ᠪᠣᠭᠣᠨᠢ ᠲᠦᠷᠦᠭᠦᠲᠦ ᠦᠨᠡᠭᠡᠨ ᠰᠡᠭᠦᠯ Богино түрүүт үнгэн сүүл ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠣᠭᠣᠨᠢ ᠲᠦᠷᠦᠭᠦᠲᠦ ᠦᠨᠡᠭᠡᠨ ᠰᠡᠭᠦᠯ Богино түрүүт үнгэн сүүл

ᠪᠣᠭᠣᠨᠢ ᠲᠦᠷᠦᠭᠦᠲᠦ ᠦᠨᠡᠭᠡᠨ ᠰᠡᠭᠦᠯ Богино түрүүт үнгэн сүүл

2024-05-11

306

ᠪᠣᠭᠣᠨᠢ ᠲᠦᠷᠦᠭᠦᠲᠦ ᠦᠨᠡᠭᠡᠨ ᠰᠡᠭᠦᠯ

            ᠦᠷᠡᠲᠦ ᠤᠷᠭᠤᠮᠠᠯ ᠤ᠋ᠨ ᠢᠵᠠᠭᠤᠷ 
    ᠣᠯᠠᠨ ᠨᠠᠰᠤᠲᠤ ᠡᠪᠡᠰᠦᠯᠢᠭ ᠤᠷᠭᠤᠮᠠᠯ᠂ ᠦᠨᠳᠦᠰᠦᠯᠢᠭ ᠡᠰᠢ ᠲᠡᠢ᠃ ᠰᠦᠷᠡᠯ ᠨᠢ ᠰᠢᠯᠤᠭᠤᠨ᠂ ᠴᠥᠭᠡᠨ ᠬᠡᠳᠦ ᠪᠡᠷ ᠪᠤᠲᠠᠯᠠᠵᠤ ᠤᠷᠭᠤᠨ᠎ᠠ᠂ ᠭᠢᠯᠦᠭᠡᠷ᠂50cm ᠣᠷᠴᠢᠮ ᠥᠨᠳᠥᠷ᠂3—5 ᠦᠶ᠎ᠡ ᠲᠡᠢ᠃ ᠨᠠᠪᠴᠢᠨ ᠤ᠋ ᠲᠣᠭᠳᠣᠢ ᠨᠢ ᠭᠢᠯᠦᠭᠡᠷ᠂ ᠦᠶ᠎ᠡ ᠶ᠋ᠢᠨ ᠬᠣᠭᠣᠷᠣᠨᠳᠣᠬᠢ ᠵᠠᠢ ᠠ᠋ᠴᠠ ᠨᠢ ᠣᠬᠣᠷ; ᠨᠠᠪᠴᠢ ᠨᠢ ᠲᠠᠰᠢᠭᠤᠯᠠᠨ ᠤᠷᠭᠤᠨ᠎ᠠ᠂5—15cm ᠤᠷᠲᠤ᠂2—5mm ᠥᠷᠭᠡᠨ᠂ ᠳᠡᠭᠡᠳᠦ ᠲᠠᠯ᠎ᠠ ᠨᠢ ᠠᠷᠵᠠᠭᠠᠷ᠂ ᠠᠷᠤ ᠨᠢ ᠭᠢᠯᠦᠭᠡᠷ᠃ ᠱᠣᠷᠣᠯᠵᠢᠨ ᠬᠡᠯᠪᠡᠷᠢᠲᠦ ᠪᠠᠭ ᠴᠡᠴᠡᠭ ᠨᠢ ᠪᠥᠭᠡᠷᠡᠩᠬᠡᠢ ᠪᠠᠭᠠᠨ᠎ᠠ ᠬᠡᠯᠪᠡᠷᠢ ᠲᠡᠢ᠂2.5—4cm ᠤᠷᠲᠤ᠂6—12mm ᠥᠷᠭᠡᠨ; ᠵᠢᠵᠢᠭ ᠲᠦᠷᠦᠭᠦᠦ ᠨᠢ3.5—4mm ᠤᠷᠲᠤ᠂ ᠥᠨᠳᠡᠭᠡᠯᠵᠢᠨ ᠵᠤᠤᠪᠠᠩ; ᠬᠣᠶᠠᠷ ᠬᠠᠯᠢᠰᠤ ᠨᠢ ᠤᠭ ᠤ᠋ᠨ  ᠬᠡᠰᠡᠭ ᠳᠡᠭᠡᠨ ᠳᠥᠷᠪᠡᠨ ᠦ᠌ ᠨᠢᠭᠡ ᠴᠢᠨᠡᠭᠡ ᠨᠡᠢᠯᠡᠩᠭᠢ᠂ ᠠᠷᠤ ᠶ᠋ᠢᠨ ᠭᠣᠣᠯ ᠰᠤᠳᠠᠯ ᠳ᠋ᠤᠨᠢ2mm ᠣᠷᠴᠢᠮ ᠤᠷᠲᠤ ᠰᠢᠷᠬᠡᠭ ᠦᠰᠦ ᠲᠡᠢ᠂ ᠬᠣᠶᠠᠷ ᠬᠠᠵᠠᠭᠤ ᠳ᠋ᠤᠨᠢ ᠪᠠᠰᠠ ᠨᠢᠭ ᠵᠥᠭᠡᠯᠡᠨ ᠦᠰᠦ ᠲᠡᠢ; ᠭᠠᠳᠠᠷ ᠬᠡᠪᠡᠭ ᠨᠢ ᠬᠠᠯᠢᠰᠤ ᠲᠠᠢ ᠪᠠᠨ ᠪᠠᠷᠤᠭ ᠲᠡᠩᠴᠡᠭᠦᠦ ᠤᠷᠲᠤ ᠪᠤᠶᠤ ᠪᠠᠬᠠᠨ ᠣᠬᠣᠷ᠂ ᠦᠵᠦᠭᠦᠷ ᠦ᠋ᠨ ᠬᠡᠰᠡᠭ ᠦ᠋ᠨ ᠬᠥᠪᠡᠭᠡ ᠳ᠋ᠦ᠍ᠨᠢ  ᠵᠢᠵᠢᠭ ᠦᠰᠦ ᠲᠡᠢ; ᠰᠤᠷ ᠨᠢ5—8mm ᠤᠷᠲᠤ᠂ ᠭᠠᠳᠠᠷ ᠬᠡᠪᠡᠭ ᠦ᠋ᠨ ᠠᠷᠤ ᠲᠠᠯ᠎ᠠ ᠶ᠋ᠢᠨ ᠳᠣᠣᠷᠠᠲᠤ ᠬᠡᠰᠡᠭ ᠡᠴᠡ ᠤᠷᠭᠤᠨ᠎ᠠ᠂ ᠪᠣᠯᠪᠠᠰᠤᠷᠠᠬᠤ ᠦᠶ᠎ᠡ ᠳ᠋ᠦ᠍ ᠳᠤᠮᠳᠠ ᠬᠡᠰᠡᠭ ᠣᠷᠴᠢᠮ ᠳ᠋ᠠᠭᠠᠨ ᠡᠪᠦᠳᠦᠭ ᠮᠡᠲᠦ ᠮᠤᠷᠤᠢᠨ᠎ᠠ; ᠡᠷ᠎ᠡ ᠲᠣᠭᠣᠷᠴᠣᠭ ᠨᠢ ᠭᠤᠷᠪᠠ᠂2—2.5mm ᠤᠷᠲᠤ ᠰᠢᠷ᠎ᠠ ᠲᠣᠭᠣᠰᠣᠪᠴᠢ ᠲᠠᠢ᠃
    ᠠᠭᠤᠯᠠ ᠶ᠋ᠢᠨ ᠭᠣᠣ ᠵᠢᠯᠠᠭ᠎ᠠ᠂ ᠤᠰᠤᠨ ᠤ᠋ ᠬᠥᠪᠡᠭᠡ᠂ ᠨᠤᠭᠤ ᠲᠠᠯ᠎ᠠ ᠳ᠋ᠤ᠌ ᠤᠷᠭᠤᠨ᠎ᠠ᠃
    ᠮᠠᠨ ᠤ᠋ ᠤᠯᠤᠰ ᠤ᠋ᠨ ᠥᠪᠥᠷ ᠮᠣᠩᠭᠣᠯ᠂ ᠵᠡᠭᠦᠨ ᠬᠣᠢᠲᠤ ᠣᠷᠣᠨ ᠳ᠋ᠤ᠌ ᠪᠦᠷ ᠤᠷᠭᠤᠳᠠᠭ᠃
     ᠬᠢᠲᠠᠳ ᠨᠡᠷ᠎ᠡ᠄短穂看麦娘
    ᠠᠩᠭ᠌ᠯᠢ ᠨᠡᠷ᠎ᠡ᠄Alopecurus brachystachyus M.Bieb
      ᠦᠰᠦᠭ ᠠᠮᠢᠯᠠᠭᠤᠯᠤᠭᠴᠢ᠄ ᠣ   ᠰᠡᠴᠡᠨᠲᠦ
      ᠬᠢᠨᠠᠭᠴᠢ᠄  ᠲᠤᠶᠠᠭ᠎ᠠ