ᠬᠤᠯᠤᠰᠤᠯᠢᠭ ᠦᠨᠡᠭᠡᠨ ᠰᠡᠭᠦᠯХулслаг үнгэн сүүлKhulslag üngen süül ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠤᠯᠤᠰᠤᠯᠢᠭ ᠦᠨᠡᠭᠡᠨ ᠰᠡᠭᠦᠯХулслаг үнгэн сүүлKhulslag üngen süül

ᠬᠤᠯᠤᠰᠤᠯᠢᠭ ᠦᠨᠡᠭᠡᠨ ᠰᠡᠭᠦᠯХулслаг үнгэн сүүлKhulslag üngen süül

2024-05-10

257

ᠬᠤᠯᠤᠰᠤᠯᠢᠭ ᠦᠨᠡᠭᠡᠨ ᠰᠡᠭᠦᠯ 

                  ᠦᠶᠡᠲᠦ ᠤᠷᠭᠤᠮᠠᠯ ᠤ᠋ᠨ ᠢᠵᠠᠭᠤᠷ 
     ᠣᠯᠠᠨ ᠨᠠᠰᠤᠲᠤ ᠡᠪᠡᠰᠦᠯᠢᠭ ᠤᠷᠭᠤᠮᠠᠯ᠂ ᠦᠨᠳᠦᠰᠦᠯᠢᠭ ᠡᠰᠢ ᠲᠡᠢ᠃ ᠰᠦᠷᠡᠯ ᠨᠢ ᠭᠠᠭᠴᠠᠭᠠᠷ ᠪᠤᠶᠤ ᠴᠥᠭᠡᠬᠡᠨ ᠬᠡᠳᠦ ᠪᠡᠷ ᠪᠤᠲᠠᠯᠠᠵᠤ ᠤᠷᠭᠤᠨ᠎ᠠ᠂40—80cm ᠥᠨᠳᠥᠷ᠂3—5 ᠦᠶ᠎ᠡ ᠲᠡᠢ᠃ ᠨᠠᠪᠴᠢᠨ ᠤ᠋ ᠲᠣᠭᠳᠣᠢ ᠨᠢ ᠰᠤᠯᠠᠬᠠᠨ;ᠨᠠᠪᠴᠢ ᠨᠢ ᠲᠠᠰᠢᠭᠤᠯᠵᠤ ᠤᠷᠭᠤᠨ᠎ᠠ᠂5—20cm ᠤᠷᠲᠤ᠂3—7mm ᠥᠷᠭᠡᠨ᠂ ᠳᠡᠭᠡᠳᠦ ᠲᠠᠯ᠎ᠠ ᠨᠢ ᠠᠷᠵᠠᠭᠠᠢ᠂ ᠠᠷᠤ ᠨᠢ ᠭᠥᠯᠢᠭᠡᠷ᠃ ᠱᠣᠷᠣᠯᠵᠢᠨ ᠬᠡᠯᠪᠡᠷᠢᠲᠦ ᠪᠠᠭ ᠴᠡᠴᠡᠭ ᠨᠢ ᠪᠥᠭᠡᠷᠡᠩᠬᠡᠢ ᠪᠠᠭᠠᠨ᠎ᠠ ᠬᠡᠯᠪᠡᠷᠢ ᠲᠡᠢ᠂3—7cm ᠤᠷᠲᠤ᠂ 6—10mm ᠥᠷᠭᠡᠨ᠂ ᠴᠠᠢᠪᠤᠷ ᠨᠣᠭᠣᠭᠠᠨ᠂ ᠪᠣᠯᠪᠠᠰᠤᠷᠠᠪᠠᠯ ᠬᠠᠷ᠎ᠠ ᠪᠣᠯᠵᠤ ᠬᠤᠪᠢᠷᠠᠨ᠎ᠠ; ᠵᠢᠵᠢᠭ ᠲᠦᠷᠦᠭᠦᠦ ᠨᠢ4—5mm ᠤᠷᠲᠤ᠃ ᠬᠣᠶᠠᠷ ᠬᠠᠯᠢᠰᠤ ᠨᠢ ᠤᠭ ᠢ᠋ᠶ᠋ᠠᠷ ᠢ᠋ᠶ᠋ᠠᠨ ᠳᠥᠷᠪᠡᠨ ᠦ᠌ ᠨᠢᠭᠡ ᠶ᠋ᠢᠨ ᠴᠢᠨᠡᠭᠡ ᠬᠠᠷᠢᠯᠴᠠᠨ ᠨᠡᠢᠯᠡᠩᠭᠢ᠂ ᠱᠣᠪᠬᠣ ᠦᠵᠦᠭᠦᠷ ᠲᠡᠢ᠂ ᠠᠷᠤ ᠶ᠋ᠢᠨ ᠭᠣᠣᠯ ᠰᠤᠳᠠᠯ ᠳ᠋ᠤᠨᠢ ᠨᠠᠷᠢᠨ ᠦᠰᠦ ᠲᠡᠢ᠂ ᠬᠣᠶᠠᠷ ᠬᠠᠵᠠᠭᠤ ᠲᠠᠯ᠎ᠠ ᠳ᠋ᠤᠨᠢ ᠦᠰᠦ ᠦᠭᠡᠢ ᠪᠤᠶᠤ ᠲᠠᠷᠠᠮᠠᠭ ᠣᠬᠣᠷ ᠦᠰᠦ ᠲᠡᠢ; ᠭᠠᠳᠠᠷ ᠬᠡᠪᠡᠭ ᠨᠢ ᠬᠠᠯᠢᠰᠤ ᠠ᠋ᠴᠠ ᠣᠬᠣᠷ᠂ ᠮᠤᠬᠤᠷ ᠦᠵᠦᠭᠦᠷ ᠲᠡᠢ᠂ ᠵᠢᠵᠢᠭ ᠦᠰᠦ ᠲᠡᠢ; ᠰᠤᠷ ᠨᠢ ᠭᠢᠯᠦᠭᠡᠷᠬᠡᠨ᠂1—5mm ᠤᠷᠲᠤ᠂ ᠬᠠᠯᠢᠰᠤ ᠶ᠋ᠢᠨ ᠳᠣᠲᠣᠷ᠎ᠠ ᠨᠢᠭᠤᠭᠳᠠᠵᠤ ᠪᠠᠢᠬᠤ ᠪᠤᠶᠤ ᠬᠠᠯᠢᠰᠤ ᠠ᠋ᠴᠠ ᠵᠢᠭᠠᠬᠠᠨ ᠴᠤᠬᠤᠢᠨ ᠭᠠᠷᠤᠨ᠎ᠠ᠂ ᠬᠡᠪᠡᠭ ᠨᠢ ᠠᠷᠤ ᠶ᠋ᠢᠨ ᠳᠤᠮᠳᠠ ᠬᠡᠰᠡᠭ ᠡᠴᠡ ᠤᠷᠭᠤᠭᠰᠠᠨ ᠶᠤᠮ; ᠡᠷ᠎ᠡ ᠲᠣᠭᠣᠷᠴᠣᠭ ᠨᠢ ᠭᠤᠷᠪᠠ᠂2.5—3mm ᠤᠷᠲᠤ ᠰᠢᠷ᠎ᠠ ᠲᠣᠭᠣᠰᠣᠪᠴᠢ ᠲᠠᠢ᠃
    ᠠᠭᠤᠯᠠ ᠶ᠋ᠢᠨ ᠬᠠᠵᠠᠭᠤ ᠪᠠᠷ ᠡᠪᠡᠰᠦᠨ ᠳᠤᠮᠳᠠ ᠤᠷᠭᠤᠨ᠎ᠠ᠃
   ᠮᠠᠨ ᠤ᠋ ᠤᠯᠤᠰ ᠤ᠋ᠨ ᠥᠪᠥᠷ ᠮᠣᠩᠭᠣᠯ᠂ ᠭᠠᠨᠰᠦ᠂ ᠵᠡᠭᠦᠨ ᠬᠣᠢᠲᠤ ᠣᠷᠣᠨ ᠵᠡᠷᠭᠡ ᠮᠣᠵᠢ ᠣᠷᠣᠨ ᠳ᠋ᠤ᠌ ᠤᠷᠭᠤᠳᠠᠭ᠃

    ᠬᠢᠲᠠᠳ ᠨᠡᠷ᠎ᠡ᠄苇状看麦娘
    ᠠᠩᠭ᠌ᠯᠢ ᠨᠡᠷ᠎ᠡ᠄AIopecurus arundinaceus Poir.
      ᠦᠰᠦᠭ ᠠᠮᠢᠯᠠᠭᠤᠯᠤᠭᠴᠢ᠄ ᠡᠷᠳᠡᠨᠢᠭᠣᠸ᠎ᠠ
      ᠬᠢᠨᠠᠭᠴᠢ᠄ ᠲᠤᠶᠠᠭ᠎ᠠ