ᠨᠢᠭᠡᠨ ᠵᠠᠯᠠᠭᠤ ᠳ᠋ᠤ᠌-ᠴᠤᠤᠳᠠᠯ ᠤ᠋ᠨ ᠬᠤᠯᠠᠨНэгэн залууд-Цуудалын Хулан ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠢᠭᠡᠨ ᠵᠠᠯᠠᠭᠤ ᠳ᠋ᠤ᠌-ᠴᠤᠤᠳᠠᠯ ᠤ᠋ᠨ ᠬᠤᠯᠠᠨНэгэн залууд-Цуудалын Хулан

ᠨᠢᠭᠡᠨ ᠵᠠᠯᠠᠭᠤ ᠳ᠋ᠤ᠌-ᠴᠤᠤᠳᠠᠯ ᠤ᠋ᠨ ᠬᠤᠯᠠᠨНэгэн залууд-Цуудалын Хулан

2024-05-10

409

ᠨᠢᠭᠡᠨ ᠵᠠᠯᠠᠭᠤ ᠳ᠋ᠤ᠌

     — ᠴᠤᠤᠳᠠᠯ ᠤ᠋ᠨ ᠬᠤᠯᠠᠨ 

ᠭᠤᠴᠢ ᠬᠦᠷᠦᠭᠡ ᠦᠭᠡᠢ ᠨᠠᠰᠤᠨ ᠳ᠋ᠤ᠌ ᠮᠢᠨᠢ 
ᠭᠤᠶᠤᠭᠠᠳ ᠢᠷᠡᠭᠡ ᠦᠭᠡᠢ ᠳᠤᠷᠠᠯᠠᠯ ᠮᠢᠨᠢ 
ᠳᠥᠴᠢ ᠬᠡᠪᠡᠢᠭᠰᠡᠨ ᠨᠠᠰᠤᠨ ᠳ᠋ᠤ᠌ ᠮᠢᠨᠢ 
ᠳᠠᠭᠠᠷᠢᠭᠠᠳ ᠢᠷᠡᠭᠰᠡᠨ ᠳᠤᠷᠠᠯᠠᠯ ᠮᠢᠨᠢ 
ᠥᠨᠳᠥᠷ ᠥᠰᠥᠭᠡᠶ᠋ᠢᠲᠦ ᠡᠴᠡ ᠪᠠᠭᠤᠯᠭᠠᠵᠤ 
ᠥᠯᠮᠡᠢ ᠦᠨᠦᠰᠳᠡᠭ ᠨᠢᠯᠠᠭᠤᠬᠠᠨ ᠮᠢᠨᠢ 
ᠴᠢᠯᠥᠭᠡ ᠦᠭᠡᠢ ᠡᠷᠡᠮᠡᠬᠡᠢ ᠲᠡᠪᠡᠷᠢᠬᠦ ᠳ᠋ᠦ᠍ ᠮᠢᠨᠢ 
ᠵᠢᠯᠣᠭᠣ ᠠᠯᠳᠠᠮᠠᠷ ᠡᠵᠡᠷᠬᠡᠢ ᠮᠢᠨᠢ 
ᠨᠢᠭᠤᠴᠠ ᠠᠮᠠᠷᠠᠭ ᠤ᠋ᠨ ᠨᠢᠭᠡᠨ ᠳᠠᠭᠤᠤ ᠶ᠋ᠢ 
ᠨᠢᠯᠪᠤᠰᠤ ᠲᠠᠢ ᠳᠠᠭᠤᠯᠠᠳᠠᠭ ᠵᠠᠯᠠᠭᠤᠬᠠᠨ ᠮᠢᠨᠢ 
ᠨᠢᠭᠤᠭᠳᠠᠵᠤ ᠠᠭᠤᠯᠵᠠᠵᠤ ᠴᠢᠳᠠᠬᠤ ᠦᠭᠡᠢ ᠭᠡᠬᠦ ᠡᠴᠡ 
ᠦᠬᠦᠵᠦ ᠮᠡᠳᠡᠬᠦ ᠬᠠᠯᠠᠭᠤᠬᠠᠨ ᠮᠢᠨᠢ
ᠰᠣᠯᠣᠩᠭ᠎ᠠ ᠶ᠋ᠢᠨ ᠬᠣᠶᠠᠷ ᠬᠥᠯ ᠢ᠋
ᠵᠠᠩᠭᠢᠳᠴᠤ ᠦᠵᠡᠬᠦ ᠶ᠋ᠢᠨ ᠬᠦᠰᠡᠯᠡᠩ ᠮᠢᠨᠢ
ᠰᠤᠭᠤ ᠪᠤᠭᠤᠨ ᠤ᠋ ᠲᠠᠪᠢᠯᠠᠩ ᠠ᠋ᠴᠠ
ᠵᠥᠷᠢᠵᠦ ᠳᠠᠪᠬᠢᠭᠰᠠᠨ ᠬᠢᠰᠠᠯᠠᠩ ᠮᠢᠨᠢ
ᠦᠰᠦᠨ ᠳ᠋ᠦ᠍ ᠮᠢᠨᠢ ᠤᠨᠠᠭᠰᠠᠨ ᠮᠥᠩᠭᠥᠨ ᠰᠤᠷ ᠢ᠋
ᠠᠩᠵᠠᠭᠠᠷᠠᠵᠤ ᠦᠵᠡᠭᠡ ᠦᠭᠡᠢ ᠬᠡᠨᠡᠭ ᠦᠭᠡᠢᠬᠡᠨ ᠮᠢᠨᠢ
ᠵᠢᠷᠦᠬᠡᠨ ᠳ᠋ᠦ᠍ ᠲᠣᠨᠣᠭᠰᠠᠨ ᠬᠥᠩᠭᠡᠨ ᠭᠤᠨᠢᠭ ᠢ᠋
ᠦᠷᠭᠦᠭᠡᠵᠦ ᠴᠢᠳᠠᠳᠠᠭ ᠲᠡᠨᠡᠭᠬᠡᠨ ᠮᠢᠨᠢ
ᠦᠨᠡᠨᠴᠢ ᠬᠠᠢᠷ᠎ᠠ ᠶ᠋ᠢᠨ ᠦᠯᠢᠭᠡᠷ ᠲᠦ᠍ ᠪᠡᠨ ᠢᠲᠡᠭᠡᠳᠡᠭ ᠬᠡᠨᠡᠭᠬᠡᠨ ᠮᠢᠨᠢ
ᠦᠢᠯᠡ ᠶ᠋ᠢᠨ ᠲᠥᠭᠡᠷᠭᠡ ᠵᠠᠮ ᠢ᠋ᠶ᠋ᠠᠷ ᠢ᠋ᠶ᠋ᠠᠨ
ᠬᠣᠯᠠᠳᠠᠭᠠᠳ ᠯᠠ ᠶᠠᠪᠤᠴᠢᠬᠠᠬᠤ ᠠᠯᠳᠠᠷᠠᠶ᠋ᠢᠬᠠᠨ ᠮᠢᠨᠢ
ᠬᠡᠭᠡᠨᠴᠢᠷ ᠬᠤᠷᠤᠭᠤᠨ ᠳ᠋ᠤ᠌ ᠬᠠᠪᠴᠢᠭᠤᠯᠤᠭᠳᠠᠭᠰᠠᠨ
ᠬᠡᠨᠵᠡ ᠨᠢᠯᠬ᠎ᠠ ᠴᠡᠴᠡᠭᠬᠡᠨ ᠮᠢᠨᠢ
ᠬᠡᠨ ᠳ᠋ᠦ᠍ ᠴᠦ᠍ ᠠᠬᠢᠭᠠᠳ ᠢᠩᠭᠢᠲᠡᠯ᠎ᠡ ᠪᠡᠨ ᠳᠤᠷᠠᠯᠠᠬᠤ ᠦᠭᠡᠢ
ᠳᠠᠩᠴᠤ ᠯᠠ ᠡᠪᠡᠢ ᠬᠣᠩᠭᠣᠷᠬᠠᠨ ᠮᠢᠨᠢ

   ᠦᠰᠦᠭ ᠠᠮᠢᠯᠠᠭᠤᠯᠤᠭᠴᠢ᠄ ᠡᠩᠬᠡᠪᠠᠲᠤ
   ᠬᠢᠨᠠᠭᠴᠢ᠄ ᠣᠳᠬᠠᠨᠰᠤ᠎ᠡ
              2024 5 8