ᠠᠯᠲᠠᠨ ᠬᠠᠳᠠᠨ ᠤ ᠴᠤᠤᠷᠢᠶ᠎ᠠ - ᠴᠣ ᠂ ᠣᠷᠱᠤᠨ Аалтан хадны цуурай – Чо ᠂ Оршин
ᠠᠯᠲᠠᠨ ᠬᠠᠳᠠᠨ ᠤ ᠴᠤᠤᠷᠢᠶ᠎ᠠ
ᠠᠩᠬᠠᠳᠤᠭᠠᠷ ᠴᠢᠭᠤᠯᠭᠠᠨ ᠢ᠋ᠶ᠋ᠠᠷ ᠠᠶᠠᠯᠠᠨ ᠲᠣᠭᠣᠷᠢᠭᠰᠠᠨ ᠲᠥᠷᠥᠭᠳᠡᠯ
ᠴᠣ· ᠣᠷᠱᠤᠨ
ᠰᠡᠳᠬᠢᠯ ᠦ᠋ᠨ ᠵᠢᠭᠦᠷ
ᠴᠡᠭᠡᠵᠢᠨ ᠦ᠌ ᠭᠣᠣᠯ ᠦᠶᠡᠷᠯᠡᠭᠡ ᠴᠦ᠍ ᠶᠦᠮ ᠤᠤ
ᠴᠡᠴᠡᠭᠲᠦ ᠳᠡᠯᠡᠬᠡᠢ ᠳ᠋ᠦ᠍ ᠮᠡᠯᠮᠡᠯᠵᠡᠨ ᠪᠠᠢᠨ᠎ᠠ᠂
ᠰᠡᠳᠬᠢᠯ ᠦ᠋ᠨ ᠵᠢᠭᠦᠷ ᠳᠡᠷᠪᠡᠭᠡ ᠴᠦ᠍ ᠶᠦᠮ ᠤᠤ
ᠴᠡᠩᠬᠡᠷ ᠣᠭᠲᠠᠷᠭᠤᠢ ᠳ᠋ᠤ᠌ ᠳᠡᠭᠦᠯᠢᠨ ᠪᠠᠢᠨ᠎ᠠ᠃
ᠠᠮᠢᠳᠤᠷᠠᠯ ᠢ᠋ ᠵᠢᠷᠤᠭᠯᠠᠬᠤ ᠳᠤᠷᠠᠲᠠᠢ ᠪᠢᠵᠡ
ᠠᠯᠲᠠᠨ ᠪᠢᠷ ᠢ᠋ᠶ᠋ᠡᠨ ᠪᠠᠷᠢᠮᠠᠷ ᠪᠠᠢᠨ᠎ᠠ᠃
ᠠᠶᠠᠨ ᠤ᠋ ᠵᠠᠮ ᠮᠢᠨᠢ ᠤᠷᠠᠯᠢᠭ ᠪᠢᠵᠡ
ᠠᠶᠤᠤᠯᠢᠬᠠᠢ ᠵᠢᠷᠦᠬᠡ ᠰᠡᠪᠡᠵᠢᠨ ᠪᠠᠢᠨ᠎ᠠ᠂
ᠰᠡᠳᠬᠢᠯ ᠦ᠋ᠨ ᠵᠢᠭᠦᠷ ᠳᠡᠯᠭᠡᠭᠦᠯᠦᠭᠰᠡᠨ ᠮᠢᠨᠢ
ᠠᠮᠢᠳᠤᠷᠠᠯ ᠡᠵᠢ ᠬᠥᠭᠡᠷᠦᠭᠦᠯᠵᠦ ᠥᠭᠴᠡᠢ᠂
ᠠᠮᠢᠳᠤᠷᠠᠯ ᠡᠬᠡ ᠬᠥᠭᠰᠡᠭᠦᠯᠵᠦ ᠪᠠᠢᠭᠠᠳ
ᠠᠯᠲᠠᠨ ᠬᠠᠳᠠᠨ ᠳ᠋ᠤ᠌ ᠢᠵᠢᠯᠰᠢᠭᠦᠯᠵᠦ ᠥᠭᠴᠡᠢ᠃
ᠰᠢᠯᠦᠭ ᠦ᠋ᠨ ᠬᠤᠷ᠎ᠠ
ᠠᠶᠠᠨ ᠤ᠋ ᠵᠠᠮ ᠳᠤᠮᠳᠠ ᠪᠠᠨ ᠣᠷᠣᠲᠠᠯ᠎ᠠ
ᠠᠭᠠᠷ ᠤ᠋ᠨ ᠬᠤᠷ᠎ᠠ ᠰᠢᠪᠡᠷᠡᠨ ᠪᠠᠭᠤᠯ᠎ᠠ᠂
ᠠᠨᠳᠠ ᠨᠥᠬᠥᠳ ᠨᠠᠷᠭᠢᠨ ᠶᠠᠪᠤᠲᠠᠯ᠎ᠠ
ᠠᠯᠲᠠᠨ ᠬᠠᠳᠠᠨ ᠤ᠋ ᠪᠠᠷ᠎ᠠ ᠬᠠᠷᠠᠭᠳᠠᠯ᠎ᠠ᠃
ᠨᠠᠷᠠᠨ ᠤ᠋ ᠲᠤᠶᠠᠭ᠎ᠠ ᠳᠤᠯᠠᠭᠠᠨ ᠮᠥᠷᠲᠡᠭᠡᠨ
ᠨᠠᠮᠢᠷᠠᠭᠠᠯᠠᠬᠤ ᠬᠤᠷ᠎ᠠ ᠠᠶᠠᠲᠠᠢ ᠪᠠᠢᠨ᠎ᠠ᠃
ᠵᠠᠮ ᠤ᠋ᠨ ᠲᠣᠭᠣᠰᠣ ᠶ᠋ᠢ ᠤᠬᠢᠶᠠᠨ ᠠᠷᠴᠢᠭᠠᠳ
ᠵᠠᠵᠢᠨ ᠤ᠋ ᠦᠰᠦ ᠶ᠋ᠢ ᠮᠢᠯᠢᠶᠠᠨ ᠪᠠᠢᠨ᠎ᠠ᠂
ᠴᠢᠭᠢᠭ ᠢ᠋ᠶ᠋ᠡᠷ ᠠᠮᠢᠰᠬᠤᠯᠯᠠᠭᠰᠠᠨ ᠬᠣᠷᠸ᠎ᠠ ᠳ᠋ᠤ᠌
ᠴᠡᠭᠡᠵᠢ ᠣᠩᠭᠣᠢᠨ ᠰᠠᠢᠬᠠᠨ ᠯᠠ ᠪᠠᠢᠨ᠎ᠠ᠂
ᠴᠡᠭᠡᠵᠢ ᠶ᠋ᠢ ᠲᠡᠯᠡᠭᠰᠡᠨ ᠵᠢᠷᠦᠬᠡᠨ ᠲᠣᠯᠲᠣ ᠠ᠋ᠴᠠ
ᠰᠢᠯᠦᠭ ᠦ᠋ᠨ ᠬᠤᠷ᠎ᠠ ᠱᠠᠭᠢᠨ ᠪᠠᠢᠨ᠎ᠠ᠃
ᠠᠯᠲᠠᠨ ᠬᠠᠳᠠ ᠴᠣᠢᠵᠢᠨ
ᠴᠠᠭᠠᠨ ᠨᠠᠭᠤᠷ ᠤ᠋ᠨ ᠬᠥᠪᠡᠭᠡᠨ ᠳ᠋ᠦ᠍
ᠴᠣᠭᠲᠤ ᠰᠦᠮᠪᠦᠷ ᠬᠠᠳᠠ ᠰᠡᠬᠦᠢᠨ᠎ᠡ᠂
ᠴᠣᠬᠢᠯᠠᠬᠤ ᠵᠢᠷᠦᠬᠡᠨ ᠦ᠌ ᠯᠤᠭᠰᠢᠯᠲᠠ ᠪᠦᠬᠦᠨ
ᠴᠣᠬᠣᠮ ᠯᠠ ᠴᠥᠮ ᠡᠨᠳᠡ ᠲᠠᠲᠠᠭᠳᠠᠨ᠎ᠠ᠃
ᠠᠯᠳᠠᠷᠲᠤ ᠰᠢᠯᠦᠭᠴᠢᠨ ᠨᠠ᠊· ᠰᠠᠢᠨ ᠮᠢᠨᠢ
ᠠᠯᠲᠠᠨ ᠬᠠᠳᠠᠨ ᠳᠡᠭᠡᠷ᠎ᠡ ᠰᠢᠯᠦᠭᠯᠡᠯ᠎ᠡ ᠭᠡᠳᠡᠭ᠂
ᠠᠬᠤᠢ ᠠᠭᠤᠰᠬᠠᠭᠰᠠᠨ ᠢᠷᠠᠭᠤ ᠨᠠᠢᠷᠠᠭ ᠢ᠋ᠶ᠋ᠠᠨ
ᠠᠮᠲᠠᠷᠬᠠᠵᠤ ᠡᠨᠳᠡ ᠪᠢᠴᠢᠯ᠎ᠡ ᠭᠡᠳᠡᠭ᠃
ᠪᠠᠷᠭᠤ ᠨᠤᠲᠤᠭ ᠤ᠋ᠨ ᠠᠯᠤᠰ ᠤ᠋ᠨ ᠲᠥᠰᠥᠪ ᠢ᠋
ᠪᠠᠬᠠᠳᠤᠵᠤ ᠰᠠᠭᠤᠭᠠᠳ ᠵᠥᠩᠨᠡᠵᠦ ᠪᠢᠴᠢᠭᠰᠡᠨ
ᠪᠠᠢᠭᠠᠯᠢ ᠡᠵᠢ ᠶ᠋ᠢᠨ ᠲᠡᠷᠡ ᠳᠡᠪᠰᠡᠭ ᠳᠡᠭᠡᠷ᠎ᠡ
ᠪᠡᠶᠡᠰᠴᠦ ᠪᠢ ᠠᠯᠮᠠᠢᠷᠠᠵᠤ ᠰᠠᠭᠤᠯ᠎ᠠ᠃
ᠠᠯᠲᠠᠨ ᠬᠠᠳᠠᠨ ᠤ᠋ ᠬᠠᠰ ᠬᠡᠮᠬᠡᠳᠡᠭ ᠢ᠋
ᠠᠯᠠᠭᠠᠯᠠᠵᠤ ᠦᠵᠡᠭᠡᠳ ᠬᠥᠪᠦᠯᠵᠡᠭᠰᠡᠨ ᠪᠠᠢᠬ᠎ᠠ᠃
ᠠᠷᠢᠭᠤᠨ ᠱᠣᠪᠬᠣ ᠨᠣᠶᠠᠨ ᠣᠷᠭᠢᠯ ᠢ᠋
ᠠᠵᠢᠭᠴᠢ ᠨᠢᠳᠦ ᠪᠡᠷ ᠰᠢᠨᠵᠢᠭᠰᠡᠨ ᠪᠠᠢᠬ᠎ᠠ᠃
ᠵᠥᠩᠨᠡᠵᠦ ᠪᠢᠴᠢᠭᠰᠡᠨ ᠴᠣᠢᠵᠢᠨ ᠨᠠᠭᠤᠷ
ᠵᠢᠷᠦᠬᠡᠨ ᠨᠣᠲ ᠢ᠋ ᠤᠶᠠᠩᠭᠠᠯᠠᠵᠤ ᠪᠠᠢᠨᠠᠮ᠂
ᠵᠦᠢᠴᠢᠯᠡᠵᠦ ᠪᠣᠳᠣᠭᠰᠠᠨ ᠬᠦᠰᠡᠯ ᠢ᠋ ᠮᠢᠨᠢ
ᠵᠣᠯᠲᠠᠢᠬᠠᠨ ᠪᠢᠳᠡ ᠡᠳ᠋ᠯᠡᠵᠦ ᠪᠠᠢᠨᠠᠮ᠃
ᠰᠡᠳᠬᠢᠯ ᠪᠠ ᠦᠵᠦᠭ
ᠠᠮᠢᠳᠤᠷᠠᠯ ᠳ᠋ᠠᠭᠠᠨ ᠬᠠᠢᠷᠠᠲᠠᠢ ᠰᠢᠯᠦᠭᠴᠢ ᠶ᠋ᠢᠨ
ᠠᠯᠬᠤᠭᠰᠠᠨ ᠮᠥᠷ ᠨᠢ ᠲᠣᠳᠣᠬᠠᠨ ᠪᠠᠢᠨ᠎ᠠ᠂
ᠠᠯᠲᠠᠨ ᠬᠠᠳᠠᠨ ᠤ᠋ ᠡᠭᠦᠯᠡᠨ ᠣᠷᠣᠢ ᠪᠠᠷ
ᠠᠶᠠᠯᠭᠤ ᠴᠤᠤᠷᠠᠢ ᠨᠢ ᠬᠠᠩᠭᠢᠨᠠᠨ ᠪᠠᠢᠨ᠎ᠠ
ᠦᠨᠡᠨᠴᠢ ᠵᠢᠷᠦᠬᠡ ᠪᠡᠨ ᠲᠤᠰᠢᠶᠠᠭᠰᠠᠨ
ᠦᠢᠯᠡᠰ ᠬᠡᠳᠦ ᠨᠢ ᠪᠡᠶᠡᠯᠡᠨ ᠪᠣᠢ᠂
ᠦᠵᠦᠭ ᠦ᠋ᠨ ᠤᠰᠤ ᠶ᠋ᠢ ᠤᠮᠳᠠᠯᠠᠭᠰᠠᠨ
ᠥᠨᠢᠷ ᠪᠠᠢᠭᠠᠯᠢ ᠴᠡᠯᠭᠡᠷᠡᠨ ᠪᠣᠢ᠃
ᠵᠢᠷᠦᠬᠡ ᠪᠡᠨ ᠳᠣᠭᠳᠣᠯᠤᠭᠤᠯᠤᠭᠰᠠᠨ ᠭᠠᠵᠠᠷ ᠳᠤ
ᠰᠡᠳᠬᠢᠯ ᠢ᠋ᠶ᠋ᠡᠨ ᠪᠢ ᠨᠠᠩᠭᠢᠯᠠᠪᠠ᠂
ᠰᠢᠯᠦᠭ ᠢ᠋ᠶ᠋ᠡᠨ ᠪᠢᠴᠢᠭᠰᠡᠨ ᠬᠠᠳᠠᠨ ᠠ᠋ᠴᠠ
ᠦᠵᠦᠭ ᠢ᠋ᠶ᠋ᠡᠨ ᠪᠢ ᠬᠤᠷᠴᠠᠯᠠᠪᠠ᠃
ᠢᠷᠡᠯᠲᠡ᠄· ᠴᠣ· ᠣᠷᠱᠤᠨ ᠤ᠋《 ᠮᠠᠯᠴᠢᠨ ᠬᠥᠮᠦᠨ ᠦ᠌ ᠳᠠᠭᠤᠤ》 ᠨᠣᠮ ᠠ᠋ᠴᠠ ᠡᠰᠢᠯᠡᠪᠡ᠃
ᠦᠰᠦᠭ ᠠᠮᠢᠯᠠᠭᠤᠯᠤᠭᠴᠢ᠄ ᠪᠠᠶᠠᠷᠴᠡᠴᠡᠭ
2024 05 02
ᠠᠩᠬᠠᠳᠤᠭᠠᠷ ᠴᠢᠭᠤᠯᠭᠠᠨ ᠢ᠋ᠶ᠋ᠠᠷ ᠠᠶᠠᠯᠠᠨ ᠲᠣᠭᠣᠷᠢᠭᠰᠠᠨ ᠲᠥᠷᠥᠭᠳᠡᠯ
ᠴᠣ· ᠣᠷᠱᠤᠨ
ᠰᠡᠳᠬᠢᠯ ᠦ᠋ᠨ ᠵᠢᠭᠦᠷ
ᠴᠡᠭᠡᠵᠢᠨ ᠦ᠌ ᠭᠣᠣᠯ ᠦᠶᠡᠷᠯᠡᠭᠡ ᠴᠦ᠍ ᠶᠦᠮ ᠤᠤ
ᠴᠡᠴᠡᠭᠲᠦ ᠳᠡᠯᠡᠬᠡᠢ ᠳ᠋ᠦ᠍ ᠮᠡᠯᠮᠡᠯᠵᠡᠨ ᠪᠠᠢᠨ᠎ᠠ᠂
ᠰᠡᠳᠬᠢᠯ ᠦ᠋ᠨ ᠵᠢᠭᠦᠷ ᠳᠡᠷᠪᠡᠭᠡ ᠴᠦ᠍ ᠶᠦᠮ ᠤᠤ
ᠴᠡᠩᠬᠡᠷ ᠣᠭᠲᠠᠷᠭᠤᠢ ᠳ᠋ᠤ᠌ ᠳᠡᠭᠦᠯᠢᠨ ᠪᠠᠢᠨ᠎ᠠ᠃
ᠠᠮᠢᠳᠤᠷᠠᠯ ᠢ᠋ ᠵᠢᠷᠤᠭᠯᠠᠬᠤ ᠳᠤᠷᠠᠲᠠᠢ ᠪᠢᠵᠡ
ᠠᠯᠲᠠᠨ ᠪᠢᠷ ᠢ᠋ᠶ᠋ᠡᠨ ᠪᠠᠷᠢᠮᠠᠷ ᠪᠠᠢᠨ᠎ᠠ᠃
ᠠᠶᠠᠨ ᠤ᠋ ᠵᠠᠮ ᠮᠢᠨᠢ ᠤᠷᠠᠯᠢᠭ ᠪᠢᠵᠡ
ᠠᠶᠤᠤᠯᠢᠬᠠᠢ ᠵᠢᠷᠦᠬᠡ ᠰᠡᠪᠡᠵᠢᠨ ᠪᠠᠢᠨ᠎ᠠ᠂
ᠰᠡᠳᠬᠢᠯ ᠦ᠋ᠨ ᠵᠢᠭᠦᠷ ᠳᠡᠯᠭᠡᠭᠦᠯᠦᠭᠰᠡᠨ ᠮᠢᠨᠢ
ᠠᠮᠢᠳᠤᠷᠠᠯ ᠡᠵᠢ ᠬᠥᠭᠡᠷᠦᠭᠦᠯᠵᠦ ᠥᠭᠴᠡᠢ᠂
ᠠᠮᠢᠳᠤᠷᠠᠯ ᠡᠬᠡ ᠬᠥᠭᠰᠡᠭᠦᠯᠵᠦ ᠪᠠᠢᠭᠠᠳ
ᠠᠯᠲᠠᠨ ᠬᠠᠳᠠᠨ ᠳ᠋ᠤ᠌ ᠢᠵᠢᠯᠰᠢᠭᠦᠯᠵᠦ ᠥᠭᠴᠡᠢ᠃
ᠰᠢᠯᠦᠭ ᠦ᠋ᠨ ᠬᠤᠷ᠎ᠠ
ᠠᠶᠠᠨ ᠤ᠋ ᠵᠠᠮ ᠳᠤᠮᠳᠠ ᠪᠠᠨ ᠣᠷᠣᠲᠠᠯ᠎ᠠ
ᠠᠭᠠᠷ ᠤ᠋ᠨ ᠬᠤᠷ᠎ᠠ ᠰᠢᠪᠡᠷᠡᠨ ᠪᠠᠭᠤᠯ᠎ᠠ᠂
ᠠᠨᠳᠠ ᠨᠥᠬᠥᠳ ᠨᠠᠷᠭᠢᠨ ᠶᠠᠪᠤᠲᠠᠯ᠎ᠠ
ᠠᠯᠲᠠᠨ ᠬᠠᠳᠠᠨ ᠤ᠋ ᠪᠠᠷ᠎ᠠ ᠬᠠᠷᠠᠭᠳᠠᠯ᠎ᠠ᠃
ᠨᠠᠷᠠᠨ ᠤ᠋ ᠲᠤᠶᠠᠭ᠎ᠠ ᠳᠤᠯᠠᠭᠠᠨ ᠮᠥᠷᠲᠡᠭᠡᠨ
ᠨᠠᠮᠢᠷᠠᠭᠠᠯᠠᠬᠤ ᠬᠤᠷ᠎ᠠ ᠠᠶᠠᠲᠠᠢ ᠪᠠᠢᠨ᠎ᠠ᠃
ᠵᠠᠮ ᠤ᠋ᠨ ᠲᠣᠭᠣᠰᠣ ᠶ᠋ᠢ ᠤᠬᠢᠶᠠᠨ ᠠᠷᠴᠢᠭᠠᠳ
ᠵᠠᠵᠢᠨ ᠤ᠋ ᠦᠰᠦ ᠶ᠋ᠢ ᠮᠢᠯᠢᠶᠠᠨ ᠪᠠᠢᠨ᠎ᠠ᠂
ᠴᠢᠭᠢᠭ ᠢ᠋ᠶ᠋ᠡᠷ ᠠᠮᠢᠰᠬᠤᠯᠯᠠᠭᠰᠠᠨ ᠬᠣᠷᠸ᠎ᠠ ᠳ᠋ᠤ᠌
ᠴᠡᠭᠡᠵᠢ ᠣᠩᠭᠣᠢᠨ ᠰᠠᠢᠬᠠᠨ ᠯᠠ ᠪᠠᠢᠨ᠎ᠠ᠂
ᠴᠡᠭᠡᠵᠢ ᠶ᠋ᠢ ᠲᠡᠯᠡᠭᠰᠡᠨ ᠵᠢᠷᠦᠬᠡᠨ ᠲᠣᠯᠲᠣ ᠠ᠋ᠴᠠ
ᠰᠢᠯᠦᠭ ᠦ᠋ᠨ ᠬᠤᠷ᠎ᠠ ᠱᠠᠭᠢᠨ ᠪᠠᠢᠨ᠎ᠠ᠃
ᠠᠯᠲᠠᠨ ᠬᠠᠳᠠ ᠴᠣᠢᠵᠢᠨ
ᠴᠠᠭᠠᠨ ᠨᠠᠭᠤᠷ ᠤ᠋ᠨ ᠬᠥᠪᠡᠭᠡᠨ ᠳ᠋ᠦ᠍
ᠴᠣᠭᠲᠤ ᠰᠦᠮᠪᠦᠷ ᠬᠠᠳᠠ ᠰᠡᠬᠦᠢᠨ᠎ᠡ᠂
ᠴᠣᠬᠢᠯᠠᠬᠤ ᠵᠢᠷᠦᠬᠡᠨ ᠦ᠌ ᠯᠤᠭᠰᠢᠯᠲᠠ ᠪᠦᠬᠦᠨ
ᠴᠣᠬᠣᠮ ᠯᠠ ᠴᠥᠮ ᠡᠨᠳᠡ ᠲᠠᠲᠠᠭᠳᠠᠨ᠎ᠠ᠃
ᠠᠯᠳᠠᠷᠲᠤ ᠰᠢᠯᠦᠭᠴᠢᠨ ᠨᠠ᠊· ᠰᠠᠢᠨ ᠮᠢᠨᠢ
ᠠᠯᠲᠠᠨ ᠬᠠᠳᠠᠨ ᠳᠡᠭᠡᠷ᠎ᠡ ᠰᠢᠯᠦᠭᠯᠡᠯ᠎ᠡ ᠭᠡᠳᠡᠭ᠂
ᠠᠬᠤᠢ ᠠᠭᠤᠰᠬᠠᠭᠰᠠᠨ ᠢᠷᠠᠭᠤ ᠨᠠᠢᠷᠠᠭ ᠢ᠋ᠶ᠋ᠠᠨ
ᠠᠮᠲᠠᠷᠬᠠᠵᠤ ᠡᠨᠳᠡ ᠪᠢᠴᠢᠯ᠎ᠡ ᠭᠡᠳᠡᠭ᠃
ᠪᠠᠷᠭᠤ ᠨᠤᠲᠤᠭ ᠤ᠋ᠨ ᠠᠯᠤᠰ ᠤ᠋ᠨ ᠲᠥᠰᠥᠪ ᠢ᠋
ᠪᠠᠬᠠᠳᠤᠵᠤ ᠰᠠᠭᠤᠭᠠᠳ ᠵᠥᠩᠨᠡᠵᠦ ᠪᠢᠴᠢᠭᠰᠡᠨ
ᠪᠠᠢᠭᠠᠯᠢ ᠡᠵᠢ ᠶ᠋ᠢᠨ ᠲᠡᠷᠡ ᠳᠡᠪᠰᠡᠭ ᠳᠡᠭᠡᠷ᠎ᠡ
ᠪᠡᠶᠡᠰᠴᠦ ᠪᠢ ᠠᠯᠮᠠᠢᠷᠠᠵᠤ ᠰᠠᠭᠤᠯ᠎ᠠ᠃
ᠠᠯᠲᠠᠨ ᠬᠠᠳᠠᠨ ᠤ᠋ ᠬᠠᠰ ᠬᠡᠮᠬᠡᠳᠡᠭ ᠢ᠋
ᠠᠯᠠᠭᠠᠯᠠᠵᠤ ᠦᠵᠡᠭᠡᠳ ᠬᠥᠪᠦᠯᠵᠡᠭᠰᠡᠨ ᠪᠠᠢᠬ᠎ᠠ᠃
ᠠᠷᠢᠭᠤᠨ ᠱᠣᠪᠬᠣ ᠨᠣᠶᠠᠨ ᠣᠷᠭᠢᠯ ᠢ᠋
ᠠᠵᠢᠭᠴᠢ ᠨᠢᠳᠦ ᠪᠡᠷ ᠰᠢᠨᠵᠢᠭᠰᠡᠨ ᠪᠠᠢᠬ᠎ᠠ᠃
ᠵᠥᠩᠨᠡᠵᠦ ᠪᠢᠴᠢᠭᠰᠡᠨ ᠴᠣᠢᠵᠢᠨ ᠨᠠᠭᠤᠷ
ᠵᠢᠷᠦᠬᠡᠨ ᠨᠣᠲ ᠢ᠋ ᠤᠶᠠᠩᠭᠠᠯᠠᠵᠤ ᠪᠠᠢᠨᠠᠮ᠂
ᠵᠦᠢᠴᠢᠯᠡᠵᠦ ᠪᠣᠳᠣᠭᠰᠠᠨ ᠬᠦᠰᠡᠯ ᠢ᠋ ᠮᠢᠨᠢ
ᠵᠣᠯᠲᠠᠢᠬᠠᠨ ᠪᠢᠳᠡ ᠡᠳ᠋ᠯᠡᠵᠦ ᠪᠠᠢᠨᠠᠮ᠃
ᠰᠡᠳᠬᠢᠯ ᠪᠠ ᠦᠵᠦᠭ
ᠠᠮᠢᠳᠤᠷᠠᠯ ᠳ᠋ᠠᠭᠠᠨ ᠬᠠᠢᠷᠠᠲᠠᠢ ᠰᠢᠯᠦᠭᠴᠢ ᠶ᠋ᠢᠨ
ᠠᠯᠬᠤᠭᠰᠠᠨ ᠮᠥᠷ ᠨᠢ ᠲᠣᠳᠣᠬᠠᠨ ᠪᠠᠢᠨ᠎ᠠ᠂
ᠠᠯᠲᠠᠨ ᠬᠠᠳᠠᠨ ᠤ᠋ ᠡᠭᠦᠯᠡᠨ ᠣᠷᠣᠢ ᠪᠠᠷ
ᠠᠶᠠᠯᠭᠤ ᠴᠤᠤᠷᠠᠢ ᠨᠢ ᠬᠠᠩᠭᠢᠨᠠᠨ ᠪᠠᠢᠨ᠎ᠠ
ᠦᠨᠡᠨᠴᠢ ᠵᠢᠷᠦᠬᠡ ᠪᠡᠨ ᠲᠤᠰᠢᠶᠠᠭᠰᠠᠨ
ᠦᠢᠯᠡᠰ ᠬᠡᠳᠦ ᠨᠢ ᠪᠡᠶᠡᠯᠡᠨ ᠪᠣᠢ᠂
ᠦᠵᠦᠭ ᠦ᠋ᠨ ᠤᠰᠤ ᠶ᠋ᠢ ᠤᠮᠳᠠᠯᠠᠭᠰᠠᠨ
ᠥᠨᠢᠷ ᠪᠠᠢᠭᠠᠯᠢ ᠴᠡᠯᠭᠡᠷᠡᠨ ᠪᠣᠢ᠃
ᠵᠢᠷᠦᠬᠡ ᠪᠡᠨ ᠳᠣᠭᠳᠣᠯᠤᠭᠤᠯᠤᠭᠰᠠᠨ ᠭᠠᠵᠠᠷ ᠲᠤ
ᠰᠡᠳᠬᠢᠯ ᠢ᠋ᠶ᠋ᠡᠨ ᠪᠢ ᠨᠠᠩᠭᠢᠯᠠᠪᠠ᠂
ᠰᠢᠯᠦᠭ ᠢ᠋ᠶ᠋ᠡᠨ ᠪᠢᠴᠢᠭᠰᠡᠨ ᠬᠠᠳᠠᠨ ᠠ᠋ᠴᠠ
ᠦᠵᠦᠭ ᠢ᠋ᠶ᠋ᠡᠨ ᠪᠢ ᠬᠤᠷᠴᠠᠯᠠᠪᠠ᠃
ᠢᠷᠡᠯᠲᠡ᠄· ᠴᠣ· ᠣᠷᠱᠤᠨ ᠤ᠋《 ᠮᠠᠯᠴᠢᠨ ᠬᠥᠮᠦᠨ ᠦ᠌ ᠳᠠᠭᠤᠤ》 ᠨᠣᠮ ᠠ᠋ᠴᠠ ᠡᠰᠢᠯᠡᠪᠡ᠃
ᠦᠰᠦᠭ ᠠᠮᠢᠯᠠᠭᠤᠯᠤᠭᠴᠢ᠄ ᠪᠠᠶᠠᠷᠴᠡᠴᠡᠭ
2024 05 02
