ᠡᠬᠡ ᠶ᠋ᠢᠨ ᠵᠠᠯᠪᠠᠷᠢᠯ-ᠪᠣᠯᠣᠷᠲᠤᠶᠠᠭ᠎ᠠBolortuya - Ekhiin zalbiral Болортуяа - Эхийн залбирал
ᠡᠬᠡ ᠶ᠋ᠢᠨ ᠵᠠᠯᠪᠠᠷᠢᠯ
ᠦᠭᠡ᠂ ᠠᠶ᠎ᠠ᠄ ᠵ · ᠪᠠᠲᠤᠪᠣᠯᠤᠳ
ᠷ · ᠪᠣᠯᠤᠷᠲᠤᠶᠠᠭᠠ ᠳᠠᠭᠤᠯᠠᠨ᠎ᠠ
ᠪᠦᠷᠦᠢ ᠦᠳᠡᠰᠢ ᠪᠡᠷ ᠰᠣᠴᠢᠬᠤ ᠪᠣᠢ ᠳᠠ ᠭᠡᠳ
ᠪᠦᠪᠡᠢ ᠶ᠋ᠢᠨ ᠳᠠᠭᠤᠤ ᠪᠠᠷ ᠢ᠋ᠶ᠋ᠠᠨ ᠠᠷᠭᠠᠳᠠᠭᠰᠠᠨ ᠡᠵᠢ ᠮᠢᠨᠢ
ᠥᠷᠯᠥᠭᠡᠨ ᠦ᠌ ᠵᠢᠪᠠᠷ ᠲᠤ᠌ ᠲᠠᠭᠠᠷᠠᠴᠢᠬᠠᠬᠤ ᠪᠣᠢ ᠳᠠ ᠭᠡᠳ
ᠦᠷᠭᠦᠯᠵᠢ ᠬᠠᠢᠷ᠎ᠠ ᠪᠠᠨ ᠳᠡᠪᠢᠰᠦᠭᠰᠡᠨ ᠡᠵᠢ ᠮᠢᠨᠢ
ᠴᠠᠭᠠᠨ ᠰᠡᠳᠬᠢᠯ ᠦ᠋ᠨ ᠰᠦ ᠲᠡᠢ ᠬᠤᠪᠢᠩ ᠢ᠋ ᠲᠠᠨᠢ
ᠴᠠᠯᠭᠢᠶᠠᠬᠤ ᠦᠭᠡᠢ ᠶᠤᠮ ᠰᠠᠨ ᠭᠡᠳ ᠬᠢᠴᠢᠶᠡᠬᠦ ᠶᠤᠮ ᠡᠵᠢ ᠠ᠋
ᠬᠠᠲᠠᠭᠤ ᠬᠣᠷᠸ᠎ᠠ ᠳ᠋ᠤ᠌ ᠬᠠᠵᠠᠢᠬᠤ ᠪᠣᠢ ᠳᠠ ᠭᠡᠳ
ᠬᠠᠮᠤᠭ ᠪᠦᠬᠦᠨ ᠢ᠋ᠶ᠋ᠡᠨ ᠵᠣᠷᠢᠭᠤᠯᠤᠭᠰᠠᠨ ᠡᠵᠢ ᠮᠢᠨᠢ
ᠠᠯᠳᠠᠵᠤ ᠡᠨᠳᠡᠵᠦ ᠪᠦᠳᠦᠷᠢᠬᠦ ᠪᠣᠢ ᠳᠠ ᠭᠡᠳ
ᠠᠮᠢᠨ ᠵᠢᠷᠦᠬᠡᠨ ᠳ᠋ᠡᠭᠡᠨ ᠰᠡᠮᠡᠷᠡᠳᠡᠭ ᠡᠵᠢ ᠮᠢᠨᠢ
ᠮᠠᠨᠳᠤᠬᠤ ᠨᠠᠷᠠᠨ ᠳ᠋ᠤ᠌ ᠰᠦᠰᠦᠭᠯᠡᠭᠰᠡᠨ ᠵᠠᠯᠪᠠᠷᠢᠯ ᠢ᠋ ᠲᠠᠨᠢ
ᠮᠠᠷᠲᠠᠬᠤ ᠦᠭᠡᠢ ᠶᠤᠮ ᠰᠠᠨ
ᠭᠡᠵᠦ ᠬᠢᠴᠢᠶᠡᠬᠦ ᠶᠤᠮ ᠡᠵᠢ ᠠ᠋
ᠲᠠᠩᠳᠠ ᠰᠠᠢᠨ ᠶᠠᠪᠤᠭᠠᠷᠠᠢ ᠦᠷ᠎ᠡ ᠮᠢᠨᠢ ᠭᠡᠳ
ᠳᠠᠬᠢᠨ ᠳᠠᠬᠢᠨ ᠵᠠᠯᠪᠠᠷᠢᠳᠠᠭ ᠡᠵᠢ ᠮᠢᠨᠢ
ᠬᠥᠮᠦᠨ ᠦ᠌ ᠰᠠᠢᠨ ᠲᠠᠢ ᠨᠥᠬᠥᠷᠯᠡᠵᠦ ᠶᠠᠪᠤᠭᠠᠷᠠᠢ ᠭᠡᠳ
ᠬᠦᠰᠡᠯ ᠢ᠋ᠶ᠋ᠡᠨ ᠳᠡᠪᠢᠰᠦᠨ ᠢᠷᠦᠭᠡᠳᠡᠭ ᠡᠵᠢ ᠮᠢᠨᠢ
ᠴᠠᠭᠠᠨ ᠰᠡᠳᠬᠢᠯ ᠦ᠋ᠨ ᠰᠦ ᠲᠡᠢ ᠬᠤᠪᠢᠩ ᠢ᠋ ᠲᠠᠨᠢ
ᠴᠠᠯᠭᠢᠶᠠᠬᠤ ᠦᠭᠡᠢ ᠶᠤᠮ ᠰᠠᠨ ᠭᠡᠳ ᠬᠢᠴᠢᠶᠡᠬᠦ ᠶᠤᠮ ᠡᠵᠢ ᠠ᠋
ᠮᠠᠨᠳᠤᠬᠤ ᠨᠠᠷᠠᠨ ᠳ᠋ᠤ᠌ ᠰᠦᠰᠦᠭᠯᠡᠭᠰᠡᠨ ᠵᠠᠯᠪᠠᠷᠢᠯ ᠢ᠋ ᠲᠠᠨᠢ
ᠮᠠᠷᠲᠠᠬᠤ ᠦᠭᠡᠢ ᠶᠤᠮ ᠰᠠᠨ
ᠭᠡᠵᠦ ᠬᠢᠴᠢᠶᠡᠬᠦ ᠶᠤᠮ ᠡᠵᠢ ᠠ᠋
ᠬᠠᠢᠷᠠᠲᠠᠢ ᠰᠢᠦ ᠡᠵᠢ ᠠ᠋
ᠦᠰᠦᠭ ᠠᠮᠢᠯᠠᠭᠤᠯᠤᠭᠴᠢ᠄ ᠪᠠᠶᠠᠭᠤᠳ· ᠬᠣᠣᠰᠪᠠᠶᠠᠷ
ᠦᠰᠦᠭ ᠬᠠᠳᠠᠭᠴᠢ᠄ ᠪᠠᠶᠠᠭᠤᠳ· ᠬᠣᠣᠰᠪᠠᠶᠠᠷ
ᠬᠢᠨᠠᠭᠴᠢ᠄ ᠪᠣᠣ᠂ ᠰᠠᠷᠠᠨ᠎ᠠ
