ᠡᠮᠨᠢᠭ ᠰᠢᠯᠦᠭ - ᠴᠣ ᠂ ᠣᠷᠱᠤᠨ Эмнэг шүлэг – Чо ᠂ Оршин ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠮᠨᠢᠭ ᠰᠢᠯᠦᠭ - ᠴᠣ ᠂ ᠣᠷᠱᠤᠨ Эмнэг шүлэг – Чо ᠂ Оршин

ᠡᠮᠨᠢᠭ ᠰᠢᠯᠦᠭ - ᠴᠣ ᠂ ᠣᠷᠱᠤᠨ Эмнэг шүлэг – Чо ᠂ Оршин

2024-05-11

273

ᠡᠮᠨᠢᠭ ᠰᠢᠯᠦᠭ


 ᠠᠪᠤ ᠶ᠋ᠢᠨ ᠲᠣᠬᠣᠭᠰᠠᠨ ᠽᠠᠨᠳᠠᠨ ᠡᠮᠡᠭᠡᠯ ᠢ᠋  
 ᠠᠷᠳᠠᠭ ᠤ᠋ᠨ ᠨᠢᠷᠤᠭᠤᠨ ᠳ᠋ᠤ᠌ ᠲᠣᠪᠬᠢᠲᠠᠯ᠎ᠠ ᠳᠠᠷᠤᠭᠠᠳ 
 ᠠᠲᠠᠷ ᠤ᠋ᠨ ᠬᠥᠷᠥᠰᠥᠨ ᠳ᠋ᠦ᠍ ᠴᠢᠯᠡᠭᠡ ᠶ᠋ᠢ ᠨᠢ ᠭᠠᠷᠭᠠᠵᠤ 
 ᠠᠮᠠᠭᠠᠢ ᠵᠠᠭᠤᠯᠭᠠᠨ ᠠᠮᠠ ᠶ᠋ᠢ ᠨᠢ ᠮᠡᠳᠡᠭᠦᠯᠳᠡᠭ ᠰᠢᠭ 
 ᠢᠰᠡᠭᠡᠢ ᠲᠤᠭᠤᠷᠭᠠᠲᠠᠨ ᠤ᠋ ᠡᠭᠡᠯ ᠮᠠᠯᠴᠢᠨ  
 ᠢᠰᠢᠭᠡ ᠬᠤᠷᠠᠭ᠎ᠠ ᠬᠠᠷᠢᠭᠤᠯᠳᠠᠭ ᠪᠢ  
 ᠡᠷᠡᠮᠡᠭ ᠢ᠋ᠶ᠋ᠡᠨ ᠭᠠᠷᠭᠠᠭᠰᠠᠨ ᠲᠣᠢᠯᠡᠮᠡᠯ ᠠᠭᠲᠠ ᠰᠢᠭ᠋ 
 ᠡᠮᠨᠢᠭ ᠰᠢᠯᠦᠭ ᠲᠡᠢ ᠵᠠᠮ ᠳ᠋ᠠᠭᠠᠨ ᠲᠠᠭᠠᠷᠠᠯ᠎ᠠ᠃ 
 ᠳᠠᠳᠴᠢᠬᠠᠭᠰᠠᠨ ᠬᠥᠮᠦᠨ ᠳ᠋ᠦ᠍ ᠪᠣᠯ ᠰᠢᠯᠦᠭ ᠴᠢ 
 ᠳᠠᠯᠠᠪᠴᠢ ᠤᠷᠭᠤᠭᠰᠠᠨ ᠵᠢᠭᠦᠷᠲᠦ ᠬᠦᠯᠦᠭ ᠴᠦ᠍
 ᠳᠠᠯᠢᠩᠪᠤᠤ ᠳᠡᠪᠡᠯ ᠲᠡᠢ ᠬᠥᠪᠡᠭᠦᠨ ᠨᠠᠳᠠ  
 ᠳᠠᠭᠠᠨ ᠪᠣᠷᠣ ᠠ᠋ᠴᠠ ᠴᠦ᠍ ᠬᠡᠴᠡᠭᠦᠦ ᠯᠡ ᠪᠠᠢᠨ᠎ᠠ᠃ 
 ᠲᠡᠭᠡᠪᠡᠴᠦ ᠰᠦᠷᠳᠡᠬᠦ ᠪᠡᠷ ᠦᠭᠡᠢ 
 ᠲᠡᠭᠡᠬᠦ ᠮᠥᠷᠲᠡᠭᠡᠨ ᠮᠣᠩᠭᠣᠯ ᠬᠥᠮᠦᠨ ᠲᠤᠯᠠ 
 ᠭᠠᠩ ᠳᠥᠷᠥᠭᠡ ᠪᠡᠨ ᠰᠣᠨᠤᠲᠠᠯ᠎ᠠ ᠵᠢᠭᠢᠭᠡᠳ 
 ᠭᠠᠨᠵᠤᠭ᠎ᠠ ᠪᠤᠰᠬᠠᠨ ᠦᠵᠡᠶ᠎ᠡ᠃ 
 ᠳᠤᠭᠤᠢᠯᠠᠵᠤ ᠪᠤᠬᠠᠨ᠎ᠠ ᠤᠤ᠂ ᠦᠰᠦᠷᠴᠦ ᠴᠣᠢᠯᠤᠨ᠎ᠠ ᠤᠤ? 
 ᠳᠤᠭᠲᠤᠷᠴᠤ ᠴᠣᠪᠬᠣᠴᠢᠨ᠎ᠠ ᠤᠤ᠂ ᠥᠪᠡᠷ ᠢ᠋ᠶ᠋ᠡᠨ ᠮᠡᠳᠡ 
 ᠳᠡᠭᠡᠷ᠎ᠡ ᠨᠢ ᠮᠣᠷᠳᠠᠭᠰᠠᠨ ᠪᠢ ᠶᠡᠷᠦ ᠨᠢ 
 ᠳᠠᠮ ᠢ᠋ ᠨᠢ ᠦᠵᠡᠵᠦ ᠳᠡᠢᠯᠦᠨ᠎ᠡ ᠪᠠᠢᠬ᠎ᠠ᠃ 
 ᠠᠮᠠ ᠲᠣᠯᠣᠭᠠᠢ ᠪᠠᠨ ᠴᠢ ᠮᠢᠨᠢ ᠮᠡᠳᠡᠪᠡᠯ 
 ᠠᠯᠬᠤᠭ᠎ᠠ ᠰᠠᠢᠪᠤᠷ ᠢ᠋ᠶ᠋ᠠᠨ ᠲᠡᠭᠡᠭᠡᠳ ᠣᠯᠪᠠᠯ 
 ᠮᠢᠩᠭᠠᠨ ᠰᠦᠷᠦᠭ ᠦ᠋ᠨ ᠢ᠋ᠶ᠋ᠡᠨ ᠪᠡᠯᠴᠢᠭᠡᠷ ᠲᠦ᠍ 
 ᠮᠠᠨᠠᠨ ᠪᠣᠰᠲᠠᠯ᠎ᠠ ᠳᠣᠷᠢᠭᠤᠨ ᠳᠠᠪᠬᠢᠨ᠎ᠠ ᠳᠠ᠃ 

      ᠢᠷᠡᠯᠲᠡ᠄ ᠴᠣ· ᠣᠷᠱᠤᠨ ᠤ᠋《 ᠮᠠᠯᠴᠢᠨ ᠬᠥᠮᠦᠨ ᠦ᠌ ᠳᠠᠭᠤᠤ》 ᠨᠣᠮ ᠠ᠋ᠴᠠ ᠡᠰᠢᠯᠡᠪᠡ᠃
           ᠦᠰᠦᠭ ᠠᠮᠢᠯᠠᠭᠤᠯᠤᠭᠴᠢ᠄ ᠪᠠᠶᠠᠷᠴᠡᠴᠡᠭ 
               2024 05 03