᠶ᠋ᠡᠨ ᠬᠢᠴᠢᠶᠡᠬᠦ ᠬᠡᠷᠡᠭᠲᠡᠢ᠂ ᠪᠤᠰᠤᠳ ᠤ᠋ᠨ ᠦᠭᠡ ᠶ᠋ᠢ ᠰᠣᠨᠣᠰᠪᠠᠰᠤ ᠠᠯᠳᠠᠰᠢ ᠤᠴᠢᠷ ᠭᠠᠷᠠᠮᠤ᠂ ᠭᠣᠣᠯ  ᠶᠣᠰᠣᠨ ᠠ᠋ᠴᠠ ᠦᠯᠦ ᠵᠥᠷᠢᠴᠡᠵᠦ᠂ ᠵᠦᠢ ᠤᠴᠢᠷ ᠯᠤᠭ᠎ᠠ ᠲᠣᠬᠢᠶᠠᠯᠳᠤᠪᠠᠰᠤ ᠣᠯᠬᠤ ᠪᠣᠯᠠᠢ᠃  
      ᠪᠡᠯᠭᠡ ᠶ᠋ᠢᠨ ᠲᠣᠬᠢᠶᠠᠯᠳᠤᠪᠤᠷᠢ : ᠨᠢᠭᠡᠨ ᠬᠥᠮᠦᠨ ᠡᠮ᠎ᠡ ᠶ᠋ᠢᠨ ᠦᠭᠡᠨ ᠳ᠋ᠦ᠍ᠷ ᠣᠷᠣᠵᠤ ᠳᠡᠭᠦᠦ ᠯᠦ᠍ᠭᠡ ᠪᠠᠨ ᠬᠤᠪᠢᠶᠠᠨ ᠭᠠᠷᠰᠤᠭᠠᠢ ᠭᠡᠮᠡᠨ ᠦᠵᠡᠭᠦᠯᠪᠡᠰᠦ ᠡᠨᠡ ᠲᠥᠯᠭᠡ ᠪᠠᠭᠤᠵᠤᠬᠤᠢ᠂ ᠲᠡᠭᠦᠪᠡᠷ ᠪᠠᠢᠪᠠᠢ᠂ ᠬᠣᠵᠢᠮ ᠳᠡᠭᠦᠦ ᠢᠨᠤ ᠠᠷᠪᠢᠵᠢᠭᠤᠯᠬᠤ ᠬᠤᠷᠢᠶᠠᠬᠤᠢ ᠳ᠋ᠤᠷ ᠬᠢᠴᠢᠶᠡᠵᠦ ᠮᠠᠰᠢ ᠶᠡᠬᠡ ᠪᠠᠶᠠᠨ ᠪᠣᠯᠤᠭᠰᠠᠨ ᠲᠤᠯᠠ ᠠᠬ᠎ᠠ ᠳᠡᠭᠦᠦ ᠬᠣᠶᠠᠭᠤᠯᠠᠨ ᠨᠢᠭᠡᠨ ᠨᠠᠰᠤᠨ ᠳ᠋ᠤᠷ ᠵᠢᠷᠭᠠᠨ ᠰᠠᠭᠤᠪᠠᠢ᠂ ᠡᠨᠡ ᠠᠨᠤ ᠪᠣᠭᠳᠠ ᠶ᠋ᠢᠨ ᠵᠠᠷᠯᠢᠭ ᠠᠮᠢᠲᠠᠨ ᠢ ᠳᠠᠭᠠᠨ ᠪᠠᠷᠢᠬᠤ ᠠᠨᠤ ᠡᠨᠡ ᠮᠡᠲᠦ ᠪᠣᠯᠠᠢ᠃  
      ᠨᠠᠶᠠᠨ ᠲᠠᠪᠤᠳᠤᠭᠠᠷ ᠲᠥᠯᠭᠡ ᠄ ᠬᠠᠷ᠎ᠠ ᠰᠢᠷ᠎ᠠ᠂ ᠳᠤᠮᠳᠠ ᠲᠡᠭᠰᠢ᠂ ᠲᠥᠯᠭᠡ ᠶ᠋ᠢᠨ ᠪᠡᠯᠭᠡ ᠠᠨᠤ :  ᠮᠧᠩ ᠵᠢᠶᠠᠩ ᠨᠢᠦᠢ ᠡᠷ᠎ᠡ ᠪᠡᠨ ᠡᠷᠢᠭᠰᠡᠨ : ᠨᠢᠭᠡᠨ ᠬᠠᠪᠤᠷ ᠤ᠋ᠨ ᠰᠠᠯᠬᠢᠨ ᠪᠣᠷᠣᠭᠠᠨ ᠴᠣᠬᠣᠮ ᠰᠢᠷᠪᠢᠭᠢᠨᠡᠵᠦ ᠣᠷᠣᠮᠤᠢ᠂ ᠮᠢᠩᠭᠠᠨ ᠭᠠᠵᠠᠷ ᠤ᠋ᠨ ᠵᠠᠮ ᠤ᠋ᠨ ᠬᠥᠮᠦᠨ ᠣᠳᠬᠤ ᠠᠨᠤ ᠬᠣᠯᠠ ᠴᠥᠭᠡᠨ ᠢ ᠲᠡᠪᠴᠢᠵᠦ ᠣᠯᠠᠨ᠎ᠠ ᠰᠢᠬᠠᠪᠠᠰᠤ ᠰᠠᠨᠠᠭᠠᠨ ᠳ᠋ᠤᠷ ᠬᠦᠷᠬᠦ ᠪᠥᠭᠡᠲᠡᠯ᠎ᠡ᠂ ᠬᠠᠷᠢᠨ ᠡᠷᠭᠢᠬᠦ ᠮᠥᠨ ᠳ᠋ᠦ᠍ᠷ ᠶᠠᠭᠤᠨ ᠤ᠋ ᠲᠤᠯᠠ ᠤᠷᠮ᠎ᠠ ᠦᠭᠡᠢ ᠪᠣᠯᠪᠠᠢ᠃  
      ᠪᠣᠭᠳᠠ ᠶ᠋ᠢᠨ ᠲᠠᠭᠠᠯᠠᠯ : ᠬᠡᠪ ᠢ᠋ᠶ᠋ᠡᠨ ᠰᠠᠬᠢ ᠪᠦᠦ ᠭᠣᠷᠢᠯᠠᠨ ᠡᠷᠢ᠂ ᠵᠠᠷᠭᠤ ᠨᠠᠮᠠᠬᠠᠷᠠᠭᠰᠠᠨ ᠰᠠᠢᠨ ᠭᠠᠳᠠᠭᠠᠳᠤ ᠵᠣᠪᠠᠯᠠᠩ ᠢ ᠰᠡᠷᠭᠡᠢᠯᠡ᠂ ᠤᠷᠤᠭ ᠵᠣᠬᠢᠰ ᠦᠭᠡᠢ ᠶᠠᠪᠤᠳᠠᠯ ᠤ᠋ᠨ ᠬᠥᠮᠦᠨ ᠢᠷᠡᠮᠦᠢ᠂ ᠪᠤᠷᠬᠠᠨ ᠠ᠋ᠴᠠ ᠠᠪᠤᠷᠠᠯ ᠡᠷᠢ᠂ ᠪᠤᠶᠠᠨ ᠬᠤᠷᠠᠮᠤᠢ᠃  
      ᠲᠠᠢᠯᠪᠤᠷᠢ ᠥᠭᠦᠯᠡᠯ : ᠡᠨᠡ ᠲᠥᠯᠭᠡ ᠳ᠋ᠦ᠍ᠷ ᠭᠠᠭᠴᠠ ᠬᠡᠪ ᠢ᠋ᠶ᠋ᠡᠨ ᠰᠠᠬᠢ ᠪᠦᠦ ᠳᠤᠷᠠᠪᠠᠷ ᠦᠢᠯᠡᠳ᠂ ᠡᠳ᠋ ᠢ ᠬᠦᠴᠦᠯᠡᠨ ᠡᠷᠢᠪᠡᠰᠦ ᠵᠣᠪᠠᠯᠠᠩ ᠢᠷᠠᠮᠤ᠂ ᠵᠠᠷᠭᠤ ᠪᠣᠯᠪᠠᠰᠤ ᠲᠡᠪᠴᠢ᠂ ᠡᠪᠡᠳᠴᠢᠲᠡᠨ ᠬᠦᠨᠳᠦ᠂ ᠶᠠᠪᠤᠳᠠᠯ ᠤ᠋ᠨ ᠬᠥᠮᠦᠨ ᠢᠷᠡᠮᠦᠢ᠂ ᠤᠷᠤᠭ ᠰᠠᠢᠨ ᠪᠤᠰᠤ ᠪᠣᠯᠠᠢ᠃  
      ᠰᠠᠨᠠᠭ᠎ᠠ ᠲᠠᠢᠯᠤᠭᠰᠠᠨ : ᠴᠠᠭ ᠲᠤᠷ ᠳᠥᠷᠪᠡᠨ ᠤᠯᠠᠷᠢᠯ ᠪᠣᠢ᠂ ᠭᠠᠭᠴᠠ ᠨᠢᠭᠡᠨ ᠬᠠᠪᠤᠷ ᠪᠤᠰᠤ ᠳᠥᠷᠪᠡᠨ ᠴᠠᠭ ᠤ᠋ᠨ ᠲᠡᠷᠢᠭᠦᠨ ᠢ᠋ ᠪᠤᠯᠲᠤ ᠨᠢᠭᠡᠨ ᠬᠠᠪᠤᠷ ᠬᠡᠮᠡᠮᠦᠢ᠂ ᠬᠣᠯᠠ ᠣᠳᠪᠠᠰᠤ ᠠᠰᠢᠭ ᠲᠠᠢ᠂ ᠵᠢᠴᠢ ᠪᠠᠭ᠎ᠠ ᠬᠡᠷᠡᠭ ᠲᠦ᠍ᠷ ᠰᠠᠢᠨ ᠬᠡᠮᠡᠪᠡᠴᠦ᠂ ᠶᠡᠬᠡ ᠬᠡᠷᠡᠭ ᠲᠦ᠍ᠷ ᠮᠠᠭᠤ᠂ ᠰᠠᠯᠬᠢᠨ ᠪᠣᠷᠣᠭᠠᠨ ᠢ ᠥᠭᠦᠯᠡᠭᠰᠡᠨ ᠪᠤᠰᠤ᠂ ᠬᠡᠳᠦᠢ ᠠᠷᠭ᠎ᠠ ᠡᠭᠦᠰᠬᠡᠪᠡᠴᠦ ᠡᠴᠦᠰ ᠲᠡᠭᠡᠨ ᠤᠷᠪᠠᠵᠤ ᠮᠠᠭᠤᠳᠠᠮᠤᠢ᠂ ᠡᠳ᠋ ᠢ ᠬᠦᠴᠦᠯᠡᠨ ᠣᠯᠪᠠᠴᠤ ᠬᠣᠵᠢᠮ ᠵᠣᠪᠠᠯᠠᠩ ᠢᠷᠡᠮᠦᠢ᠃ ᠡᠷᠭᠢᠬᠦ ᠮᠥᠷ ᠲᠣᠷ ᠤᠷᠮ᠎ᠠ ᠦᠭᠡᠢ ᠬᠡᠮᠡᠭᠰᠡᠨ ᠠᠨᠤ᠂ ᠰᠠᠭᠠᠳᠠᠯᠲᠠᠢ ᠪᠥᠭᠡᠳ ᠬᠡᠷᠡᠭ ᠦᠯᠦ ᠪᠦᠲᠦᠬᠦ ᠶ᠋ᠢ ᠥᠭᠦᠯᠡᠭᠰᠡᠨ ᠪᠣᠯᠠᠢ᠃  
      ᠪᠡᠯᠭᠡ ᠶ᠋ᠢᠨ ᠲᠣᠬᠢᠶᠠᠯᠳᠤᠪᠤᠷᠢ : ᠨᠢᠭᠡᠨ ᠪᠢᠴᠢᠭ ᠦ᠋ᠨ ᠬᠥᠮᠦᠨ ᠰᠢᠶᠠᠨ ᠤ᠋ ᠲᠦᠰᠢᠮᠡᠯ ᠳ᠋ᠦ᠍ᠷ ᠵᠠᠭᠤᠨ ᠯᠠᠩ ᠢ᠋ᠶ᠋ᠠᠷ ᠵᠠᠯᠠᠭᠳᠠᠭᠠᠳ ᠦᠵᠡᠭᠦᠯᠪᠡᠰᠦ ᠡᠨᠡ ᠲᠥᠯᠭᠡ ᠪᠠᠭᠤᠵᠤᠬᠤᠢ᠂ ᠲᠡᠨᠳᠡᠴᠡ ᠡᠨᠡ ᠰᠢᠶᠠᠨ ᠤ᠋ ᠲᠦᠰᠢᠮᠡᠯ ᠲᠠᠪᠤᠨ ᠵᠠᠭᠤᠨ ᠯᠠᠩ ᠮᠥᠩᠭᠥ ᠥᠭᠬᠦᠢ ᠳ᠋ᠦ᠍ᠷ ᠤᠤᠯ ᠤ᠋ᠨ ᠰᠢᠶᠠᠨ ᠤ᠋ ᠭᠠᠵᠠᠷ ᠢ᠋ ᠲᠡᠪᠴᠢᠵᠦ ᠡᠨᠡ ᠰᠢᠶᠠᠨ ᠢ᠋ ᠳᠠᠭᠠᠪᠠ᠂ ᠳᠠᠷᠤᠢ ᠵᠠᠮ ᠵᠠᠭᠤᠷ᠎ᠠ ᠡᠨᠡ ᠰᠢᠶᠠᠨ ᠤ᠋ ᠲᠦᠰᠢᠮᠡᠯ ᠦ᠋ᠨ ᠪᠡᠶ᠎ᠡ ᠨᠥᠭᠴᠢᠪᠡᠢ᠂ ᠲᠡᠷᠡ ᠬᠥᠮᠦᠨ ᠦ᠌ ᠣᠯᠤᠭᠰᠠᠨ ᠡᠳ᠋ ᠢ᠋ ᠭᠠᠵᠠᠷ ᠣᠷᠣᠨ ᠤ᠋ ᠲᠦᠰᠢᠮᠡᠯ ᠡᠨᠡ ᠰᠢᠶᠠᠨ ᠤ ᠲᠦᠰᠢᠮᠡᠯ ᠦ᠋ᠨ ᠡᠳ᠋ ᠯᠦ᠍ᠭᠡ ᠪᠢᠲᠡᠭᠦᠮᠵᠢᠯᠡᠪᠡᠢ᠂ ᠬᠡᠳᠦᠢ ᠭᠠᠰᠢᠭᠤᠳᠠᠪᠠᠴᠤ ᠠᠪᠴᠤ ᠴᠢᠳᠠᠬᠤ ᠦᠭᠡᠢ ᠳ᠋ᠡᠭᠡᠨ ᠲᠥᠯᠭᠡ ᠶ᠋ᠢᠨ ᠦᠭᠡ ᠶ᠋ᠢ ᠢᠳᠡᠭᠡᠨ ᠭᠠᠰᠢᠭᠤᠳᠠᠪᠠᠢ᠃  
      ᠨᠠᠶᠠᠨ ᠵᠢᠷᠭᠤᠳᠤᠭᠠᠷ ᠲᠥᠯᠭᠡ : ᠬᠠᠷ᠎ᠠ ᠰᠢᠷᠬᠠᠴᠢᠨ᠂ ᠳᠡᠭᠡᠳᠦ ᠶ᠋ᠢᠨ ᠳᠡᠭᠡᠳᠦ᠂ ᠲᠥᠯᠭᠡ ᠶ᠋ᠢᠨ ᠪᠡᠯᠭᠡ ᠠᠨᠤ : ᠭᠤᠸᠠᠨ ᠪᠤᠤ ᠬᠤᠳᠠᠯᠳᠤᠭ᠎ᠠ ᠬᠢᠭᠰᠡᠨ : ᠨᠢᠭᠡᠨ ᠠᠳᠠᠯᠢ ᠡᠳ᠋ ᠲᠠᠸᠠᠷ ᠢ᠋ ᠢᠷᠡᠭᠦᠯᠦᠨ ᠣᠯᠬᠤ ᠠᠨᠤ ᠬᠢᠯᠪᠠᠷ : ᠴᠥᠭᠡᠨ ᠢ᠋ ᠬᠤᠷᠢᠶᠠᠵᠤ ᠣᠯᠠᠨ ᠪᠣᠯᠭᠠᠪᠠᠰᠤ ᠥᠪᠡᠷ ᠢ᠋ᠶ᠋ᠡᠨ ᠡᠯᠪᠡᠭ ᠪᠣᠯᠤᠮᠤᠢ᠂ ᠡᠭᠡᠨᠡᠭᠳᠡ ᠪᠤᠰᠤᠳ ᠢ ᠥᠪᠡᠷ ᠦ᠋ᠨ ᠪᠡᠶ᠎ᠡ ᠳ᠋ᠦ᠍ᠷ ᠦᠯᠢᠭᠡᠷᠯᠡᠨ ᠰᠠᠨᠠᠪᠠᠰᠤ᠂ ᠬᠣᠢᠰᠢ ᠡᠳᠦᠷ ᠡᠨᠡ ᠡᠳᠦᠷ ᠡᠴᠡ ᠦᠯᠡᠮᠵᠢ ᠪᠣᠯᠬᠤ ᠶ᠋ᠢ ᠪᠠᠲᠤᠯᠠᠰᠤᠭᠠᠢ᠃  
      ᠪᠣᠭᠳᠠ ᠶ᠋ᠢᠨ ᠲᠠᠭᠠᠯᠠᠯ : ᠡᠳ᠋ ᠦ᠋ᠨ ᠬᠡᠰᠢᠭ ᠪᠠᠶᠠᠨ᠂ ᠵᠠᠷᠭᠤ ᠠᠪᠤᠮᠤᠢ᠂ ᠤᠷᠤᠭ ᠵᠣᠬᠢᠴᠠᠬᠤ᠂ ᠡᠪᠡᠳᠴᠢᠲᠡᠨ ᠠᠮᠤᠷᠵᠢᠬᠤ ᠶᠠᠪᠤᠳᠠᠯ ᠤ᠋ᠨ ᠬᠥᠮᠦᠨ ᠢ ᠠᠰᠠᠭᠤᠪᠠᠰᠤ ᠢᠷᠡᠬᠦ ᠠᠨᠤ ᠲᠣᠭᠲᠠᠪᠤᠷᠢ ᠦᠭᠡᠢ᠂ ᠪᠤᠰᠤᠳ ᠢ ᠪᠢᠲᠡᠭᠡᠢ ᠬᠣᠣᠷᠯᠠ᠂ ᠥᠪᠡᠷ ᠪᠤᠰᠤᠳ ᠨᠢᠭᠡᠨ ᠠᠳᠠᠯᠢ᠃  
      ᠲᠠᠢᠯᠪᠤᠷᠢ ᠥᠭᠦᠯᠡᠯ : ᠡᠨᠡ ᠲᠥᠯᠭᠡ ᠳ᠋ᠦ᠍ᠷ ᠤᠷᠢᠳᠠ ᠪᠡᠷᠬᠡ᠂ ᠬᠣᠵᠢᠮ ᠬᠢᠯᠪᠠᠷ᠂ ᠡᠳ᠋ ᠢ ᠡᠷᠢᠪᠡᠰᠦ ᠪᠣᠢ᠂ ᠤᠷᠤᠭ ᠡᠷᠬᠡᠪᠰᠢ ᠪᠦᠲᠦᠮᠦᠢ᠂ ᠭᠠᠪᠢᠶ᠎ᠠ ᠨᠡᠷ᠎ᠡ ᠪᠠᠭ᠎ᠠ᠂ ᠠᠯᠳᠠᠭᠰᠠᠨ ᠡᠳ᠋ ᠪᠣᠢ᠂ ᠵᠠᠷᠭᠤ ᠠᠪᠤᠮᠤᠢ᠂ ᠡᠪᠡᠳᠴᠢᠲᠡᠨ ᠤᠯᠠᠮ ᠠᠮᠤᠷᠵᠢᠮᠤᠢ᠂ ᠶᠠᠪᠤᠳᠠᠯ ᠤ᠋ᠨ ᠬᠥᠮᠦᠨ ᠢᠷᠡᠭᠡᠳᠦᠢ᠂ ᠭᠠᠵᠠᠷ ᠤ᠋ᠨ ᠰᠤᠳᠠᠯ ᠲᠠᠮᠢᠷ ᠰᠠᠢᠨ᠂ ᠵᠢᠷᠮᠦᠰᠦᠨ ᠪᠥᠭᠡᠰᠦ ᠬᠥᠪᠡᠭᠦᠨ ᠬᠥᠩᠭᠡᠵᠢᠮᠦᠢ᠂ ᠵᠠᠯᠪᠠᠷᠢᠭᠰᠠᠨ ᠢ ᠪᠦᠲᠦᠭᠡᠰᠦᠭᠡᠢ ᠬᠥᠮᠦᠨ ᠢ ᠬᠣᠣᠷᠯᠠᠪᠠᠰᠤ ᠪᠡᠶ᠎ᠡ ᠳ᠋ᠦ᠍ᠷ ᠬᠣᠣᠷ ᠪᠣᠯᠬᠤ ᠪᠣᠯᠠᠢ᠃  
      ᠰᠠᠨᠠᠭ᠎ᠠ ᠲᠠᠢᠯᠤᠭᠰᠠᠨ : ᠨᠡᠷ᠎ᠡ ᠠᠰᠢᠭ ᠬᠦᠰᠡᠭᠴᠢᠳ ᠳᠠᠷᠤᠢ ᠳ᠋ᠠᠭᠠᠨ ᠥᠴᠦᠬᠡᠨ ᠰᠠᠢᠨ᠂ ᠬᠣᠵᠢᠮ ᠶᠡᠬᠡ ᠳᠡᠯᠭᠡᠷᠮᠦ ᠠᠭᠤᠵᠢ ᠠᠭᠤᠵᠢᠮ ᠢ᠋ᠶ᠋ᠠᠷ ᠪᠤᠰᠤᠳ ᠢ᠋ ᠥᠩᠭᠡᠷᠡᠭᠦᠯᠵᠦ ᠂ ᠰᠢᠳᠤᠷᠭᠤ ᠪᠠᠷ ᠪᠡᠶ᠎ᠡ ᠶ᠋ᠢ ᠰᠠᠬᠢᠪᠠᠰᠤ ᠪᠤᠷᠬᠠᠨ ᠲᠡᠭᠷᠢ ᠢᠪᠡᠭᠡᠵᠦ ᠪᠤᠶᠠᠨ ᠬᠡᠰᠢᠭ ᠳᠡᠯᠭᠡᠷᠡᠭᠡᠳ ᠡᠳ᠋ ᠲᠠᠸᠠᠷ ᠠᠷᠪᠢᠳᠬᠤ ᠪᠣᠯᠠᠢ᠃  
      ᠪᠡᠯᠭᠡ ᠶ᠋ᠢᠨ ᠲᠣᠬᠢᠶᠠᠯᠳᠤᠪᠤᠷᠢ : ᠨᠢᠭᠡᠨ ᠴᠠᠭᠠᠰᠤᠨ ᠬᠤᠳᠠᠯᠳᠤᠬᠤ ᠬᠥᠮᠦᠨ ᠭᠠᠷᠴᠤ ᠶᠠᠪᠤᠬᠤ ᠳ᠋ᠠᠭᠠᠨ ᠦᠵᠡᠭᠦᠯᠪᠡᠰᠦ ᠡᠨᠡ ᠲᠥᠯᠭᠡ ᠪᠠᠭᠤᠵᠤᠬᠤᠢ᠂ ᠲᠡᠨᠳᠡᠴᠡ ᠤᠰᠤᠨ ᠤ᠋ ᠵᠠᠮ ᠳ᠋ᠤᠷ ᠰᠠᠯᠬᠢᠨ ᠤ᠋ ᠬᠦᠴᠦᠨ ᠶᠡᠬᠡ ᠪᠥᠭᠡᠳ ᠤᠰᠤᠨ ᠳᠥᠯᠭᠡᠨ ᠪᠥᠭᠡᠲᠡᠯ᠎ᠡ ᠣᠩᠭᠣᠴᠠᠨ ᠤ᠋ ᠬᠥᠮᠦᠨ ᠡᠷᠡᠯᠬᠡᠭᠯᠡᠭᠰᠡᠭᠡᠷ ᠣᠩᠭᠣᠴᠠ ᠠᠨᠤ ᠡᠪᠳᠡᠷᠡᠵᠦ ᠬᠠᠭᠠᠰ ᠴᠠᠭᠠᠰᠤᠨ ᠢ᠋ ᠠᠨᠤ ᠠᠯᠳᠠᠵᠤ ᠬᠠᠭᠠᠰ ᠠᠨᠤ ᠨᠣᠷᠵᠤᠬᠤᠢ᠂ ᠣᠩᠭᠣᠴᠠᠨ ᠬᠥᠮᠦᠨ ᠲᠥᠯᠥᠰᠦᠬᠦᠢ ᠬᠡᠮᠡᠭᠦᠯᠡ ᠲᠥᠯᠥᠵᠦ ᠠᠪᠤᠭᠰᠠᠨ ᠦᠭᠡᠢ᠂ ᠬᠤᠳᠠᠯᠳᠤᠭᠠᠨ ᠤ᠋ ᠭᠠᠵᠠᠷ ᠲᠤᠷ ᠬᠦᠷᠦᠭᠡᠳ ᠬᠤᠳᠠᠯᠳᠤᠰᠤᠭᠠᠢ ᠬᠡᠮᠡᠬᠦᠢ ᠳ᠋ᠦ᠍ ᠴᠠᠭᠠᠰᠤᠨ ᠤ᠋ ᠦᠨ᠎ᠡ ᠮᠠᠭᠤ ᠴᠠᠭ ᠲᠤᠷ ᠲᠣᠬᠢᠶᠠᠯᠳᠤᠭᠰᠠᠨ ᠪᠠ ᠴᠠᠭᠠᠰᠤᠨ ᠠᠨᠤ ᠪᠠᠰᠠ ᠨᠣᠢᠲᠠᠨ ᠲᠤᠯᠠ ᠬᠠᠲᠠᠭᠠᠵᠤ ᠬᠦᠯᠢᠶᠡᠨ ᠪᠠᠢᠲᠠᠯ᠎ᠠ ᠪᠤᠰᠤ ᠬᠥᠮᠦᠨ ᠦ᠌ ᠴᠠᠭᠠᠰᠤᠨ ᠢ᠋ ᠬᠤᠳᠠᠯᠳᠤᠵᠤ ᠪᠠᠷᠠᠭᠰᠠᠨ ᠦᠨ᠎ᠡ ᠲᠡᠷᠡ ᠲᠤᠬᠠᠢ ᠳ᠋ᠤᠷ ᠴᠠᠭᠠᠰᠤᠨ ᠬᠡᠷᠡᠭᠯᠡᠬᠦ ᠤᠴᠢᠷ ᠲᠣᠬᠢᠶᠠᠯᠳᠤᠵᠤ ᠣᠯᠠᠨ ᠬᠥᠮᠦᠨ ᠪᠤᠯᠢᠶᠠᠯᠳᠤᠨ ᠠᠪᠤᠭᠰᠠᠭᠠᠷ ᠲᠡᠷᠡ ᠴᠠᠭᠠᠰᠤᠨ ᠭᠤᠷᠪᠠᠨ ᠬᠤᠪᠢ ᠢᠯᠡᠭᠦᠦ ᠦᠨ᠎ᠡ ᠳ᠋ᠦ᠍ᠷ ᠭᠠᠷᠪᠠᠢ᠂ ᠡᠨᠡ ᠠᠨᠤ ᠨᠢᠭᠡᠨ ᠴᠠᠭ ᠤ᠋ᠨ ᠰᠠᠢᠨ ᠰᠡᠳᠬᠢᠯ ᠦ᠋ᠨ ᠦᠷ᠎ᠡ ᠪᠣᠯᠠᠢ᠃  
      ᠨᠠᠶᠠᠨ ᠳᠣᠯᠣᠳᠤᠭᠠᠷ ᠲᠥᠯᠭᠡ ᠂ ᠬᠠᠷ᠎ᠠ ᠴᠠᠭᠠᠨ᠂ ᠳᠣᠣᠷ᠎ᠠ ᠶ᠋ᠢᠨ ᠳᠣᠣᠷ᠎ᠠ᠂ ᠲᠥᠯᠭᠡ ᠶ᠋ᠢᠨ ᠪᠡᠯᠭᠡ ᠠᠨᠤ : ᠺᠦᠩ ᠮᠢᠩ ᠽᠢ ᠵᠢᠩ ᠯᠤᠭ᠎ᠠ ᠤᠩᠭᠤᠴᠠᠨ᠎ᠠ ᠬᠠᠮᠲᠤ ᠰᠠᠭᠤᠭᠰᠠᠨ : ᠳᠠᠯᠳᠠ ᠠ᠋ᠴᠠ ᠬᠢᠨᠠᠨ ᠦᠵᠡᠪᠡᠰᠦ ᠲᠠᠨ ᠤ᠋ ᠶᠠᠪᠤᠳᠠᠯ ᠳ᠋ᠤᠷ ᠭᠠᠢᠬᠠᠯ ᠲᠥᠷᠥᠮᠦᠢ᠂ ᠣᠩᠭᠣᠴᠠᠨ ᠤ᠋ ᠳᠣᠲᠣᠷ᠎ᠠ ᠡᠰᠡᠷᠭᠦᠴᠡᠯ ᠳᠠᠢᠰᠤᠨ ᠪᠠ ᠢᠨᠢᠶᠡᠳᠦᠨ ᠳ᠋ᠦ᠍ᠷ ᠢᠯᠳᠦᠨ ᠪᠣᠢ᠂ ᠰᠢᠪᠡᠭᠡ ᠬᠠᠰᠢᠶ᠎ᠠ ᠮᠡᠲᠦ ᠰᠠᠨᠠᠭᠠᠨ ᠢ ᠡᠪᠳᠡᠯᠡᠪᠡᠰᠦ ᠠᠶᠤᠯ ᠬᠠᠮᠢᠭ᠎ᠠ ᠠ᠋ᠴᠠ ᠢᠷᠠᠮᠤ᠂ ᠢᠵᠠᠭᠤᠷ ᠠᠨᠤ ᠲᠡᠭᠷᠢ ᠡᠴᠡ ᠵᠠᠶᠠᠭᠠᠲᠠᠢ ᠲᠤᠯᠠ ᠥᠳᠥ ᠵᠢᠭᠦᠷ ᠢ᠋ᠶ᠋ᠡᠨ ᠬᠠᠢᠷᠠᠯᠠᠮᠤᠢ᠃ 
      ᠪᠣᠭᠳᠠ ᠶ᠋ᠢᠨ ᠲᠠᠭᠠᠯᠠᠯ : ᠨᠡᠷ᠎ᠡ ᠠᠰᠢᠭ ᠦᠭᠡᠢ᠂ ᠡᠪᠡᠳᠴᠢᠲᠡᠨ ᠴᠢᠳᠬᠥᠷ ᠲᠡᠢ᠂ ᠵᠠᠷᠭᠤ ᠪᠤᠤ ᠡᠭᠦᠰᠬᠡ ᠡᠪᠰᠡᠭᠰᠡᠨ ᠰᠠᠢᠨ᠂ ᠡᠳ᠋ ᠢ ᠪᠦᠦ ᠭᠣᠷᠢᠯᠠ ᠤᠷᠤᠭ ᠥᠯᠵᠡᠢ ᠦᠭᠡᠢ ᠵᠢᠷᠮᠦᠰᠦᠨ ᠭᠠᠢ ᠲᠠᠢ ᠶᠠᠪᠤᠳᠠᠯ ᠤ᠋ᠨ ᠬᠥᠮᠦᠨ ᠢᠷᠡᠭᠡ ᠡᠳᠦᠢ᠃ 
      ᠲᠠᠢᠯᠪᠤᠷᠢ ᠥᠭᠦᠯᠡᠯ : ᠡᠨᠡ ᠲᠥᠯᠭᠡ ᠤᠷᠢᠳᠠ ᠮᠠᠭᠤ᠂ ᠬᠣᠵᠢᠮ ᠰᠠᠢᠨ᠂ ᠠᠯᠢᠪᠠ ᠬᠡᠷᠡᠭ ᠢ ᠬᠠᠮᠲᠤᠪᠠᠷ ᠨᠠᠢᠷᠠᠮᠳᠠᠭᠤ ᠪᠣᠯᠭᠠᠪᠠᠰᠤ ᠬᠡᠯᠡ ᠠᠮᠠ ᠦᠯᠦ ᠪᠣᠯᠬᠤ᠂ ᠡᠪᠡᠳᠴᠢᠲᠡᠨ ᠴᠢᠳᠬᠥᠷ ᠲᠡᠢ᠂ ᠵᠠᠷᠭᠤ ᠪᠣᠯᠪᠠᠰᠤ ᠣᠢᠷ᠎ᠠ ᠢᠨᠠᠭ ᠢ ᠵᠣᠬᠢᠯᠳᠤᠪᠠᠰᠤ ᠰᠠᠢᠨ᠂ ᠳᠠᠯᠳᠠ ᠬᠣᠣᠷᠯᠠᠯ ᠢ ᠰᠡᠷᠡᠮᠵᠢᠯᠡ᠂ ᠡᠳ᠋ ᠡᠷᠢᠪᠡᠰᠦ ᠣᠯᠬᠤ ᠪᠣᠯᠪᠠᠴᠤ ᠨᠥᠬᠥᠷ ᠰᠠᠳᠤᠨ ᠪᠣᠰᠨᠢᠭᠤᠯᠬᠤ᠂ ᠤᠷᠤᠭ ᠡᠪᠳᠡᠷᠡᠬᠦ ᠰᠠᠢᠨ ᠪᠤᠰᠤ᠂ ᠶᠠᠪᠤᠳᠠᠯ ᠤ᠋ᠨ ᠬᠥᠮᠦᠨ ᠳᠠᠷᠤᠢ ᠬᠦᠷᠴᠦ ᠢᠷᠡᠬᠦ ᠪᠣᠯᠠᠢ᠃ 
      ᠰᠠᠨᠠᠭ᠎ᠠ ᠲᠠᠢᠯᠤᠭᠰᠠᠨ : ᠢᠵᠠᠭᠤᠷ ᠬᠡᠮᠡᠭᠰᠡᠨ ᠠᠨᠤ ᠦᠯᠢᠭᠡᠷᠯᠡᠪᠡᠰᠦ ᠵᠢᠮᠢᠰ ᠦ᠋ᠨ ᠦᠷ᠎ᠡ ᠡᠴᠡ ᠮᠥᠨ ᠵᠢᠮᠢᠰᠦᠨ ᠮᠣᠳᠣ ᠭᠠᠷᠬᠤ ᠲᠤᠯᠠ᠂ ᠢᠵᠠᠭᠤᠷ ᠬᠡᠮᠡᠭᠰᠡᠨ ᠪᠣᠯᠠᠢ᠂ ᠦᠵᠡᠭᠦᠯᠦᠭᠴᠢᠳ ᠵᠢᠭᠦᠷ ᠥᠳᠥ ᠶ᠋ᠢ ᠬᠠᠢᠷᠠᠯᠠᠨ ᠲᠡᠵᠢᠭᠡᠵᠦ ᠪᠦᠷᠢᠳᠬᠡᠪᠡᠰᠦ ᠳᠡᠭᠳᠡᠵᠦ ᠨᠢᠰᠦᠨ ᠴᠢᠳᠠᠬᠤ ᠪᠣᠯᠠᠢ᠂ ᠲᠡᠷᠡ ᠴᠠᠭ ᠲᠤᠷ ᠦᠭᠡᠭᠦᠦ ᠮᠡᠬᠦᠰ ᠡᠴᠡ ᠠᠩᠭᠢᠵᠢᠷᠠᠵᠤ ᠪᠠᠶᠠᠨ ᠡᠷᠬᠢᠮ ᠢ ᠣᠯᠤᠮᠤᠢ᠂ ᠡᠨᠡ ᠲᠥᠯᠭᠡ ᠶ᠋ᠢᠨ ᠶᠡᠬᠡ ᠲᠥᠯᠥᠪ ᠢᠨᠤ ᠢᠨᠠᠭ ᠰᠠᠳᠤᠨ ᠠ᠋ᠴᠠ ᠰᠡᠵᠢᠭ ᠪᠣᠯᠬᠤ ᠪᠠ ᠮᠠᠭᠤ ᠬᠥᠮᠦᠨ ᠬᠠᠯᠳᠠᠵᠤ ᠬᠣᠣᠷᠯᠠᠬᠤ ᠪᠣᠯᠤᠮᠤ᠂ ᠲᠡᠢᠮᠦ ᠶ᠋ᠢᠨ ᠲᠤᠯᠠ ᠰᠢᠳᠤᠷᠭᠤ ᠶ᠋ᠢ ᠪᠠᠷᠢᠵᠤ ᠪᠠᠲᠤ ᠶ᠋ᠢ ᠡᠷᠭᠢᠯᠡᠪᠡᠰᠦ ᠥᠩᠭᠡᠷᠡᠭᠦᠯᠦᠨ ᠴᠢᠳᠠᠮᠤᠢ᠃ 
      ᠪᠡᠯᠭᠡ ᠶ᠋ᠢᠨ ᠲᠣᠬᠢᠶᠠᠯᠳᠤᠪᠤᠷᠢ : ᠨᠢᠭᠡᠨ ᠪᠠᠴᠢᠭ᠌ ᠤ᠋ᠨ ᠬᠥᠮᠦᠨ ᠡᠳ᠋ ᠲᠠᠸᠠᠷ ᠶᠡᠬᠡ ᠠᠪᠴᠤ ᠰᠢᠯᠭᠠᠷ᠎ᠠ ᠣᠳᠬᠤ ᠳ᠋ᠠᠭᠠᠨ ᠦᠵᠡᠭᠦᠯᠪᠡᠰᠦ ᠡᠨᠡ ᠲᠥᠯᠭᠡ ᠪᠠᠭᠤᠵᠤᠬᠤᠢ᠂ ᠲᠡᠨᠳᠡᠴᠡ ᠣᠩᠭᠣᠴᠠ ᠳᠡᠭᠡᠷ᠎ᠡ ᠭᠠᠷᠬᠤ ᠶ᠋ᠢᠨ ᠲᠠᠰᠢᠷᠠᠮ ᠳ᠋ᠤᠷ ᠨᠢᠭᠡᠨ ᠬᠥᠮᠦᠨ ᠭᠠᠷᠰᠤᠭᠠᠢ ᠬᠡᠮᠡᠭᠡᠳ ᠬᠠᠯᠲᠤᠷᠢᠨ ᠤᠰᠤᠨ ᠳ᠋ᠤᠷ ᠤᠨᠠᠭᠰᠠᠨ ᠢ ᠦᠵᠡᠭᠡᠳ ᠭᠠᠷᠭᠠᠨ ᠠᠪᠴᠤ ᠥᠪᠡᠷ ᠦ᠋ᠨ ᠳᠡᠪᠡᠯ ᠢ᠋ᠶ᠋ᠡᠨ ᠥᠭᠴᠦ ᠪᠠᠰᠠ ᠠᠷᠢᠬᠢ ᠮᠢᠬ᠎ᠠ ᠢᠳᠡᠭᠦᠯᠵᠦᠬᠦᠢ᠂ ᠬᠣᠵᠢᠮ ᠲᠡᠷᠡ ᠬᠥᠮᠦᠨ ᠰᠠᠯᠤᠯᠴᠠᠨ ᠣᠳᠬᠤ ᠳ᠋ᠠᠭᠠᠨ ᠪᠢ ᠳᠡᠭᠡᠷᠡᠮ ᠪᠣᠯᠠᠢ᠂ ᠴᠢᠨᠦ ᠡᠳ᠋ ᠢ ᠪᠤᠯᠢᠶᠠᠷ᠎ᠠ ᠢᠷᠡᠭᠰᠡᠨ ᠪᠥᠯᠥᠭᠡ᠂ ᠴᠢᠨᠦ ᠰᠡᠳᠬᠢᠯ ᠰᠠᠢᠨ ᠲᠤᠯᠠ ᠪᠤᠰᠤ ᠭᠠᠵᠠᠷ ᠲᠤᠷ ᠡᠴᠢᠨᠡᠮ ᠬᠡᠮᠡᠭᠡᠳ ᠶᠠᠪᠤᠬᠤᠢ ᠳ᠋ᠤᠷ ᠪᠣᠰᠴᠤ ᠬᠦᠨᠡᠰᠦᠨ ᠢ ᠲᠤᠰᠠᠯᠠᠵᠤ ᠶᠠᠪᠤᠭᠤᠯᠪᠠᠢ᠂ ᠡᠨᠡ ᠠᠨᠤ ᠰᠠᠢᠨ ᠰᠡᠳᠬᠢᠯ ᠦ᠋ᠨ ᠡᠭᠦᠳᠡᠨ ᠡᠴᠡ ᠳᠡᠭᠡᠷᠡᠮ ᠦ᠋ᠨ ᠠᠶᠤᠯ ᠠ᠋ᠴᠠ ᠭᠡᠲᠦᠯᠦᠭᠰᠡᠨ ᠠᠨᠤ ᠮᠥᠨ ᠬᠦ᠌ ᠰᠠᠬᠢᠭᠤᠯᠰᠤᠨ ᠤ᠋ ᠵᠠᠷᠯᠢᠭ ᠢ ᠢᠲᠡᠭᠡᠵᠦ ᠶᠠᠪᠤᠭᠰᠠᠨ ᠬᠦᠴᠦᠨ ᠪᠣᠯᠠᠢ᠃ 
      ᠨᠠᠶᠠᠨ ᠨᠠᠢ᠍ᠮᠠᠳᠤᠭᠠᠷ ᠲᠥᠯᠭᠡ : ᠬᠠᠷ᠎ᠠ ᠴᠠᠭᠠᠭᠴᠢᠨ᠂ ᠳᠡᠭᠡᠳᠦ ᠰᠠᠢᠨ᠂ ᠲᠥᠯᠭᠡ ᠶ᠋ᠢᠨ ᠪᠡᠯᠭᠡ ᠶ᠋ᠢᠨ ᠠᠨᠤ : ᠭᠣᠣ ᠸᠠᠨ ᠲᠢᠩ ᠭᠠᠴᠢᠭᠳᠠᠯ ᠢ ᠠᠮᠰᠠᠭᠰᠠᠨ : ᠤᠷᠢᠳᠠ ᠶ᠋ᠢᠨ ᠬᠢᠭᠰᠡᠨ ᠬᠡᠷᠡᠭ ᠲᠣᠭᠠᠲᠠᠨ ᠬᠣᠭᠣᠰᠣᠨ ᠵᠣᠪᠠᠪᠠᠢ᠂ ᠰᠢᠨ᠎ᠡ ᠬᠠᠪᠤᠷ ᠦᠵᠡᠭᠰᠡᠨ ᠡᠴᠡ ᠴᠠᠭ ᠤᠯᠠᠮ ᠳᠡᠯᠭᠡᠷᠡᠮᠦᠢ᠂ ᠵᠠᠭᠤᠨ ᠵᠦᠢᠯ ᠦ᠋ᠨ ᠦᠢᠯᠡᠰ ᠬᠦᠰᠡᠯ ᠪᠦᠭᠦᠳᠡ ᠰᠡᠳᠬᠢᠯ ᠢ ᠬᠠᠩᠭᠠᠮᠤᠢ᠂ ᠵᠢᠴᠢ ᠪᠠᠰᠠ ᠪᠡᠶ᠎ᠡ ᠪᠡᠨ ᠰᠠᠬᠢᠵᠤ ᠳᠡᠭᠡᠷᠡᠩᠭᠦᠢ ᠣᠮᠣᠭ ᠢ ᠳᠡᠪᠴᠢᠳᠡᠬᠦᠢ᠃ 
      ᠪᠣᠭᠳᠠ ᠶ᠋ᠢᠨ ᠲᠠᠭᠠᠯᠠᠯ : ᠨᠡᠷ᠎ᠡ ᠪᠠ ᠠᠰᠢᠭ ᠢ ᠢᠷᠥᠬᠡᠷ ᠢ ᠲᠠᠭᠠᠭᠳᠠᠬᠤᠢ᠂ ᠵᠠᠷᠭᠤ ᠠᠯᠳᠠᠷᠠᠬᠤ ᠡᠪᠡᠳᠴᠢᠨ ᠠᠮᠤᠷᠵᠢᠬᠤ᠂ ᠤᠷᠤᠭ ᠵᠣᠬᠢᠯᠳᠤᠬᠤ ᠶᠠᠪᠤᠳᠠᠯ ᠤ᠋ᠨ ᠬᠥᠮᠦᠨ ᠢᠷᠡᠮᠦᠢ᠂ ᠪᠤᠰᠤ ᠭᠣᠷᠢ ᠪᠣᠢ ᠪᠥᠭᠡᠰᠦ ᠰᠢᠨ᠎ᠡ ᠵᠢᠯ ᠢ ᠬᠦᠯᠢᠶᠡᠭᠲᠦᠨ᠃ 
      ᠲᠠᠢᠯᠪᠤᠷᠢ ᠥᠭᠦᠯᠡᠯ: ᠡᠨᠡ ᠲᠥᠯᠭᠡ ᠳ᠋ᠦ᠍ᠷ ᠮᠠᠰᠢ ᠰᠠᠢᠨ ᠨᠡᠷ᠎ᠡ ᠠᠰᠢᠭ ᠪᠣᠯᠪᠠᠰᠤ ᠴᠠᠭ ᠢ᠋ᠶ᠋ᠠᠨ ᠬᠦᠯᠢᠶᠡ᠂ ᠤᠷᠤᠭ ᠮᠥᠨ ᠪᠦᠲᠦᠮᠦ᠂ ᠵᠠᠷᠭᠤ ᠵᠣᠬᠢᠯᠳᠤᠪᠠᠰᠤ ᠠᠯᠳᠠᠷᠠᠮᠤ᠂ ᠬᠡᠭᠦᠷ ᠦ᠋ᠨ ᠭᠠᠵᠠᠷ ᠲᠤᠷ ᠰᠠᠢᠨ᠂ ᠵᠢᠷᠮᠦᠰᠦᠨ ᠪᠥᠭᠡᠰᠦ ᠬᠥᠪᠡᠭᠦᠨ ᠬᠥᠩᠭᠡᠵᠢᠮᠦᠢ᠂ ᠲᠦᠷ ᠪᠡᠶ᠎ᠡ ᠪᠡᠨ ᠰᠠᠬᠢ᠂ ᠪᠢᠲᠡᠭᠡᠢ ᠭᠣᠷᠢᠯᠠ᠂ ᠨᠡᠷ᠎ᠡ ᠠᠰᠢᠭ ᠪᠣᠯᠪᠠᠰᠤ ᠬᠠᠪᠤᠷ ᠲᠤᠷ ᠰᠠᠢᠨ᠂ ᠵᠤᠨ ᠨᠠᠮᠤᠷ ᠡᠪᠦᠯ ᠪᠣᠯᠪᠠᠰᠤ ᠲᠡᠭᠰᠢ᠂ ᠠᠯᠢᠪᠠ ᠰᠠᠨᠠᠭᠰᠠᠨ ᠬᠡᠷᠡᠭ ᠰᠡᠳᠬᠢᠯᠴᠢᠯᠡᠨ ᠪᠦᠲᠦᠬᠦ ᠪᠣᠯᠠᠢ᠃ 
      ᠰᠠᠨᠠᠭ᠎ᠠ ᠲᠠᠢᠯᠤᠭᠰᠠᠨ : ᠡᠳᠦᠭᠡ ᠡᠴᠡ ᠤᠷᠤᠭᠰᠢ ᠬᠡᠷᠡᠭ ᠦᠢᠯᠡᠳᠬᠦᠢ ᠳ᠋ᠦ᠍ᠷ ᠬᠡᠳᠦᠢ ᠵᠣᠪᠠᠭᠰᠠᠨ ᠪᠣᠯᠪᠠᠴᠤ᠂ ᠰᠢᠨ᠎ᠡ ᠬᠠᠪᠤᠷ ᠲᠤᠷ ᠠᠭᠤᠯᠵᠠᠪᠠᠰᠤ ᠠᠯᠢᠪᠠ ᠰᠠᠨᠠᠭᠰᠠᠨ ᠬᠡᠷᠡᠭ ᠰᠡᠳᠬᠢᠯᠴᠢᠯᠡᠨ ᠪᠦᠲᠦᠬᠦ᠂ ᠪᠠᠷᠰ᠂ ᠲᠠᠤᠯᠠᠢ᠂ ᠯᠤᠤ ᠬᠠᠪᠤᠷ ᠲᠤᠷ ᠬᠠᠷᠢᠶᠠᠲᠠᠢ ᠲᠤᠯᠠ᠂ ᠨᠡᠷ᠎ᠡ ᠳ᠋ᠦ᠍ᠷ ᠮᠠᠰᠢ ᠰᠠᠢᠨ᠂ ᠪᠠᠷᠰ ᠲᠠᠤᠯᠠᠢ᠂ ᠯᠤᠤ ᠵᠢᠯ ᠮᠥᠨ ᠬᠦ᠌ ᠰᠠᠢᠨ ᠬᠡᠮᠡᠪᠡᠰᠦ ᠪᠠᠰᠠ ᠪᠣᠯᠤᠮᠤᠢ᠂ ᠭᠠᠭᠴᠠ ᠬᠢᠴᠢᠶᠡᠩᠭᠦᠢᠯᠡᠨ ᠬᠤᠪᠢ ᠪᠠᠨ ᠰᠠᠬᠢᠵᠤ ᠰᠠᠨᠠᠭᠠᠨ ᠤ᠋ ᠳᠤᠷᠠᠪᠠᠷ ᠡᠰᠡ ᠶᠠᠪᠤᠪᠠᠰᠤ ᠰᠠᠢᠨ ᠪᠣᠯᠠᠢ᠃ 
      ᠪᠡᠯᠭᠡ ᠶ᠋ᠢᠨ ᠲᠣᠬᠢᠶᠠᠯᠳᠤᠪᠦᠷᠢ ᠄ ᠸᠠᠨ ᠬᠠᠭᠠᠨ ᠤ᠋ ᠴᠠᠭ ᠲᠤᠷ ᠨᠢᠭᠡᠨ ᠪᠢᠴᠢᠭ ᠦ᠋ᠨ ᠬᠥᠮᠦᠨ ᠵᠢᠨ ᠱᠢ ᠰᠢᠯᠭᠠᠷ᠎ᠠ ᠣᠳᠬᠤ ᠳ᠋ᠠᠭᠠᠨ ᠦᠵᠡᠭᠦᠯᠪᠡᠰᠦ ᠡᠨᠡ ᠲᠥᠯᠭᠡ ᠪᠠᠭᠤᠵᠤᠬᠤᠢ᠂ ᠲᠡᠨᠳᠡᠴᠡ ᠰᠢᠯᠭᠠᠭᠠᠳ ᠵᠢᠨ ᠱᠢ ᠪᠣᠯᠤᠭᠰᠠᠨ ᠢ᠋ᠶ᠋ᠠᠷ ᠨᠥᠬᠥᠳ ᠢᠨᠤ ᠢᠳᠬᠠᠵᠤ ᠥᠭᠦᠯᠡᠷᠦᠨ᠂ ᠵᠠᠩ ᠰᠢᠶᠠᠩ ᠯᠢᠩ ᠡᠳᠦᠭᠡ ᠡᠷᠬᠡ ᠪᠠᠷᠢᠭᠰᠠᠨ ᠲᠤᠯᠠ ᠳᠡᠭᠦᠨᠦ ᠡᠭᠦᠳᠡᠨ ᠳ᠋ᠦ᠍ᠷ ᠶᠠᠪᠤᠪᠠᠰᠤ ᠬᠡᠷᠬᠢᠪᠡᠴᠦ ᠵᠤᠸᠠᠩ ᠶᠤᠸᠠᠨ ᠪᠣᠯᠤᠮᠤ ᠬᠡᠮᠡᠭᠰᠡᠨ ᠳ᠋ᠦ᠍ᠷ ᠬᠡᠷᠡᠭᠰᠡᠭᠰᠡᠨ ᠦᠭᠡᠢ ᠳᠠᠷᠤᠢ ᠰᠢᠯᠭᠠᠭᠠᠳ ᠲᠠᠨ ᠭᠤᠸᠠᠨ ᠪᠣᠯᠵᠤᠬᠤᠢ᠂ ᠵᠢᠴᠢ ᠨᠥᠬᠥᠷ ᠦ᠋ᠳ ᠢᠨᠤ ᠵᠠᠩ ᠰᠢᠶᠠᠩ ᠯᠢᠩ ᠢ᠋ ᠭᠤᠶᠤᠪᠠᠰᠤ ᠳᠡᠭᠡᠭᠰᠢ ᠰᠣᠩᠭᠣᠭᠳᠠᠬᠤ ᠬᠡᠮᠡᠭᠰᠡᠨ ᠳ᠋ᠦ᠍ᠷ ᠪᠠᠰᠠ ᠬᠡᠷᠡᠭᠰᠡᠭᠰᠡᠨ ᠦᠭᠡᠢ ᠲᠤᠯᠠ ᠡᠭᠦᠪᠡᠷ ᠭᠠᠳᠠᠭᠠᠳᠤ ᠰᠢᠶᠠᠨ ᠤ ᠲᠦᠰᠢᠮᠡᠯ ᠪᠣᠯᠭᠠᠪᠠ᠂ ᠤᠳᠠᠯ ᠦᠭᠡᠢ ᠵᠠᠩ ᠰᠢᠶᠠᠩ ᠯᠢᠩ ᠦ᠋ᠨ ᠪᠡᠶ᠎ᠡ ᠦᠬᠦᠭᠰᠡᠨ ᠳ᠋ᠦ᠍ᠷ ᠵᠠᠩ ᠰᠢᠶᠠᠩ ᠯᠢᠩ ᠦ᠋ᠨ ᠳᠣᠣᠷ᠎ᠠ ᠲᠡᠰᠢᠵᠦ ᠶᠠᠪᠤᠭᠰᠠᠨ ᠬᠥᠮᠦᠨ ᠪᠤᠯᠲᠤ ᠪᠠᠭᠤᠷᠠᠪᠠᠢ᠂ ᠳᠠᠷᠠᠭ᠎ᠠ ᠪᠠᠷ ᠨᠡᠢᠰᠯᠡᠯ ᠬᠤᠳᠠᠨ᠎ᠠ ᠣᠷᠣᠵᠤ ᠬᠡᠷᠡᠭᠯᠡᠭᠳᠡᠪᠡᠢ᠂ ᠡᠨᠡ ᠠᠨᠤ ᠪᠡᠶ᠎ᠡ ᠶ᠋ᠢ ᠰᠠᠬᠢᠵᠤ ᠳᠡᠭᠡᠷᠡᠩᠭᠦᠢ ᠣᠮᠣᠭ ᠢ ᠳᠡᠪᠴᠢᠭᠳᠡᠬᠦᠢ ᠬᠡᠮᠡᠭᠰᠡᠨ ᠯᠦ᠍ᠭᠡ ᠨᠡᠢᠯᠡᠵᠦᠬᠦᠢ᠃ 
      ᠨᠠᠶᠠᠨ ᠶᠢᠰᠦᠳᠦᠭᠡᠷ ᠲᠥᠯᠭᠡ : ᠬᠠᠷ᠎ᠠ ᠬᠠᠷ᠎ᠠ᠂ ᠳᠤᠮᠳᠠ ᠲᠡᠭᠰᠢ᠂ ᠲᠥᠯᠭᠡ ᠶ᠋ᠢᠨ ᠪᠡᠯᠭᠡ ᠠᠨᠤ : ᠪᠠᠨ ᠴᠤᠤ ᠢᠦᠢ ᠮᠠᠨ ᠭᠤᠸᠠᠨ ᠠ᠋ᠴᠠ ᠡᠷᠭᠢᠭᠰᠡᠨ :  ᠠᠷᠢᠬᠢᠨ ᠤ᠋ ᠪᠣᠳᠣᠩ ᠤ᠋ᠨ ᠳᠡᠷᠭᠡᠳᠡ ᠬᠡᠷᠡᠭ ᠦᠭᠡᠢ ᠲᠤᠯᠠ ᠲᠦᠷ ᠳᠠᠭᠤᠯᠠᠰᠤᠭᠠᠢ᠂ ᠴᠠᠭ ᠢᠷᠡᠭᠡᠳᠦᠢ ᠪᠥᠭᠡᠰᠦ ᠪᠡᠷ ᠲᠡᠭᠦᠨ ᠢ ᠬᠡᠷᠬᠢᠨ ᠴᠢᠳᠠᠮᠤᠢ ᠊ᠶ᠎ᠠ᠂ ᠴᠠᠭᠠᠨ ᠮᠣᠷᠢᠨ ᠢ᠋ᠶ᠋ᠠᠷ᠂ ᠮᠥᠷᠡᠨ ᠢ ᠭᠠᠲᠤᠯᠬᠤᠢ ᠳ᠋ᠤᠷ ᠨᠠᠷᠠᠨ ᠬᠡᠳᠦᠢ ᠣᠢᠷᠠᠲᠤᠪᠠᠴᠤ᠂ ᠪᠠᠷᠰ ᠲᠡᠷᠢᠭᠦᠲᠦ ᠪᠠᠯᠭᠠᠰᠤᠨ ᠤ᠋ ᠳᠣᠲᠣᠷ᠎ᠠ ᠰᠦᠷ ᠵᠢᠪᠬᠤᠯᠠᠩ ᠢ ᠦᠵᠡᠭᠦᠯᠦᠮᠦ᠃ 
      ᠪᠣᠭᠳᠠ ᠶ᠋ᠢᠨ ᠲᠠᠭᠠᠯᠠᠯ᠄ ᠨᠡᠷ᠎ᠡ ᠣᠯᠤᠭᠠᠳᠤᠢ ᠡᠳ᠋ ᠬᠣᠵᠢᠮ ᠪᠠᠢᠨᠠᠮ᠂ ᠡᠪᠡᠳᠴᠢᠲᠡᠨ ᠠᠮᠤᠷᠵᠢᠪᠠᠢ ᠶᠠᠪᠤᠳᠠᠯ ᠤ᠋ᠨ ᠬᠥᠮᠦᠨ ᠣᠢᠷᠠᠲᠤᠪᠠᠢ᠂ ᠵᠠᠷᠭᠤ ᠳᠡᠢᠯᠪᠡᠰᠦ ᠰᠠᠢᠨ ᠵᠢᠷᠮᠦᠰᠦᠨ ᠠᠶᠤᠯ ᠦᠭᠡᠢ ᠤᠷᠤᠭ ᠨᠠᠢᠷᠠᠨ ᠵᠣᠬᠢᠯᠳᠤᠮᠤᠢ ᠤᠳᠠᠭᠠᠨ ᠪᠣᠯᠪᠠᠰᠤ ᠰᠠᠢᠨ᠃ 
      ᠲᠠᠢᠯᠪᠤᠷᠢ ᠥᠭᠦᠯᠡᠯ : ᠡᠨᠡ ᠲᠥᠯᠭᠡ ᠳ᠋ᠦ᠍ᠷ ᠭᠠᠪᠢᠶ᠎ᠠ ᠨᠡᠷ᠎ᠡ ᠤᠳᠠᠭᠠᠨ ᠡᠳ᠋ ᠳᠡᠯᠭᠡᠷᠡᠬᠦᠢ ᠬᠣᠵᠢᠮ ᠵᠠᠷᠭᠤ ᠵᠣᠬᠢᠯᠳᠤᠮᠤᠢ᠂ ᠤᠷᠤᠭ ᠠᠯᠭᠤᠷ ᠰᠠᠢᠨ ᠶᠠᠪᠤᠳᠠᠯ ᠤ᠋ᠨ ᠬᠥᠮᠦᠨ ᠦᠬᠡᠷ ᠮᠣᠷᠢ ᠲᠠᠬᠢᠶ᠎ᠠ ᠳ᠋ᠤᠷ ᠡᠷᠭᠢᠬᠦ ᠡᠪᠡᠳᠴᠢᠲᠡᠨ ᠳ᠋ᠦ᠍ ᠡᠮ ᠵᠣᠬᠢᠯᠳᠤᠬᠤ᠂ ᠨᠠᠢᠷᠠᠯᠳᠤᠬᠤ ᠠᠷᠢᠬᠢᠳᠠᠬᠤ ᠠ᠋ᠴᠠ ᠬᠡᠯᠡ ᠠᠮᠠ ᠪᠣᠯᠤᠮᠤ ᠠᠯᠢᠪᠠ ᠬᠡᠷᠡᠭ ᠤᠷᠢᠳᠠ ᠪᠡᠷᠬᠡ ᠬᠣᠵᠢᠮ ᠬᠢᠯᠪᠠᠷ ᠪᠣᠯᠬᠤ ᠬᠤᠪᠢ ᠪᠠᠨ ᠰᠠᠬᠢᠲᠤᠭᠠᠢ᠃ 
      ᠰᠠᠨᠠᠭ᠎ᠠ ᠲᠠᠢᠯᠤᠭᠰᠠᠨ᠂ ᠬᠡᠳᠦᠢ ᠴᠠᠭ ᠲᠣᠬᠢᠶᠠᠯᠳᠤᠬᠤ ᠦᠭᠡᠢ ᠪᠣᠯᠪᠠᠴᠤ ᠲᠦᠷ ᠬᠦᠯᠢᠶᠡᠵᠦ ᠨᠠᠰᠤᠵᠢᠭᠰᠠᠨ ᠴᠠᠭ ᠲᠤᠷ ᠮᠣᠷᠢᠨ ᠵᠢᠯ ᠰᠠᠷ᠎ᠠ ᠡᠳᠦᠷ ᠲᠣᠬᠢᠶᠠᠯᠳᠤᠪᠠᠰᠤ ᠨᠡᠷ᠎ᠡ ᠠᠰᠢᠭ ᠰᠠᠨᠠᠭᠠᠨ ᠳ᠋ᠤᠷ ᠬᠦᠷᠬᠦ᠂ ᠣᠯᠠᠨ ᠳ᠋ᠤᠷ ᠬᠦᠨᠳᠦᠯᠡᠭᠳᠡᠭᠡᠳ ᠡᠳ᠋ ᠶᠡᠬᠡ ᠬᠤᠷᠢᠶᠠᠬᠤ᠂ ᠭᠠᠭᠴᠠ ᠴᠠᠭ ᠠᠨᠤ ᠬᠣᠯᠠ ᠪᠤᠰᠤ᠂ ᠦᠵᠡᠭᠦᠯᠦᠭᠴᠢᠳ ᠰᠢᠳᠤᠷᠭᠤ ᠪᠠᠷ ᠪᠡᠶ᠎ᠡ ᠶ᠋ᠢ ᠰᠠᠬᠢᠭᠠᠳ᠂ ᠠᠷᠢᠬᠢ ᠪᠠ ᠨᠠᠢᠷᠠᠯᠳᠤᠬᠤ ᠶ᠋ᠢ ᠴᠡᠭᠡᠷᠯᠡᠪᠡᠰᠦ ᠬᠡᠯᠡ ᠠᠮᠠᠨ ᠦᠯᠦ ᠪᠣᠯᠬᠤ᠃ 
      ᠪᠡᠯᠭᠡ ᠶ᠋ᠢᠨ ᠲᠣᠬᠢᠶᠠᠯᠳᠤᠪᠤᠷᠢ : ᠰᠢᠨ ᠴᠤᠸᠠᠨ ᠭᠠᠵᠠᠷ ᠴᠢᠨ ᠲᠠ ᠰᠢ ᠰᠢᠯᠭᠠᠬᠤ ᠶ᠋ᠢᠨ ᠲᠤᠯᠠ ᠦᠵᠡᠭᠦᠯᠪᠡᠰᠦ ᠡᠨᠡ ᠲᠥᠯᠭᠡ ᠪᠠᠭᠤᠵᠤᠬᠤᠢ᠂ ᠰᠢᠯᠭᠠᠬᠤ ᠪᠣᠯᠭᠠᠨ ᠰᠢᠯᠭᠠᠭᠰᠠᠭᠠᠷ ᠲᠠᠪᠢᠨ ᠳᠣᠯᠣᠭᠠᠨ ᠨᠠᠰᠤᠨ ᠤ᠋ ᠴᠠᠭᠠᠨ ᠮᠣᠷᠢᠨ ᠵᠢᠯ ᠳ᠋ᠦ᠍ᠷ ᠰᠠᠶᠢ ᠵᠢᠦᠢ ᠷᠸᠨ ᠰᠢᠯᠭᠠᠵᠤ ᠣᠯᠪᠠᠢ᠃ ᠡᠨᠡ ᠠᠨᠤ ᠴᠠᠭᠠᠨ ᠮᠣᠷᠢᠨ ᠢ᠋ᠶ᠋ᠠᠷ ᠮᠥᠷᠡᠨ ᠭᠠᠲᠤᠯᠮᠤ ᠬᠡᠮᠡᠭᠰᠡᠨ ᠯᠦ᠍ᠭᠡ ᠨᠡᠯᠡᠵᠦᠬᠦᠢ᠂ ᠬᠥᠬᠡ ᠨᠣᠬᠠᠢ ᠵᠢᠯ ᠳ᠋ᠦ᠍ᠷ ᠵᠢᠢ ᠠᠨ ᠭᠠᠵᠠᠷ ᠲᠤᠷ ᠸᠠᠩ ᠡᠷᠭᠦᠮᠵᠢᠯᠡᠷ᠎ᠡ ᠡᠴᠢᠭᠡᠳ ᠣᠯᠵᠠ ᠬᠦᠨᠳᠦᠯᠡᠯ ᠲᠡᠢ ᠡᠷᠭᠢᠪᠡᠢ᠂ ᠵᠢᠢ ᠠᠨ ᠬᠡᠮᠡᠭᠴᠢ ᠡᠷᠲᠡᠨ ᠤ ᠪᠣᠯᠠᠢ ᠬᠡᠮᠡᠭᠰᠡᠨ ᠦᠰᠦᠭ ᠦ᠋ᠨ ᠳᠡᠭᠡᠷ᠎ᠡ ᠪᠠᠷᠰ ᠬᠡᠮᠡᠭᠰᠡᠨ ᠦᠰᠦᠭ ᠦ᠋ᠨ ᠲᠡᠷᠢᠭᠦᠨ ᠪᠣᠢ ᠲᠤᠯᠠ᠂ ᠳᠥᠲᠥᠭᠡᠷ ᠦᠭᠡᠨ ᠯᠦ᠍ᠭᠡ ᠨᠡᠢᠯᠡᠵᠦᠬᠦᠢ᠃ 
      ᠶᠡᠷᠡᠳᠦᠭᠡᠷ ᠲᠥᠯᠭᠡ : ᠬᠠᠷ᠎ᠠ ᠬᠠᠷᠠᠭᠴᠢᠨ᠂ ᠳᠤᠮᠳᠠ ᠲᠡᠭᠰᠢ᠂ ᠲᠥᠯᠭᠡ ᠶ᠋ᠢᠨ ᠪᠡᠯᠭᠡ ᠠᠨᠤ : ᠶᠠᠩ ᠢ᠋ᠶ᠋ᠠᠨ ᠬᠦᠩ ᠯᠢᠦ ᠵᠧᠦ ᠳ᠋ᠦ᠍ᠷ ᠬᠠᠭᠠᠭᠳᠠᠭᠰᠠᠨ : ᠬᠦᠩ ᠲᠤᠩ ᠬᠣᠲᠠᠨ ᠤ᠋ ᠳᠣᠲᠣᠷ᠎ᠠ ᠬᠡᠷᠡᠭ ᠣᠯᠣᠰᠣ ᠮᠡᠲᠦ᠂ ᠴᠢᠨᠦ ᠮᠡᠲᠦ ᠬᠡᠷᠡᠭ ᠦᠭᠡᠢ ᠪᠠᠢᠬᠤ ᠬᠡᠳᠦᠬᠡᠨ ᠭᠡᠷ ᠪᠣᠢ᠂ ᠴᠢ ᠳᠠᠬᠢᠨ ᠳᠠᠪᠲᠠᠨ ᠭᠣᠷᠢᠯᠠᠨ ᠵᠠᠯᠪᠠᠷᠢᠬᠤ ᠶ᠋ᠢ ᠪᠠᠢᠲᠤᠭᠠᠢ᠂ ᠲᠠᠯᠠᠭᠠᠷ ᠬᠣᠭᠣᠰᠣᠨ ᠵᠣᠪᠠᠵᠤ ᠭᠠᠰᠠᠯᠠᠬᠤ ᠪᠣᠯᠭᠤᠵᠠᠢ᠃ 
      ᠪᠣᠭᠳᠠ ᠶ᠋ᠢᠨ ᠲᠠᠭᠠᠯᠠᠯ : ᠬᠡᠷᠡᠭ ᠵᠣᠬᠢᠷᠠᠪᠠᠰᠤ ᠰᠠᠢᠨ᠂ ᠡᠳ᠋ ᠬᠦᠰᠡᠪᠡᠰᠦ ᠦᠭᠡᠢ᠂ ᠤᠷᠤᠭ ᠪᠦᠲᠦᠭᠡ ᠦᠭᠡᠢ᠂ ᠡᠪᠡᠳᠴᠢᠲᠡᠨ ᠠᠶᠤᠯ ᠦᠭᠡᠢ᠂ ᠮᠡᠳᠡᠭᠡ ᠴᠢᠮᠡᠭᠡ ᠦᠭᠡᠢ᠂ ᠪᠤᠰᠤ ᠭᠣᠷᠢ ᠬᠡᠷᠡᠭ ᠦᠭᠡᠢ᠂ ᠵᠠᠯᠪᠠᠷᠢᠬᠤ ᠬᠡᠷᠡᠭᠲᠡᠢ᠂ ᠠᠮᠤᠷ ᠨᠠᠮ ᠰᠠᠭᠤᠳᠤᠭᠠᠢ᠃  
      ᠲᠠᠢᠯᠪᠤᠷᠢ ᠥᠭᠦᠯᠡᠯ : ᠡᠨᠡ ᠲᠥᠯᠭᠡ ᠳ᠋ᠦ᠍ᠷ ᠰᠠᠨᠠᠭᠰᠠᠨ ᠬᠡᠷᠡᠭ ᠪᠡᠷᠬᠡ ᠵᠣᠪᠠᠭᠤᠷᠢ ᠪᠣᠢ᠂ ᠭᠡᠷ ᠦ᠋ᠨ ᠬᠤᠪᠢᠨ᠎ᠠ ᠵᠣᠪᠠᠯᠠᠩ ᠪᠣᠢ ᠵᠠᠷᠭᠤ ᠵᠣᠬᠢᠯᠳᠤᠪᠠᠰᠤ ᠰᠠᠢᠨ᠂ ᠪᠤᠰᠤᠳ ᠤ᠋ᠨ ᠦᠭᠡᠨ ᠢ ᠪᠢᠲᠡᠭᠡᠢ ᠰᠣᠨᠣᠰ᠂ ᠡᠳ᠋ ᠡᠷᠢᠪᠡᠰᠦ ᠣᠯᠳᠠᠪᠤᠷᠢ ᠦᠭᠡᠢ᠂ ᠡᠪᠡᠳᠴᠢᠲᠡᠨ ᠠᠰᠠᠭᠤᠪᠠᠰᠤ ᠠᠮᠤᠷᠵᠢᠭ᠎ᠠ ᠦᠭᠡᠢ᠂ ᠵᠢᠷᠮᠦᠰᠦᠨ ᠪᠣᠯᠪᠠᠰᠤ ᠡᠷᠲᠡᠬᠡᠨ ᠬᠢᠴᠢᠶᠡᠪᠡᠰᠦ ᠰᠠᠢᠨ᠂ ᠶᠠᠪᠤᠳᠠᠯ ᠤ᠋ᠨ ᠬᠥᠮᠦᠨ ᠢᠷᠡᠬᠦ ᠮᠡᠳᠡᠭᠡ ᠦᠭᠡᠢ᠂ ᠤᠷᠤᠭ ᠤ᠋ᠨ ᠬᠡᠷᠡᠭ ᠢ ᠠᠰᠠᠭᠤᠪᠠᠰᠤ ᠪᠡᠷᠬᠡ ᠠᠭᠤᠯᠠ ᠶ᠋ᠢ ᠳᠠᠪᠠᠬᠤ ᠮᠡᠲᠦ ᠪᠣᠯᠠᠢ᠃ 
      ᠰᠠᠨᠠᠭ᠎ᠠ ᠲᠠᠢᠯᠤᠭᠰᠠᠨ : ᠦᠵᠡᠭᠦᠯᠦᠭᠴᠢᠳ ᠬᠤᠪᠢ ᠪᠠᠨ ᠰᠠᠬᠢᠭᠠᠳ ᠬᠣᠮᠣᠭᠤᠯᠵᠢᠬᠤ ᠬᠡᠷᠡᠭ ᠦᠭᠡᠢ᠂ ᠬᠡᠳᠦᠢ ᠵᠠᠯᠪᠠᠷᠢᠪᠠᠰᠤ ᠮᠥᠨ ᠬᠦ᠌ ᠪᠤᠶᠠᠨ ᠢ ᠭᠣᠷᠢᠯᠠᠭᠰᠠᠨ ᠲᠤᠯᠠ ᠪᠤᠶᠠᠨ ᠬᠡᠮᠡᠭᠴᠢ ᠰᠠᠢᠨ ᠬᠥᠮᠦᠨ ᠤ ᠠᠮᠰᠠᠬᠤ ᠣᠷᠣᠨ ᠮᠥᠨ᠂ ᠶᠠᠪᠤᠳᠠᠯ ᠣᠰᠣᠯ ᠪᠥᠭᠡᠳ ᠡᠷᠢᠬᠦ ᠠᠨᠤ ᠬᠣᠯᠠ ᠪᠣᠯᠪᠠᠰᠤ ᠬᠠᠷᠢᠨ ᠴᠤ᠌ ᠵᠣᠪᠠᠯᠠᠩ ᠢ ᠠᠮᠰᠠᠬᠤ ᠪᠣᠯᠠᠢ᠃  
      ᠪᠡᠯᠭᠡ ᠶ᠋ᠢᠨ ᠲᠣᠬᠢᠶᠠᠯᠳᠤᠪᠦᠷᠢ : ᠨᠢᠭᠡᠨ ᠬᠥᠮᠦᠨ  ᠵᠠᠭᠠᠯᠳᠤᠭᠠᠳ ᠦᠵᠡᠭᠦᠯᠪᠡᠰᠦ ᠡᠨᠡ ᠲᠥᠯᠭᠡ ᠪᠠᠭᠤᠵᠤᠬᠤᠢ᠂ ᠲᠡᠨᠳᠡᠴᠡ ᠲᠦᠰᠢᠮᠡᠯ ᠳ᠋ᠦ᠍ᠷ ᠣᠴᠢᠭᠠᠳ ᠬᠡᠷᠡᠭ  ᠢᠨᠤ ᠲᠡᠭᠦᠨ ᠳ᠋ᠦ᠍ᠷ ᠬᠠᠷᠢᠶ᠎ᠠ ᠦᠭᠡᠢ ᠪᠣᠯᠵᠤ ᠬᠡᠷᠡᠭ ᠪᠣᠯᠤᠭᠰᠠᠨ ᠦᠭᠡᠢ᠂ ᠡᠨᠡ ᠠᠨᠤ ᠰᠢᠯᠦᠭ ᠦ᠋ᠨ ᠬᠣᠶᠠᠳᠤᠭᠠᠷ ᠦᠭᠡᠨ ᠯᠦ᠍ᠭᠡ ᠨᠡᠢᠯᠡᠵᠦᠬᠦᠢ᠃