ᠲᠠᠯ᠎ᠠ ᠶ᠋ᠢᠨ ᠦᠨᠡᠭᠡᠨ ᠰᠡᠭᠦᠯТалын үнгэн сүүл

ᠲᠠᠯ᠎ᠠ ᠶ᠋ᠢᠨ ᠦᠨᠡᠭᠡᠨ ᠰᠡᠭᠦᠯ
ᠦᠶᠡᠲᠦ ᠤᠷᠭᠤᠮᠠᠯ ᠤ᠋ᠨ ᠢᠵᠠᠭᠤᠷ
ᠣᠯᠠᠨ ᠨᠠᠰᠤᠲᠤ ᠡᠪᠡᠰᠦᠯᠢᠭ ᠤᠷᠭᠤᠮᠠᠯ᠂ ᠣᠬᠣᠷᠬᠠᠨ ᠦᠨᠳᠦᠰᠦᠯᠢᠭ ᠡᠰᠢ ᠲᠡᠢ᠃ ᠰᠦᠷᠡᠯ ᠨᠢ ᠴᠥᠭᠡᠬᠡᠨ ᠬᠡᠳᠦ ᠪᠡᠷ ᠪᠤᠲᠠᠯᠠᠵᠤ ᠤᠷᠭᠤᠨ᠎ᠠ᠂ ᠰᠢᠯᠤᠭᠤᠨ ᠪᠤᠶᠤ ᠣᠵᠣᠭᠣᠷ ᠲᠠᠭᠠᠨ ᠪᠠᠬᠠᠨ ᠮᠤᠷᠤᠢ᠂50—80cm ᠥᠨᠳᠥᠷ᠃ ᠨᠠᠪᠴᠢᠨ ᠤ᠋ ᠲᠣᠭᠳᠣᠢ ᠨᠢ ᠭᠥᠯᠢᠭᠡᠷ᠂ ᠰᠤᠯᠠᠬᠠᠨ ᠶᠡᠷᠦ ᠳ᠋ᠡᠭᠡᠨ ᠡᠰᠢᠨ ᠦ᠌ ᠦᠶ᠎ᠡ ᠶ᠋ᠢᠨ ᠵᠠᠢ ᠠ᠋ᠴᠠ ᠨᠢ ᠣᠬᠣᠷ; ᠨᠠᠪᠴᠢ ᠨᠢ ᠲᠡᠭᠰᠢᠬᠡᠨ ᠬᠠᠪᠲᠠᠭᠠᠢ᠂ ᠵᠥᠭᠡᠯᠡᠨ᠂ 5—20cm ᠤᠷᠲᠤ᠂3—10cm ᠥᠷᠭᠡᠨ᠂ ᠳᠡᠭᠡᠳᠦ ᠲᠠᠯ᠎ᠠ ᠨᠢ ᠠᠷᠵᠠᠭᠠᠷ᠂ ᠠᠷᠤ ᠨᠢ ᠭᠥᠯᠢᠭᠡᠷ᠃ ᠱᠣᠷᠣᠯᠵᠢᠨ ᠬᠡᠯᠪᠡᠷᠢᠲᠦ ᠪᠠᠭ ᠴᠡᠴᠡᠭ ᠨᠢ ᠪᠥᠭᠡᠷᠡᠩᠬᠡᠢ ᠪᠠᠭᠠᠨ᠎ᠠ ᠬᠡᠯᠪᠡᠷᠢ ᠲᠡᠢ᠂4—8cm ᠤᠷᠲᠤ᠂6—10cm ᠥᠷᠭᠡᠨ᠂ ᠴᠠᠢᠪᠤᠷ ᠨᠣᠭᠣᠭᠠᠨ ᠥᠩᠭᠡᠲᠡᠢ; ᠵᠢᠵᠢᠭ ᠲᠦᠷᠦᠭᠦᠦ ᠨᠢ ᠤᠷᠲᠤ ᠵᠤᠤᠪᠠᠩ᠂5mm ᠣᠷᠴᠢᠮ ᠤᠷᠲᠤ; ᠬᠣᠶᠠᠷ ᠬᠠᠯᠢᠰᠤ ᠨᠢ ᠤᠭ ᠬᠡᠰᠡᠭ ᠲᠡᠭᠡᠨ ᠭᠤᠷᠪᠠᠨ ᠤ᠋ ᠨᠢᠭᠡ ᠶ᠋ᠢᠨ ᠴᠢᠨᠡᠭᠡ ᠨᠡᠢᠯᠡᠩᠭᠢ᠂ ᠠᠷᠤ ᠲᠠᠯ᠎ᠠ ᠶ᠋ᠢᠨ ᠭᠣᠣᠯ ᠰᠤᠳᠠᠯ ᠨᠢ ᠨᠠᠷᠢᠨ ᠦᠰᠦ ᠲᠡᠢ᠂ ᠬᠠᠵᠠᠭᠤ ᠶ᠋ᠢᠨ ᠰᠤᠳᠠᠯ ᠨᠢ ᠪᠠᠰᠠ ᠣᠬᠣᠷ ᠦᠰᠦ ᠲᠡᠢ᠂ ᠬᠣᠶᠠᠷ ᠬᠠᠵᠠᠭᠤ ᠳ᠋ᠤᠨᠢ ᠦᠰᠦ ᠦᠭᠡᠢ ᠪᠤᠶᠤ ᠲᠠᠷᠠᠮᠠᠭ ᠣᠬᠣᠷ ᠦᠰᠦ ᠲᠡᠢ; ᠭᠠᠳᠠᠷ ᠬᠡᠪᠡᠭ ᠨᠢ ᠬᠠᠯᠢᠰᠤ ᠲᠠᠢ ᠪᠠᠨ ᠲᠡᠩᠴᠡᠭᠦᠦ ᠤᠷᠲᠤ ᠪᠤᠶᠤ ᠪᠠᠬᠠᠨ ᠤᠷᠲᠤ ᠪᠠᠢᠳᠠᠭ᠂ ᠦᠵᠦᠭᠦᠷ ᠬᠡᠰᠡᠭ ᠲᠦ ᠨᠢ ᠲᠠᠷᠠᠮᠠᠯ ᠵᠢᠵᠢᠭ ᠦᠰᠦ ᠲᠡᠢ; ᠰᠤᠷ ᠨᠢ6—8mm ᠤᠷᠲᠤ᠂ ᠳᠤᠮᠳᠠ ᠬᠡᠰᠡᠭ ᠲᠡᠭᠡᠨ ᠡᠪᠦᠳᠦᠭ ᠮᠡᠲᠦ ᠮᠤᠷᠤᠢ᠂ ᠬᠠᠯᠢᠰᠤ ᠠ᠋ᠴᠠ ᠳᠡᠭᠡᠭᠰᠢ ᠴᠤᠬᠤᠢᠨ ᠭᠠᠷᠤᠭᠰᠠᠨ ᠬᠡᠰᠡᠭ ᠨᠢ ᠠᠷᠵᠠᠭᠠᠷ᠂ ᠭᠠᠳᠠᠷ ᠬᠡᠪᠡᠭ ᠦ᠋ᠨ ᠠᠷᠤ ᠲᠠᠯ᠎ᠠ ᠶ᠋ᠢᠨ ᠤᠭ ᠣᠷᠴᠢᠮ ᠠ᠋ᠴᠠ ᠤᠷᠭᠤᠵᠤ ᠭᠠᠷᠴᠠᠢ; ᠲᠣᠭᠣᠰᠣᠪᠴᠢ ᠨᠢ ᠰᠢᠷ᠎ᠠ᠂2mm ᠣᠷᠴᠢᠮ ᠤᠷᠲᠤ᠃ ᠠᠮᠤ ᠵᠢᠮᠢᠰ ᠨᠢ ᠲᠠᠯ᠎ᠠ ᠵᠤᠤᠪᠠᠩ ᠬᠡᠯᠪᠡᠷᠢ ᠲᠡᠢ᠂3mm ᠬᠢᠷᠢ ᠤᠷᠲᠤ᠃
ᠴᠢᠭᠢᠭᠲᠡᠢ ᠨᠣᠢᠲᠠᠨ ᠬᠡᠭᠡᠷ᠎ᠡ ᠲᠠᠯ᠎ᠠ ᠳ᠋ᠤ᠌ ᠤᠷᠭᠤᠨ᠎ᠠ᠃
ᠮᠠᠨ ᠤ᠋ ᠤᠯᠤᠰ ᠤ᠋ᠨ ᠥᠪᠥᠷ ᠮᠣᠩᠭᠣᠯ᠂ ᠵᠡᠭᠦᠨ ᠬᠣᠢᠲᠤ ᠣᠷᠣᠨ᠂ ᠪᠠᠷᠠᠭᠤᠨ ᠬᠣᠢᠲᠤ ᠣᠷᠣᠨ ᠤ᠋ ᠡᠯ᠎ᠡ ᠮᠣᠵᠢ ᠣᠷᠣᠨ ᠳ᠋ᠤ᠌ ᠤᠷᠭᠤᠳᠠᠭ᠃
ᠮᠠᠯ ᠲᠡᠵᠢᠭᠡᠪᠦᠷᠢ ᠢᠳᠡᠬᠦ ᠳᠤᠷᠠᠲᠠᠢ ᠵᠥᠭᠡᠯᠡᠨ ᠪᠡᠯᠴᠢᠭᠡᠷ ᠦ᠋ᠨ ᠡᠪᠡᠰᠦ ᠮᠥᠨ᠃
ᠬᠢᠲᠠᠳ ᠨᠡᠷ᠎ᠡ᠄大看麦娘
ᠠᠩᠭ᠌ᠯᠢ ᠨᠡᠷ᠎ᠡ᠄ALopecurus pratensis L
ᠦᠰᠦᠭ ᠠᠮᠢᠯᠡᠭᠤᠯᠤᠭᠴᠢ᠄ ᠴᠣᠯᠮᠣᠨ
ᠬᠢᠨᠠᠭᠴᠢ ᠄ ᠪᠤᠯᠤᠳ
