ᠵᠢᠩᠬᠢᠨᠢ ᠭᠤᠸ᠎ᠠ ᠰᠠᠢᠬᠠᠨ - ᠶᠣᠨᠳᠣᠨ ᠤ ᠪᠢᠯᠢᠭ᠌ - ᠪᠠᠭᠠᠲᠤᠷ Жинхэнэ гоо сайхан - Ёндоны Билиг - Баатар
ᠵᠢᠩᠬᠢᠨᠢ ᠭᠤᠸ᠎ᠠ ᠰᠠᠢᠬᠠᠨ
ᠳᠥᠴᠢᠨ ᠳ᠋ᠦᠩᠰᠢᠭᠤᠷ ᠵᠢᠯ ᠦ᠋ᠨ ᠲᠡᠷᠲᠡᠭᠡ
ᠯᠤᠲᠤ ᠳᠡᠯᠪᠡᠷᠡᠯᠲᠡ ᠳ᠋ᠦ᠍ ᠣᠷᠴᠢᠯᠠᠩ ᠠᠮᠢᠯᠠᠪᠠᠢ
ᠣᠷᠴᠢᠯᠠᠩ ᠡᠭᠦᠰᠦᠭᠰᠡᠨ ᠡᠴᠡ ᠯᠡ ᠬᠣᠢᠰᠢ
ᠣᠳᠣᠬᠢ ᠶᠢᠷᠲᠢᠨᠴᠦ ᠳ᠋ᠦ᠍ ᠨᠢᠰᠴᠦ ᠢᠷᠡᠲᠡᠯ᠎ᠡ
ᠬᠥᠮᠦᠨ ᠲᠥᠷᠥᠯᠬᠢᠲᠡᠨ ᠦ᠌ ᠭᠠᠯ ᠲᠡᠦᠬᠡᠨ᠎ᠡ
ᠬᠠᠮᠤᠭ ᠳᠡᠭᠡᠳᠦ ᠪᠣᠯᠪᠠᠰᠤᠨ ᠨᠢ ᠪᠣᠯᠪᠠᠰᠤ
ᠬᠡᠯᠡᠯᠭᠡᠨ ᠦᠭᠡᠢ ᠶᠠᠷᠢᠶᠠᠨ ᠦᠭᠡᠢ ᠯᠡ
ᠰᠡᠴᠡᠨ ᠪᠢᠯᠢᠭ ᠦ᠋ᠨ ᠭᠤᠸ᠎ᠠ ᠰᠠᠢᠬᠠᠨ ᠁
ᠰᠡᠳᠬᠢᠯ ᠦ᠋ᠨ ᠭᠤᠸ᠎ᠠ ᠰᠠᠢᠬᠠᠨ ᠪᠣᠯᠪᠠᠰᠤ
ᠰᠠᠶᠢ ᠵᠢᠪ ᠵᠢᠩᠬᠢᠨᠢ ᠭᠤᠸ᠎ᠠ ᠰᠠᠢᠬᠠᠨ
ᠵᠠᠢ ᠠ᠋ᠴᠠ ᠯᠠ ᠭᠤᠸ᠎ᠠ ᠰᠠᠢᠬᠠᠨ ᠁
ᠭᠤᠸ᠎ᠠ ᠰᠠᠢᠬᠠᠨ ᠠ᠋ᠴᠠ ᠯᠠ ᠬᠠᠷᠭᠤᠢ
᠁ ᠁ ᠁
ᠬᠡᠳᠦᠢ ᠪᠠᠶᠠᠨ ᠲᠠᠩᠰᠤᠭ ᠨᠢ ᠴᠢᠬᠤᠯᠠ ᠪᠢᠰᠢ
ᠬᠡᠳᠦᠢ ᠤᠷᠲᠤ ᠨᠠᠰᠤᠯᠠᠬᠤ ᠨᠢ ᠴᠢᠬᠤᠯᠠ ᠪᠢᠰᠢ
ᠮᠥᠩᠬᠡᠷᠡᠬᠦ ᠭᠡᠵᠦ ᠭᠣᠷᠢᠳᠠᠬᠤ ᠴᠢᠬᠤᠯᠠ ᠪᠢᠰᠢ
ᠮᠥᠬᠥᠬᠦ ᠦᠭᠡᠢ ᠨᠢ ᠪᠠᠰᠠ ᠴᠢᠬᠤᠯᠠ ᠪᠢᠰᠢ
ᠬᠡᠳᠦᠢ ᠠᠯᠤᠰ ᠲᠤ᠌ ᠬᠦᠷᠬᠦ ᠨᠢ ᠯᠡ ᠰᠠᠶᠢ
ᠥᠨᠳᠥᠷᠯᠢᠭ ᠣᠷᠭᠢᠯ ᠰᠢᠭ᠋ ᠯᠤᠲᠤ — ᠴᠢᠬᠤᠯᠠ!
ᠬᠡᠳᠦᠢ ᠥᠨᠳᠥᠷ ᠲᠦ᠍ ᠳᠡᠭᠦᠯᠢᠬᠦ ᠨᠢ ᠰᠠᠶᠢ —
ᠲᠦᠮᠡᠨ ᠤᠴᠢᠷ ᠤ᠋ᠨ ᠲᠡᠷᠢᠭᠦᠨ ᠭᠠᠪᠢᠶ᠎ᠠ!
ᠰᠠᠶ᠎ᠠ ᠵᠢᠸ᠎ᠠ ᠵᠢᠩᠬᠢᠨᠢ
᠁ ᠁ ᠁
ᠡᠵᠡᠨ ᠪᠣᠭᠳᠠ ᠴᠢᠩᠭᠢᠰ ᠦ᠋ᠨ ᠰᠤᠷᠭᠠᠯ᠄
ᠪᠡᠶ᠎ᠡ ᠪᠠᠭᠠᠲᠤᠷ ᠪᠣᠯᠪᠠᠰᠤ
ᠨᠢᠭᠡᠨ ᠦᠶ᠎ᠡ ᠶ᠋ᠢᠨ ᠪᠠᠭᠠᠲᠤᠷ
ᠪᠢᠯᠢᠭ ᠪᠠᠭᠠᠲᠤᠷ ᠪᠣᠯᠪᠠᠰᠤ
ᠲᠦᠮᠡᠨ ᠦᠶ᠎ᠡ ᠶ᠋ᠢᠨ ᠪᠠᠭᠠᠲᠤᠷ
ᠡᠷᠬᠡᠪᠰᠢ ᠮᠥᠩᠬᠡ ᠪᠢᠰᠢᠷᠡᠲᠦᠭᠡᠢ!
2024᠂ 5᠂ 7᠃ ᠦᠳᠡ ᠳ᠋ᠦ᠍᠃
ᠰᠢᠷᠭᠠᠯ ᠬᠠᠳᠠᠨ ᠪᠢᠴᠢᠭ ᠦ᠋ᠨ ᠰᠢᠷᠡᠭᠡᠨ ᠳᠡᠭᠡᠷ᠎ᠡ ᠪᠡᠨ
ᠭᠠᠯ ᠪᠠᠳᠠᠷᠠᠩᠭᠤᠢ ᠣᠩᠭᠣᠳ ᠤ᠋ᠨ ᠢᠪᠡᠭᠡᠯ ᠳ᠋ᠦ᠍ᠷ ᠪᠠᠭᠲᠠᠩᠬᠠᠨ
ᠵᠢᠷᠭᠠᠯᠠᠩ ᠪᠠᠶᠠᠰᠬᠤᠯᠠᠩ ᠪᠦᠲᠦᠭᠡᠪᠡᠢ ᠪᠥᠯᠥᠭᠡ ᠁ ᠁
ᠬᠥᠬᠡᠬᠣᠲᠠᠨ᠎ᠠ

