ᠤᠷᠢᠶᠠᠩᠬᠠᠢ ᠭᠡᠵᠦ ᠶᠠᠭ ᠶᠠᠮᠠᠷ ᠤᠭᠰᠠᠭᠠᠲᠠᠨ ᠪᠤᠢ᠎ ᠣ᠊ ∙ ᠯᠤᠪᠰᠠᠩᠴᠦᠯᠲᠦᠮУрианхай гэж яг ямар угсаатан бэ_ О.Лувсанчүлтэм ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠤᠷᠢᠶᠠᠩᠬᠠᠢ ᠭᠡᠵᠦ ᠶᠠᠭ ᠶᠠᠮᠠᠷ ᠤᠭᠰᠠᠭᠠᠲᠠᠨ ᠪᠤᠢ᠎ ᠣ᠊ ∙ ᠯᠤᠪᠰᠠᠩᠴᠦᠯᠲᠦᠮУрианхай гэж яг ямар угсаатан бэ_ О.Лувсанчүлтэм

ᠤᠷᠢᠶᠠᠩᠬᠠᠢ ᠭᠡᠵᠦ ᠶᠠᠭ ᠶᠠᠮᠠᠷ ᠤᠭᠰᠠᠭᠠᠲᠠᠨ ᠪᠤᠢ᠎ ᠣ᠊ ∙ ᠯᠤᠪᠰᠠᠩᠴᠦᠯᠲᠦᠮУрианхай гэж яг ямар угсаатан бэ_ О.Лувсанчүлтэм

ᠠᠩᠭᠢᠯᠠᠯ:ᠲᠡᠦᠬᠡ ᠰᠣᠶᠣᠯ
2024-05-19

830

ᠮᠢᠨᠦ ᠤᠷᠢᠶᠠᠩᠬᠠᠢ

 ᠾᠦᠩᠨᠦ ᠱᠦᠩᠨᠦ ᠶ᠋ᠢᠨ ᠦᠶ᠎ᠡ ᠡᠴᠡ ᠨᠡᠷ᠎ᠡ ᠪᠡᠨ ᠳᠠᠭᠤᠷᠢᠰᠤᠭᠰᠠᠨ ᠤᠷᠢᠶᠠᠩᠬᠠᠢ  
ᠬᠥᠬᠡ ᠮᠣᠩᠭᠣᠯ ᠤ᠋ᠨ ᠲᠡᠦᠬᠡᠨ ᠳ᠋ᠦ᠍ ᠮᠥᠷ ᠢ᠋ᠶ᠋ᠡᠨ ᠦᠯᠡᠳᠡᠭᠡᠭᠰᠡᠨ ᠤᠷᠢᠶᠠᠩᠬᠠᠢ  
ᠡᠷᠭᠦᠨ᠎ᠡ ᠬᠤᠨ ᠤ᠋ ᠳᠣᠮᠣᠭ ᠲᠤ᠌ ᠥᠭᠦᠯᠡᠵᠦ ᠲᠦᠷᠢᠭᠰᠡᠨ ᠤᠷᠢᠶᠠᠩᠬᠠᠢ  
ᠡᠵᠡᠨᠲᠦ ᠭᠦᠷᠦᠨ ᠨᠦ᠍ᠭᠦᠳ ᠪᠠᠢᠭᠤᠯᠬᠤ ᠳ᠋ᠤ᠌ ᠲᠦᠰᠢᠭ ᠶᠠᠪᠤᠭᠰᠠᠨ ᠤᠷᠢᠶᠠᠩᠬᠠᠢ  
ᠬᠠᠨ ᠬᠡᠨᠲᠡᠢ ᠪᠤᠷᠬᠠᠨ ᠬᠠᠯᠳᠤᠨ ᠤ᠋ ᠡᠵᠡᠨ ᠨᠢ ᠪᠠᠢᠭᠰᠠᠨ ᠶᠤᠮ ᠤᠷᠢᠶᠠᠩᠬᠠᠢ  
ᠬᠠᠮᠤᠭ ᠤ᠋ᠨ ᠡᠬᠡ ᠠᠯᠤᠨ ᠭᠤᠸ᠎ᠠ ᠶ᠋ᠢ ᠤᠭᠲᠤᠵᠤ ᠠᠪᠤᠭᠰᠠᠨ ᠶᠤᠮ ᠤᠷᠢᠶᠠᠩᠬᠠᠢ  
ᠪᠦᠭᠦᠳᠡ ᠶ᠋ᠢᠨ ᠡᠪᠦᠭᠡ ᠳᠣᠪᠣ ᠮᠡᠷᠭᠡᠨ ᠳ᠋ᠦ᠍ ᠠᠩ ᠤ᠋ᠨ ᠱᠣᠷᠣᠯᠠᠭ ᠬᠦᠷᠲᠡᠭᠡᠵᠦ  
ᠪᠣᠷᠵᠢᠭᠢᠨ ᠣᠪᠣᠭ ᠡᠭᠦᠰᠬᠡᠭᠰᠡᠨ ᠪᠣᠳᠣᠨᠴᠠᠷ ᠮᠤᠩᠬᠠᠭ ᠲᠠᠢ ᠤᠷᠤᠭ ᠪᠠᠷᠢᠯᠳᠤᠭᠰᠠᠨ ᠶᠤᠮ  
ᠪᠤᠭᠤᠷᠤᠯ ᠣᠨ ᠤ᠋ ᠳᠡᠯᠢᠭᠦᠨ ᠪᠣᠯᠳᠣᠭ ᠲᠤ᠌ ᠲᠡᠮᠦᠵᠢᠨ ᠬᠣᠷᠸ᠎ᠠ ᠳ᠋ᠤ᠌ ᠮᠡᠨᠳᠦᠯᠡᠬᠦ ᠳ᠋ᠦ᠍  
ᠪᠤᠷᠬᠠᠨ ᠬᠠᠯᠳᠤᠨ ᠠ᠋ᠴᠠ ᠪᠠᠭᠤᠵᠤ ᠢᠷᠡᠵᠦ ᠪᠣᠯᠭᠠᠨ ᠥᠯᠥᠭᠡᠢ ᠪᠡᠯᠡᠭ ᠲᠦ᠍ ᠥᠭᠴᠦ  
ᠶᠢᠰᠦᠭᠡᠢ ᠪᠠᠭᠠᠲᠤᠷ ᠤ᠋ᠨ ᠬᠦᠦ ᠳ᠋ᠦ᠍ ᠡᠷᠭᠢᠵᠦ ᠣᠴᠢᠭᠰᠠᠨ ᠤᠷᠢᠶᠠᠩᠬᠠᠢ  
ᠡᠭᠡᠨᠡᠭᠲᠡ ᠬᠠᠮᠲᠤ ᠪᠠᠢᠵᠤ ᠨᠥᠬᠥᠷᠯᠡᠵᠦ ᠦᠯᠡᠳᠡᠭᠰᠡᠨ ᠤᠷᠢᠶᠠᠩᠬᠠᠢ  
ᠳᠡᠭᠡᠳᠦᠰ ᠦ᠋ᠨ ᠨᠢᠭᠤᠴᠠ ᠲᠣᠪᠴᠢᠶᠠᠨ ᠳ᠋ᠤ᠌ ᠲᠡᠮᠳᠡᠭᠯᠡᠵᠦ ᠦᠯᠡᠳᠡᠭᠡᠭᠰᠡᠨ ᠤᠷᠢᠶᠠᠩᠬᠠᠢ  
ᠳᠡᠯᠢᠭᠦᠨ ᠪᠣᠯᠳᠣᠭ ᠲᠤ᠌ ᠶᠢᠰᠦᠭᠡᠢ ᠲᠡᠢ ᠨᠥᠬᠥᠷᠯᠡᠯ ᠶᠠᠷᠢᠭᠰᠠᠨ ᠤᠷᠢᠶᠠᠩᠬᠠᠢ  
ᠦᠨᠳᠦᠰᠦᠲᠡᠨ ᠪᠦᠷᠢᠯᠳᠦᠭᠰᠡᠨ ᠨᠤᠲᠤᠭ ᠤ᠋ᠨ ᠤᠤᠭᠠᠯ ᠪᠠᠢᠭᠰᠠᠨ ᠤᠷᠢᠶᠠᠩᠬᠠᠢ  
ᠦᠨᠡᠨᠴᠢ ᠨᠥᠬᠥᠷᠯᠡᠯ ᠦ᠋ᠨ ᠲᠡᠦᠬᠡ ᠶ᠋ᠢ ᠦᠯᠢᠭᠡᠷᠯᠡᠵᠦ ᠦᠯᠡᠳᠡᠭᠡᠭᠰᠡᠨ ᠤᠷᠢᠶᠠᠩᠬᠠᠢ  
ᠲᠩᠷᠢ ᠢᠵᠠᠭᠤᠷᠲᠤ ᠲᠡᠮᠦᠵᠢᠨ ᠳ᠋ᠦ᠍ ᠨᠡᠯᠬᠢ ᠪᠡᠯᠡᠳᠦᠭᠰᠡᠨ ᠤᠷᠢᠶᠠᠩᠬᠠᠢ  
ᠲᠡᠷᠲᠡᠭᠡ ᠬᠣᠯᠠ ᠶ᠋ᠢᠨ ᠡᠸᠦᠷᠦᠫᠡ ᠳ᠋ᠦ᠍ ᠠᠩᠬᠠᠯᠠᠵᠤ ᠬᠦᠷᠦᠭᠰᠡᠨ ᠤᠷᠢᠶᠠᠩᠬᠠᠢ  
ᠲᠠᠩᠭᠢᠰ ᠳᠠᠯᠠᠢ ᠶ᠋ᠢ ᠴᠠᠯᠭᠢᠲᠠᠯ᠎ᠠ ᠳᠠᠢᠳᠤᠵᠤ ᠶᠠᠪᠤᠭᠰᠠᠨ ᠤᠷᠢᠶᠠᠩᠬᠠᠢ  
ᠲᠡᠮᠡᠴᠡᠯ ᠳᠣᠯᠣᠭᠠᠨ ᠤ᠋ ᠬᠠᠲᠠᠭᠤ ᠳ᠋ᠤ᠌ ᠤᠶᠠᠷᠠᠴᠤ ᠤᠷᠪᠠᠭ᠎ᠠ ᠦᠭᠡᠢ ᠤᠷᠢᠶᠠᠩᠬᠠᠢ  
ᠡᠵᠡᠨ ᠴᠢᠩᠭᠢᠰ ᠦ᠋ᠨ ᠢᠲᠡᠭᠡᠯ ᠢ᠋ ᠳᠠᠭᠠᠭᠠᠵᠤ ᠶᠠᠪᠤᠭᠰᠠᠨ ᠤᠷᠢᠶᠠᠩᠬᠠᠢ  
ᠶᠡᠬᠡ ᠡᠵᠡᠨ ᠦ᠌ ᠠᠮᠢ ᠶ᠋ᠢ ᠭᠤᠷᠪᠠᠨᠲᠠ ᠠᠪᠤᠷᠠᠭᠰᠠᠨ ᠤᠷᠢᠶᠠᠩᠬᠠᠢ  
ᠶᠡᠬᠡ ᠬᠠᠭᠠᠳ ᠤ᠋ᠨ ᠣᠩᠭᠣᠨ ᠢ᠋ ᠰᠠᠬᠢᠵᠤ ᠪᠠᠢᠭᠰᠠᠨ ᠤᠷᠢᠶᠠᠩᠬᠠᠢ  
ᠶᠡᠬᠡᠰ ᠳᠡᠭᠡᠳᠦᠰ ᠦ᠋ᠨ ᠨᠢᠭᠤᠴᠠ ᠶ᠋ᠢ ᠬᠠᠳᠠᠭᠠᠯᠠᠵᠤ ᠴᠢᠳᠠᠭᠰᠠᠨ ᠤᠷᠢᠶᠠᠩᠬᠠᠢ  
ᠳᠤᠮᠳᠠᠳᠤ ᠡᠷᠲᠡᠨ ᠦ᠌ ᠱᠠᠰᠲᠢᠷ ᠲᠤ᠌ ᠠᠯᠳᠠᠷ ᠢ᠋ᠶ᠋ᠠᠨ ᠮᠠᠨᠳᠤᠭᠤᠯᠤᠭᠰᠠᠨ ᠤᠷᠢᠶᠠᠩᠬᠠᠢ  
ᠳᠣᠮᠣᠭᠲᠤ ᠰᠦᠪᠡᠭᠡᠳᠡᠢ ᠡᠷ᠎ᠡ ᠶ᠋ᠢ ᠲᠦᠷᠦᠭᠦᠯᠡᠵᠦ ᠥᠰᠬᠡᠭᠰᠡᠨ ᠤᠷᠢᠶᠠᠩᠬᠠᠢ  
ᠬᠠᠨ ᠬᠡᠨᠲᠡᠢ ᠠᠭᠤᠯᠠᠰ ᠠ᠋ᠴᠠ ᠬᠠᠷᠠᠭᠤᠯ ᠠᠯᠲᠠᠢ ᠶ᠋ᠢᠨ ᠴᠠᠭᠠᠳᠤ ᠬᠦᠷᠲᠡᠯ᠎ᠡ  
ᠬᠠᠭᠠᠷᠠᠴᠤ ᠪᠤᠲᠠᠷᠠᠭᠰᠠᠨ ᠲᠡᠦᠬᠡ ᠶ᠋ᠢᠨ ᠨᠤᠭᠤᠴᠠᠭᠠᠨ ᠳ᠋ᠤ᠌ ᠴᠤᠴᠠᠷᠠᠵᠤ ᠣᠳᠤᠭᠰᠠᠨ ᠤᠷᠢᠶᠠᠩᠬᠠᠢ  
ᠳᠡᠭᠡᠳᠦᠰ ᠦ᠋ᠨ ᠶᠡᠬᠡ ᠬᠥᠷᠥᠭᠲᠤ ᠪᠤᠷᠬᠠᠨ ᠬᠠᠯᠳᠤᠨ ᠠᠭᠤᠯᠠ ᠪᠠᠨ 
ᠳᠡᠷᠭᠡᠳᠡ ᠨᠢ ᠪᠠᠢᠭ᠎ᠠ ᠶᠤᠮ ᠰᠢᠭ᠋ ᠠᠯᠲᠠᠢ ᠠ᠋ᠴᠠ ᠬᠠᠷᠠᠭᠤᠯᠳᠠᠨ ᠰᠠᠭᠤᠬᠤ ᠪᠠᠷ  
ᠪᠤᠷᠬᠠᠨ ᠬᠠᠯᠳᠤᠨ ᠤ᠋ ᠵᠦᠭ ᠤᠷᠤᠭᠤ ᠪᠡᠯᠭᠡᠰᠢᠶᠡᠭᠡ ᠵᠦᠢᠯᠡᠰ ᠢ᠋ᠶ᠋ᠡᠨ ᠬᠠᠷᠠᠭᠤᠯᠵᠤ  
ᠪᠤᠭᠤᠷᠤᠯ ᠳᠡᠭᠡᠳᠦᠰ ᠦ᠋ᠨ ᠭᠡᠷᠢᠶᠡᠰ ᠢ᠋ ᠰᠠᠬᠢᠵᠤ ᠶᠠᠪᠤᠭ᠎ᠠ ᠤᠷᠢᠶᠠᠩᠬᠠᠢ  
ᠵᠢᠮ ᠵᠠᠮ ᠭᠠᠷᠭᠠᠵᠤ  ᠠᠯᠲᠠᠢ ᠶ᠋ᠢ ᠳᠠᠪᠠᠭᠰᠠᠨ ᠤᠷᠢᠶᠠᠩᠬᠠᠢ 
《ᠵᠢᠷᠭᠠᠯ ᠶᠡᠬᠡᠲᠡᠢ ᠠᠯᠲᠠᠢ》 ᠪᠠᠷ ᠨᠠᠢᠷ ᠢ᠋ᠶ᠋ᠠᠨ ᠡᠬᠢᠯᠡᠳᠡᠭ ᠤᠷᠢᠶᠠᠩᠬᠠᠢ 
《ᠵᠢᠷᠠᠨ ᠬᠥᠰᠢᠭᠦᠷᠬᠡ ᠶ᠋ᠢᠨ ᠰᠤᠪᠤᠷᠭ᠎ᠠ ᠶ᠋ᠢᠨ ᠲᠣᠭᠣᠵᠢ》ᠶ᠋ᠢ ᠥᠭᠦᠯᠡᠵᠦ ᠢᠷᠡᠭᠰᠡᠨ ᠤᠷᠢᠶᠠᠩᠬᠠᠢ  
ᠵᠢᠷᠠᠨ ᠵᠢᠷᠠᠨ ᠢ᠋ᠶ᠋ᠠᠷ ᠲᠡᠦᠬᠡ ᠪᠡᠨ ᠪᠦᠲᠦᠭᠡᠵᠦ ᠢᠷᠡᠭᠰᠡᠨ ᠤᠷᠢᠶᠠᠩᠬᠠᠢ  
ᠲᠥᠪᠡᠳ ᠵᠠᠭ ᠤ᠋ᠨ ᠣᠷᠣᠨ ᠠ᠋ᠴᠠ ᠨᠠᠭᠠᠰᠢ ᠲᠥᠪᠬᠢᠨᠡᠵᠦ ᠰᠠᠭᠤᠭᠰᠠᠨ ᠤᠷᠢᠶᠠᠩᠬᠠᠢ 
《ᠲᠡᠭᠦᠰ ᠮᠡᠨᠳᠦ》ᠤᠰᠤ ᠪᠠᠷ ᠢ᠋ᠶ᠋ᠠᠨ ᠭᠠᠢᠬᠠᠭᠤᠯᠵᠤ ᠪᠠᠢᠭ᠎ᠠ ᠤᠷᠢᠶᠠᠩᠬᠠᠢ  
ᠡᠷᠲᠡᠨ ᠦ᠌ ᠢᠵᠠᠭᠤᠷ ᠬᠡᠯᠡ ᠪᠡᠨ ᠬᠠᠳᠠᠭᠠᠯᠠᠵᠤ ᠶᠠᠪᠤᠭ᠎ᠠ ᠤᠷᠢᠶᠠᠩᠬᠠᠢ  
ᠡᠪ ᠦ᠋ᠨ ᠭᠣᠣᠯ ᠤ᠋ᠨ ᠤᠷᠤᠰᠬᠠᠯ ᠢ᠋ ᠡᠭᠡᠰᠢᠭᠯᠡᠭᠦᠯᠵᠦ ᠴᠣᠭᠣᠷᠯᠠᠭᠰᠠᠨ ᠤᠷᠢᠶᠠᠩᠬᠠᠢ  
ᠳᠥᠷᠪᠡᠨ ᠣᠢᠷᠠᠳ ᠤ᠋ᠨ ᠲᠤᠭ ᠢ᠋ ᠲᠤᠯᠤᠯᠴᠠᠵᠤ ᠥᠭᠭᠦᠭᠰᠡᠨ ᠤᠷᠢᠶᠠᠩᠬᠠᠢ  
ᠳᠥᠷᠪᠡᠯᠵᠢᠨ ᠶᠡᠬᠡ ᠠᠯᠲᠠᠢ ᠳ᠋ᠠᠭᠠᠨ ᠡᠵᠡᠨ ᠨᠢ ᠰᠠᠭᠤᠭᠰᠠᠨ ᠤᠷᠢᠶᠠᠩᠬᠠᠢ  
ᠠᠭᠤᠯᠠ ᠶ᠋ᠢᠨ ᠵᠡᠷᠯᠢᠭ ᠰᠠᠷᠯᠤᠭ ᠢ᠋ᠶ᠋ᠠᠨ ᠬᠢᠪᠡᠷᠳᠡᠵᠦ ᠬᠤᠷᠢᠶᠠᠭᠰᠠᠨ ᠤᠷᠢᠶᠠᠩᠬᠠᠢ  
ᠤᠯᠤᠰ ᠮᠣᠩᠭᠣᠯ ᠤ᠋ᠨ ᠢ᠋ᠶ᠋ᠠᠨ ᠲᠡᠦᠬᠡ ᠶ᠋ᠢ ᠪᠦᠲᠦᠭᠡᠯᠴᠢᠵᠦ ᠶᠠᠪᠤᠭ᠎ᠠ ᠤᠷᠢᠶᠠᠩᠬᠠᠢ  
ᠰᠠᠷᠢᠳᠠᠭ ᠥᠨᠳᠥᠷ ᠠᠯᠲᠠᠢ ᠪᠠᠨ ᠰᠠᠬᠢᠵᠤ ᠢᠷᠡᠭᠰᠡᠨ ᠤᠷᠢᠶᠠᠩᠬᠠᠢ  
ᠰᠤᠷ ᠬᠠᠷᠪᠤᠭᠠᠨ ᠤ᠋ ᠡᠬᠢᠯᠡᠯ ᠢ᠋ ᠠᠩᠬᠠᠯᠠᠵᠤ ᠲᠠᠯᠪᠢᠭᠰᠠᠨ ᠤᠷᠢᠶᠠᠩᠬᠠᠢ  
ᠰᠤᠤᠲᠤ ᠴᠢᠩᠭᠢᠰ ᠬᠠᠭᠠᠨ ᠰᠦᠷ ᠬᠦᠴᠦᠲᠦ ᠵᠠᠩᠵᠤᠨ ᠨᠤᠭᠤᠳ ᠢ᠋  
《 ᠰᠣᠨᠳᠠᠯᠠᠩ ᠤ᠋ᠨ ᠣᠪᠣᠭ᠎ᠠ》ᠳᠠᠭᠤᠨ ᠳ᠋ᠤ᠌ ᠪᠠᠨ ᠮᠥᠩᠬᠡᠯᠡᠵᠦ ᠦᠯᠡᠳᠡᠭᠡᠭᠰᠡᠨ ᠤᠷᠢᠶᠠᠩᠬᠠᠢ  
ᠴᠤᠯᠪᠤᠭᠤᠷ ᠴᠢᠳᠥᠷ ᠨᠣᠭᠲᠣ ᠪᠠᠨ ᠵᠠᠩᠭᠢᠳᠴᠤ ᠬᠠᠷᠠᠭᠤᠯᠤᠭᠰᠠᠨ ᠤᠷᠢᠶᠠᠩᠬᠠᠢ  
ᠴᠣᠭᠣᠷ ᠲᠣᠪᠰᠢᠭᠤᠷ ᠬᠢᠭᠢᠯᠢ ᠪᠡᠨ ᠬᠠᠳᠠᠭᠠᠯᠠᠵᠤ ᠦᠯᠡᠳᠡᠭᠰᠡᠨ ᠤᠷᠢᠶᠠᠩᠬᠠᠢ  
ᠴᠠᠪᠴᠢᠮ᠎ᠠ ᠠᠭᠤᠯᠠᠰ ᠢ᠋ᠶ᠋ᠠᠷ ᠨᠤᠲᠤᠭ ᠲᠤ᠌ ᠪᠠᠨ ᠴᠠᠭ ᠢ᠋ᠶ᠋ᠠᠨ ᠵᠢᠷᠭᠠᠬᠤ ᠤᠷᠢᠶᠠᠩᠬᠠᠢ  
ᠴᠠᠰᠤᠲᠤ ᠠᠯᠲᠠᠢ ᠶ᠋ᠢᠨ ᠠᠭᠤᠯᠠᠰ ᠢ᠋ᠶ᠋ᠠᠨ ᠠᠷᠭᠠᠳᠠᠨ ᠬᠠᠢᠯᠠᠭᠰᠠᠨ ᠤᠷᠢᠶᠠᠩᠬᠠᠢ  
ᠡᠪᠡᠷ ᠡᠯᠢᠭᠡᠲᠦ ᠨᠤᠮᠤ ᠶ᠋ᠢᠨ ᠡᠪ ᠬᠠᠪᠴᠠᠬᠠᠢ ᠶ᠋ᠢ ᠤᠷᠠᠯᠠᠵᠤ  
ᠡᠳᠦᠭᠡ ᠬᠦᠷᠲᠡᠯ᠎ᠡ ᠥᠪᠯᠡᠨ ᠬᠠᠳᠠᠭᠠᠯᠠᠵᠤ ᠢᠷᠡᠭᠰᠡᠨ ᠤᠷᠢᠶᠠᠩᠬᠠᠢ  
ᠡᠷ᠎ᠡ ᠬᠥᠮᠦᠨ ᠦ᠌ ᠨᠥᠬᠥᠷ ᠪᠠᠢᠭᠰᠠᠨ ᠡᠷᠡᠬᠡᠢ ᠶ᠋ᠢᠨ ᠰᠢᠷ᠎ᠠ ᠴᠣᠬᠣᠷ ᠨᠤᠮᠤ ᠪᠠᠨ  
ᠡᠷᠳᠡᠨᠢᠲᠦ ᠬᠦᠯᠦᠭ ᠮᠣᠷᠢᠨ ᠳ᠋ᠤ᠌ ᠪᠠᠨ ᠲᠠᠮᠠᠭᠠᠯᠠᠵᠤ ᠳᠠᠷᠬᠠᠯᠠᠭᠰᠠᠨ ᠤᠷᠢᠶᠠᠩᠬᠠᠢ  
ᠠᠯᠲᠠᠢ ᠶ᠋ᠢᠨ ᠠᠷᠪᠠᠨ ᠭᠤᠷᠪᠠᠨ ᠰᠠᠩ ᠢ᠋ᠶ᠋ᠠᠷ ᠢ᠋ᠶ᠋ᠠᠨ ᠢᠯᠭᠠᠷᠠᠵᠤ ᠲᠣᠳᠣᠷᠠᠳᠠᠭ ᠤᠷᠢᠶᠠᠩᠬᠠᠢ  
ᠠᠲᠠᠭ᠎ᠠ ᠲᠠᠪᠤᠨ ᠲᠩᠷᠢ ᠪᠡᠨ ᠰᠡᠲᠡᠷᠯᠡᠵᠦ ᠳᠠᠬᠢᠳᠠᠭ ᠤᠷᠢᠶᠠᠩᠬᠠᠢ  
ᠡᠭᠦᠳᠡᠨ ᠲᠣᠰᠤᠭ᠎ᠠ ᠭᠠᠵᠠᠷ ᠰᠠᠩ ᠤ᠋ᠨ ᠭᠤᠷᠪᠠᠨ ᠴᠢᠯᠠᠭᠤ ᠲᠠᠢ   
ᠦᠱᠦᠦᠷ ᠬᠣᠷᠯᠣ ᠲᠣᠭᠯᠠᠭᠠᠮ ᠢ᠋ᠶ᠋ᠠᠨ ᠥᠪᠯᠡᠭᠦᠯᠵᠦ ᠢᠷᠡᠭᠰᠡᠨ ᠤᠷᠢᠶᠠᠩᠬᠠᠢ  
ᠠᠲᠠᠭᠠᠲᠤ ᠮᠠᠨᠵᠤ ᠶ᠋ᠢᠨ ᠡᠰᠡᠷᠭᠦ ᠵᠠᠭᠤᠨ ᠢ᠋ᠶ᠋ᠠᠷ ᠡᠷᠡᠰᠯᠡᠨ ᠲᠡᠮᠡᠴᠡᠭᠰᠡᠨ  
ᠪᠠᠷᠠᠭᠤᠨ ᠮᠣᠩᠭᠣᠯ ᠤ᠋ᠨ ᠲᠡᠦᠬᠡ ᠶ᠋ᠢ ᠪᠢᠴᠢᠭᠯᠡᠵᠦ ᠢᠷᠡᠭᠰᠡᠨ ᠤᠷᠢᠶᠠᠩᠬᠠᠢ  
ᠠᠯᠲᠠᠢ ᠳᠠᠮᠨᠠᠨ ᠰᠠᠭᠤᠭᠰᠠᠨ ᠳᠣᠯᠣᠭᠠᠨ ᠬᠣᠰᠢᠭᠤ ᠤᠷᠢᠶᠠᠩᠬᠠᠢ  
ᠠᠩ ᠤ᠋ᠨ ᠠᠷᠠᠰᠤ ᠥᠷᠲᠡᠭᠡᠨ ᠦ᠌ ᠠᠯᠪᠠ ᠶ᠋ᠢ ᠵᠠᠯᠭᠠᠭᠤᠯᠵᠤ ᠶᠠᠪᠤᠭᠰᠠᠨ ᠤᠷᠢᠶᠠᠩᠬᠠᠢ  
ᠠᠷᠤ ᠠᠯᠲᠠᠢ ᠪᠠᠨ ᠰᠠᠨᠠᠭᠠᠯᠵᠠᠵᠤ ᠴᠠᠭᠠᠨ ᠲᠣᠬᠣᠢ ᠨᠤᠲᠤᠭ ᠢ᠋ᠶ᠋ᠠᠷ  
ᠠᠷᠤ ᠥᠪᠥᠷ ᠲᠦ᠍ ᠨᠢ ᠰᠠᠭᠤᠭ᠎ᠠ ᠨᠢ ᠬᠣᠶᠠᠷ ᠨᠤᠲᠤᠭ ᠤ᠋ᠨ ᠡᠷᠬᠡ  
ᠰᠠᠭᠠᠳᠠᠨ ᠠᠭᠤᠯᠵᠠᠭᠠᠳ ᠰᠠᠯᠬᠤ ᠪᠣᠯ ᠰᠤᠤ ᠠᠯᠴᠠᠮ ᠮᠣᠷᠢ ᠪᠠᠷ  
ᠰᠡᠳᠬᠢᠯᠲᠦ ᠬᠣᠶᠠᠷ ᠤᠴᠠᠷᠠᠪᠠᠯ ᠬᠣᠶᠠᠷ ᠭᠠᠷ ᠱᠠᠷᠭᠠᠨ ᠭᠡᠭᠡᠯᠵᠡᠵᠦ ᠳᠠᠭᠤᠯᠠᠭᠰᠠᠨ ᠤᠷᠢᠶᠠᠩᠬᠠᠢ  
ᠠᠭᠤᠯᠠᠰ ᠠᠭᠤᠯᠠ ᠪᠠᠷ ᠨᠤᠲᠤᠭᠯᠠᠭᠰᠠᠨ ᠠᠭᠤᠯᠠᠰ ᠤ᠋ᠨ ᠵᠠᠶᠠᠭᠠᠲᠠᠢ ᠤᠷᠢᠶᠠᠩᠬᠠᠢ   
ᠤᠳᠬ᠎ᠠ ᠤᠶᠠᠩᠭ᠎ᠠ ᠪᠠᠷ ᠬᠥᠭᠯᠡᠭᠰᠡᠨ ᠤᠷᠲᠤ ᠶ᠋ᠢᠨ ᠳᠠᠭᠤᠤ ᠲᠠᠢ ᠤᠷᠢᠶᠠᠩᠬᠠᠢ  
ᠤᠨᠠᠭᠠᠨ ᠵᠡᠭᠡᠷᠳᠡ ᠶ᠋ᠢᠨ ᠰᠡᠭᠦᠯ ᠢ᠋ᠶ᠋ᠡᠷ ᠡᠷᠢᠭᠡ ᠪᠡᠨ ᠬᠢᠯᠭᠠᠰᠤᠯᠠᠭᠰᠠᠨ ᠤᠷᠢᠶᠠᠩᠬᠠᠢ  
ᠤᠭᠠᠯᠵᠠ ᠠᠳᠠᠯᠢ ᠪᠡᠶ᠎ᠡ ᠶ᠋ᠢ ᠪᠡᠨ ᠵᠣᠬᠢᠶᠠᠵᠤ ᠪᠤᠢᠯᠠᠭᠰᠠᠨ ᠤᠷᠢᠶᠠᠩᠬᠠᠢ  
ᠪᠣᠭᠣᠳᠠᠭ ᠢ᠋ᠶ᠋ᠠᠨ ᠰᠠᠴᠤᠷᠠᠭᠤᠯᠤᠭᠰᠠᠨ ᠰᠡᠪᠡᠭ ᠦ᠋ᠳ ᠨᠢ ᠦᠶᠡᠯᠵᠡᠨ ᠭᠦᠶᠦᠭᠰᠡᠨ ᠤᠷᠢᠶᠠᠩᠬᠠᠢ  
ᠪᠦᠳᠦᠭᠦᠨ ᠪᠠᠭ᠎ᠠ ᠢᠯᠭᠠᠯ ᠦᠭᠡᠢ ᠰᠤᠭᠰᠤᠷᠤᠨ ᠪᠡᠶᠡᠯᠡᠭᠰᠡᠨ ᠤᠷᠢᠶᠠᠩᠬᠠᠢ  
ᠪᠡᠶᠡᠷᠬᠡ ᠲᠥᠷᠥᠭᠰᠡᠨ ᠨᠢᠭᠡᠨ ᠳ᠋ᠦ᠍ ᠨᠢ ᠪᠢᠵᠢ ᠪᠤᠯᠠᠭ ᠤ᠋ᠨ ᠰᠢᠭᠤᠷᠭ᠎ᠠ  
ᠠᠭᠤᠷᠯᠠᠭᠠᠳ ᠣᠳᠤᠭᠰᠠᠨ ᠨᠢᠭᠡᠨ ᠳ᠋ᠦ᠍ ᠨᠢ《ᠣᠤ ᠭᠣᠣᠯ ᠤ᠋ᠨ》 ᠡᠬᠢ ᠶ᠋ᠢ ᠳᠠᠭᠤᠯᠠᠵᠤ ᠤᠬᠠᠭᠠᠷᠠᠭᠤᠯᠳᠠᠭ ᠤᠷᠢᠶᠠᠩᠬᠠᠢ  
ᠮᠥᠩᠭᠥᠨ ᠰᠦᠢᠬᠡ ᠭᠣᠣ ᠶ᠋ᠢ ᠤᠷᠠᠯᠠᠵᠤ ᠭᠠᠩᠭᠠᠷᠠᠭᠰᠠᠨ ᠤᠷᠢᠶᠠᠩᠬᠠᠢ  
ᠮᠥᠩᠭᠥᠨ ᠬᠦᠷᠢᠶ᠎ᠡ ᠠᠯᠲᠠᠨ ᠬᠦᠷᠢᠶ᠎ᠡ ᠪᠡᠷ ᠨᠠᠭᠠᠳᠵᠤ ᠴᠡᠩᠭᠡᠭᠰᠡᠨ ᠤᠷᠢᠶᠠᠩᠬᠠᠢ  
ᠬᠦᠷᠡᠯ ᠠᠯᠲᠠᠨ ᠲᠦᠰᠢ ᠬᠦᠳᠡᠷ ᠮᠥᠩᠭᠥᠨ ᠲᠡᠮᠦᠷ ᠢ᠋ᠶ᠋ᠡᠨ ᠬᠠᠢᠯᠵᠤ  
ᠬᠥᠮᠦᠨ ᠲᠥᠷᠥᠯᠬᠢᠲᠡᠨ ᠦ᠌ ᠨᠤᠭᠤᠴᠠᠭᠠᠨ ᠳ᠋ᠤ᠌ ᠬᠥᠭ ᠨᠡᠮᠡᠭᠰᠡᠨ ᠤᠷᠢᠶᠠᠩᠬᠠᠢ  
ᠲᠠᠪᠤᠨ ᠴᠠᠰᠤᠲᠤ ᠬᠠᠢᠷᠬᠠᠨ ᠤ᠋ ᠪᠠᠨ ᠡᠩᠭᠡᠷ ᠪᠠᠯ ᠳ᠋ᠤ᠌ ᠨᠢ ᠵᠠᠶᠠᠭᠠᠵᠤ  
ᠲᠣᠪᠰᠢᠭᠤᠷ ᠬᠥᠭᠵᠢᠮ ᠦ᠋ᠨ ᠢ᠋ᠶ᠋ᠡᠨ ᠠᠶᠠᠨ ᠳ᠋ᠤ᠌ ᠲᠤᠤᠯᠢ ᠪᠠᠨ ᠬᠠᠢᠯᠠᠭᠰᠠᠨ ᠤᠷᠢᠶᠠᠩᠬᠠᠢ
ᠲᠣᠭᠣᠷᠴᠣᠭ ᠴᠠᠭᠳᠠ ᠪᠠᠨ ᠡᠮᠦᠰᠴᠦ ᠠᠯᠠᠭᠯᠠᠨ ᠬᠥᠭᠡᠷᠳᠡᠭ ᠤᠷᠢᠶᠠᠩᠬᠠᠢ  
ᠲᠣᠳᠣ ᠨᠣᠮ ᠤ᠋ᠨ ᠭᠡᠷᠡᠯ ᠳ᠋ᠦ᠍ ᠭᠡᠭᠡᠷᠡᠵᠦ ᠢᠷᠡᠭᠰᠡᠨ ᠤᠷᠢᠶᠠᠩᠬᠠᠢ  
ᠰᠠᠷᠯᠤᠭ ᠤ᠋ᠨ ᠠᠢᠷᠠᠭ ᠢ᠋ᠶ᠋ᠠᠨ ᠪᠦᠯᠢᠵᠦ ᠰᠠᠷᠠᠬᠤᠳ ᠨᠡᠷᠡᠭᠰᠡᠨ ᠤᠷᠢᠶᠠᠩᠬᠠᠢ  
ᠰᠠᠭᠠᠯᠢ ᠰᠦ ᠨᠢ ᠪᠢᠯᠬᠠᠭᠰᠠᠨ ᠰᠠᠪᠠ ᠨᠢ ᠳᠦᠭᠦᠷᠡᠩ ᠤᠷᠢᠶᠠᠩᠬᠠᠢ  
ᠰᠠᠷᠠᠬᠤᠳ ᠨᠢ ᠰᠠᠭᠠᠳᠠᠭ᠎ᠠ ᠦᠭᠡᠢ ᠰᠠᠪᠠᠭᠠᠨ ᠡᠵᠡᠨ ᠨᠢ ᠪᠠᠶᠠᠨ ᠪᠠᠢᠬᠤ  
ᠰᠠᠢᠬᠠᠨ ᠢᠷᠦᠭᠡᠯ ᠡᠷᠭᠦᠳᠡᠭ ᠠᠮᠠᠨ ᠤ᠋ ᠪᠡᠯᠭᠡ ᠲᠡᠢ ᠤᠷᠢᠶᠠᠩᠬᠠᠢ  
ᠬᠦᠨᠳᠦᠯᠡᠵᠦ ᠳᠡᠭᠡᠵᠢᠯᠡᠬᠦ ᠶᠣᠰᠣ ᠵᠠᠶᠢᠭ ᠢ᠋ ᠬᠠᠳᠠᠭᠠᠯᠠᠵᠤ ᠶᠠᠪᠤᠭ᠎ᠠ ᠤᠷᠢᠶᠠᠩᠬᠠᠢ  
ᠬᠥᠮᠦᠨ ᠶᠠᠭᠤᠮᠠᠰ ᠤ᠋ᠨ ᠨᠡᠷ᠎ᠡ ᠶ᠋ᠢ ᠴᠡᠭᠡᠷᠯᠡᠵᠦ ᠬᠦᠨᠳᠦᠯᠡᠳᠡᠭ ᠤᠷᠢᠶᠠᠩᠬᠠᠢ  
ᠵᠤᠨ ᠤ᠋ ᠲᠡᠷᠭᠡᠯ ᠰᠠᠷᠠᠨ ᠳᠣᠣᠷ᠎ᠠ ᠭᠤᠪᠠᠢ ᠭᠦᠶᠦᠯᠭᠡᠨ ᠴᠠᠭᠠᠨ ᠮᠣᠳᠣ ᠬᠠᠶᠠᠵᠤ  
ᠵᠤᠰᠠᠯᠠᠩ ᠤ᠋ᠨ ᠭᠣᠣᠯ ᠤ᠋ᠨ ᠱᠤᠤᠭᠢᠶᠠᠨ ᠳᠤᠮᠳᠠ ᠠᠭᠤᠰᠤᠨ ᠰᠢᠩᠭᠡᠳᠡᠭ ᠤᠷᠢᠶᠠᠩᠬᠠᠢ  
ᠭᠦᠷᠦᠮᠡᠯ ᠴᠣᠣᠵᠢ ᠠᠷᠭᠠᠮᠵᠢᠶ᠎ᠠ ᠪᠠᠷ ᠠᠳᠤᠭᠤ ᠮᠠᠯ ᠢ᠋ᠶ᠋ᠠᠨ ᠴᠠᠯᠮᠠᠳᠠᠵᠤ  
ᠭᠡᠷ ᠦ᠋ᠨ ᠴᠠᠢᠵᠠ ᠬᠠᠳᠬᠤᠭᠤᠷᠲᠤ ᠭᠣᠯᠣᠮᠲᠠ ᠪᠠᠨ ᠳᠤᠰᠤᠯᠠᠳᠠᠭ ᠤᠷᠢᠶᠠᠩᠬᠠᠢ  
ᠬᠦᠯᠦᠭ ᠰᠠᠢᠬᠠᠨ ᠮᠣᠷᠢᠳ ᠢ᠋ᠶ᠋ᠠᠨ ᠰᠢᠭᠰᠢᠷᠡᠭᠡ ᠬᠥᠮᠥᠯᠳᠥᠷᠭᠡ ᠪᠡᠷ ᠭᠣᠶᠣᠯᠠᠳᠠᠭ  
ᠬᠥᠬᠡ ᠲᠩᠷᠢ ᠭᠠᠷᠤᠯ ᠲᠠᠢ ᠤᠯᠠᠭᠠᠨ ᠵᠠᠯᠠᠭᠠᠲᠤ ᠤᠷᠢᠶᠠᠩᠬᠠᠢ  
ᠪᠤᠷᠭᠠᠰᠤᠨ ᠮᠣᠳᠣᠨ ᠭᠡᠷ ᠢ᠋ᠶ᠋ᠡᠨ ᠳᠣᠪᠲᠣᠯᠤᠭ ᠣᠭᠣᠰᠣᠷ ᠢ᠋ᠶ᠋ᠠᠷ ᠴᠢᠮᠡᠭᠰᠡᠨ  
ᠪᠠᠯᠢᠩ ᠳ᠋ᠠᠷ᠎ᠠ ᠴᠠᠭᠠᠨ ᠰᠠᠷ᠎ᠠ ᠶ᠋ᠢᠨ ᠰᠢᠨ᠎ᠡ ᠶ᠋ᠢᠨ ᠨᠢᠭᠡᠨ ᠳ᠋ᠦ᠍ ᠵᠣᠯᠭᠠᠳᠠᠭ  
ᠪᠠᠯ ᠲᠠᠢ ᠵᠦᠢᠰᠡᠨ ᠤᠳᠬ᠎ᠠ ᠲᠠᠢ ᠪᠡᠯᠡᠨ ᠬᠡᠯᠡᠳᠡᠭ ᠦᠭᠡ ᠲᠡᠢ  
ᠪᠠᠬᠠᠷᠬᠠᠮ᠎ᠠ ᠳᠡᠭᠡᠳᠦᠰ ᠦ᠋ᠨ ᠤᠳᠤᠮ ᠪᠠᠶᠠᠯᠢᠭ ᠥᠪ ᠲᠡᠢ ᠤᠷᠢᠶᠠᠩᠬᠠᠢ  
ᠣᠷᠭᠢᠯ ᠨᠢ ᠴᠠᠭᠠᠨ ᠠᠭᠤᠯᠠᠰ ᠲᠤ᠌ ᠪᠠᠨ ᠡᠭᠦᠯᠡᠰ ᠢ᠋ᠶ᠋ᠡᠨ ᠳᠠᠭᠠᠳᠬᠠᠭᠰᠠᠨ ᠤᠷᠢᠶᠠᠩᠬᠠᠢ  
ᠣᠯᠠᠨ ᠤ᠋ ᠳᠤᠮᠳᠠ ᠰᠣᠳᠣᠨ ᠨᠣᠮᠢᠨ ᠲᠠᠮᠠᠭ᠎ᠠ ᠲᠠᠢ ᠤᠷᠢᠶᠠᠩᠬᠠᠢ  
ᠰᠠᠭᠠᠯᠢ ᠰᠦ ᠶ᠋ᠢᠨ ᠢ᠋ᠶ᠋ᠡᠨ ᠳᠡᠭᠡᠵᠢ ᠶ᠋ᠢ ᠰᠥᠭᠡᠭ ᠬᠠᠢᠷᠬᠠᠨ ᠭᠡᠵᠦ ᠡᠷᠭᠦᠵᠦ  
ᠰᠠᠷᠢᠳᠠᠭ ᠶᠡᠬᠡ ᠠᠭᠤᠯᠠᠰ ᠢ᠋ᠶ᠋ᠠᠨ ᠮᠢᠯᠢᠶᠠᠵᠤ ᠰᠡᠪᠡᠭᠰᠡᠨ ᠤᠷᠢᠶᠠᠩᠬᠠᠢ  
ᠠᠷᠪᠠᠨ ᠭᠤᠷᠪᠠᠨ ᠠᠯᠲᠠᠢ ᠳ᠋ᠤ᠌ ᠪᠠᠨ ᠰᠠᠩ ᠢ᠋ᠶ᠋ᠠᠨ ᠲᠠᠯᠪᠢᠭᠰᠠᠨ ᠤᠷᠢᠶᠠᠩᠬᠠᠢ  
ᠠᠷᠪᠠᠨ ᠭᠤᠷᠪᠠᠨ ᠳᠠᠪᠠᠭ᠎ᠠ ᠲᠠᠢ ᠠᠯᠲᠠᠢ ᠶ᠋ᠢ ᠮᠠᠭᠲᠠᠭᠰᠠᠨ ᠤᠷᠢᠶᠠᠩᠬᠠᠢ  
ᠠᠷᠪᠠᠨ ᠭᠤᠷᠪᠠᠨ ᠬᠦᠯᠦᠭ ᠢ᠋ᠶ᠋ᠡᠨ ᠳᠠᠭᠤᠨ ᠳ᠋ᠤ᠌ ᠪᠠᠨ ᠵᠠᠰᠠᠭᠰᠠᠨ ᠤᠷᠢᠶᠠᠩᠬᠠᠢ  
ᠠᠯᠤᠰ ᠠ᠋ᠴᠠ ᠴᠠᠢᠷᠠᠨ ᠰᠤᠨᠤᠯᠵᠠᠬᠤ ᠠᠯᠲᠠᠢ ᠶ᠋ᠢᠨ ᠰᠦᠷᠯᠢᠭ ᠠᠭᠤᠯᠠᠰ ᠲᠤ᠌ ᠪᠠᠨ  ᠠᠷᠭᠠᠮᠵᠢᠶ᠎ᠠ ᠲᠠᠢ ᠤᠷᠢᠶᠠᠩᠬᠠᠢ  
ᠠᠯᠤᠰ ᠭᠠᠵᠠᠷ ᠶᠠᠪᠤᠭᠰᠠᠨ ᠴᠤ᠌ ᠴᠠᠰᠤᠲᠤ ᠠᠯᠲᠠᠢ ᠮᠢᠨᠢ ᠭᠡᠵᠦ ᠵᠠᠯᠪᠠᠷᠢᠵᠤ  
ᠠᠯᠲᠠᠢ ᠶ᠋ᠢᠨ ᠡᠵᠡᠨ ᠮᠢᠯᠢᠶᠠᠨ ᠬᠣᠩᠭᠣᠷ ᠢ᠋ ᠰᠦᠰᠦᠭᠯᠡᠵᠦ ᠪᠢᠰᠢᠷᠡᠭᠰᠡᠨ ᠤᠷᠢᠶᠠᠩᠬᠠᠢ  
ᠬᠢᠭᠢᠯᠢ ᠶ᠋ᠢᠨ ᠠᠢᠵᠠᠮ ᠲᠠᠲᠠᠯᠭᠠᠨ ᠳ᠋ᠤ᠌ ᠪᠠᠨ ᠠᠯᠴᠠᠮ ᠬᠡᠭᠡᠷ ᠢ᠋ᠶ᠋ᠡᠨ ᠰᠠᠨᠠᠭᠠᠯᠵᠠᠵᠤ  
ᠶᠡᠬᠡ ᠠᠭᠤᠯᠠᠰ ᠲᠤ᠌ ᠪᠠᠨ ᠡᠨᠡᠭᠰᠢᠵᠦ ᠬᠣᠷᠸ᠎ᠠ ᠶ᠋ᠢ ᠲᠤᠭᠤᠯᠬᠤ ᠤᠷᠢᠶᠠᠩᠬᠠᠢ  
ᠳᠡᠭᠡᠵᠢ ᠨᠢ ᠴᠠᠭᠠᠨ ᠳᠡᠪᠡᠯ ᠨᠢ ᠴᠠᠭᠠᠨ  
ᠵᠢᠷᠤᠮ ᠨᠢ ᠴᠠᠭᠠᠨ ᠵᠣᠯᠭᠠᠯᠲᠠ ᠨᠢ ᠴᠠᠭᠠᠨ  
ᠠᠭᠤᠯᠠᠰ ᠨᠢ ᠴᠠᠭᠠᠨ ᠤᠷᠢᠶᠠᠩᠬᠠᠢ ᠮᠢᠨᠦ 

   ᠦᠰᠦᠭ ᠠᠮᠢᠯᠠᠭᠤᠯᠤᠭᠴᠢ᠄ ᠤᠷᠢᠶᠠᠩᠬᠠᠢ ᠨᠠᠷᠠᠨᠮᠠᠨᠳᠠ