ᠬᠦᠰᠡᠯ ᠦᠨ ᠰᠠᠢᠬᠠᠨ ᠬᠥᠬᠡᠬᠣᠲᠠ - ᠴᠣ ᠂ ᠣᠷᠱᠤᠨ Хүслийн сайхан хөххот – Чо ᠂ Оршин
ᠬᠦᠰᠡᠯ ᠦᠨ ᠰᠠᠢᠬᠠᠨ ᠬᠥᠬᠡᠬᠣᠲᠠ
ᠳᠤᠷᠠᠰᠤᠮᠵᠢ ᠰᠢᠪᠡᠨᠡᠭᠰᠡᠨ ᠳᠤᠷᠠᠳᠬᠠᠯ ᠪᠢᠴᠢᠭᠰᠡᠨ
ᠬᠦᠰᠡᠯᠡᠩ ᠮᠢᠨᠢ ᠪᠢᠯᠡ᠂
ᠦᠢᠯᠡᠰ ᠶᠦᠷᠬᠦᠭᠰᠡᠨ ᠡᠳᠦᠷ ᠦ᠋ᠳ ᠲᠦ᠍
ᠦᠵᠦᠭ ᠲᠠᠯᠪᠢᠯ ᠦᠭᠡᠢ ᠲᠡᠮᠳᠡᠭᠯᠡᠵᠦ ᠪᠢᠯᠡ᠃
ᠣᠳᠣᠨ ᠲᠦᠭᠡᠭᠰᠡᠨ ᠣᠶᠤᠲᠠᠳ ᠤ᠋ᠨ ᠴᠢᠨᠢ ᠳᠤᠮᠳᠠ
ᠣᠯᠳᠣᠢ ᠪᠡᠶ᠎ᠡ ᠪᠡᠨ ᠭᠣᠯᠤᠯ ᠦᠭᠡᠢ
ᠣᠯᠠᠨ ᠣᠯᠠᠨ ᠨᠣᠮ᠂ ᠬᠢᠴᠢᠶᠡᠯ ᠢ᠋
ᠤᠨᠲᠠᠵᠤ ᠠᠮᠠᠷᠠᠬᠤ ᠶ᠋ᠢ ᠤᠮᠠᠷᠲᠠᠨ ᠤᠩᠰᠢᠯ᠎ᠠ᠃
ᠣᠷᠣᠢ ᠶ᠋ᠢᠨ ᠰᠡᠯᠡᠭᠦᠦ ᠨᠠᠮ ᠭᠦᠮ ᠳ᠋ᠦ᠍ ᠯᠡ
ᠤᠢᠳᠬᠠᠷ ᠢ᠋ ᠠᠷᠢᠯᠭᠠᠨ ᠴᠢ ᠮᠢᠨᠢ
ᠴᠡᠩᠭᠡᠯ ᠢ᠋ᠶ᠋ᠡᠷ ᠦᠶᠡᠷᠬᠡᠳᠡᠭ ᠪᠢᠯᠡ᠃
ᠣᠨᠴᠠ ᠵᠠᠷᠢᠮ ᠳ᠋ᠠᠭᠠᠨ
ᠡᠬᠡ ᠬᠥᠮᠦᠨ ᠦ᠌ ᠡᠨᠡᠷᠢᠯ ᠬᠠᠢᠷ᠎ᠠ
ᠡᠴᠢᠭᠡ ᠬᠥᠮᠦᠨ ᠦ᠌ ᠵᠠᠬᠢᠶ᠎ᠠ
ᠰᠤᠷᠭᠠᠮᠵᠢ ᠶ᠋ᠢ ᠵᠠᠯᠬᠠᠭᠤᠷᠠᠯ ᠦᠭᠡᠢ
ᠵᠢᠭᠠᠵᠤ ᠥᠭᠳᠡᠭ ᠪᠢᠯᠢᠤ᠂ ᠬᠥᠬᠡᠬᠣᠲᠠ ᠮᠢᠨᠢ!
ᠰᠤᠷᠴᠤ ᠰᠤᠳᠤᠯᠬᠤ ᠶ᠋ᠢᠨ ᠠᠮᠲᠠ ᠵᠢᠷᠭᠠᠯ ᠢ᠋
ᠰᠤᠷᠤᠯᠴᠠᠵᠤ ᠡᠵᠡᠮᠰᠢᠬᠦ ᠶ᠋ᠢᠨ ᠬᠠᠪᠤ ᠴᠡᠩᠭᠡᠯ ᠢ᠋
ᠰᠣᠳᠣᠨ ᠰᠣᠷᠭᠣᠭ ᠣᠯᠭᠣᠳᠠᠭ ᠲᠠᠭᠠᠨ ᠲᠡᠷᠡ ᠤᠤ?
ᠰᠥᠨᠢ ᠪᠦᠷᠢ ᠵᠡᠭᠦᠳᠦᠯᠡᠭᠡᠳ ᠬᠣᠨᠣᠳᠠᠭ ᠰᠢᠦ
ᠵᠡᠭᠦᠳᠦ ᠮᠢᠨᠢ᠂ ᠲᠡᠭᠡᠭᠡᠳ ᠠᠷᠢᠯᠳᠠᠭ ᠪᠢᠰᠢ
ᠵᠡᠷᠭᠡᠯᠡᠵᠦ ᠲᠠᠯᠪᠢᠭᠰᠠᠨ ᠪᠢᠴᠢᠭ ᠦ᠋ᠨ ᠵᠢᠭᠰᠠᠭᠠᠯ
ᠲᠤᠩ ᠣᠯᠠᠨ ᠳᠤᠷᠠᠰᠤᠮᠵᠢ᠂ ᠳᠤᠷᠠᠳᠬᠠᠯ
ᠴᠢᠪ ᠴᠢᠮᠡᠭᠡ ᠦᠭᠡᠢ ᠬᠦᠦᠷᠨᠢᠵᠦ ᠪᠠᠢᠨ᠎ᠠ᠂
ᠥᠪᠥᠷ ᠮᠣᠩᠭᠣᠯ ᠤ᠋ᠨ ᠠᠷᠠᠳ ᠲᠦᠮᠡᠨ ᠦ᠌
ᠦᠢᠯᠡᠰ ᠦ᠋ᠨ ᠬᠤᠲᠤᠭ᠂ ᠳᠠᠷᠬᠠᠨ ᠠᠯᠳᠠᠷ
ᠮᠣᠷᠢᠲᠠᠢ ᠬᠣᠲᠠ ᠶ᠋ᠢᠨ ᠳᠡᠯ ᠳᠡᠭᠡᠷ᠎ᠡ
ᠮᠥᠩᠬᠡ ᠰᠤᠷ ᠤ᠋ᠨ ᠬᠡᠢᠮᠣᠷᠢ ᠪᠣᠯᠤᠨ ᠨᠠᠮᠢᠷᠠᠨ᠎ᠠ᠂
ᠮᠥᠴᠡᠯᠭᠡ ᠵᠠᠭᠤᠨ ᠤ᠋ ᠨᠠᠷᠢᠨ ᠪᠣᠱᠣᠭᠠᠨ ᠳ᠋ᠤ᠌
ᠮᠥᠩᠭᠥᠨ ᠲᠩᠷᠢ ᠶ᠋ᠢᠨ ᠥᠩᠭᠡ ᠪᠣᠯᠤᠨ ᠵᠢᠰᠦᠯᠡᠨᠡ᠂
ᠬᠥᠯᠥᠨ ᠪᠤᠢᠷ᠂ ᠪᠠᠶᠠᠨᠨᠠᠭᠤᠷ᠂ ᠠᠯᠠᠱᠠᠨ᠂ ᠰᠢᠯᠢ ᠶ᠋ᠢᠨ ᠭᠣᠣᠯ ᠤ᠋ᠨ
ᠬᠥᠪᠡᠭᠦᠳ ᠥᠬᠢᠳ ᠦ᠋ᠨ ᠵᠢᠰᠦ ᠨᠢ ᠢᠵᠢᠯ᠂ ᠵᠢᠷᠦᠬᠡ ᠨᠢ ᠠᠳᠠᠯᠢ
ᠬᠥᠭᠵᠢᠯ ᠳᠠᠪᠰᠢᠯ ᠤ᠋ᠨ ᠵᠢᠯᠣᠭᠣ ᠠᠳᠬᠤᠭᠠᠳ
ᠬᠦᠰᠡᠯ ᠦ᠋ᠨ ᠰᠠᠢᠬᠠᠨ ᠬᠥᠬᠡᠬᠣᠲᠠ ᠲᠠᠨ ᠲᠠᠢ ᠪᠠᠨ
ᠬᠥᠭᠵᠢᠯ ᠦ᠋ᠨ ᠵᠠᠮ ᠳ᠋ᠤ᠌ ᠳᠡᠭᠦᠯᠢᠨ ᠬᠥᠨᠲᠥᠷᠴᠦ ᠪᠠᠢᠨᠠᠮ᠂
ᠬᠥᠮᠦᠨ ᠠᠮᠢᠳᠤᠷᠠᠯ ᠤ᠋ᠨ ᠠᠯᠢ ᠰᠠᠢᠬᠠᠨ ᠢ᠋
ᠬᠥᠳᠡᠯᠮᠦᠷᠢ ᠲᠡᠮᠡᠴᠡᠯ ᠦ᠋ᠨ ᠰᠦᠯᠳᠡ ᠪᠡᠷ ᠪᠣᠰᠬᠠᠵᠤ ᠪᠠᠢᠨᠠᠮ᠃
ᠬᠣᠨᠢᠨ ᠤ᠋ ᠰᠡᠭᠦᠯ ᠳᠠᠭᠠᠵᠤ ᠠᠳᠤᠭᠤᠨ ᠤ᠋ ᠰᠠᠯᠬᠢᠨ ᠳ᠋ᠤ᠌ ᠥᠯᠴᠢᠷᠦᠭᠰᠡᠨ
ᠲᠠᠯ᠎ᠠ ᠶ᠋ᠢᠨ ᠬᠥᠮᠦᠨ
ᠲᠠᠨ ᠢ᠋ ᠲᠠᠩᠳᠠ ᠶᠠᠭᠠᠬᠢᠬᠤ ᠪᠠᠷ ᠢ᠋ᠶ᠋ᠠᠨ ᠰᠠᠨᠠᠳᠠᠭ ᠶᠤᠮ ᠳᠠ᠂
ᠬᠦᠰᠡᠯ ᠦ᠋ᠨ ᠰᠠᠢᠬᠠᠨ ᠮᠥᠷᠥᠭᠡᠳᠦᠯ ᠦ᠋ᠨ
ᠳᠡᠭᠡᠳᠦ ᠪᠣᠯᠭᠠᠳᠠᠭ ᠲᠠᠭᠠᠨ ᠲᠡᠷᠡ ᠤᠤ⁈
ᠬᠦᠰᠡᠯ ᠦ᠋ᠨ ᠰᠠᠢᠬᠠᠨ ᠬᠥᠬᠡᠬᠣᠲᠠ ᠮᠢᠨᠢ!
ᠲᠠ ᠡᠬᠡ ᠬᠠᠢᠷ᠎ᠠ ᠶ᠋ᠢᠨ ᠰᠦ
ᠡᠴᠢᠭᠡ ᠡᠷ᠎ᠡ ᠶ᠋ᠢᠨ ᠲᠥᠷᠬᠦ
ᠮᠥᠩᠬᠡ ᠵᠢᠷᠭᠠᠯ ᠤ᠋ᠨ ᠭᠣᠯᠣᠮᠲᠠ ᠪᠢᠯᠡ
ᠡᠩᠬᠡ ᠠᠮᠢᠳᠤᠷᠠᠯ ᠤ᠋ᠨ ᠲᠤᠯᠭ᠎ᠠ ᠪᠢᠯᠡ᠃
ᠴᠢᠮ᠎ᠠ ᠶ᠋ᠢ ᠲᠤᠯᠵᠤ ᠪᠠᠢᠭ᠎ᠠ ᠢᠷᠭᠡᠳ
ᠴᠢᠳᠠᠯ ᠤᠬᠠᠭᠠᠨ ᠲᠡᠩᠴᠡᠵᠦ
ᠤᠨᠲᠠᠷᠠᠭᠠᠵᠤ ᠪᠠᠯᠠᠷᠠᠭᠠᠬᠤ ᠦᠭᠡᠢ
ᠤᠯᠠᠮ ᠪᠠᠳᠠᠷᠠᠭᠠᠬᠤ ᠵᠠᠶᠠᠭᠠᠲᠠᠢ!
ᠳᠠᠯᠠᠨ ᠬᠠᠷ᠎ᠠ ᠪᠠᠷ ᠢ᠋ᠶ᠋ᠠᠨ
ᠲᠤᠯᠭ᠎ᠠ ᠶ᠋ᠢᠨ ᠴᠢᠯᠠᠭᠤ ᠵᠡᠷᠭᠡᠯᠡᠵᠦ
ᠳᠠᠷᠬᠠᠨ ᠬᠠᠲᠤᠨ ᠢ᠋ᠶ᠋ᠠᠷ ᠴᠠᠢ ᠪᠠᠨ ᠰᠦᠯᠡᠨ᠎ᠡ
ᠬᠦᠰᠡᠯ ᠦ᠋ᠨ ᠰᠠᠢᠬᠠᠨ ᠬᠥᠬᠡᠬᠣᠲᠠ ᠮᠢᠨᠢ!
ᠢᠷᠡᠯᠲᠡ᠄· ᠴᠣ· ᠣᠷᠱᠤᠨ ᠤ᠋《 ᠮᠠᠯᠴᠢᠨ ᠬᠥᠮᠦᠨ ᠦ᠌ ᠳᠠᠭᠤᠤ》 ᠨᠣᠮ ᠠ᠋ᠴᠠ ᠡᠰᠢᠯᠡᠪᠡ᠃
ᠦᠰᠦᠭ ᠠᠮᠢᠯᠠᠭᠤᠯᠤᠭᠴᠢ᠄ ᠪᠠᠶᠠᠷᠴᠡᠴᠡᠭ
2024 05 01
