ᠪᠣᠭᠳᠠ ᠯᠣᠣᠶᠠ ᠶ᠋ᠢᠨ ᠪᠦᠷᠢᠨ ᠲᠥᠯᠭᠡ 71~80 Богд лууяны бүрэн төлөг 71~80
ᠪᠣᠭᠳᠠ ᠶ᠋ᠢᠨ ᠲᠠᠭᠠᠯᠠᠯ : ᠵᠠᠷᠭᠤ ᠨᠠᠢᠷᠠᠬᠤ ᠬᠡᠷᠡᠭᠲᠡᠢ᠂ ᠨᠡᠷ᠎ᠡ ᠤᠯᠠᠮ ᠨᠡᠪᠲᠡᠷᠡᠮᠦᠢ᠂ ᠤᠷᠤᠭ ᠳᠠᠬᠢᠨ ᠨᠡᠢᠯᠡᠮᠦ᠂ ᠡᠪᠡᠳᠴᠢᠲᠡᠨ ᠳ᠋ᠦ᠍ᠷ ᠮᠠᠭᠤ᠂ ᠡᠳ᠋ ᠲᠠᠸᠠᠷ ᠢ ᠬᠦᠰᠡᠪᠡᠰᠦ ᠴᠠᠭ ᠪᠣᠯᠤᠭᠠᠳᠤᠢ᠂ ᠠᠯᠢᠪᠠ ᠭᠣᠷᠢ ᠰᠡᠳᠬᠢᠯ ᠨᠠᠮᠤᠷ ᠡᠪᠦᠯ ᠰᠠᠢᠨ᠃
ᠲᠠᠢᠯᠪᠤᠷᠢ ᠥᠭᠦᠯᠡᠯ : ᠡᠨᠡ ᠲᠥᠯᠭᠡ ᠳ᠋ᠦ᠍ᠷ᠂ ᠤᠷᠢᠳᠠ ᠬᠦᠴᠢᠷ᠂ ᠬᠣᠵᠢᠮ ᠬᠢᠯᠪᠠᠷ ᠠᠯᠢᠪᠠ ᠬᠡᠷᠡᠭ ᠲᠦ᠍ᠷ ᠬᠠᠭᠤᠴᠢᠨ ᠢ ᠪᠠᠷᠢᠵᠤ ᠬᠦᠰᠡᠯ ᠢ ᠴᠠᠭ ᠢ ᠬᠦᠯᠢᠶᠡᠲᠦᠭᠡᠢ᠂ ᠰᠠᠢᠨ ᠶᠠᠪᠤᠳᠠᠯ ᠳ᠋ᠤᠷ ᠬᠢᠴᠢᠶᠡᠪᠡᠰᠦ ᠰᠠᠬᠢᠭᠤᠯᠰᠤᠨ ᠢᠪᠡᠭᠡᠮᠦᠢ᠂ ᠬᠡᠢ ᠮᠣᠷᠢᠨ ᠳᠡᠯᠭᠡᠷᠡᠮᠦᠢ᠂ ᠵᠠᠷᠭᠤ ᠪᠣᠯᠪᠠᠰᠤ ᠲᠡᠢᠯᠡᠬᠦᠢ᠂ ᠭᠠᠪᠢᠶ᠎ᠠ᠂ ᠨᠡᠷ᠎ᠡ ᠤᠯᠠᠮ ᠳᠡᠯᠭᠡᠷᠡᠮᠦᠢ᠂ ᠤᠷᠤᠭ ᠪᠣᠯᠪᠠᠰᠤ ᠳᠠᠬᠢᠵᠤ ᠵᠣᠬᠢᠯᠳᠤᠮᠤ᠂ ᠡᠳ᠋ ᠰᠠᠨᠠᠭᠠᠨ ᠳ᠋ᠤᠷ ᠬᠦᠷᠬᠦ ᠦᠭᠡᠢ᠂ ᠡᠪᠡᠳᠴᠢᠲᠡᠨ᠎ᠡ ᠮᠠᠭᠤ᠂ ᠠᠯᠢᠪᠠ ᠬᠡᠷᠡᠭ ᠨᠠᠮᠤᠷ ᠡᠪᠦᠯ ᠳ᠋ᠦ᠍ᠷ ᠰᠠᠶᠢ ᠰᠠᠢᠨ ᠪᠣᠯᠠᠢ᠃
ᠰᠠᠨᠠᠭ᠎ᠠ ᠲᠠᠢᠯᠤᠭᠰᠠᠨ: ᠭᠠᠪᠢᠶ᠎ᠠ ᠨᠡᠷ᠎ᠡ ᠣᠯᠠᠩᠬᠢ ᠰᠠᠨᠠᠭᠠᠨ ᠳ᠋ᠤᠷ ᠬᠦᠷᠬᠦ ᠦᠭᠡᠢ᠂ ᠲᠣᠬᠢᠶᠠᠯ ᠠᠨᠤ ᠬᠣᠵᠢᠮ ᠪᠣᠢ᠂ ᠡᠳ᠋ ᠢ ᠡᠷᠢᠪᠰᠦ ᠨᠠᠮᠤᠷ ᠤ᠋ᠨ ᠰᠡᠭᠦᠯ ᠡᠪᠦᠯ ᠦ᠋ᠨ ᠡᠬᠢᠨ ᠳ᠋ᠦ᠍ ᠪᠦᠲᠦᠮᠦᠢ᠂ ᠬᠣᠯᠠ ᠶ᠋ᠢᠨ ᠬᠥᠮᠦᠨ ᠰᠠᠢᠨ ᠮᠡᠳᠡᠭᠡ ᠪᠣᠢ᠂ ᠬᠡᠷᠡᠭ ᠪᠦᠲᠦᠬᠦ ᠪᠣᠯᠪᠠᠴᠤ ᠭᠣᠣᠯᠴᠢ ᠦᠭᠡᠢ᠂ ᠦᠵᠡᠭᠦᠯᠦᠭᠴᠢᠳ ᠮᠠᠰᠢ ᠳᠡᠯᠭᠡᠷᠡᠭᠰᠡᠨ ᠴᠠᠭ ᠲᠤᠷ ᠰᠠᠨᠠᠮᠰᠠᠷ ᠦᠭᠡᠢ ᠵᠣᠪᠠᠯᠠᠩ ᠪᠣᠯᠬᠤ᠂ ᠭᠡᠷ ᠦ᠋ᠨ ᠬᠣᠪᠢᠨ ᠳ᠋ᠤᠷ ᠡᠬᠡᠨᠡᠷ ᠬᠥᠮᠦᠨ ᠳ᠋ᠦ᠍ ᠡᠪᠡᠳᠴᠢᠨ ᠪᠣᠯᠬᠤ ᠶ᠋ᠢ ᠰᠡᠷᠡᠮᠵᠢᠯᠡ᠃
ᠪᠡᠯᠭᠡ ᠶ᠋ᠢᠨ ᠲᠣᠬᠢᠶᠠᠯᠳᠤᠪᠤᠷᠢ : ᠨᠢᠭᠡᠨ ᠬᠥᠮᠦᠨ ᠤ ᠡᠮ᠎ᠡ ᠨᠠᠮᠤᠷ ᠤ᠋ᠨ ᠰᠡᠭᠦᠯ ᠳ᠋ᠦ᠍ᠷ ᠡᠪᠡᠳᠦᠭᠡᠳ ᠦᠵᠡᠭᠦᠯᠪᠡᠰᠦ ᠡᠨᠡ ᠲᠥᠯᠭᠡ ᠪᠠᠭᠤᠵᠤᠬᠤᠢ᠂ ᠬᠣᠵᠢᠮ ᠪᠡᠶ᠎ᠡ ᠠᠨᠤ ᠨᠥᠭᠴᠢᠪᠡ᠂ ᠡᠨᠡ ᠠᠨᠤ ᠰᠢᠯᠦᠭ ᠦ᠋ᠨ ᠭᠤᠲᠠᠭᠠᠷ ᠦᠭᠡᠨ ᠯᠦ᠍ᠭᠡ ᠨᠡᠢᠯᠡᠵᠦᠬᠦᠢ᠂ ᠠᠯᠢᠪᠠ ᠬᠡᠷᠡᠭ ᠲᠦ᠍ᠷ ᠨᠠᠮᠤᠷ ᠤ᠋ᠨ ᠰᠡᠭᠦᠯ ᠡᠪᠦᠯ ᠦ᠋ᠨ ᠡᠬᠢᠨ ᠳ᠋ᠦ᠍ᠷ ᠰᠠᠢᠨ ᠪᠣᠯᠠᠢ᠃
ᠳᠠᠯᠠᠨ ᠬᠣᠶᠠᠳᠤᠭᠠᠷ ᠲᠥᠯᠭᠡ : ᠴᠠᠭᠠᠭᠴᠢᠨ ᠬᠥᠬᠡᠭᠴᠢᠨ᠂ ᠳᠣᠣᠷ᠎ᠠ ᠶ᠋ᠢᠨ ᠳᠣᠣᠷ᠎ᠠ : ᠲᠥᠯᠭᠡ ᠶ᠋ᠢᠨ ᠪᠡᠯᠭᠡ ᠠᠨᠤ : ᠸᠠᠨ ᠯᠢ ᠲᠠᠩᠭᠢᠰ ᠲᠤᠷ ᠵᠠᠢᠯᠠᠭᠰᠠᠨ᠂ ᠭᠣᠣᠯ ᠤ᠋ᠨ ᠰᠤᠪᠠᠭ ᠵᠠᠮ ᠳᠣᠳᠣᠮ ᠳ᠋ᠤᠷ ᠣᠢᠷ᠎ᠠ ᠲᠤᠯᠠ ᠥᠨᠳᠥᠷ ᠪᠣᠭᠣᠨᠢ ᠪᠣᠢ᠂ ᠬᠣᠯᠠ ᠵᠠᠮ ᠤ᠋ᠨ ᠠᠶ᠎ᠠ ᠳ᠋ᠤᠷ ᠨᠠᠷᠠᠨ ᠲᠠᠰᠢᠪᠠ ᠭᠡᠮᠡᠨ ᠭᠠᠰᠠᠯᠠᠮᠤᠢ᠂ ᠬᠡᠳᠦᠢ ᠪᠠᠶᠠᠨ ᠡᠷᠭᠢᠨ ᠢᠷᠡᠬᠦ ᠰᠠᠢᠨ ᠴᠠᠭ ᠪᠣᠢ ᠪᠣᠯᠪᠠᠴᠤ ᠮᠥᠨ ᠬᠦ᠌ ᠪᠡᠴᠢᠨ ᠨᠣᠬᠠᠢ ᠠᠯᠲᠠᠨ ᠲᠠᠬᠢᠶ᠎ᠠ ᠶᠢ ᠬᠦᠯᠢᠶᠡᠲᠦᠭᠡᠢ᠃
ᠪᠣᠭᠳᠠ ᠶ᠋ᠢᠨ ᠲᠠᠭᠠᠯᠠᠯ : ᠣᠨ ᠬᠦᠰᠡᠪᠡᠰᠦ ᠬᠣᠵᠢᠮ᠂ ᠡᠪᠡᠳᠴᠢᠨ ᠦᠵᠡᠭᠦᠯᠪᠡᠰᠦ ᠠᠶᠤᠯᠲᠠᠢ᠂ ᠨᠡᠷ᠎ᠡ ᠪᠦᠲᠦᠬᠦᠶ᠎ᠡ ᠪᠡᠷᠬᠡ᠂ ᠮᠡᠳᠡᠭᠡ ᠣᠯᠬᠤᠶ᠎ᠠ ᠬᠣᠯᠠ᠂ ᠵᠠᠷᠭᠤ ᠡᠴᠦᠰ ᠲᠦ᠍ᠷ ᠮᠠᠭᠤ᠂ ᠤᠷᠤᠭ ᠣᠷᠣᠢ ᠪᠣᠯᠬᠤ᠂ ᠵᠢᠷᠮᠦᠰᠦᠨ ᠰᠣᠴᠢᠬᠤ ᠠᠶᠤᠬᠤ᠂ ᠭᠠᠵᠠᠷ ᠤ᠋ᠨ ᠰᠤᠳᠠᠯ ᠲᠠᠮᠢᠷ ᠣᠰᠣᠯ᠃
ᠲᠠᠢᠯᠪᠤᠷᠢ ᠥᠭᠦᠯᠡᠯ : ᠡᠨᠡ ᠲᠥᠯᠭᠡ ᠳ᠋ᠦ᠍ᠷ ᠭᠡᠨᠡᠳᠲᠡ ᠶ᠋ᠢᠨ ᠭᠡᠮ ᠵᠣᠪᠠᠯᠠᠩ ᠢᠷᠡᠬᠦ ᠶ᠋ᠢ ᠰᠡᠷᠡᠮᠵᠢᠯᠡ᠂ ᠶᠡᠷᠦ ᠶ᠋ᠢᠨ ᠠᠯᠳᠠᠷᠰᠢᠭᠰᠠᠨ ᠦᠭᠡᠨ ᠳ᠋ᠦ᠍ ᠡᠭᠦᠳᠡ ᠪᠡᠨ ᠬᠠᠭᠠᠵᠤ ᠬᠡᠷᠳᠦᠷ ᠢ᠋ᠶ᠋ᠡᠨ ᠰᠠᠭᠤᠪᠠᠴᠤ ᠵᠣᠪᠠᠯᠠᠩ ᠠᠨᠤ ᠲᠡᠭᠷᠢ ᠡᠴᠡ ᠢᠷᠡᠭᠰᠡᠨ ᠮᠡᠲᠦ᠂ ᠪᠡᠴᠢ ᠲᠠᠬᠢᠶ᠎ᠠ᠂ ᠨᠣᠬᠠᠢ ᠵᠢᠯ ᠰᠠᠷ᠎ᠠ ᠡᠳᠦᠷ ᠲᠣᠬᠢᠶᠠᠯᠳᠤᠭᠰᠠᠨ ᠴᠠᠭ ᠲᠤᠷ ᠰᠠᠶᠢ ᠥᠯᠵᠡᠢ ᠲᠡᠢ ᠪᠣᠯᠤᠮᠤ᠃
ᠰᠠᠨᠠᠭ᠎ᠠ ᠲᠠᠢᠯᠤᠭᠰᠠᠨ : ᠲᠡᠭᠰᠢ ᠵᠠᠮ ᠢ᠋ᠶ᠋ᠠᠷ ᠶᠠᠪᠤᠪᠠᠴᠤ ᠪᠡᠷᠬᠡ ᠳ᠋ᠦ᠍ ᠣᠷᠣᠭᠰᠠᠨ ᠮᠡᠲᠦ᠂ ᠥᠪᠡᠷ ᠦ᠋ᠨ ᠵᠠᠶᠠᠭ᠎ᠠ ᠯᠤᠭ᠎ᠠ ᠪᠠᠷᠢᠯᠳᠤᠭᠰᠠᠨ ᠪᠣᠯᠪᠠᠴᠤ᠂ ᠪᠡᠴᠢ ᠨᠣᠬᠠᠢ ᠵᠢᠯ ᠰᠠᠷ᠎ᠠ ᠡᠳᠦᠷ ᠰᠠᠨᠠᠭᠠᠨ ᠳ᠋ᠤᠷ ᠬᠦᠷᠦᠭᠡᠳ᠂ ᠲᠠᠬᠢᠶ᠎ᠠ ᠠᠭᠤᠯᠵᠠᠪᠠᠰᠤ ᠳᠡᠯᠭᠡᠷᠡᠬᠦ ᠪᠣᠯᠠᠢ᠃
ᠪᠡᠯᠭᠡ ᠶ᠋ᠢᠨ ᠲᠣᠬᠢᠶᠠᠯᠳᠤᠪᠤᠷᠢ : ᠨᠢᠭᠡᠨ ᠪᠢᠴᠢᠭ ᠦ᠋ᠨ ᠬᠥᠮᠦᠨ ᠰᠢᠯᠭᠠᠬᠤᠢ ᠳ᠋ᠤᠷ ᠦᠵᠡᠭᠦᠯᠪᠡᠰᠦ ᠡᠨᠡ ᠲᠥᠯᠭᠡ ᠪᠠᠭᠤᠵᠤᠬᠤᠢ᠂ ᠬᠣᠵᠢᠮ ᠬᠣᠶᠠᠳᠤᠭᠠᠷ ᠲᠤᠷ ᠣᠷᠣᠵᠤ ᠵᠢᠦᠢ ᠷᠸᠡᠨ ᠪᠣᠯᠤᠭᠰᠠᠨ ᠮᠡᠳᠡᠭᠡ ᠣᠯᠬᠤᠢ ᠳ᠋ᠤᠷ ᠤᠯᠠᠭᠠᠨ ᠪᠡᠴᠢᠨ ᠡᠳᠦᠷ ᠦ᠋ᠨ ᠪᠠᠷᠤᠭ ᠪᠦᠷᠦᠭ ᠦ᠋ᠨ ᠬᠢᠷᠢ ᠳ᠋ᠤᠢ ᠣᠯᠵᠤᠬᠤᠢ᠂ ᠡᠨᠡ ᠠᠨᠤ ᠰᠢᠯᠦᠭ ᠦ᠋ᠨ ᠰᠡᠭᠦᠯ ᠬᠣᠶᠠᠷ ᠦᠭᠡᠨ ᠯᠦ᠍ᠭᠡ ᠲᠣᠬᠢᠶᠠᠯᠳᠤᠵᠤᠬᠤᠢ᠃
ᠳᠠᠯᠠᠨ ᠭᠤᠷᠪᠠᠳᠤᠭᠠᠷ ᠲᠥᠯᠭᠡ ᠂ ᠴᠠᠭᠠᠭᠴᠢᠨ ᠤᠯᠠᠭᠠᠨ᠂ ᠳᠣᠣᠷ᠎ᠠ ᠶ᠋ᠢᠨ ᠳᠣᠣᠷ᠎ᠠ᠂ ᠲᠥᠯᠭᠡ ᠶ᠋ᠢᠨ ᠪᠡᠯᠭᠡ ᠠᠨᠤ᠂ ᠸᠠᠩ ᠵᠣᠣ ᠵᠢᠶᠦ᠋ᠨ ᠬᠠᠨ ᠳᠢ ᠬᠠᠭᠠᠨ ᠢ ᠮᠥᠷᠥᠭᠡᠳᠦᠭᠰᠡᠨ : ᠠᠶ᠎ᠠ ᠤᠷᠢᠳᠠ ᠴᠡᠴᠡᠭ ᠦ᠋ᠨ ᠭᠡᠷ ᠲᠦ᠍ᠷ ᠬᠠᠰ ᠬᠠᠳᠬᠤᠤᠷ ᠬᠤᠪᠢᠶᠠᠭᠰᠠᠨ ᠪᠥᠯᠥᠭᠡ᠂ ᠠᠰᠠᠭᠴᠢ ᠣᠷᠣᠨ ᠠ᠋ᠴᠠ ᠭᠡᠨᠡᠳᠲᠡ ᠮᠡᠳᠡᠭᠡ ᠠᠨᠤ ᠲᠠᠰᠤᠷᠠᠪᠠᠢ ᠠ᠋᠂ ᠠᠯᠠᠰᠠᠩᠭᠤᠢ ᠰᠡᠳᠬᠢᠯ ᠢ᠋ᠶ᠋ᠡᠷ ᠬᠣᠣᠰ ᠵᠠᠯᠭᠠᠮᠵᠢᠯᠠᠯ ᠢ ᠬᠦᠰᠡᠭᠰᠡᠨ ᠪᠣᠯᠪᠠᠴᠤ᠂ ᠠᠯᠤᠰ ᠲᠠᠭᠠᠨ ᠰᠠᠨᠠᠭᠰᠠᠨ ᠬᠡᠷᠡᠭ ᠦᠯᠦ ᠪᠦᠲᠦᠬᠦ ᠶ᠋ᠢ ᠬᠡᠨ ᠮᠡᠳᠡᠯᠦᠭᠡ ᠃
ᠪᠣᠭᠳᠠ ᠶ᠋ᠢᠨ ᠲᠠᠭᠠᠯᠠᠯ : ᠨᠡᠷ᠎ᠡ ᠠᠰᠢᠭ ᠦᠭᠡᠢ᠂ ᠵᠠᠷᠭᠤ ᠰᠢᠳᠬᠡᠭᠴᠢ ᠳ᠋ᠦ᠍ᠷ ᠬᠤᠪᠢᠶᠠᠮᠤ᠂ ᠤᠷᠤᠭ ᠳᠠᠪᠬᠤᠷ ᠠᠪᠬᠤ᠂ ᠵᠢᠷᠮᠦᠰᠦᠨ ᠠᠶᠤᠯᠲᠠᠢ᠂ ᠡᠪᠡᠳᠴᠢᠲᠡᠨ ᠬᠦᠴᠢᠷ ᠪᠣᠢ᠂ ᠵᠠᠶᠠᠭᠠᠨ ᠵᠦᠳᠡᠭᠦᠷᠢ ᠲᠡᠢ᠂ ᠪᠤᠶᠠᠨ ᠦᠢᠯᠡᠳᠬᠦ ᠪᠣᠯᠪᠠᠰᠤ ᠠᠮᠤᠷ ᠵᠢᠷᠭᠠᠯ ᠢ ᠪᠠᠲᠤᠯᠠᠰᠤᠭᠠᠢ᠃
ᠲᠠᠢᠯᠪᠤᠷᠢ ᠥᠭᠦᠯᠡᠯ: ᠡᠨᠡ ᠲᠥᠯᠭᠡ ᠳ᠋ᠦ᠍ᠷ ᠬᠡᠷᠡᠭ ᠣᠯᠠᠩᠬᠢ ᠪᠡᠷᠬᠡ᠂ ᠬᠦᠴᠦᠯᠡᠨ ᠦᠢᠯᠡᠳᠪᠡᠰᠦ ᠡᠴᠦᠰ ᠲᠡᠭᠡᠨ ᠪᠦᠲᠦᠬᠦ ᠦᠭᠡᠢ᠂ ᠡᠪᠡᠳᠴᠢᠲᠡᠨ ᠪᠡᠷᠬᠡ ᠲᠡᠢ᠂ ᠵᠠᠷᠭᠤᠯᠠᠪᠠᠰᠤ ᠰᠠᠢᠨ ᠪᠤᠰᠤ᠂ ᠭᠠᠪᠢᠶ᠎ᠠ ᠨᠡᠷ᠎ᠡ ᠬᠡᠮᠡᠪᠡᠰᠦ ᠬᠣᠭᠣᠰᠣᠨ ᠪᠠᠶᠠᠷᠯᠠᠮᠤᠢ᠂ ᠪᠡᠷᠢ ᠪᠥᠭᠡᠰᠦ ᠳᠠᠬᠢᠵᠤ ᠠᠪᠤᠮᠤᠢ᠂ ᠶᠠᠪᠤᠳᠠᠯ ᠤ᠋ᠨ ᠬᠥᠮᠦᠨ ᠢᠷᠡᠭᠡ ᠦᠭᠡᠢ᠂ ᠵᠢᠷᠮᠦᠰᠦᠨ ᠠᠶᠤᠯ ᠲᠠᠢ᠃
ᠰᠠᠨᠠᠭ᠎ᠠ ᠲᠠᠢᠯᠤᠭᠰᠠᠨ : ᠤᠷᠤᠭ ᠪᠣᠯᠪᠠᠰᠤ ᠲᠣᠭᠲᠠᠬᠤ ᠦᠭᠡᠢ᠂ ᠵᠠᠷᠭᠤ ᠶ᠋ᠢ ᠪᠢᠲᠡᠭᠡᠢ ᠠᠰᠠᠭᠤ᠂ ᠨᠡᠷ᠎ᠡ ᠠᠰᠢᠭ ᠡᠬᠢ ᠰᠡᠭᠦᠯ ᠳ᠋ᠦ᠍ᠷ ᠬᠤᠪᠢᠰᠬᠠᠯ ᠲᠠᠢ᠂ ᠬᠥᠮᠦᠨ ᠤ ᠭᠣᠷᠢ ᠰᠡᠳᠬᠢᠯ ᠡᠰᠡ ᠲᠠᠰᠤᠷᠠᠪᠠᠰᠤ ᠳᠠᠮᠠᠢᠯᠠᠨ ᠬᠦᠴᠦᠨ ᠰᠦᠢᠳᠬᠡᠮᠦᠢ᠂ ᠵᠢᠷᠮᠦᠰᠦᠨ ᠲᠣᠭᠲᠠᠬᠤᠢ ᠳ᠋ᠤᠷ ᠪᠡᠷᠬᠡ᠂ ᠨᠢᠯᠬᠠᠰ ᠲᠡᠵᠢᠭᠡᠬᠦᠢ ᠳ᠋ᠦ᠍ᠷ ᠵᠣᠪᠠᠭᠤᠷᠢ ᠲᠠᠢ᠃
ᠪᠡᠯᠭᠡ ᠶ᠋ᠢᠨ ᠲᠣᠬᠢᠶᠠᠯᠳᠤᠪᠦᠷᠢ : ᠨᠢᠭᠡᠨ ᠬᠥᠮᠦᠨ ᠪᠡᠷᠢ ᠭᠤᠶᠤᠬᠤ ᠶ᠋ᠢᠨ ᠲᠤᠯᠠ ᠦᠵᠡᠭᠦᠯᠪᠡᠰᠦ ᠡᠨᠡ ᠲᠥᠯᠭᠡ ᠪᠠᠭᠤᠵᠤᠬᠤᠢ᠂ ᠲᠥᠯᠬᠡ ᠶᠢᠨ ᠦᠭᠡ ᠶ᠋ᠢ ᠢᠲᠡᠭᠡᠭᠰᠡᠨ ᠦᠭᠡᠢ ᠪᠡᠷᠢ ᠪᠡᠨ ᠠᠪᠤᠭᠠᠳ ᠤᠳᠠᠭᠰᠠᠨ ᠦᠭᠡᠢ ᠬᠥᠪᠡᠭᠦᠨ ᠠᠨᠤ ᠭᠠᠳᠠᠭᠰᠢ ᠶᠠᠪᠤᠵᠤ ᠰᠠᠳᠤᠷ ᠰᠠᠮᠠᠭᠤᠨ ᠶᠠᠪᠤᠭᠰᠠᠭᠠᠷ ᠬᠡᠷᠲᠡᠭᠡᠨ ᠡᠷᠭᠢᠭᠰᠡᠨ ᠦᠭᠡᠢ᠂ ᠪᠡᠷᠢ ᠠᠨᠤ ᠬᠡᠪ ᠢ ᠰᠠᠬᠢᠵᠤ ᠨᠠᠰᠤᠨ ᠢ ᠨᠥᠭᠴᠢᠭᠡᠪᠡᠢ᠃
ᠳᠠᠯᠠᠨ ᠳᠥᠲᠥᠭᠡᠷ ᠲᠥᠯᠭᠡ ᠂ ᠴᠠᠭᠠᠭᠴᠢᠨ ᠤᠯᠠᠭᠴᠢᠨ᠂ ᠳᠤᠮᠳᠠ ᠲᠡᠭᠰᠢ᠂ ᠲᠥᠯᠭᠡ ᠶ᠋ᠢᠨ ᠪᠡᠯᠭᠡ ᠠᠨᠤ᠂ ᠱᠦᠢ ᠡᠤ ᠲᠦᠰᠢᠮᠡᠯ ᠢ ᠬᠦᠰᠡᠭᠰᠡᠨ : ᠮᠠᠰᠢ ᠥᠨᠳᠥᠷ ᠬᠠᠳᠠᠨ ᠬᠠᠯᠢᠯ ᠪᠠᠰᠠᠬᠦ ᠨᠡᠩ ᠪᠠᠢᠭ᠎ᠠ ᠭᠡᠪᠡᠴᠦ ᠪᠡᠷᠬᠡ ᠭᠠᠴᠢᠭ ᠲᠤᠷ ᠠᠪᠠᠷᠢᠪᠠᠴᠤ ᠶᠡᠷᠦ ᠠᠶᠤᠯ ᠦᠭᠡᠢ ᠠᠮᠤᠢ᠂ ᠪᠡᠶ᠎ᠡ ᠠᠨᠤ ᠪᠣᠳᠢ ᠮᠡᠲᠦ ᠬᠢᠭᠡᠳ ᠰᠡᠳᠬᠢᠯ ᠠᠨᠤ ᠲᠣᠯᠢᠨ ᠮᠡᠲᠦ ᠪᠣᠯᠠᠢ᠂ ᠨᠡᠢᠰᠯᠡᠯ ᠬᠣᠲᠠᠨ ᠠ᠋ᠴᠠ ᠵᠠᠮ ᠤ᠋ᠨ ᠬᠤᠳᠳᠤᠭ ᠬᠠᠪᠤᠷ ᠳᠡᠯᠭᠡᠷᠡᠬᠦ ᠴᠠᠭ ᠲᠤᠷ ᠪᠤᠴᠠᠮᠤᠢ᠃
ᠪᠣᠭᠳᠠ ᠶ᠋ᠢᠨ ᠲᠠᠭᠠᠯᠠᠯ : ᠵᠠᠷᠭᠤ ᠡᠪᠡᠳᠴᠢᠨ ᠠᠶᠤᠯᠲᠠᠢ ᠪᠣᠯᠣᠭᠠᠳ ᠲᠡᠭᠰᠢᠷᠡᠮᠦᠢ᠂ ᠨᠡᠷ᠎ᠡ ᠠᠰᠢᠭ ᠪᠣᠭᠣᠭᠳᠠᠭᠠᠳ ᠵᠢᠴᠢ ᠲᠡᠩᠬᠡᠷᠡᠮᠦᠢ᠂ ᠤᠷᠤᠭ ᠤᠷᠢᠳᠠ ᠪᠡᠷᠬᠡ ᠬᠣᠢᠨ᠎ᠠ ᠪᠦᠲᠦᠮᠦᠢ᠂ ᠶᠠᠪᠤᠳᠠᠯ ᠤ᠋ᠨ ᠬᠥᠮᠦᠨ ᠢᠷᠡᠮᠦᠢ᠂ ᠪᠤᠶᠠᠨ ᠥᠪᠡᠰᠦᠪᠡᠨ ᠦᠰᠦᠮᠦᠢ᠃
ᠲᠠᠢᠯᠪᠤᠷᠢ ᠥᠭᠦᠯᠡᠯ : ᠡᠨᠡ ᠳᠥᠯᠭᠡᠨ ᠳ᠋ᠦ᠍ᠷ ᠬᠡᠳᠦᠢ ᠪᠡᠷᠬᠡᠰᠢᠶᠡᠯ ᠪᠣᠢ ᠪᠣᠯᠪᠠᠴᠤ ᠠᠶᠤᠯ ᠦᠭᠡᠢ᠂ ᠠᠯᠢᠪᠠ ᠬᠡᠷᠡᠭ ᠤᠷᠢᠳᠠ ᠪᠡᠷᠬᠡ ᠬᠣᠵᠢᠮ ᠬᠢᠯᠪᠠᠷ᠂ ᠤᠷᠤᠭ ᠤᠳᠠᠭᠠᠨ ᠳ᠋ᠠᠭᠠᠨ ᠪᠦᠲᠦᠮᠦᠢ᠂ ᠡᠪᠡᠳᠴᠢᠲᠡᠨ ᠬᠦᠴᠢᠷ ᠪᠣᠯᠪᠠᠴᠤ ᠥᠯᠵᠡᠢ ᠲᠡᠢ᠂ ᠵᠠᠷᠭᠤ ᠮᠠᠭᠤ᠂ ᠡᠳ᠋ ᠢ ᠠᠯᠭᠤᠷ ᠡᠷᠢ᠂ ᠶᠠᠪᠤᠳᠠᠯ ᠤ᠋ᠨ ᠬᠥᠮᠦᠨ ᠶᠠᠭᠠᠷᠠᠯᠲᠠᠢ᠂ ᠠᠯᠢᠪᠠ ᠵᠦᠢᠯ ᠬᠠᠪᠤᠷ ᠲᠤᠷ ᠮᠠᠭᠤ ᠠᠨᠤ ᠰᠠᠢᠨ ᠳ᠋ᠤᠷ ᠤᠷᠪᠠᠬᠤ᠃
ᠰᠠᠨᠠᠭ᠎ᠠ ᠲᠠᠢᠯᠤᠭᠰᠠᠨ : ᠨᠢᠭᠡᠨ ᠬᠥᠮᠦᠨ ᠢ ᠠᠳᠠ ᠵᠡᠳᠬᠦᠷᠯᠡᠵᠦ ᠶᠠᠪᠤᠭᠰᠠᠨ ᠢ ᠭᠡᠷ ᠦ᠋ᠨ ᠬᠥᠮᠦᠨ ᠠᠨᠤ ᠡᠷᠢᠵᠦ ᠣᠯᠬᠤ ᠦᠭᠡᠢ ᠳ᠋ᠦ᠍ᠷ ᠦᠵᠡᠭᠦᠯᠪᠡᠰᠦ ᠡᠨᠡ ᠲᠥᠯᠭᠡ ᠪᠠᠭᠤᠵᠤᠬᠤᠢ᠂ ᠰᠠᠬᠢᠭᠤᠯᠰᠤᠨ ᠤ᠋ ᠵᠠᠷᠯᠢᠭ ᠪᠡᠷᠬᠡ ᠭᠠᠴᠢᠭ ᠲᠤᠷ ᠠᠶᠤᠯ ᠦᠭᠡᠢ ᠬᠡᠮᠡᠵᠦᠬᠦᠢ᠂ ᠡᠷᠲᠡ ᠮᠠᠨᠠᠭᠠᠷ ᠠᠭᠤᠯᠠᠨ ᠠ᠋ᠴᠠ ᠢᠷᠡᠪᠡᠢ᠂ ᠠᠯᠢᠪᠠ ᠨᠡᠷ᠎ᠡ ᠠᠰᠢᠭ ᠡᠷᠢᠭᠴᠢᠳ᠂ ᠭᠤᠷᠪᠠᠨ ᠲᠣᠬᠢᠶᠠᠯ ᠪᠣᠢ ᠲᠤᠯᠠ ᠬᠠᠪᠤᠷ ᠵᠤᠨ ᠰᠠᠢᠨ ᠪᠥᠭᠡᠳ ᠨᠠᠮᠤᠷ ᠲᠤᠷ ᠶᠡᠬᠡᠳᠡ ᠳᠡᠯᠭᠡᠷᠡᠮᠦ᠃
ᠪᠡᠯᠭᠡ ᠶ᠋ᠢᠨ ᠲᠣᠬᠢᠶᠠᠯᠳᠤᠪᠤᠷᠢ᠂ ᠨᠢᠭᠡᠨ ᠬᠥᠮᠦᠨ ᠡᠮ᠎ᠡ ᠠᠪᠬᠤ ᠶ᠋ᠢᠨ ᠲᠤᠯᠠ ᠦᠵᠡᠭᠦᠯᠪᠡᠰᠦ ᠡᠨᠡ ᠲᠥᠯᠭᠡ ᠪᠠᠭᠤᠵᠤᠬᠤᠢ᠂ ᠬᠣᠵᠢᠮ ᠠᠪᠤᠭᠰᠠᠨ ᠡᠮ᠎ᠡ ᠰᠡᠷᠭᠦᠯᠡᠩ ᠤᠬᠠᠭᠠᠨᠲᠠᠢ ᠪᠤᠶᠠᠨ ᠬᠢᠬᠦ ᠳᠤᠷᠠᠲᠠᠢ᠂ ᠡᠨᠡ ᠪᠡᠶ᠎ᠡ ᠪᠣᠳᠢ ᠮᠡᠲᠦ ᠭᠡᠰᠡᠨ ᠯᠦ᠍ᠭᠡ ᠲᠣᠬᠢᠶᠠᠯᠳᠤᠪᠠᠢ᠂ ᠪᠠᠰᠠ ᠨᠢᠭᠡᠨ ᠠᠢᠯ ᠳ᠋ᠤ᠌ ᠳᠡᠭᠡᠷᠡᠮ ᠦ᠋ᠨ ᠠᠶᠤᠯ ᠪᠣᠯᠬᠤᠢ᠂ ᠠᠢᠯ ᠤ᠋ᠨ ᠬᠥᠮᠦᠨ ᠦᠵᠡᠭᠦᠯᠦᠭᠡᠳ ᠰᠥᠨᠢ ᠠᠭᠤᠯᠠᠨ ᠵᠠᠮ ᠢ᠋ᠶ᠋ᠠᠷ ᠳᠤᠲᠠᠭᠠᠵᠤ ᠬᠣᠲᠠᠨ ᠳ᠋ᠤ᠌ ᠣᠷᠣᠪᠠᠢ᠂ ᠡᠨᠡ ᠪᠠᠰᠠ ᠪᠡᠷᠬᠡ ᠭᠠᠴᠢᠭ ᠲᠤ᠌ ᠠᠶᠤᠯ ᠦᠭᠡᠢ ᠭᠡᠰᠡᠨ ᠯᠦ᠍ᠭᠡ ᠨᠡᠢᠯᠡᠵᠦᠬᠦᠢ᠃
ᠳᠠᠯᠠᠨ ᠲᠠᠪᠤᠳᠤᠭᠠᠷ ᠲᠥᠯᠭᠡ : ᠴᠠᠭᠠᠭᠴᠢᠨ ᠰᠢᠷ᠎ᠠ᠂ ᠳᠤᠮᠳᠠ ᠲᠡᠭᠰᠢ᠂ ᠲᠥᠯᠭᠡ ᠶ᠋ᠢᠨ ᠪᠡᠯᠭᠡ ᠠᠨᠤ᠂ ᠯᠢᠦ ᠰᠢᠶᠣᠤ ᠵᠢᠶᠧ ᠯᠢᠦᠢ ᠮᠡᠩ ᠵᠠᠩ ᠢ᠋ ᠪᠠᠬᠠᠷᠠᠭᠰᠠᠨ᠂ ᠤᠷᠢᠳᠤ ᠲᠥᠷᠥᠯ ᠦ᠋ᠨ ᠰᠠᠢᠨ ᠢᠷᠦᠬᠡᠷ ᠦ᠋ᠨ ᠬᠦᠴᠦᠨ ᠳ᠋ᠦ᠍ᠷ ᠤᠴᠠᠷᠠᠭᠠᠳ᠂ ᠨᠢᠭᠡᠨ ᠢᠨᠢᠶᠡᠳᠦᠨ ᠤ ᠳᠡᠳᠦᠢᠪᠡᠷ ᠰᠡᠳᠬᠢᠯ ᠠᠮᠠᠷᠠᠭ ᠪᠣᠯᠪᠠᠢ᠂ ᠬᠥᠮᠦᠨ ᠤ ᠬᠢᠷᠢ ᠲᠡᠩᠴᠡᠬᠦ ᠥᠨᠳᠥᠷ ᠪᠣᠭᠣᠨᠢ ᠦᠭᠡᠢ ᠲᠤᠯᠠ ᠰᠠᠨᠠᠭᠠᠨ ᠳ᠋ᠤᠷ ᠬᠦᠷᠪᠡᠰᠦ ᠪᠠᠶᠠᠨ ᠦᠭᠡᠭᠦᠦ ᠭᠡᠮᠡᠨ ᠢᠯᠭᠠᠯ ᠦᠭᠡᠢ᠃
ᠪᠣᠭᠳᠠ ᠶ᠋ᠢᠨ ᠲᠠᠭᠠᠯᠠᠯ : ᠡᠳ᠋ ᠲᠠᠸᠠᠷ ᠬᠤᠷᠠᠬᠤ᠂ ᠡᠪᠡᠳᠴᠢᠲᠡᠨ ᠳᠠᠷᠤᠢ ᠠᠮᠤᠷᠵᠢᠮᠤᠢ᠂ ᠵᠠᠷᠭᠤ ᠶ᠋ᠢ ᠠᠰᠠᠭᠤᠪᠠᠰᠤ ᠲᠣᠭᠲᠠᠭᠠᠮᠤᠢ ᠶᠠᠪᠤᠳᠠᠯ ᠤ᠋ᠨ ᠬᠥᠮᠦᠨ ᠢᠷᠡᠮᠦᠢ᠂ ᠬᠡᠷᠡᠭ ᠲᠦ᠍ᠷ ᠲᠣᠳᠬᠠᠷ ᠦᠭᠡᠢ᠃
ᠲᠠᠢᠯᠪᠤᠷᠢ ᠥᠭᠦᠯᠡᠯ : ᠡᠨᠡ ᠲᠥᠯᠭᠡ ᠳ᠋ᠦ᠍ᠷ ᠶᠡᠬᠡᠳᠡ ᠰᠠᠢᠨ᠂ ᠠᠯᠢᠪᠠ ᠬᠡᠷᠡᠭ ᠰᠡᠳᠬᠢᠯᠴᠢᠯᠡᠨ ᠪᠦᠲᠦᠬᠦ᠂ ᠨᠡᠷ᠎ᠡ ᠠᠰᠢᠭ ᠲᠤᠢᠯ ᠳ᠋ᠤᠷ ᠪᠣᠢ᠂ ᠡᠳ᠋ ᠲᠠᠸᠠᠷ ᠢ ᠴᠤᠭᠯᠠᠭᠤᠯᠤᠮᠤᠢ᠂ ᠡᠪᠡᠳᠴᠢᠲᠡᠨ ᠳᠠᠷᠤᠢ ᠠᠮᠤᠷᠵᠢᠮᠤᠢ᠂ ᠤᠷᠤᠭ ᠵᠣᠬᠢᠯᠳᠤᠮᠤᠢ᠂ ᠶᠠᠪᠤᠳᠠᠯ ᠤ᠋ᠨ ᠬᠥᠮᠦᠨ ᠢᠷᠡᠮᠦᠢ᠂ ᠵᠢᠷᠮᠦᠰᠦᠨ ᠪᠥᠭᠡᠰᠦ ᠬᠥᠪᠡᠭᠦᠨ ᠬᠥᠩᠭᠡᠵᠢᠮᠦᠢ᠃
ᠰᠠᠨᠠᠭ᠎ᠠ ᠲᠠᠢᠯᠤᠭᠰᠠᠨ : ᠢᠷᠦᠭᠡᠷ ᠦ᠋ᠨ ᠬᠦᠴᠦᠨ ᠢᠶᠠᠷ ᠬᠡᠮᠡᠭᠰᠡᠨ ᠠᠨᠤ᠂ ᠢᠷᠦᠭᠡᠷ ᠬᠡᠳᠦᠢ ᠦᠯᠡᠮᠵᠢ ᠪᠣᠯᠪᠠᠴᠤ ᠣᠯᠳᠠᠪᠤᠷᠢ ᠠᠨᠤ ᠮᠠᠰᠢ ᠴᠤᠬᠠᠭ᠂ ᠨᠡᠷ᠎ᠡ ᠠᠰᠢᠭ ᠪᠥᠭᠡᠰᠦ ᠬᠠᠭᠤᠴᠢᠨ ᠤᠭ ᠪᠣᠢ᠂ ᠡᠳᠦᠭᠡ ᠰᠠᠢᠨ ᠡᠳ᠋ ᠲᠠᠸᠠᠷ ᠣᠯᠳᠠᠪᠠᠴᠤ᠂ ᠤᠷᠢᠳᠠ ᠶ᠋ᠢᠨ ᠠᠳᠠᠯᠢ ᠰᠠᠨᠠᠭᠠᠨ ᠳ᠋ᠤᠷ ᠬᠦᠷᠪᠡᠰᠦ ᠢᠯᠭᠠᠯ ᠦᠭᠡᠢ ᠬᠡᠮᠡᠭᠰᠡᠨ᠂ ᠵᠠᠷᠭᠤ ᠬᠡᠳᠦᠢ ᠲᠣᠭᠲᠠᠪᠠᠴᠤ ᠣᠯᠬᠤ ᠠᠨᠤ ᠪᠡᠷᠬᠡ᠃
ᠪᠡᠯᠭᠡ ᠶ᠋ᠢᠨ ᠲᠣᠬᠢᠶᠠᠯᠳᠤᠪᠦᠷᠢ : ᠨᠢᠭᠡᠨ ᠪᠠᠶᠠᠨ ᠬᠥᠮᠦᠨ ᠨᠢᠭᠡᠨ ᠦᠭᠡᠭᠦᠦ ᠪᠢᠴᠢᠭ ᠦ᠋ᠨ ᠬᠥᠮᠦᠨ ᠳ᠋ᠦ᠍ᠷ ᠤᠷᠤᠭ ᠪᠣᠯᠰᠤᠭᠠᠢ ᠭᠡᠮᠡᠨ ᠰᠠᠨᠠᠵᠤ ᠦᠵᠡᠭᠦᠯᠪᠡᠰᠦ ᠡᠨᠡ ᠲᠥᠯᠭᠡ ᠪᠠᠭᠤᠵᠤᠬᠤᠢ᠂ ᠲᠡᠨᠳᠡ ᠡᠴᠡ ᠤᠷᠤᠭ ᠪᠠᠷᠢᠯᠳᠤᠭᠠᠳ ᠬᠣᠵᠢᠮ ᠬᠦᠷᠭᠡᠨ ᠠᠨᠤ ᠶᠡᠬᠡ ᠲᠦᠰᠢᠮᠡᠯ ᠪᠣᠯᠵᠤᠬᠤᠢ᠂ ᠪᠠᠰᠠ ᠨᠢᠭᠡᠨ ᠪᠠᠶᠠᠨ ᠬᠥᠮᠦᠨ ᠦᠭᠡᠭᠦᠦ ᠨᠥᠬᠥᠷ ᠲᠡᠢ ᠬᠠᠮᠲᠤ ᠬᠤᠳᠠᠯᠳᠤᠭᠠᠨ ᠬᠢᠬᠦᠷ ᠲᠣᠷ ᠦᠵᠡᠭᠦᠯᠦᠭᠡᠳ ᠶᠠᠪᠤᠵᠤᠬᠤᠢ᠂ ᠬᠣᠵᠢᠮ ᠦᠭᠡᠭᠦᠦ ᠨᠥᠬᠥᠷ ᠠᠨᠤ ᠮᠠᠰᠢ ᠶᠡᠬᠡ ᠡᠳ᠋ ᠲᠠᠸᠠᠷ ᠬᠤᠷᠢᠶᠠᠵᠤ ᠪᠤᠶᠠᠨ ᠪᠣᠯᠪᠠᠢ᠂ ᠡᠨᠡ ᠠᠨᠤ ᠪᠠᠶᠠᠨ ᠦᠭᠡᠭᠦᠦ ᠭᠡᠮᠡᠨ ᠢᠯᠭᠠᠯ ᠦᠭᠡᠢ ᠬᠡᠮᠡᠭᠰᠡᠨ ᠯᠦ᠍ᠭᠡ ᠲᠣᠬᠢᠶᠠᠯᠳᠤᠵᠤᠬᠤᠢ᠃
ᠳᠠᠯᠠᠨ ᠵᠢᠷᠭᠤᠳᠤᠭᠠᠷ ᠲᠥᠯᠭᠡ ᠂ ᠴᠠᠭᠠᠭᠴᠢᠨ ᠰᠢᠷᠬᠠᠴᠢᠨ᠂ ᠳᠤᠮᠳᠠ ᠲᠡᠭᠰᠢ᠂ ᠲᠥᠯᠭᠡ ᠶ᠋ᠢᠨ ᠪᠡᠯᠭᠡ ᠠᠨᠤ : ᠰᠢᠶᠣᠤ ᠬᠡ ᠴᠠᠭᠠᠵᠠ ᠶ᠋ᠢ ᠲᠣᠭᠲᠠᠭᠠᠭᠰᠠᠨ : ᠭᠤᠷᠪᠠᠨ ᠮᠢᠩᠭᠠᠨ ᠴᠠᠭᠠᠵᠢᠨ ᠳ᠋ᠤᠷ ᠨᠠᠢ᠍ᠮᠠᠨ ᠮᠢᠩᠭᠠᠨ ᠦᠭᠡᠨ ᠪᠣᠢ᠂ ᠡᠨᠡ ᠬᠡᠷᠡᠭ ᠢ ᠴᠢᠮᠠᠳᠤᠷ ᠬᠡᠯᠡᠵᠦ ᠪᠣᠯᠬᠤ ᠪᠣᠢ᠂ ᠪᠤᠶᠠᠨ ᠬᠢᠭᠡᠳ ᠬᠢᠯᠢᠨᠴᠡ ᠬᠣᠶᠠᠷ ᠮᠥᠷ ᠢ᠋ ᠥᠪᠡᠰᠦᠪᠡᠨ ᠦᠢᠯᠡᠳᠦᠭᠰᠡᠨ᠂ ᠨᠢᠭᠡᠨ ᠨᠠᠰᠤᠨ ᠤ᠋ ᠵᠣᠪᠠᠯᠠᠩ ᠵᠢᠷᠭᠠᠯᠠᠩ ᠡᠭᠦᠨᠦ ᠳᠣᠲᠣᠷ᠎ᠠ ᠠ᠋ᠴᠠ ᠢᠯᠭᠠᠮᠤᠢ᠃
ᠪᠣᠭᠳᠠ ᠶ᠋ᠢᠨ ᠲᠠᠭᠠᠯᠠᠯ : ᠵᠠᠷᠭᠤ ᠰᠢᠳᠬᠡᠬᠦ ᠶ᠋ᠢ ᠠᠰᠠᠭᠤᠪᠠᠰᠤ ᠤᠴᠢᠷ ᠢ ᠰᠠᠢᠲᠤᠷ ᠰᠢᠭᠦᠮᠵᠢᠯᠡ᠂ ᠡᠳ᠋ ᠲᠠᠸᠠᠷ ᠢ ᠬᠦᠰᠡᠪᠡᠰᠦ ᠥᠪᠡᠷ ᠦ᠋ᠨ ᠪᠡᠶ᠎ᠡ ᠶᠢ ᠦᠵᠡᠲᠦᠭᠡᠢ᠂ ᠡᠪᠡᠳᠴᠢᠲᠡᠨ ᠡᠷᠲᠡᠬᠡᠨ ᠵᠠᠯᠪᠠᠷᠢ᠂ ᠦᠷ᠎ᠡ ᠶ᠋ᠢᠨ ᠬᠤᠲᠤᠭ ᠭᠤᠶᠤᠵᠤ ᠪᠣᠯᠬᠤ᠂ ᠤᠷᠤᠭ ᠳᠠᠪᠲᠠᠨ ᠬᠢᠨᠠᠪᠠᠰᠤ ᠰᠠᠶᠢ ᠪᠠᠶᠠᠷ ᠥᠯᠵᠡᠢ ᠲᠡᠢ᠃
ᠲᠠᠢᠯᠪᠤᠷᠢ ᠥᠭᠦᠯᠡᠯ : ᠡᠨᠡ ᠲᠥᠯᠭᠡ ᠳ᠋ᠦ᠍ᠷ ᠬᠡᠷᠡᠭ ᠦᠢᠯᠡᠳᠭᠦᠷ ᠲᠦᠷ ᠮᠠᠭᠤ ᠬᠥᠮᠦᠨ ᠤ ᠰᠢᠭᠦᠮᠵᠢᠯᠡᠯ ᠲᠠᠰᠤᠷᠠᠬᠤ ᠦᠭᠡᠢ᠂ ᠥᠪᠡᠷ ᠦ᠋ᠨ ᠰᠡᠳᠬᠢᠯ ᠦ᠋ᠨ ᠵᠦᠭ ᠰᠢᠨᠵᠢᠬᠦ ᠬᠡᠷᠡᠭᠲᠡᠢ᠂ ᠪᠤᠶᠠᠨ ᠢ ᠬᠤᠷᠢᠶᠠᠪᠠᠰᠤ ᠵᠢᠷᠠᠭᠠᠯᠠᠩ ᠢᠷᠠᠮᠦᠢ᠂ ᠨᠢᠭᠦᠯ ᠢ ᠬᠤᠷᠢᠶᠠᠪᠠᠰᠤ ᠵᠣᠪᠠᠯᠠᠩ ᠢ ᠠᠮᠰᠠᠮᠤᠢ᠂ ᠤᠷᠤᠭ ᠢ ᠰᠢᠭᠦᠮᠵᠢᠯᠡᠨ ᠰᠣᠩᠭᠣ᠂ ᠡᠳ᠋ ᠰᠠᠨᠠᠭᠠᠨ ᠳ᠋ᠤᠷ ᠬᠦᠷᠬᠦ ᠦᠭᠡᠢ᠂ ᠡᠪᠡᠳᠴᠢᠲᠡᠨ ᠭᠠᠢ ᠦᠭᠡᠢ᠂ ᠵᠠᠷᠭᠤ ᠪᠣᠯᠪᠠᠰᠤ ᠮᠠᠭᠤ᠂ ᠪᠤᠶᠠᠨ ᠢ ᠦᠢᠯᠡᠳᠪᠡᠰᠦ ᠰᠠᠢᠨ᠃
ᠰᠠᠨᠠᠭ᠎ᠠ ᠲᠠᠢᠯᠤᠭᠰᠠᠨ : ᠡᠭᠦᠨ ᠳ᠋ᠦ᠍ ᠰᠠᠢᠨ ᠮᠠᠭᠤ ᠪᠣᠢ᠂ ᠳᠡᠯᠭᠡᠷᠡᠬᠦ ᠪᠠᠭᠤᠷᠠᠬᠤ ᠪᠣᠢ᠂ ᠦᠵᠡᠭᠦᠯᠦᠭᠴᠢᠳ ᠬᠡᠷᠡᠭ ᠦ᠋ᠨ ᠪᠠᠢᠳᠠᠯ ᠢ ᠦᠵᠡᠵᠦ ᠰᠠᠢᠲᠤᠷ ᠰᠢᠨᠵᠢᠯᠡᠲᠦᠭᠡᠢ᠂ ᠭᠠᠪᠢᠶ᠎ᠠ ᠨᠡᠷ᠎ᠡ ᠬᠦᠰᠡᠭᠴᠢᠳ ᠵᠠᠯᠠᠭᠤ ᠴᠠᠭ ᠲᠤᠷ ᠰᠠᠨᠠᠭᠠᠨ ᠳ᠋ᠤᠷ ᠬᠦᠷᠬᠦ ᠦᠭᠡᠢ᠂ ᠳᠤᠮᠳᠠ ᠨᠠᠰᠤᠨ ᠪᠣᠯᠪᠠᠰᠤ ᠰᠣᠩᠭᠣᠭᠳᠠᠨ ᠬᠡᠷᠡᠭᠯᠡᠭᠳᠡᠮᠦᠢ᠂ ᠠᠯᠢᠪᠠ ᠦᠢᠯᠡ ᠬᠣᠶᠠᠷ ᠵᠠᠮ ᠪᠣᠢ ᠤᠴᠢᠷ ᠢ ᠰᠢᠭᠦᠮᠵᠢᠯᠡᠵᠦ ᠰᠠᠢᠨ ᠳ᠋ᠤᠷ ᠰᠢᠬᠠᠵᠤ ᠮᠠᠭᠤ ᠠ᠋ᠴᠠ ᠵᠠᠢᠯᠠᠭᠠᠳ ᠡᠰᠡ ᠶᠠᠭᠠᠷᠠᠪᠠᠰᠤ ᠰᠠᠢᠨ᠂ ᠶᠡᠬᠡ ᠲᠥᠯᠥᠪ ᠤᠷᠢᠲᠠᠨ ᠵᠣᠪᠠᠵᠤ ᠬᠣᠢᠨ᠎ᠠ ᠪᠠᠶᠠᠷᠯᠠᠵᠤ ᠪᠣᠯᠠᠢ᠃
ᠪᠡᠯᠭᠡ ᠶ᠋ᠢᠨ ᠲᠣᠬᠢᠶᠠᠯᠳᠤᠪᠤᠷᠢ : ᠨᠢᠭᠡᠨ ᠪᠢᠴᠢᠭ ᠦ᠋ᠨ ᠬᠥᠮᠦᠨ ᠰᠢᠯᠭᠠᠬᠤᠢ ᠳ᠋ᠤᠷ ᠦᠵᠡᠭᠦᠯᠪᠡᠰᠦ ᠡᠨᠡ ᠲᠥᠯᠭᠡ ᠪᠠᠭᠤᠵᠤᠬᠤᠢ᠂ ᠦᠨᠡᠬᠡᠷ ᠰᠢᠯᠭᠠᠵᠤ ᠣᠯᠤᠭᠰᠠᠨ ᠦᠭᠡᠢ ᠳᠠᠬᠢᠨ ᠥᠪᠡᠷ ᠢ᠋ᠶ᠋ᠡᠨ ᠣᠯᠵᠤ ᠦᠵᠡᠪᠡᠰᠦ ᠲᠡᠷᠢᠭᠦᠨ ᠢ ᠠᠨᠤ ᠣᠯᠠᠨᠲᠠ ᠪᠢᠨᠲᠠᠯᠠᠵᠤ ᠰᠠᠢᠰᠢᠶᠠᠵᠤᠬᠤᠢ᠂ ᠰᠡᠭᠦᠯ ᠦ᠋ᠨ ᠪᠢᠴᠢᠭ ᠢ ᠪᠠᠯᠠᠷᠠᠭᠤᠯᠤᠭᠰᠠᠨ ᠠᠨᠤ ᠮᠠᠰᠢ ᠶᠡᠬᠡ ᠪᠣᠯᠪᠠᠢ᠂ ᠡᠨᠡ ᠠᠨᠤ ᠰᠢᠯᠦᠭ ᠦ᠋ᠨ ᠭᠤᠲᠠᠭᠠᠷ ᠳᠥᠲᠥᠭᠡᠷ ᠦᠭᠡᠨ ᠯᠦ᠍ᠭᠡ ᠵᠣᠬᠢᠯᠳᠤᠵᠤᠬᠤᠢ᠃
ᠳᠠᠯᠠᠨ ᠳᠣᠯᠣᠳᠤᠭᠠᠷ ᠲᠥᠯᠭᠡ : ᠴᠠᠭᠠᠭᠴᠢᠨ ᠴᠠᠭᠠᠨ᠂ ᠳᠣᠣᠷ᠎ᠠ ᠶ᠋ᠢᠨ ᠳᠣᠣᠷ᠎ᠠ᠂ ᠲᠥᠯᠭᠡ ᠶ᠋ᠢᠨ ᠪᠡᠯᠭᠡ ᠠᠨᠤ : ᠯᠦ᠍ ᠲᠡᠢ ᠾᠧᠦ ᠬᠠᠨ ᠰᠢᠨ ᠢ ᠬᠣᠷᠣᠭᠠᠭᠰᠠᠨ : ᠮᠣᠳᠣᠨ ᠦᠨᠳᠦᠰᠦᠲᠡᠢ ᠤᠰᠤᠨ ᠡᠬᠢᠨ ᠪᠣᠢ ᠴᠢ ᠡᠳᠦᠭᠡ ᠡᠴᠡ ᠡᠬᠢ ᠶ᠋ᠢ ᠡᠷᠢᠬᠦ ᠬᠡᠷᠡᠭᠲᠡᠢ᠂ ᠵᠠᠮ ᠤ᠋ᠨ ᠬᠥᠮᠦᠨ ᠤ ᠳᠡᠮᠡᠢ ᠳᠣᠩᠭᠣᠳᠬᠤ ᠶ᠋ᠢ ᠪᠢᠲᠡᠭᠡᠢ ᠳᠠᠭᠠᠭᠲᠤᠨ᠂ ᠵᠠᠷᠭᠤ ᠡᠴᠦᠰ ᠮᠠᠭᠤ ᠬᠡᠮᠡᠭᠴᠢ ᠲᠤᠢᠯ ᠤ᠋ᠨ ᠦᠭᠡ ᠪᠣᠢ᠃
ᠪᠣᠭᠳᠠ ᠶ᠋ᠢᠨ ᠲᠠᠭᠠᠯᠠᠯ : ᠵᠠᠷᠭᠤ ᠶ᠋ᠢ ᠴᠡᠭᠡᠷᠯᠡ ᠡᠪᠡᠳᠴᠢᠲᠡᠨ ᠵᠠᠯᠪᠠᠷᠢᠪᠠᠯ ᠰᠠᠢᠨ ᠨᠡᠷ᠎ᠡ ᠠᠰᠢᠭ ᠦᠭᠡᠢ ᠤᠷᠤᠭ ᠨᠠᠰᠤᠨ ᠣᠬᠣᠷ ᠬᠡᠯᠡ ᠠᠮᠠ ᠶ᠋ᠢ ᠰᠡᠷᠡᠭᠳᠡᠬᠦᠢ ᠶᠠᠪᠤᠳᠠᠯ ᠤ᠋ᠨ ᠬᠥᠮᠦᠨ ᠢᠷᠡᠭᠡ ᠡᠳᠦᠢ ᠠᠯᠢᠪᠠ ᠬᠡᠷᠡᠭ ᠲᠦ᠍ ᠬᠢᠴᠢᠶᠡ ᠪᠤᠤ ᠶᠠᠭᠠᠷᠠᠨ ᠬᠦᠳᠡᠯᠡ᠃
ᠲᠠᠢᠯᠪᠤᠷᠢ ᠥᠭᠦᠯᠡᠯ : ᠡᠨᠡ ᠲᠥᠯᠭᠡ ᠳ᠋ᠦ᠍ᠷ ᠤᠷᠢᠲᠠᠨ ᠮᠠᠭᠤ ᠬᠣᠵᠢᠮ ᠰᠠᠢᠨ᠂ ᠤᠭ ᠦᠨᠳᠦᠰᠨ ᠲᠣᠭᠲᠠᠭᠰᠠᠨ ᠲᠤᠯᠠ ᠳᠤᠷᠠᠪᠠᠷ ᠦᠢᠯᠡᠳᠴᠦ ᠪᠣᠯᠬᠤ ᠦᠭᠡᠢ᠂ ᠥᠪᠡᠷ ᠢ᠋ᠶ᠋ᠡᠨ ᠬᠢᠴᠢᠶᠡᠨ ᠪᠤᠶᠠᠨ ᠢ ᠦᠢᠯᠡᠳᠪᠡᠰᠦ ᠵᠣᠪᠠᠯᠠᠩ ᠤᠰᠠᠳᠤᠭᠠᠳ ᠵᠢᠷᠭᠠᠯᠠᠩ ᠢᠷᠡᠮᠦᠢ᠂ ᠵᠠᠷᠭᠤ ᠶ᠋ᠢ ᠰᠡᠷᠡᠮᠵᠢᠯᠡ ᠡᠳ᠋ ᠲᠠᠸᠠᠷ ᠦᠭᠡᠢ᠂ ᠤᠷᠤᠭ ᠬᠡᠯᠡ ᠠᠮᠠᠨ ᠪᠣᠢ᠂ ᠶᠠᠪᠤᠳᠠᠯ ᠤ᠋ᠨ ᠬᠥᠮᠦᠨ ᠢᠷᠡᠭᠡᠳᠦᠢ᠂ ᠡᠪᠡᠳᠴᠢᠲᠡᠨ ᠭᠦᠷᠢᠮ ᠦᠢᠯᠡᠳ ᠠᠯᠢᠪᠠ ᠬᠡᠷᠡᠭ ᠲᠦ᠍ᠷ ᠬᠥᠮᠦᠨ ᠢ ᠪᠢᠲᠡᠭᠡᠢ ᠢᠳᠡᠭᠡ᠂ ᠥᠪᠡᠷ ᠢ᠋ᠶ᠋ᠡᠨ ᠰᠢᠭᠦᠮᠵᠢᠯᠡᠬᠦ ᠬᠡᠷᠡᠭᠲᠡᠢ᠃
ᠰᠠᠨᠠᠭ᠎ᠠ ᠲᠠᠢᠯᠤᠭᠰᠠᠨ : ᠪᠤᠶᠠᠨ ᠨᠢᠭᠦᠯ ᠬᠡᠮᠡᠭᠴᠢ ᠵᠢᠷᠭᠠᠯᠠᠩ ᠵᠣᠪᠠᠯᠠᠩ ᠤ᠋ᠨ ᠰᠢᠯᠲᠠᠭᠠᠨ᠂ ᠰᠤᠷᠤᠯᠴᠠᠬᠤ ᠬᠤᠷᠢᠶᠠᠬᠤ ᠬᠡᠮᠡᠭᠴᠢ ᠨᠡᠷ᠎ᠡ ᠠᠰᠢᠭ ᠤ᠋ᠨ ᠦᠨᠳᠦᠰᠦᠨ ᠮᠥᠨ᠂ ᠶᠡᠷᠦ ᠤᠭ ᠢ ᠡᠰᠡ ᠪᠠᠷᠢᠪᠠᠰᠤ ᠨᠡᠷ᠎ᠡ ᠠᠰᠢᠭ ᠣᠯᠬᠤ ᠪᠠ ᠵᠢᠷᠭᠠᠯᠠᠩ ᠵᠣᠪᠠᠯᠠᠩ ᠢ ᠢᠯᠭᠠᠷᠠᠭᠤᠯᠬᠤᠢ ᠳ᠋ᠤᠷ ᠮᠠᠰᠢ ᠪᠡᠷᠬᠡ ᠲᠡᠢ ᠪᠣᠯᠠᠢ᠂ ᠵᠢᠴᠢ ᠨᠥᠭᠴᠢᠰᠡᠨ ᠪᠠ ᠢᠷᠡᠭᠡᠳᠦᠢ ᠬᠣᠶᠠᠷ ᠠ᠋ᠴᠠ ᠨᠥᠭᠴᠢᠭᠰᠡᠨ ᠰᠢᠯᠲᠠᠭᠠᠨ ᠪᠤᠶᠠᠨ ᠨᠢᠭᠦᠯ ᠢ ᠰᠢᠨᠵᠢᠯᠡᠪᠡᠰᠦ ᠢᠷᠡᠭᠡᠳᠦᠢ ᠶ᠋ᠢᠨ ᠵᠢᠷᠭᠠᠯᠠᠩ ᠵᠣᠪᠠᠯᠠᠩ ᠢ ᠮᠡᠳᠡᠨ ᠴᠢᠳᠠᠬᠤ ᠪᠣᠯᠠᠢ᠃
ᠪᠡᠯᠭᠡ ᠶ᠋ᠢᠨ ᠳᠣᠬᠢᠶᠠᠯᠳᠤᠪᠤᠷᠢ : ᠨᠢᠭᠡᠨ ᠪᠢᠴᠢᠭ ᠦ᠋ᠨ ᠬᠥᠮᠦᠨ᠂ ᠭᠠᠪᠢᠶ᠎ᠠ ᠨᠡᠷ᠎ᠡ ᠶ᠋ᠢᠨ ᠲᠤᠯᠠ ᠦᠵᠡᠭᠦᠯᠪᠡᠰᠦ ᠡᠨᠡ ᠲᠥᠯᠭᠡ ᠪᠠᠭᠤᠵᠤᠬᠤᠢ᠂ ᠬᠣᠵᠢᠮ ᠳ᠋ᠠᠭᠠᠨ ᠬᠡᠳᠦᠨ ᠤᠳᠠᠭ᠎ᠠ ᠰᠢᠯᠭᠠᠵᠤ ᠬᠥᠬᠡ ᠬᠤᠯᠤᠭᠠᠨ᠎ᠠ ᠵᠢᠯ ᠰᠠᠶᠢ ᠵᠢᠦᠢ ᠷᠸᠡ ᠪᠣᠯᠪᠠ᠂ ᠡᠨᠡ ᠰᠢᠯᠦᠭ ᠦ᠋ᠨ ᠠᠩᠬ᠎ᠠ ᠪᠠᠳᠠᠭ ᠯᠦ᠍ᠭᠡ ᠲᠣᠬᠢᠶᠠᠯᠳᠤᠵᠤᠬᠤᠢ᠂ ᠲᠡᠨᠳᠡᠴᠡ ᠴᠠ ᠯᠢ ᠲᠦᠰᠢᠮᠡᠯ ᠪᠣᠯᠵᠤ ᠬᠡᠷᠡᠭ ᠦ᠋ᠨ ᠤᠴᠢᠷ ᠲᠤᠷ ᠬᠡᠭᠡᠯᠢ ᠠᠪᠤᠭᠠᠳ ᠡᠪᠳᠡᠷᠡᠪᠡ᠂ ᠡᠨᠡ ᠠᠨᠤ ᠰᠢᠯᠦᠭ ᠦ᠋ᠨ ᠰᠡᠭᠦᠯ ᠦᠭᠡᠨ ᠯᠦ᠍ᠭᠡ ᠨᠡᠢᠯᠡᠵᠦᠬᠦᠢ᠃
ᠳᠠᠯᠠᠨ ᠨᠠᠢ᠍ᠮᠠᠳᠤᠭᠠᠷ ᠲᠥᠯᠭᠡ ᠂ ᠴᠠᠭᠠᠭᠴᠢᠨ ᠴᠠᠭᠠᠭᠴᠢᠨ᠂ ᠳᠣᠣᠷ᠎ᠠ ᠶ᠋ᠢᠨ ᠳᠣᠣᠷ᠎ᠠ᠂ ᠲᠥᠯᠭᠡ ᠶ᠋ᠢᠨ ᠪᠡᠯᠭᠡ ᠠᠨᠤ᠂ ᠶᠤᠸᠠᠨ ᠠᠨ ᠭᠠᠴᠢᠭᠳᠠᠯ ᠢ ᠠᠮᠰᠠᠭᠰᠠᠨ : ᠭᠡᠷ ᠦ᠋ᠨ ᠬᠤᠪᠢᠨ᠎ᠠ ᠪᠠᠶᠠᠨ ᠡᠯᠪᠡᠭ ᠴᠠᠳᠬᠤᠯᠠᠩ ᠳᠤᠯᠠᠭᠠᠨ ᠪᠣᠯᠪᠠᠴᠤ᠂ ᠴᠡᠭᠡᠵᠢᠨ ᠤ ᠳᠣᠲᠣᠷ᠎ᠠ ᠪᠤᠯᠢᠯᠠᠨ ᠮᠡᠳᠡᠬᠦ ᠶ᠋ᠢ ᠤᠬᠠᠭᠠᠬᠤ ᠬᠡᠷᠡᠭᠲᠡᠢ᠂ ᠡᠳ᠋ ᠦᠯᠡᠮᠵᠢ ᠪᠣᠯᠪᠠᠰᠤ ᠪᠡᠶ᠎ᠡ ᠳ᠋ᠦ᠍ᠷ ᠬᠠᠷᠰᠢ ᠶ᠋ᠢ ᠰᠡᠷᠡᠮᠵᠢᠯᠡᠭᠲᠦᠨ᠂ ᠵᠢᠷᠭᠠᠯᠠᠩ ᠳ᠋ᠤᠷ ᠡᠭᠦᠰᠬᠡᠯ ᠪᠣᠢ ᠪᠥᠭᠡᠳ ᠵᠣᠪᠠᠯᠠᠩ ᠳ᠋ᠤᠷ ᠡᠭᠦᠳᠡᠨ ᠪᠣᠢ᠃
ᠪᠣᠭᠳᠠ ᠶ᠋ᠢᠨ ᠲᠠᠭᠠᠯᠠᠯ : ᠡᠳ᠋ ᠢ ᠪᠤᠤ ᠬᠣᠮᠣᠬᠣᠯᠵᠢ᠂ ᠠᠮᠢᠨ ᠳ᠋ᠤᠷ ᠳᠠᠢᠰᠤᠨ ᠪᠣᠯᠬᠤ᠂ ᠵᠠᠷᠭᠤ ᠪᠤᠤ ᠡᠭᠦᠰᠬᠡ ᠵᠣᠭᠰᠣᠪᠠᠰᠤ ᠵᠣᠬᠢᠬᠤ᠂ ᠡᠪᠡᠳᠴᠢᠲᠡᠨ ᠪᠤᠷᠬᠠᠨ ᠳ᠋ᠤᠷ ᠵᠠᠯᠪᠠᠷᠢ᠂ ᠵᠢᠷᠮᠦᠰᠦᠨ ᠠᠶᠤᠯ ᠦᠭᠡᠢ᠂ ᠤᠷᠤᠭ ᠵᠣᠬᠢᠬᠤ ᠵᠢᠭᠤᠯᠴᠢᠨ ᠶᠠᠪᠤᠬᠤ ᠪᠣᠢ᠃
ᠲᠠᠢᠯᠪᠤᠷᠢ ᠥᠭᠦᠯᠡᠯ᠂ ᠡᠨᠡ ᠲᠥᠯᠭᠡ ᠳ᠋ᠦ᠍ᠷ ᠭᠡᠷ ᠦ᠋ᠨ ᠬᠤᠪᠢᠨ᠎ᠠ ᠬᠡᠳᠦᠢ ᠡᠯᠪᠡᠭ ᠪᠣᠯᠪᠠᠴᠤ ᠳᠡᠢᠯᠦᠩᠭᠦᠢ ᠭᠡᠮᠡᠨ ᠪᠠᠭᠤᠷᠠᠢ ᠶ᠋ᠢ ᠪᠢᠲᠡᠭᠡᠢ ᠳᠠᠷᠤᠯᠠᠭᠲᠤᠨ ᠬᠡᠮᠡᠭᠰᠡᠨ᠂ ᠶᠡᠷᠦ ᠬᠡᠯᠡᠨ ᠠᠮᠠ ᠪᠣᠢ ᠲᠤᠯᠠ᠂ ᠪᠤᠶᠠᠨ ᠢ ᠬᠣᠷᠢᠶᠠᠨ ᠨᠢᠭᠦᠯ ᠢ ᠲᠡᠪᠴᠢᠪᠡᠰᠦ ᠮᠠᠰᠢ ᠰᠠᠢᠨ᠂ ᠤᠷᠤᠭ ᠵᠣᠬᠢᠯᠳᠤᠬᠤ ᠦᠭᠡᠢ᠂ ᠶᠠᠪᠤᠳᠠᠯ ᠤ᠋ᠨ ᠬᠥᠮᠦᠨ ᠢᠷᠡᠭᠡ ᠡᠳᠦᠢ᠂ ᠡᠪᠡᠳᠴᠢᠲᠡᠨ ᠰᠠᠬᠢᠭᠤᠯᠰᠤᠨ ᠳ᠋ᠤ᠌ ᠵᠠᠯᠪᠠᠷᠢ᠃
ᠰᠠᠨᠠᠭ᠎ᠠ ᠲᠠᠢᠯᠤᠭᠰᠠᠨ᠂ ᠴᠡᠭᠡᠵᠢᠨ ᠤ ᠳᠣᠲᠣᠷ᠎ᠠ ᠪᠤᠯᠢᠯᠠᠨ ᠮᠡᠳᠡᠬᠦ ᠬᠡᠮᠡᠭᠰᠡᠨ ᠠᠨᠤ᠂ ᠥᠪᠡᠷ ᠢ᠋ᠶ᠋ᠡᠨ ᠰᠡᠳᠬᠢᠯ ᠰᠢᠭᠤᠳᠴᠤ ᠦᠢᠯᠡᠳᠬᠦ ᠦᠯᠦ ᠦᠢᠯᠡᠳᠬᠦ ᠶ᠋ᠢ ᠬᠢᠴᠢᠶᠡᠨ ᠰᠡᠷᠡᠮᠵᠢᠯᠡᠵᠦ ᠰᠢᠳᠬᠡ ᠬᠡᠮᠡᠭᠰᠡᠨ ᠪᠣᠯᠠᠢ᠂ ᠡᠭᠦᠰᠬᠡᠯ ᠡᠭᠦᠳᠦᠨ ᠬᠡᠮᠡᠭᠰᠡᠨ ᠠᠨᠤ᠂ ᠪᠤᠶᠠᠨ ᠨᠢᠭᠦᠯ ᠢ ᠠᠮᠰᠠᠬᠤ ᠶᠣᠰᠣᠨ ᠢ ᠥᠭᠦᠯᠡᠭᠰᠡᠨ ᠪᠣᠯᠠᠢ᠂ ᠨᠡᠷ᠎ᠡ ᠭᠠᠪᠢᠶ᠎ᠠ ᠬᠤᠪᠢ ᠪᠣᠢ᠂ ᠡᠳ᠋ ᠢ ᠡᠷᠢᠪᠡᠰᠦ ᠣᠯᠵᠠ ᠪᠣᠢ᠃
ᠪᠡᠯᠭᠡ ᠶ᠋ᠢᠨ ᠲᠣᠬᠢᠶᠠᠯᠳᠤᠪᠦᠷᠢ᠂ ᠲᠢᠶᠠᠨ ᠰᠢ ᠬᠠᠭᠠᠨ ᠤ ᠦᠶ᠎ᠡ ᠳ᠋ᠦ᠍ ᠨᠢᠭᠡᠨ ᠲᠦᠰᠢᠮᠡᠯ ᠲᠠᠢᠭᠠᠨᠴᠤᠳ ᠤ᠋ᠨ ᠭᠣᠶᠣᠯᠭ᠎ᠠ ᠶ᠋ᠢ ᠡᠰᠡ ᠬᠦᠯᠢᠶᠡᠭᠰᠡᠨ ᠳ᠋ᠡᠭᠡᠨ ᠦᠵᠡᠭᠦᠯᠪᠡᠰᠦ ᠡᠨᠡ ᠲᠥᠯᠭᠡ ᠪᠠᠭᠤᠵᠤᠬᠤᠢ᠂ ᠲᠠᠨᠳᠠᠴᠡ ᠲᠦᠰᠢᠮᠡᠯ ᠢ᠋ᠶ᠋ᠡᠨ ᠪᠠᠢᠵᠤ ᠰᠤᠯᠠ ᠰᠠᠭᠤᠪᠠᠢ᠂ ᠡᠷᠬᠡᠲᠦ ᠲᠠᠢᠭᠠᠨᠴᠤᠳ ᠪᠠᠭᠤᠷᠠᠭᠰᠠᠨ ᠬᠣᠢᠨ᠎ᠠ ᠳᠠᠬᠢᠵᠤ ᠲᠦᠰᠢᠮᠡᠯ ᠢ᠋ᠶ᠋ᠡᠨ ᠣᠯᠪᠠᠢ᠂ ᠡᠨᠡ ᠠᠨᠤ ᠪᠤᠶᠠᠨ ᠨᠢᠭᠦᠯ ᠢ ᠢᠲᠡᠭᠡᠭᠰᠡᠨ ᠠᠴᠢ ᠪᠣᠯᠠᠢ᠃
ᠳᠠᠯᠠᠨ ᠶᠢᠰᠦᠳᠦᠭᠡᠷ ᠲᠥᠯᠭᠡ ᠂ ᠴᠠᠭᠠᠭᠴᠢᠨ ᠬᠠᠷ᠎ᠠ᠂ ᠳᠤᠮᠳᠠ ᠲᠡᠭᠰᠢ᠂ ᠲᠥᠯᠭᠡ ᠶ᠋ᠢᠨ ᠪᠡᠯᠭᠡ ᠠᠨᠤ : ᠸᠧᠨ ᠸᠠᠩ ᠭᠥᠯᠢᠰ ᠦ᠋ᠨ ᠤᠳᠬ᠎ᠠ ᠶ᠋ᠢ ᠲᠠᠢᠯᠤᠭᠰᠠᠨ: ᠣᠭᠲᠠᠷᠭᠤᠢ ᠭᠠᠬᠠᠢ ᠠ᠋ᠴᠠ ᠢᠷᠡᠬᠦ ᠲᠠᠮᠢᠷ ᠢ ᠨᠠᠷᠢᠪᠴᠢᠯᠠᠨ ᠰᠢᠨᠵᠢᠯᠡᠭᠳᠡᠬᠦᠢ᠂ ᠺᠠᠨ ᠤᠰᠤᠨ ᠢ ᠲᠦᠰᠢᠵᠦ ᠮᠣᠷᠢᠨ ᠢ ᠬᠠᠨᠳᠤᠪᠠᠰᠤ ᠥᠪᠡᠰᠦᠪᠡᠨ ᠵᠣᠬᠢᠯᠳᠤᠮᠤᠢ᠂ ᠬᠡᠷᠪᠡ ᠦᠬᠡᠷ ᠠᠭᠤᠯᠠᠨ ᠤ ᠵᠦᠭ ᠲᠠᠪᠰᠢᠪᠠᠰᠤ ᠠᠷᠭ᠎ᠠ ᠪᠢᠯᠢᠭ ᠬᠠᠷᠰᠢᠭᠠᠳ ᠡᠭᠦᠳᠡ ᠡᠷᠦᠬᠡ ᠰᠠᠷᠨᠢᠨ ᠨᠢᠮᠭᠡᠷᠡᠵᠦ ᠠᠵᠤ ᠲᠥᠷᠥᠬᠦ ᠪᠡᠷᠬᠡ ᠪᠣᠯᠤᠮᠤᠢ᠃
ᠪᠣᠭᠳᠠ ᠶ᠋ᠢᠨ ᠲᠠᠭᠠᠯᠠᠯ᠄ ᠨᠡᠷ᠎ᠡ ᠠᠰᠢᠭ ᠭᠣᠣᠯ ᠢ ᠳᠠᠭᠠᠵᠤ ᠡᠷᠢᠲᠦᠭᠡᠢ᠂ ᠤᠷᠤᠭ ᠵᠠᠷᠭᠤ ᠶ᠋ᠢ ᠳᠡᠮᠡᠢ ᠰᠢᠳᠬᠡᠬᠦ ᠬᠡᠷᠡᠭ ᠦᠭᠡᠢ᠂ ᠡᠪᠡᠳᠴᠢᠲᠡᠨ ᠡᠮᠴᠢ ᠶ᠋ᠢ ᠰᠢᠯᠢᠪᠡᠯ ᠰᠠᠶᠢ ᠠᠶᠤᠯ ᠦᠭᠡᠢ᠂ ᠶᠠᠪᠤᠳᠠᠯ ᠤ᠋ᠨ ᠬᠥᠮᠦᠨ ᠢᠷᠡᠬᠦ ᠪᠣᠳᠣᠯᠭ᠎ᠠ ᠶ᠋ᠢ ᠲᠦᠷ ᠳᠡᠯᠪᠢ᠃
ᠲᠠᠢᠯᠪᠤᠷᠢ ᠥᠭᠦᠯᠡᠯ : ᠡᠨᠡ ᠲᠥᠯᠭᠡ ᠳ᠋ᠦ᠍ᠷ᠂ ᠵᠠᠷᠭᠤ ᠶ᠋ᠢ ᠪᠢᠲᠡᠭᠡᠢ ᠡᠭᠦᠰᠭᠡ ᠭᠠᠪᠢᠶ᠎ᠠ ᠨᠡᠷ᠎ᠡ ᠦᠭᠡᠢ᠂ ᠡᠳ᠋ ᠢ᠋ ᠡᠷᠢᠪᠡᠰᠦ ᠶᠣᠰᠣᠨ ᠳ᠋ᠤᠷ ᠵᠣᠬᠢᠯᠳᠤᠯ᠂ ᠡᠪᠡᠳᠴᠢᠨ ᠡᠮ ᠵᠣᠬᠢᠷᠠᠬᠤ᠂ ᠭᠠᠵᠠᠷ ᠤ᠋ᠨ ᠰᠤᠳᠤᠯ ᠳᠡᠮᠡᠢ ᠨᠡᠭᠦᠵᠦ ᠪᠣᠯᠬᠤ ᠦᠭᠡᠢ᠂ ᠠᠯᠢᠪᠠ ᠬᠡᠷᠡᠭ ᠲᠦᠷ ᠬᠢᠴᠢᠶᠡᠨ ᠰᠠᠬᠢᠬᠤ ᠶ᠋ᠢ ᠡᠷᠬᠢᠯᠡᠵᠦᠬᠦᠢ᠃
ᠰᠠᠨᠠᠭ᠎ᠠ ᠲᠠᠢᠯᠤᠭᠰᠠᠨ : ᠣᠭᠲᠠᠷᠭᠤᠢ ᠪᠠᠷᠠᠭᠤᠨ ᠬᠣᠢᠲᠤ ᠵᠦᠭ ᠲᠤᠯᠠ ᠭᠠᠬᠠᠢ ᠳ᠋ᠤᠷ ᠬᠠᠮᠢᠶᠠᠲᠠᠢ᠂ ᠵᠡᠭᠦᠨ ᠡᠮᠦᠨ᠎ᠡ ᠯᠤᠤ ᠳ᠋ᠤ᠌ ᠬᠠᠮᠢᠶᠠᠲᠠᠢ᠂ ᠰᠢᠪᠠᠷᠳᠠᠯ ᠤᠰᠤ ᠬᠣᠢᠲᠤ ᠵᠦᠭ ᠲᠤᠯᠠ ᠬᠤᠯᠤᠭᠠᠨ᠎ᠠ ᠳ᠋ᠤᠷ ᠬᠠᠮᠢᠶᠠᠲᠠᠢ᠂ ᠭᠡᠷᠡᠯᠦᠯ ᠭᠠᠯ ᠡᠮᠦᠨ᠎ᠡ ᠵᠦᠭ ᠲᠤᠯᠠ ᠮᠣᠷᠢ ᠳ᠋ᠤᠷ ᠬᠠᠮᠢᠶᠠᠲᠠᠢ᠂ ᠵᠣᠭᠰᠣᠯᠲᠠ ᠠᠭᠤᠯᠠ ᠵᠡᠭᠦᠨ ᠬᠣᠢᠲᠤ ᠵᠦᠭ ᠲᠤᠯᠠ ᠦᠬᠡᠷ ᠪᠠᠷᠰ ᠲᠤᠷ ᠬᠠᠮᠢᠶᠠᠲᠠᠢ᠂ ᠨᠡᠷ᠎ᠡ ᠬᠦᠰᠡᠭᠴᠢᠳ ᠯᠤᠤ ᠭᠠᠬᠠᠢ ᠵᠢᠯ ᠳ᠋ᠦ᠍ᠷ ᠰᠠᠨᠠᠭᠠᠨ ᠳ᠋ᠤᠷ ᠬᠦᠷᠬᠦ᠂ ᠬᠤᠯᠤᠭᠠᠨ᠎ᠠ ᠮᠣᠷᠢᠨ ᠵᠢᠯ ᠳ᠋ᠦ᠍ᠷ ᠶᠡᠬᠡᠳᠡ ᠳᠡᠯᠭᠡᠷᠡᠮᠦ᠂ ᠦᠬᠡᠷ ᠪᠠᠷᠰ ᠵᠢᠯ ᠳ᠋ᠦ᠍ ᠶᠡᠬᠡᠳᠡ ᠪᠠᠭᠤᠷᠠᠮᠤ᠂ ᠠᠯᠢᠪᠠ ᠬᠡᠷᠡᠭ ᠢ ᠰᠢᠳᠤᠷᠭᠤ ᠶ᠋ᠢ ᠪᠠᠷᠢᠵᠤ ᠦᠢᠯᠡ ᠦᠢᠯᠡᠳᠪᠡᠰᠦ ᠯᠤᠤ᠂ ᠭᠠᠬᠠᠢ᠂ ᠬᠤᠯᠤᠭᠠᠨ᠎ᠠ᠂ ᠮᠣᠷᠢᠨ ᠵᠢᠯ ᠳ᠋ᠦ᠍ ᠰᠠᠢᠨ᠂ ᠪᠤᠰᠤ ᠵᠢᠯ ᠢ ᠰᠡᠷᠡᠮᠵᠢᠯᠡᠬᠦ ᠬᠡᠷᠡᠭᠲᠡᠢ᠃
ᠪᠡᠯᠭᠡ ᠶ᠋ᠢᠨ ᠲᠣᠬᠢᠶᠠᠯᠳᠤᠪᠤᠷᠢ : ᠨᠢᠭᠡᠨ ᠬᠥᠮᠦᠨ ᠬᠦᠷᠭᠡᠨ ᠰᠣᠩᠭᠣᠬᠤ ᠶ᠋ᠢᠨ ᠲᠤᠯᠠ ᠦᠵᠡᠭᠦᠯᠪᠡᠰᠦ ᠡᠨᠡ ᠲᠥᠯᠭᠡ ᠪᠠᠭᠤᠵᠤᠬᠤᠢ ᠬᠣᠵᠢᠮ ᠮᠣᠷᠢᠨ ᠣᠪᠣᠭᠲᠤ᠂ ᠭᠠᠬᠠᠢ ᠵᠢᠯᠲᠦ ᠬᠥᠮᠦᠨ ᠬᠦᠷᠭᠡᠨ ᠪᠣᠯᠪᠠ᠂ ᠬᠠᠨ ᠣᠭᠲᠠᠷᠭᠤᠢ ᠶ᠋ᠢᠨ ᠪᠡᠯᠬᠡᠰ ᠠᠨᠤ ᠮᠣᠷᠢᠨ ᠪᠣᠯᠠᠢ᠂ ᠵᠢᠯ ᠦᠨ ᠡᠵᠡᠳ ᠢᠨᠦ ᠭᠠᠬᠠᠢ ᠲᠤᠯᠠ ᠢᠷᠡᠬᠦ ᠲᠠᠮᠢᠷ ᠬᠡᠮᠡᠭᠰᠡᠨ ᠦᠭᠡᠰ ᠬᠠᠨ ᠣᠭᠲᠠᠷᠭᠤᠢ ᠳ᠋ᠤᠷ ᠲᠣᠬᠢᠶᠠᠯᠳᠤᠭᠰᠠᠨ ᠢ᠋ᠶ᠋ᠠᠷ ᠰᠢᠯᠦᠭ ᠦ᠋ᠨ ᠠᠩᠬ᠎ᠠ ᠦᠭᠡᠨ ᠯᠦ᠍ᠭᠡ ᠨᠡᠢᠯᠡᠵᠦᠬᠦᠢ᠃
ᠨᠠᠶᠠᠳᠤᠭᠠᠷ ᠲᠥᠯᠭᠡ ᠂ ᠴᠠᠭᠠᠭᠴᠢᠨ ᠬᠠᠷᠠᠭᠴᠢᠨ᠂ ᠳᠣᠣᠷ᠎ᠠ ᠶ᠋ᠢᠨ ᠳᠣᠣᠷ᠎ᠠ᠂ ᠲᠥᠯᠭᠡ ᠶᠢᠨ ᠪᠡᠯᠭᠡ ᠠᠨᠤ : ᠭᠦᠸᠧ ᠪᠣ ᠡᠬᠡ ᠪᠡᠨ ᠣᠷᠣᠰᠢᠭᠤᠯᠬᠤᠢ ᠳ᠋ᠤᠷ ᠲᠥᠯᠭᠡ ᠭᠤᠶᠤᠭᠰᠠᠨ : ᠨᠢᠭᠡᠨ ᠡᠳᠦᠷ ᠤᠴᠢᠷ ᠦᠭᠡᠢ ᠪᠡᠷ ᠬᠡᠷᠡᠭ ᠲᠣᠷ ᠤᠨᠠᠪᠠᠢ᠂ ᠬᠡᠭᠦᠷ ᠤᠨ ᠭᠠᠵᠠᠷ ᠤ᠋ᠨ ᠮᠠᠭᠤ ᠪᠠᠷ ᠡᠷᠦᠬᠡ ᠪᠠᠭᠤᠷᠠᠭᠰᠠᠨ ᠪᠠᠢᠨᠠᠮ᠂ ᠠᠷᠭ᠎ᠠ ᠪᠢᠯᠢᠭ ᠢ ᠠᠷᠠᠯᠵᠢᠪᠠᠴᠤ ᠵᠢᠷᠭᠠᠯᠠᠩ ᠵᠣᠪᠠᠯᠠᠩ ᠢ ᠤᠷᠪᠠᠭᠤᠯᠤᠨ ᠴᠢᠳᠠᠮᠤ᠂ ᠴᠢ ᠲᠡᠭᠦᠨ ᠢ ᠦᠳᠡᠯ᠎ᠡ ᠪᠣᠯᠭᠠᠨ ᠦᠵᠡᠵᠦ ᠪᠣᠯᠬᠤ ᠦᠭᠡᠢ᠃
ᠪᠣᠭᠳᠠ ᠶ᠋ᠢᠨ ᠲᠠᠭᠠᠯᠠᠯ : ᠨᠡᠷ᠎ᠡ ᠠᠰᠢᠭ ᠬᠠᠯᠠᠵᠤ ᠠᠷᠭᠠᠴᠠᠪᠠᠰᠤ ᠰᠠᠢᠨ ᠵᠠᠷᠭᠤ ᠡᠪᠰᠡᠬᠦ ᠬᠡᠷᠡᠭᠲᠡᠢ᠂ ᠵᠣᠪᠠᠯᠠᠩ ᠤᠰᠠᠳᠤᠮᠤᠢ ᠡᠪᠡᠳᠴᠢᠨ ᠡᠮᠴᠢ ᠬᠠᠯᠠ ᠶᠠᠪᠤᠳᠠᠯ ᠤ᠋ᠨ ᠬᠥᠮᠦᠨ ᠢᠷᠡᠮᠦ ᠤᠷᠤᠭ ᠥᠪᠡᠷ᠎ᠡ ᠬᠡᠯᠡᠯᠴᠡᠭᠲᠦᠨ᠂ ᠳᠣᠬᠢᠯᠳᠤᠨ ᠪᠢᠲᠡᠭᠡᠢ ᠦᠢᠯᠡᠳ᠃
ᠲᠠᠢᠯᠪᠤᠷᠢ ᠥᠭᠦᠯᠡᠯ : ᠡᠨᠡ ᠲᠥᠯᠭᠡ ᠳ᠋ᠦ᠍ ᠠᠯᠢᠪᠠ ᠰᠠᠨᠠᠭᠰᠠᠨ ᠬᠡᠷᠡᠭ ᠲᠦ᠍ᠷ ᠬᠢᠴᠢᠶᠡᠵᠦ ᠰᠠᠬᠢᠬᠤ ᠬᠡᠷᠡᠭᠲᠡᠢ᠃ ᠣᠷᠣᠬᠤ ᠭᠠᠷᠬᠤ ᠳ᠋ᠤᠷ ᠰᠡᠷᠡᠮᠵᠢᠯᠡᠨ᠂ ᠵᠠᠷᠭᠤ ᠪᠣᠯᠪᠠᠰᠤ ᠪᠢᠲᠡᠭᠡᠢ ᠨᠡᠬᠡᠮᠵᠢᠯᠡ᠂ ᠵᠣᠬᠢᠯᠳᠤᠪᠠᠰᠤ ᠰᠠᠢᠨ᠂ ᠡᠪᠡᠳᠴᠢᠲᠡᠨ ᠴᠢᠳᠬᠥᠷ ᠲᠡᠢ᠂ ᠡᠮᠴᠢ ᠶ᠋ᠢ ᠰᠣᠩᠭᠣ ᠭᠦᠷᠦᠮ ᠦᠢᠯᠡᠳ᠂ ᠶᠠᠪᠤᠳᠠᠯ ᠤ᠋ᠨ ᠬᠥᠮᠦᠨ ᠪᠤᠴᠠᠪᠠ᠂ ᠤᠷᠤᠭ ᠢ ᠬᠠᠯᠠᠵᠤ ᠬᠡᠯᠡᠯᠴᠢ : ᠡᠳ᠋ ᠦ᠋ᠨ ᠲᠤᠯᠠ ᠪᠥᠭᠡᠰᠦ ᠮᠠᠭᠤ ᠬᠥᠮᠦᠨ ᠤ ᠬᠣᠣᠷᠯᠠᠯ ᠢ ᠰᠡᠷᠡᠮᠵᠢᠯᠡ᠂ ᠨᠡᠷ᠎ᠡ ᠵᠡᠷᠭᠡ ᠬᠣᠭᠣᠰᠣᠨ᠃
ᠰᠠᠨᠠᠭ᠎ᠠ ᠲᠠᠢᠯᠤᠭᠰᠠᠨ : ᠤᠴᠢᠷ ᠦᠭᠡᠢ ᠪᠡᠷ ᠬᠡᠷᠡᠭ ᠲᠦ᠍ᠷ ᠤᠨᠠᠪᠠᠢ ᠬᠡᠮᠡᠭᠰᠡᠨ ᠠᠨᠤ᠂ ᠨᠡᠷ᠎ᠡ ᠶ᠋ᠢ ᠬᠦᠰᠡᠭᠴᠢᠳ ᠬᠡᠷᠪᠡ ᠲᠦᠰᠢᠮᠡᠯ ᠢ ᠣᠯᠪᠠᠴᠤ ᠵᠣᠪᠠᠯᠠᠩ ᠵᠢᠷᠭᠠᠯᠠᠩ ᠵᠠᠭᠤᠷᠠᠯᠳᠤᠨ ᠪᠠᠢᠬᠤ ᠲᠤᠯᠠ᠂ ᠬᠠᠯᠠᠵᠤ ᠡᠷᠢᠬᠦ ᠬᠡᠷᠡᠭᠲᠡᠢ᠂ ᠪᠤᠰᠤ ᠪᠥᠭᠡᠰᠦ ᠪᠦᠲᠦᠪᠡᠴᠦ ᠵᠣᠪᠠᠯᠠᠩ ᠢᠷᠡᠬᠦ ᠴᠠᠭ ᠲᠤᠷ ᠵᠠᠢᠯᠠᠵᠤ ᠦᠯᠦ ᠴᠢᠳᠠᠮᠤ᠃ ᠭᠠᠳᠠᠭᠰᠢ ᠶᠠᠪᠤᠬᠤ ᠬᠥᠮᠦᠨ ᠪᠥᠭᠡᠰᠦ ᠤᠰᠤᠨ ᠰᠠᠯᠬᠢᠨ ᠤ ᠠᠶᠤᠯ ᠪᠣᠢ᠂ ᠭᠡᠷ ᠲᠦ᠍ ᠪᠥᠭᠡᠰᠦ ᠭᠠᠯ ᠳᠡᠭᠡᠷᠡᠮ ᠪᠠ ᠵᠠᠰᠠᠭ ᠴᠠᠭᠠᠵᠠᠨ ᠤ ᠠᠶᠤᠯ ᠪᠣᠢ᠂ ᠠᠷᠪᠠᠨ ᠡᠳᠦᠷ ᠬᠡᠲᠦᠷᠡᠪᠡᠰᠦ ᠵᠠᠷᠢᠮ ᠨᠢᠭᠡᠨ ᠭᠡᠲᠦᠯᠬᠦ ᠪᠣᠯᠠᠢ᠃
ᠪᠡᠯᠭᠡ ᠶ᠋ᠢᠨ ᠲᠣᠬᠢᠶᠠᠯᠳᠤᠪᠤᠷᠢ : ᠨᠢᠭᠡ ᠪᠢᠴᠢᠭ ᠦ᠋ᠨ ᠬᠥᠮᠦᠨ ᠬᠡᠭᠦᠷ ᠦ᠋ᠨ ᠬᠠᠵᠠᠭᠤᠳᠠ ᠡᠭᠦᠳᠡ ᠭᠠᠷᠭᠠᠬᠤᠢ ᠤᠴᠢᠷ ᠦᠵᠡᠭᠦᠯᠪᠡᠢ ᠡᠨᠡ ᠤᠴᠢᠷ ᠠ᠋ᠴᠠ ᠵᠠᠷᠭᠤ ᠪᠣᠯᠵᠤ ᠬᠡᠷᠡᠭ ᠢᠨᠦ ᠪᠤᠷᠤᠭᠤ ᠪᠣᠯᠪᠠ᠂ ᠰᠢᠯᠦᠭ ᠦ᠋ᠨ ᠠᠩᠬ᠎ᠠ ᠯᠤᠭ᠎ᠠ ᠨᠡᠢᠯᠡᠵᠦᠬᠦᠢ᠃
