ᠪᠣᠭᠳᠠ ᠯᠣᠣᠶᠠ ᠶ᠋ᠢᠨ ᠪᠦᠷᠢᠨ ᠲᠥᠯᠭᠡ 61~70 Богд лууяны бүрэн төлөг 61~70
ᠪᠣᠭᠳᠠ ᠶ᠋ᠢᠨ ᠲᠠᠭᠠᠯᠠᠯ : ᠡᠳ᠋ ᠲᠠᠸᠠᠷ ᠲᠡᠭᠰᠢ᠂ ᠡᠪᠡᠳᠴᠢᠨ ᠡᠳᠡᠭᠡᠮᠦᠢ᠂ ᠵᠠᠷᠭᠤ ᠥᠪᠡᠰᠦᠪᠡᠨ ᠠᠯᠳᠠᠷᠠᠮᠤᠢ᠂ ᠪᠤᠯᠢᠶᠠᠯᠳᠤᠬᠤ ᠬᠡᠷᠡᠭ ᠦᠭᠡᠢ᠂ ᠶᠠᠪᠤᠳᠠᠯ ᠤ᠋ᠨ ᠬᠥᠮᠦᠨ ᠢᠷᠡᠮᠦᠢ᠂ ᠤᠷᠤᠭ ᠪᠠᠰᠠᠴᠤ ᠵᠣᠬᠢᠮᠤᠢ᠂ ᠪᠠᠬᠠᠨ ᠪᠡᠷᠬᠡ ᠪᠣᠯᠪᠠᠴᠤ᠂ ᠡᠴᠦᠰ ᠲᠦ᠍ᠷ ᠲᠡᠭᠰᠢᠷᠠᠮᠤᠢ᠃
ᠲᠠᠢᠯᠪᠤᠷᠢ ᠥᠭᠦᠯᠡᠯ : ᠡᠨᠡ ᠲᠥᠯᠭᠡ ᠳ᠋ᠦ᠍ᠷ ᠠᠶᠤᠬᠤ ᠰᠣᠴᠢᠬᠤ ᠪᠣᠯᠵᠤ ᠮᠠᠭᠤ ᠬᠥᠮᠦᠨ ᠳ᠋ᠦ᠍ᠷ ᠬᠣᠣᠷᠯᠠᠭᠳᠠᠬᠤ ᠲᠡᠮᠳᠡᠭ ᠪᠣᠢ ᠲᠤᠯᠠ ᠬᠦᠯᠢᠴᠡᠯ ᠢ ᠪᠠᠷᠢᠵᠤ ᠪᠤᠶᠠᠨ ᠢ ᠦᠢᠯᠡᠳᠪᠡᠰᠦ ᠰᠠᠬᠢᠭᠤᠯᠰᠤᠨ ᠲᠡᠳᠬᠦᠵᠦ ᠵᠣᠪᠠᠯᠠᠩ ᠠ᠋ᠴᠠ ᠬᠡᠯᠲᠦᠷᠢᠮᠦᠢ᠂ ᠡᠪᠡᠳᠴᠢᠨ ᠬᠠᠲᠠᠬᠤ ᠮᠡᠲᠦ᠂ ᠵᠠᠷᠭᠤ ᠠᠯᠳᠠᠷᠠᠬᠤ᠂ ᠡᠳ᠋ ᠶᠡᠷᠦ᠂ ᠤᠷᠤᠭ ᠪᠣᠯᠪᠠᠰᠤ ᠰᠠᠢᠨ᠂ ᠠᠯᠢᠪᠠ ᠬᠡᠷᠡᠭ ᠳᠣᠭᠰᠢᠨ ᠪᠣᠯᠪᠠᠴᠤ ᠡᠴᠦᠰ ᠲᠦ᠍ᠷ ᠲᠡᠭᠰᠢᠷᠡᠬᠦ᠃
ᠰᠠᠨᠠᠭ᠎ᠠ ᠲᠠᠢᠯᠤᠭᠰᠠᠨ : ᠮᠠᠭᠤ ᠬᠥᠮᠦᠨ ᠬᠣᠣᠷᠯᠠᠬᠤ᠂ ᠠᠯᠢᠪᠠ ᠬᠡᠷᠡᠭ ᠣᠯᠠᠩᠬᠢ ᠲᠦᠭᠰᠢᠭᠦᠷᠢᠲᠡᠢ᠂ ᠪᠤᠶᠠᠨ ᠢ ᠦᠢᠯᠡᠳᠴᠦ ᠶᠠᠪᠤᠪᠠᠰᠤ ᠨᠢᠭᠦᠯᠲᠦ ᠬᠥᠮᠦᠨ ᠳ᠋ᠦ᠍ ᠦᠯᠦ ᠬᠣᠣᠷᠯᠠᠭᠳᠠᠬᠤ᠂ ᠡᠪᠡᠳᠴᠢᠲᠡᠨ ᠪᠥᠭᠡᠰᠦ ᠨᠢᠯᠬ᠎ᠠ᠂ ᠬᠥᠪᠡᠭᠦᠨ ᠭᠡᠮ ᠦᠭᠡᠢ᠂ ᠭᠡᠷ ᠦ᠋ᠨ ᠡᠵᠡᠨ ᠳ᠋ᠦ᠍ᠷ ᠮᠠᠭᠤ᠂ ᠠᠯᠢᠪᠠ ᠬᠡᠷᠡᠭ ᠤᠷᠢᠳᠠ ᠵᠣᠪᠠᠵᠤ᠂ ᠬᠣᠵᠢᠮ ᠪᠠᠶᠠᠷ ᠢ ᠣᠯᠤᠮᠤᠢ᠂ ᠨᠡᠷ᠎ᠡ ᠠᠰᠢᠭ ᠢ ᠪᠡᠷᠬᠡ ᠶ᠋ᠢᠨ ᠳᠣᠲᠣᠷ᠎ᠠ ᠠ᠋ᠴᠠ ᠣᠯᠬᠤ᠃
ᠪᠡᠯᠭᠡ ᠶ᠋ᠢᠨ ᠲᠣᠬᠢᠶᠠᠯᠳᠤᠪᠤᠷᠢ : ᠨᠢᠭᠡᠨ ᠪᠢᠴᠢᠭ ᠦ᠋ᠨ ᠬᠥᠮᠦᠨ ᠰᠢᠯᠭᠠᠵᠤ ᠲᠦᠭᠦᠷᠡᠭᠡᠳ ᠰᠠᠢᠨ ᠮᠡᠳᠡᠭᠡ ᠰᠣᠨᠣᠰᠬᠤ ᠪᠣᠯᠭᠤᠵᠠᠢ ᠭᠡᠮᠡᠨ ᠦᠵᠡᠭᠦᠯᠪᠡᠰᠦ ᠡᠨᠡ ᠲᠥᠯᠭᠡ ᠪᠠᠭᠤᠵᠤᠬᠤᠢ᠂ ᠬᠣᠵᠢᠮ ᠰᠢᠯᠭᠠᠵᠤ ᠣᠯᠣᠭᠰᠠᠨ ᠦᠭᠡᠢ᠂ ᠡᠨᠡ ᠠᠨᠤ ᠲᠥᠯᠭᠡ ᠶ᠋ᠢᠨ ᠳᠣᠲᠣᠷ᠎ᠠ ᠠ᠋ᠴᠠ ᠨᠡᠷ᠎ᠡ ᠬᠦᠰᠡᠭᠴᠢᠳ ᠰᠠᠢᠨ ᠪᠤᠰᠤ᠃
ᠵᠢᠷᠠᠨ ᠬᠣᠶᠠᠳᠤᠭᠠᠷ ᠲᠥᠯᠭᠡ ᠂ ᠴᠠᠭᠠᠨ ᠬᠥᠬᠡᠭᠴᠢᠨ᠂ ᠳᠤᠮᠳᠠ ᠲᠡᠭᠰᠢ᠂ ᠲᠥᠯᠭᠡ ᠶ᠋ᠢᠨ ᠪᠡᠯᠭᠡ ᠠᠨᠤ: ᠬᠠᠨ ᠰᠢᠨ ᠪᠠ ᠸᠠᠩ ᠯᠤᠭ᠎ᠠ ᠲᠠᠢᠯᠳᠤᠭᠰᠠᠨ : ᠵᠠᠭᠤᠨ ᠮᠢᠩᠭᠠᠨ ᠬᠥᠮᠦᠨ ᠤ ᠴᠢᠷᠠᠢ ᠪᠥᠭᠡᠰᠦ ᠪᠡᠷ ᠪᠠᠷᠰ ᠰᠡᠳᠬᠢᠯᠲᠡᠢ᠂ ᠴᠢᠨᠦ ᠭᠡᠷ ᠵᠡᠪᠡᠰᠡᠭ ᠢ᠋ᠶ᠋ᠡᠷ ᠭᠦᠨ᠎ᠡ ᠬᠦᠴᠦᠨ ᠢ ᠭᠠᠷᠬᠤᠢ ᠳ᠋ᠤᠷ ᠢᠲᠡᠭᠡᠵᠦᠬᠦᠢ᠂ ᠲᠡᠢᠨ ᠳᠠᠷᠤᠭᠠᠳ ᠢᠷᠡᠬᠦᠢ ᠳ᠋ᠦ᠍ᠷ ᠨᠠᠮᠤᠷ ᠤ᠋ᠨ ᠥᠩᠭᠡ ᠦᠳᠡᠯᠡᠪᠡᠢ᠂ ᠪᠠᠷᠰ ᠲᠡᠷᠢᠭᠦᠲᠦ ᠪᠠᠯᠭᠠᠰᠤᠨ ᠤ᠋ ᠳᠣᠲᠣᠷ᠎ᠠ ᠰᠤᠷᠠᠭᠯᠠᠨ ᠢᠷᠡᠵᠦ ᠪᠠᠶᠠᠰᠤᠮᠤᠢ᠃
ᠪᠣᠭᠳᠠ ᠶ᠋ᠢᠨ ᠲᠠᠭᠠᠯᠠᠯ : ᠵᠠᠷᠭᠤ ᠮᠠᠭᠠᠳ ᠠᠪᠤᠮᠤᠢ᠂ ᠡᠳ᠋ ᠮᠠᠭᠠᠳ ᠣᠷᠣᠮᠤᠢ᠂ ᠡᠪᠡᠳᠴᠢᠨ ᠴᠢᠳᠬᠥᠷ ᠲᠡᠢ᠂ ᠬᠣᠯᠠ ᠳ᠋ᠠᠭᠠᠨ ᠮᠡᠳᠡᠭᠡ ᠲᠡᠢ᠂ ᠤᠷᠤᠭ ᠪᠦᠲᠦᠮᠦ᠂ ᠨᠡᠷ᠎ᠡ ᠠᠯᠳᠠᠷᠰᠢᠮᠤᠢ᠂ ᠨᠠᠮᠤᠷ ᠤ᠋ᠨ ᠴᠠᠭ ᠪᠣᠯᠪᠠᠰᠤ ᠠᠯᠢᠪᠠ ᠬᠡᠷᠡᠭ ᠪᠦᠲᠦᠮᠦ ᠃
ᠲᠠᠢᠯᠪᠤᠷᠢ ᠥᠭᠦᠯᠡᠯ : ᠡᠨᠡ ᠲᠥᠯᠭᠡ ᠳ᠋ᠦ᠍ᠷ ᠣᠷᠣᠭᠰᠢ ᠪᠡᠷᠬᠡᠰᠢᠶᠡᠯ ᠲᠡᠢ ᠬᠣᠵᠢᠮ ᠳᠡᠯᠭᠡᠷᠡᠮᠦᠢ᠂ ᠨᠠᠮᠤᠷ ᠤ᠋ᠨ ᠴᠠᠭ ᠲᠣᠬᠢᠶᠠᠯᠳᠤᠪᠠᠰᠤ ᠬᠡᠷᠡᠭ ᠪᠦᠭᠦᠳᠡ ᠰᠠᠢᠨ᠂ ᠤᠷᠤᠭ ᠪᠦᠲᠦᠮᠦᠢ᠂ ᠵᠠᠷᠭᠤ ᠣᠯᠤᠮᠤᠢ᠂ ᠡᠪᠡᠳᠴᠢᠲᠡᠨ ᠬᠤᠪᠢᠰᠬᠠᠯ ᠲᠠᠢ᠂ ᠡᠳ᠋ ᠣᠷᠣᠬᠤ ᠭᠠᠷᠬᠤᠢ ᠶ᠋ᠢᠨ ᠲᠡᠭᠰᠢ᠂ ᠶᠠᠪᠤᠳᠠᠯ ᠤ᠋ᠨ ᠬᠥᠮᠦᠨ ᠳ᠋ᠦ᠍ᠷ ᠭᠡᠮ ᠪᠣᠢ᠂ ᠨᠡᠷ᠎ᠡ ᠠᠰᠢᠭ ᠡᠴᠦᠰ ᠲᠡᠭᠡᠨ ᠰᠡᠳᠬᠢᠯᠴᠢᠯᠡᠨ ᠪᠦᠲᠦᠬᠦ ᠦᠭᠡᠢ᠃
ᠰᠠᠨᠠᠭ᠎ᠠ ᠲᠠᠢᠯᠤᠭᠰᠠᠨ : ᠵᠠᠷ ᠵᠡᠪᠰᠡᠭ ᠬᠡᠮᠡᠭᠰᠡᠨ ᠠᠨᠤ ᠂ ᠪᠤᠶᠠᠨᠲᠤ ᠬᠥᠮᠦᠨ ᠲᠡᠳᠬᠦᠮᠦᠢ᠂ ᠬᠥᠮᠦᠨ ᠤ ᠴᠢᠷᠠᠢ᠂ ᠠᠳᠤᠭᠤᠰᠤᠨ ᠰᠡᠳᠬᠢᠯ ᠳ᠋ᠦ᠍ ᠬᠡᠮᠡᠭᠰᠡᠨ ᠠᠨᠤ ᠮᠠᠭᠤ ᠰᠠᠨᠠᠯᠲᠠᠨ ᠤ᠋ ᠬᠣᠣᠷᠯᠠᠯ ᠪᠣᠯᠠᠢ᠃ ᠰᠠᠢᠨ ᠬᠥᠮᠦᠨ ᠵᠠᠷ ᠵᠡᠪᠡᠰᠡᠭ ᠰᠠᠬᠢᠬᠤ ᠶ᠋ᠢᠨ ᠴᠢᠳᠠᠯ ᠳ᠋ᠤᠷ ᠰᠢᠲᠦᠵᠦ ᠨᠢᠳᠦᠨ ᠡᠮᠦᠨ᠎ᠡ ᠥᠴᠦᠬᠡᠨ ᠠᠶᠤᠯ ᠪᠣᠢ ᠪᠣᠯᠪᠠᠴᠤ ᠭᠡᠮ ᠦᠯᠦ ᠪᠣᠯᠤᠮᠤ᠂ ᠨᠠᠮᠤᠷ ᠤ᠋ᠨ ᠴᠠᠭ ᠲᠤᠷ ᠳᠡᠭᠡᠭᠰᠢ ᠲᠡᠪᠴᠢᠭᠡᠳ᠂ ᠠᠯᠢᠪᠠ ᠰᠠᠨᠠᠭᠰᠠᠨ ᠬᠡᠷᠡᠭ ᠤᠯᠠᠮ ᠰᠠᠢᠵᠢᠷᠠᠮᠤ᠂ ᠰᠤᠷᠠᠭᠯᠠᠨ ᠢᠷᠡᠵᠦ ᠪᠡᠶᠡᠰᠦᠮᠦ ᠬᠡᠮᠡᠭᠰᠡᠨ ᠠᠨᠤ ᠰᠠᠨᠠᠮᠰᠠᠷ ᠦᠭᠡᠢ ᠭᠡᠨᠡᠳᠲᠡ ᠠᠭᠤᠯᠵᠠᠬᠤ ᠶ᠋ᠢᠨ ᠲᠡᠮᠳᠡᠭ ᠪᠣᠯᠠᠢ᠂ ᠦᠵᠡᠭᠦᠯᠦᠭᠴᠢᠳ ᠪᠠᠷᠰ ᠲᠤᠷ ᠲᠣᠬᠢᠶᠠᠯᠳᠤᠪᠠᠰᠤ ᠮᠠᠰᠢ ᠰᠠᠢᠨ᠃
ᠪᠡᠯᠭᠡ ᠶ᠋ᠢᠨ ᠲᠣᠬᠢᠶᠠᠯᠳᠤᠪᠤᠷᠢ : ᠡᠷᠲᠡ ᠯᠢᠦ ᠴᠠᠩ ᠢ ᠶᠡᠷᠦ ᠶ᠋ᠢᠨ ᠲᠤᠯᠠ ᠦᠵᠡᠭᠦᠯᠪᠡᠰᠦ ᠡᠨᠡ ᠲᠥᠯᠭᠡ ᠪᠠᠭᠤᠵᠤᠬᠤᠢ᠂ ᠬᠣᠵᠢᠮ ᠲᠠᠢᠱᠤ ᠬᠠᠭᠠᠨ ᠢ ᠳᠠᠭᠠᠵᠤ ᠬᠦᠴᠦᠨ ᠶᠡᠬᠡ ᠪᠠᠢᠭᠤᠯᠤᠭᠠᠳ ᠲᠦᠰᠢᠮᠡᠯ ᠢ᠋ᠶ᠋ᠡᠨ ᠲᠤᠰᠢᠶᠠᠵᠤ ᠭᠠᠵᠠᠷ ᠲᠠᠭᠠᠨ ᠭᠠᠷᠪᠠᠢ᠂ ᠨᠠᠮᠤᠷ ᠤ᠋ᠨ ᠥᠩᠭᠡ ᠥᠲᠡᠯᠪᠡᠢ ᠬᠡᠮᠡᠭᠰᠡᠨ ᠰᠠᠨᠠᠭ᠎ᠠ ᠠᠨᠤ ᠨᠡᠷ᠎ᠡ ᠮᠠᠰᠢ ᠶᠡᠬᠡ ᠳᠡᠯᠭᠡᠷᠡᠭᠡᠳ ᠬᠣᠯᠠ ᠳ᠋ᠠᠭᠠᠨ ᠡᠳ᠋ᠯᠡᠵᠦ ᠦᠯᠦ ᠪᠣᠯᠤᠮᠤ᠂ ᠲᠡᠢᠮᠦ ᠡᠴᠡ ᠴᠤᠤ ᠵᠧᠦ ᠳ᠋ᠦ᠍ᠷ ᠨᠢᠭᠤᠨ ᠰᠠᠭᠤᠪᠠᠢ ᠂ ᠬᠠᠭᠤᠴᠢᠨ ᠨᠡᠷ᠎ᠡ ᠢᠨᠤ ᠪᠠᠷᠰ ᠲᠡᠷᠢᠭᠦᠲᠦ ᠪᠠᠯᠭᠠᠳ ᠪᠣᠯᠠᠢ᠃
ᠵᠢᠷᠠᠨ ᠭᠤᠷᠪᠠᠳᠤᠭᠠᠷ ᠲᠥᠯᠭᠡ ᠂ ᠴᠠᠭᠠᠨ ᠤᠯᠠᠭᠠᠨ᠂ ᠳᠤᠮᠳᠠ ᠲᠡᠭᠰᠢ᠂ ᠲᠥᠯᠭᠡ ᠶ᠋ᠢᠨ ᠪᠡᠯᠭᠡ ᠠᠨᠤ : ᠶᠠᠩ ᠯᠢᠩ ᠬᠦᠩ᠂ ᠯᠢ ᠯᠢᠩ ᠦ᠋ᠨ ᠫᠠᠢ ᠴᠢᠯᠠᠭᠤᠨ᠎ᠠ ᠮᠥᠷᠭᠥᠵᠦ ᠦᠬᠦᠭᠰᠡᠨ : ᠤᠷᠢᠲ᠌ᠨ ᠳᠠᠷᠤᠭᠳᠠᠭᠠᠳ ᠳᠤᠲᠠᠭᠠᠵᠤ ᠡᠮᠦᠨ᠎ᠡ ᠵᠦᠭ ᠢᠷᠡᠯᠦᠭᠡ᠂ ᠶᠠᠰᠤ ᠰᠢᠷᠪᠦᠰᠦᠨ ᠬᠡᠳᠦᠢ ᠮᠠᠭᠤᠳᠠᠪᠠᠴᠤ ᠨᠢᠭᠡᠨ ᠤᠳᠠᠭ᠎ᠠ ᠴᠢᠷᠮᠠᠢᠨ ᠴᠢᠳᠠᠮᠤᠢ᠂ ᠤᠷᠢᠳᠤ ᠲᠥᠷᠥᠯ ᠦ᠋ᠨ ᠭᠤᠷᠪᠠᠨ ᠭᠤᠷᠪᠠᠨ ᠪᠥᠭᠡᠳ ᠬᠣᠢᠨ᠎ᠠ ᠭᠤᠷᠪᠠᠨ ᠭᠤᠷᠪᠠᠨ ᠪᠣᠢ᠃
ᠪᠣᠭᠳᠠ ᠶ᠋ᠢᠨ ᠲᠠᠭᠠᠯᠠᠯ : ᠡᠪᠡᠳᠴᠢᠲᠡᠨ ᠵᠠᠰᠠᠵᠤ ᠪᠣᠯᠤᠮᠤᠢ᠂ ᠡᠳ᠋ ᠲᠠᠸᠠᠷ ᠲᠡᠭᠰᠢ᠂ ᠶᠡᠷᠦ ᠮᠡᠳᠡᠭᠡ ᠯᠠᠪ ᠣᠯᠳᠣᠮᠣᠢ : ᠨᠡᠷ᠎ᠡ ᠨᠡᠪᠲᠡᠷᠡᠬᠦ ᠦᠭᠡᠢ᠂ ᠤᠷᠤᠭ ᠰᠣᠢᠯᠠᠵᠤ ᠪᠣᠯᠤᠮᠤᠢ᠂ ᠪᠢᠲᠡᠭᠡᠢ ᠬᠦᠴᠦᠯᠡᠨ ᠡᠷᠢ᠂ ᠵᠠᠶᠠᠭᠠᠨ ᠢ ᠬᠦᠯᠢᠶᠡᠭᠳᠡᠬᠦᠢ᠃
ᠲᠠᠢᠯᠪᠤᠷᠢ ᠥᠭᠦᠯᠡᠯ : ᠡᠨᠡ ᠲᠥᠯᠭᠡ ᠳ᠋ᠦ᠍ᠷ ᠰᠠᠨᠠᠭᠰᠠᠨ ᠬᠡᠷᠡᠭ ᠪᠦᠲᠦᠮᠵᠢ ᠲᠡᠢ᠂ ᠨᠠᠰᠤᠵᠢᠭᠰᠠᠨ ᠬᠥᠮᠦᠨ ᠬᠤᠳᠠᠯᠳᠤᠭᠠᠨᠡ ᠨᠢᠭᠡᠨ ᠤᠳᠠᠭ᠎ᠠ ᠣᠳᠪᠠᠰᠤ ᠪᠣᠯᠤᠮᠤᠢ ᠮᠡᠲᠦ᠂ ᠵᠠᠷᠭᠤ ᠶ᠋ᠢ ᠠᠰᠠᠭᠤᠪᠠᠰᠤ ᠵᠣᠬᠢᠯᠳᠤ᠂ ᠡᠮ᠎ᠡ ᠭᠤᠷᠪᠠᠨ ᠤᠳᠠᠭ᠎ᠠ ᠠᠪᠤᠮᠤᠢ᠂ ᠡᠳ᠋ ᠲᠠᠸᠠᠷ ᠶᠡᠷᠦ ᠮᠡᠳᠡᠭᠡ ᠳᠠᠷᠤᠢ ᠰᠣᠨᠣᠰᠤᠮᠤᠢ᠂ ᠨᠡᠷ᠎ᠡ ᠪᠦᠲᠦᠭᠡ ᠡᠳᠦᠢ᠂ ᠡᠪᠡᠳᠴᠢᠲᠡᠨ᠎ᠡ ᠡᠮᠴᠢ ᠲᠤᠰᠠᠯᠠᠮᠤ᠃
ᠰᠠᠨᠠᠭ᠎ᠠ ᠲᠠᠢᠯᠤᠭᠰᠠᠨ : ᠰᠢᠯᠦᠭ ᠦ᠋ᠨ ᠠᠩᠬ᠎ᠠ ᠦᠭᠡᠨ ᠤᠷᠢᠳᠠ ᠶ᠋ᠢᠨ ᠮᠡᠲᠦ ᠰᠠᠨᠠᠭᠠᠨ ᠳ᠋ᠤ᠌ ᠬᠦᠷᠬᠦ ᠦᠭᠡᠢ ᠬᠡᠮᠡᠭᠰᠡᠨ ᠪᠣᠯᠠᠢ ᠬᠣᠶᠠᠳᠤᠭᠠᠷ ᠦᠭᠡᠨ ᠬᠥᠮᠦᠨ ᠢ ᠥᠪᠡᠷ ᠢ᠋ᠶ᠋ᠡᠨ ᠪᠢᠲᠡᠭᠡᠢ ᠳᠠᠪᠴᠢ ᠬᠡᠮᠡᠭᠰᠡᠨ ᠦᠭᠡᠨ ᠪᠣᠯᠠᠢ᠂ ᠦᠵᠡᠭᠦᠯᠦᠭᠴᠢᠳ ᠳᠡᠯᠭᠡᠷᠡᠬᠦ ᠶ᠋ᠢᠨ ᠲᠤᠢᠯ ᠳ᠋ᠤ᠌ ᠬᠦᠷᠦᠭᠰᠡᠨ ᠪᠣᠯᠪᠠᠴᠤ ᠪᠠᠭᠤᠷᠠᠮᠤ᠂ ᠪᠠᠭᠤᠷᠠᠬᠤ ᠶ᠋ᠢᠨ ᠲᠤᠢᠯ ᠳ᠋ᠤ᠌ ᠬᠦᠷᠦᠭᠰᠡᠨ ᠬᠣᠢᠨ᠎ᠠ ᠲᠡᠩᠬᠡᠷᠡᠮᠦ᠂ ᠰᠠᠢᠨ ᠮᠠᠭᠤ᠂ ᠣᠯᠬᠤ ᠠᠯᠳᠠᠬᠤ ᠬᠠᠷᠢᠯᠴᠠ ᠣᠷᠴᠢᠬᠤ ᠠᠨᠤ ᠵᠠᠶᠠᠭᠠᠨ ᠤ᠋ ᠪᠤᠰᠤ ᠪᠤᠶᠤ ᠦᠵᠡᠭᠦᠯᠦᠭᠰᠡᠨ ᠡᠳᠦᠷ ᠡᠴᠡ ᠶᠢᠰᠦᠨ ᠲᠣᠭ᠎ᠠ ᠳ᠋ᠤᠷ ᠲᠣᠬᠢᠶᠠᠯᠳᠤᠪᠠᠰᠤ ᠪᠦᠲᠦᠮᠦ᠂ ᠬᠡᠷᠪᠡ ᠡᠰᠡ ᠲᠣᠬᠢᠶᠠᠯᠳᠤᠪᠠᠰᠤ ᠵᠠᠢᠯᠠᠪᠠᠰᠤ ᠵᠣᠬᠢᠮᠤᠢ᠂ ᠶᠡᠬᠡ ᠲᠥᠯᠥᠪ ᠠᠨᠤ ᠡᠨᠡ ᠲᠥᠯᠭᠡ ᠨᠡᠷ᠎ᠡ ᠪᠥᠭᠡᠰᠦ ᠤᠳᠠᠭᠠᠨ ᠪᠦᠲᠦᠮᠦ ᠬᠥᠪᠡᠭᠦᠨ ᠪᠥᠭᠡᠰᠦ ᠡᠷᠲᠡ ᠣᠯᠤᠮᠤ : ᠡᠮ᠎ᠡ ᠠᠪᠬᠤ ᠠᠨᠤ ᠭᠤᠷᠪᠠᠨ ᠤᠳᠠᠭ᠎ᠠ ᠠᠪᠤᠮᠤᠢ᠃
ᠪᠡᠯᠭᠡ ᠶ᠋ᠢᠨ ᠲᠣᠬᠢᠶᠠᠯᠳᠤᠪᠤᠷᠢ ᠂ ᠨᠢᠭᠡᠨ ᠬᠦᠩ ᠽᠢ ᠬᠡᠷᠡᠭ ᠲᠦ᠍ᠷ ᠰᠠᠭᠠᠲᠠᠵᠤ ᠠᠷᠪᠠᠭᠠᠳ ᠵᠢᠯ ᠰᠢᠯᠭᠠᠭᠰᠠᠨ ᠦᠭᠡᠢ ᠲᠤᠯᠠ ᠰᠠᠨᠠᠭᠠᠨ ᠰᠢᠭᠤᠳᠴᠤ ᠰᠣᠩᠭᠣᠬᠤ ᠶ᠋ᠢ ᠬᠦᠯᠢᠶᠡᠰᠦᠭᠡᠢ ᠬᠡᠮᠡᠬᠦᠢ ᠳ᠋ᠦ᠍ᠷ ᠤᠷᠤᠭ ᠲᠥᠷᠥᠯ ᠠᠨᠤ ᠡᠷᠬᠡᠪᠰᠢ ᠰᠢᠯᠭᠠᠬᠤ ᠬᠡᠷᠡᠭᠲᠡᠢ ᠭᠡᠮᠡᠨ ᠱᠠᠭᠠᠷᠳᠠᠭᠤᠯᠬᠤᠢ ᠳ᠋ᠤᠷ᠂ ᠦᠵᠡᠭᠦᠯᠪᠡᠰᠦ ᠡᠨᠡ ᠲᠥᠯᠭᠡ ᠪᠠᠭᠤᠵᠬᠤᠢ᠂ ᠲᠡᠨᠳᠡᠴᠡ ᠰᠢᠯᠭᠠᠷ᠎ᠠ ᠤᠲᠤᠭᠠᠳ᠂ ᠵᠢᠷᠠᠨ ᠵᠢᠷᠭᠤᠳᠤᠭᠠᠷ ᠵᠢᠦᠢ ᠷᠸᠡ ᠪᠣᠯᠵᠤᠬᠤᠢ : ᠡᠨᠡ ᠠᠨᠤ ᠤᠷᠢᠳᠠ ᠭᠤᠷᠪᠠᠨ ᠭᠤᠷᠪᠠᠨ ᠪᠥᠭᠡᠳ᠂ ᠬᠣᠢᠲᠤ ᠭᠤᠷᠪᠠᠨ ᠭᠤᠷᠪᠠᠨ ᠬᠡᠮᠡᠭᠰᠡᠨ ᠯᠦ᠍ᠭᠡ ᠲᠣᠬᠢᠶᠠᠯᠳᠤᠵᠤᠬᠤᠢ᠂ ᠬᠣᠵᠢᠮ ᠴᠡᠨ ᠵᠧᠦ ᠶ᠋ᠢᠨ ᠵᠢᠶᠠᠨ ᠱᠦᠢ ᠲᠦᠰᠢᠮᠡᠯ ᠪᠣᠯᠵᠤ ᠨᠢᠭᠡᠨ ᠤᠳᠠᠭ᠎ᠠ ᠰᠠᠭᠤᠭᠠᠳ ᠨᠤᠲᠤᠭ ᠲᠠᠭᠠᠨ ᠡᠷᠭᠢᠪᠡᠢ᠂ ᠡᠨᠡ ᠠᠨᠤ ᠰᠢᠯᠦᠭ ᠦ᠋ᠨ ᠠᠩᠬ᠎ᠠ ᠪᠠᠳᠠᠭ ᠯᠤᠭ᠎ᠠ ᠨᠡᠢᠯᠡᠵᠦᠬᠦᠢ᠃
ᠵᠢᠷᠠᠨ ᠳᠥᠲᠥᠭᠡᠷ ᠲᠥᠯᠭᠡ ᠂ ᠴᠠᠭᠠᠨ ᠤᠯᠠᠭᠴᠢᠨ᠂ ᠳᠡᠭᠡᠳᠦ ᠶ᠋ᠢᠨ ᠳᠡᠭᠡᠳᠦ᠂ ᠲᠥᠯᠭᠡ ᠶ᠋ᠢᠨ ᠪᠡᠯᠭᠡ ᠠᠨᠤ᠂ ᠭᠤᠸᠠᠨ ᠪᠤᠤ ᠬᠣᠶᠠᠭᠤᠯᠠ ᠠᠯᠲᠠ ᠬᠤᠪᠢᠶᠠᠭᠰᠠᠨ : ᠰᠠᠢᠨ ᠬᠥᠮᠦᠨ ᠤᠴᠠᠷᠠᠯᠳᠤᠪᠠᠰᠤ ᠢᠵᠠᠭᠤᠷ ᠤ᠋ᠨ ᠠᠳᠠᠯᠢ ᠨᠠᠢᠷᠠᠮᠳᠠᠬᠤ ᠪᠣᠢ : ᠵᠢᠴᠢ ᠪᠠᠰᠠ ᠠᠷᠭ᠎ᠠ ᠪᠠᠷᠢᠭᠰᠠᠨ ᠲᠡᠭᠷᠢ ᠤᠰᠤᠨ ᠤ᠋ ᠡᠪᠦᠭᠡᠨ ᠠᠮᠤᠢ᠂ ᠬᠥᠮᠦᠨ ᠤ ᠬᠦᠴᠦᠨ ᠢ ᠵᠣᠪᠠᠭᠠᠯ ᠦᠭᠡᠭᠦᠶ᠎ᠡ᠂ ᠭᠣᠣᠯ ᠰᠢᠭᠦᠮᠵᠢᠯᠡᠯ ᠨᠠᠢᠷᠠᠪᠠᠢ᠃ ᠢᠨᠢᠶᠡᠵᠦ ᠨᠠᠭᠠᠳᠤᠭᠰᠠᠭᠠᠷ ᠬᠡᠷᠡᠭ ᠪᠦᠲᠦᠭᠡᠳ ᠭᠠᠪᠢᠶ᠎ᠠ ᠦᠯᠡᠮᠵᠢ ᠪᠣᠯᠤᠮᠤ᠃
ᠪᠣᠭᠳᠠ ᠶ᠋ᠢᠨ ᠲᠠᠭᠠᠯᠠᠯ : ᠵᠣᠣ ᠣᠪᠣᠭᠲᠤ ᠳ᠋ᠤᠷ ᠤᠴᠠᠷᠠᠪᠠᠰᠤ ᠰᠠᠢᠨ᠂ ᠵᠠᠷᠭᠤ ᠤᠰᠠᠳᠤᠮᠤᠢ᠂ ᠨᠡᠷ᠎ᠡ ᠪᠦᠲᠦᠮᠦᠢ᠂ ᠡᠪᠡᠳᠴᠢᠲᠡᠨ ᠵᠠᠰᠠᠵᠤ ᠪᠣᠯᠤᠮᠤᠢ᠂ ᠡᠳ᠋ ᠦᠯᠡᠮᠵᠢ ᠪᠣᠯᠤᠮᠤᠢ᠂ ᠤᠷᠤᠭ ᠮᠥᠨ ᠰᠠᠢᠨ᠂ ᠬᠣᠯᠠ ᠶ᠋ᠢᠨ ᠮᠡᠳᠡᠭᠡ ᠳᠠᠷᠤᠢ ᠬᠦᠷᠴᠦ ᠢᠷᠡᠮᠦᠢ᠃
ᠲᠠᠢᠯᠪᠤᠷᠢ ᠥᠭᠦᠯᠡᠯ : ᠡᠨᠡ ᠲᠥᠯᠭᠡ ᠳ᠋ᠦ᠍ᠷ ᠰᠠᠨᠠᠭᠰᠠᠨ ᠬᠡᠷᠡᠭ ᠵᠣᠬᠢᠯᠳᠤᠬᠤ ᠡᠷᠬᠡᠪᠰᠢ ᠪᠤᠶᠠᠨᠲᠤ ᠬᠥᠮᠦᠨ ᠲᠡᠳᠬᠦᠮᠵᠢᠯᠡᠮᠦᠢ᠂ ᠭᠠᠷᠴᠤ ᠣᠷᠣᠬᠤᠢ ᠳ᠋ᠤᠷ ᠴᠥᠮ ᠰᠠᠢᠨ᠂ ᠵᠠᠷᠭᠤ ᠳᠠᠷᠤᠢ ᠤᠰᠠᠳᠤᠮᠤᠢ᠂ ᠨᠡᠷ᠎ᠡ ᠮᠥᠨ ᠪᠦᠲᠦᠮᠦᠢ᠂ ᠡᠳ᠋ ᠢ ᠬᠦᠰᠡᠵᠦ ᠪᠣᠯᠤᠮᠤᠢ᠂ ᠤᠷᠤᠭ ᠮᠥᠨ ᠵᠣᠬᠢᠯᠳᠤᠮᠤ᠂ ᠡᠪᠡᠳᠴᠢᠲᠡᠨ ᠳ᠋ᠦ᠍ᠷ ᠡᠮᠴᠢ ᠲᠤᠰᠠᠯᠠᠬᠤ᠂ ᠮᠡᠳᠡᠭᠡ ᠮᠥᠨ ᠳᠠᠷᠤᠢ ᠬᠦᠷᠴᠦ ᠢᠷᠡᠮᠦᠢ᠃
ᠰᠠᠨᠠᠭ᠎ᠠ ᠲᠠᠢᠯᠤᠭᠰᠠᠨ : ᠭᠠᠪᠢᠶ᠎ᠠ ᠨᠡᠷ᠎ᠡ ᠪᠠ ᠰᠠᠨᠠᠭᠰᠠᠨ ᠬᠡᠷᠡᠭ ᠵᠣᠣ ᠬᠣᠶᠠᠷ ᠣᠪᠣᠭᠲᠠᠨ ᠳ᠋ᠤᠷ ᠤᠴᠠᠷᠠᠪᠠᠰᠤ ᠬᠦᠴᠦᠯᠡᠯ ᠦᠭᠡᠢ ᠮᠠᠭᠠᠳ ᠪᠦᠲᠦᠮᠦ᠂ ᠭᠠᠭᠴᠠ ᠢᠨᠢᠶᠡᠵᠦ ᠨᠠᠭᠠᠳᠤᠭᠰᠠᠭᠠᠷ ᠬᠡᠮᠡᠭᠰᠡᠨ ᠢ ᠰᠢᠨᠵᠢᠯᠡᠪᠡᠰᠦ ᠳᠤᠮᠳᠠ ᠠ᠋ᠴᠠ ᠰᠠᠭᠠᠳ ᠪᠣᠯᠬᠤ ᠮᠡᠲᠦ ᠦᠭᠡᠨ ᠢ ᠰᠡᠷᠡᠮᠵᠢᠯᠡᠵᠦ ᠶᠠᠪᠤᠳᠠᠯ ᠢ᠋ᠶ᠋ᠠᠨ ᠬᠢᠴᠢᠶᠡᠪᠡᠰᠦ ᠰᠡᠳᠬᠢᠯᠴᠢᠯᠡᠨ ᠪᠦᠲᠦᠬᠦ ᠪᠣᠯᠠᠢ᠂ ᠲᠡᠭᠷᠢ ᠤᠰᠤᠨ ᠡᠪᠦᠭᠡᠨ ᠬᠡᠮᠡᠭᠰᠡᠨ ᠠᠨᠤ ᠭᠠᠭᠴᠠ ᠵᠣᠣ ᠣᠪᠣᠭᠲᠠᠨ ᠪᠤᠰᠤ᠂ ᠭᠠᠵᠠᠷ ᠤ᠋ᠨ ᠨᠡᠷ᠎ᠡ ᠲᠡᠭᠷᠢ ᠶ᠋ᠢᠨ ᠤᠰᠤᠨ ᠬᠡᠮᠡᠭᠰᠡᠨ ᠦᠭᠡᠨ ᠪᠣᠢ ᠪᠣᠯᠪᠠᠰᠤ ᠪᠠᠰᠠ ᠪᠣᠯᠤᠮᠤ᠃
ᠪᠡᠯᠭᠡ ᠶ᠋ᠢᠨ ᠳᠣᠬᠢᠶᠠᠯᠳᠤᠪᠤᠷᠢ᠄ ᠨᠢᠭᠡᠨ ᠪᠢᠴᠢᠭ ᠦ᠋ᠨ ᠬᠥᠮᠦᠨ ᠰᠢᠶᠠᠨ ᠤ᠋ ᠲᠦᠰᠢᠮᠡᠯ ᠰᠠᠭᠤᠭᠠᠳ᠂ ᠣᠰᠣᠯ ᠭᠡᠮᠡᠨ ᠰᠢᠭᠦᠮᠵᠢᠯᠡᠭᠰᠡᠨ ᠳ᠋ᠡᠭᠡᠨ ᠦᠵᠡᠭᠦᠯᠪᠡᠰᠦ ᠡᠨᠡ ᠲᠥᠯᠭᠡ ᠪᠠᠭᠤᠵᠤᠬᠤᠢ᠃ ᠬᠣᠵᠢᠮ ᠬᠣᠲᠠ ᠬᠣᠲᠠᠯᠠᠭᠠᠷ ᠬᠦᠴᠦᠯᠡᠨ ᠪᠠᠲᠤᠯᠠᠵᠤ ᠲᠦᠰᠢᠮᠡᠯ ᠢ ᠠᠨᠤ ᠦᠯᠡᠳᠡᠭᠡᠪᠡ᠂ ᠡᠨᠡ ᠠᠨᠤ ᠬᠥᠮᠦᠨ ᠤ ᠬᠦᠴᠦᠨ ᠤ ᠵᠣᠪᠠᠭᠠᠯ ᠦᠭᠡᠭᠦᠶ᠎ᠡ ᠭᠣᠣᠯ ᠰᠢᠭᠦᠮᠵᠢᠯᠡᠯ ᠢ ᠨᠠᠢᠷᠠᠪᠠᠢ ᠬᠡᠮᠡᠭᠰᠡᠨ ᠯᠦ᠍ᠭᠡ ᠨᠡᠢᠯᠡᠵᠦᠬᠦᠢ᠃
ᠵᠢᠷᠠᠨ ᠲᠠᠪᠤᠳᠤᠭᠠᠷ ᠲᠥᠯᠭᠡ᠄ ᠴᠠᠭᠠᠨ ᠰᠢᠷ᠎ᠠ᠂ ᠳᠡᠭᠡᠳᠦ ᠶ᠋ᠢᠨ ᠳᠡᠭᠡᠳᠦ᠂ ᠲᠥᠯᠭᠡ ᠶ᠋ᠢᠨ ᠪᠡᠯᠭᠡ ᠠᠨᠤ : ᠮᠡᠩ ᠶᠠᠩ ᠰᠦᠮ᠎ᠡ ᠳ᠋ᠦ᠍ᠷ ᠰᠢᠯᠦᠭᠯᠡᠭᠰᠡᠨ : ᠤᠮᠠᠷ᠎ᠠ ᠳ᠋ᠤ᠌ ᠰᠠᠯᠬᠢᠨ ᠱᠣᠳᠠᠨ ᠭᠠᠷᠤᠭᠠᠳ ᠭᠠᠵᠢᠯᠭᠠ ᠡᠪᠦᠯ ᠪᠣᠯᠪᠠᠰᠤ : ᠡᠭᠦᠳᠡ ᠬᠣᠷᠭᠣᠭᠠ ᠳ᠋ᠤᠷ ᠪᠠᠶᠠᠷ ᠤ᠋ᠨ ᠪᠡᠯᠭᠡ ᠵᠤᠵᠠᠭᠠᠨ ᠳ᠋ᠤᠷ ᠪᠠᠶᠠᠰᠤᠮᠤᠢ᠂ ᠵᠢᠴᠢ ᠰᠢᠨ᠎ᠡ ᠬᠠᠪᠤᠷ ᠲᠤᠷ ᠣᠷᠣᠭᠰᠠᠨ ᠤ᠋ ᠬᠣᠢᠨ᠎ᠠ᠂ ᠰᠡᠳᠬᠢᠯ ᠦ᠋ᠨ ᠦᠭᠡᠨ ᠢ ᠰᠠᠶᠢ ᠣᠯᠵᠤ ᠮᠡᠳᠡᠭᠡ ᠤᠷᠢᠳᠠ ᠲᠣᠳᠣᠷᠠᠮᠤᠢ᠃
ᠪᠣᠭᠳᠠ ᠶ᠋ᠢᠨ ᠲᠠᠭᠠᠯᠠᠯ : ᠡᠳ᠋ ᠶᠡᠬᠡ ᠣᠯᠤᠮᠤᠢ ᠨᠡᠷ᠎ᠡ ᠳᠡᠭᠡᠷ᠎ᠡ ᠪᠦᠲᠦᠮᠦᠢ᠂ ᠤᠷᠤᠭ ᠵᠣᠬᠢᠮᠤᠢ᠂ ᠵᠠᠷᠭᠤ ᠠᠪᠤᠮᠤᠢ : ᠡᠪᠡᠳᠴᠢᠲᠡᠨ ᠳᠠᠷᠤᠢ ᠠᠮᠤᠷᠵᠢᠮᠤᠢ ᠶᠠᠪᠤᠳᠠᠯ ᠤ᠋ᠨ ᠬᠥᠮᠦᠨ ᠢᠷᠡᠮᠦᠢ᠂ ᠵᠣᠪᠠᠯᠠᠩ ᠪᠦᠭᠦᠳᠡ ᠤᠰᠠᠳᠤᠮᠤᠢ ᠵᠢᠷᠭᠠᠯᠠᠩ ᠪᠦᠭᠦᠳᠡ ᠳᠡᠯᠭᠡᠷᠡᠮᠦᠢ᠃
ᠲᠠᠢᠯᠪᠤᠷᠢ ᠥᠭᠦᠯᠡᠯ : ᠡᠨᠡ ᠲᠥᠯᠭᠡ ᠳ᠋ᠦ᠍ᠷ ᠡᠪᠦᠯ ᠬᠡᠮᠡᠭᠴᠢ ᠲᠣᠭᠠᠨ ᠤ᠋ ᠲᠤᠢᠯ ᠲᠤᠯᠠ ᠤᠷᠪᠠᠨ ᠬᠤᠪᠢᠯᠵᠤ ᠳᠡᠯᠭᠡᠷᠡᠬᠦ ᠶ᠋ᠢᠨ ᠴᠠᠭ ᠡᠬᠢᠯᠡᠮᠦᠢ᠂ ᠲᠡᠢᠮᠦ ᠶ᠋ᠢᠨ ᠲᠤᠯᠠ ᠪᠤᠶᠠᠨᠲᠤ ᠬᠥᠮᠦᠨ ᠳ᠋ᠦ᠍ᠷ ᠲᠡᠳᠬᠦᠭᠳᠡᠵᠦ᠂ ᠡᠯᠳᠡᠪ ᠦᠢᠯᠡ ᠳᠡᠯᠭᠡᠷᠡᠬᠦ᠂ ᠡᠪᠡᠳᠴᠢᠨ ᠠᠮᠤᠷᠵᠢᠮᠤᠢ᠂ ᠵᠠᠷᠭᠤ ᠵᠣᠬᠢᠯᠳᠤᠮᠤ᠂ ᠡᠳ᠋ ᠣᠯᠬᠤ᠂ ᠤᠷᠤᠭ ᠪᠦᠲᠦᠬᠦ᠂ ᠨᠡᠷ᠎ᠡ ᠥᠨᠳᠥᠷ᠂ ᠶᠠᠪᠤᠳᠠᠯ ᠤ᠋ᠨ ᠬᠥᠮᠦᠨ ᠢᠷᠡᠬᠦ᠂ ᠠᠯᠢᠪᠠ ᠬᠡᠷᠡᠭ ᠦᠬᠦᠯ ᠡᠴᠡ ᠠᠮᠢᠳᠤᠷᠠᠬᠤ ᠮᠡᠲᠦ ᠪᠣᠯᠠᠢ᠃
ᠰᠠᠨᠠᠭ᠎ᠠ ᠲᠠᠢᠯᠤᠭᠰᠠᠨ : ᠠᠭᠤᠷ ᠲᠣᠭᠠᠨ ᠤ᠋ ᠭᠠᠴᠢᠭᠳᠠᠬᠤ ᠶ᠋ᠢᠨ ᠲᠤᠢᠯ ᠳ᠋ᠤ᠌ ᠲᠤᠯᠪᠠᠰᠤ ᠳᠠᠬᠢᠵᠤ ᠳᠡᠯᠭᠡᠷᠡᠬᠦ ᠠᠨᠤ᠂ ᠰᠢᠳᠦᠨ ᠪᠠᠷᠢᠯᠳᠤᠭᠰᠠᠨ ᠶᠣᠰᠣᠨ ᠪᠣᠯᠠᠢ᠂ ᠲᠡᠢᠮᠦ ᠶ᠋ᠢᠨ ᠲᠤᠯᠠ ᠵᠤᠨ ᠡᠪᠦᠯ ᠬᠡᠳᠦᠢ ᠪᠣᠯᠪᠠᠴᠤ᠂ ᠶᠡᠷᠦ ᠰᠢᠨ᠎ᠡ ᠬᠠᠪᠤᠷ ᠴᠠᠭ ᠲᠤᠷ ᠰᠠᠶᠢ ᠰᠠᠨᠠᠭᠠᠨ ᠳ᠋ᠤᠷ ᠭᠥᠷᠥᠮᠦ᠂ ᠰᠡᠳᠬᠢᠯ ᠦ᠋ᠨ ᠦᠭᠡᠰ ᠬᠡᠮᠡᠭᠰᠡᠨ ᠠᠨᠤ ᠠᠯᠢᠪᠠ ᠬᠡᠷᠡᠭ ᠬᠠᠪᠤᠷ ᠲᠤᠷ ᠬᠦᠷᠪᠡᠰᠦ ᠮᠠᠭᠤ ᠤᠷᠪᠠᠵᠤ ᠰᠠᠢᠨ ᠪᠣᠯᠤᠮᠤ ᠬᠡᠮᠡᠭᠰᠡᠨ ᠦᠭᠡᠰ ᠪᠣᠯᠠᠢ᠃
ᠪᠡᠯᠭᠡ ᠶ᠋ᠢᠨ ᠲᠣᠬᠢᠶᠠᠯᠳᠤᠪᠤᠷᠢ : ᠨᠢᠭᠡᠨ ᠪᠢᠴᠢᠭ ᠦ᠋ᠨ ᠬᠥᠮᠦᠨ ᠵᠢᠦᠢ ᠷᠸᠡ ᠰᠢᠯᠭᠠᠬᠤᠢ ᠳ᠋ᠤᠷ ᠦᠵᠡᠭᠦᠯᠪᠡᠰᠦ ᠡᠨᠡ ᠲᠥᠯᠭᠡ ᠪᠠᠭᠤᠵᠤᠬᠤᠢ᠂ ᠲᠡᠨᠳᠡᠴᠡ ᠰᠢᠯᠭᠠᠭᠠᠳ ᠣᠯᠵᠤᠬᠤᠢ᠂ ᠡᠨᠡ ᠠᠨᠤ ᠭᠠᠴᠢᠭᠳᠠᠭᠰᠠᠨ ᠤ᠋ ᠡᠴᠦᠰ ᠳᠡᠯᠭᠡᠷᠡᠬᠦ ᠬᠡᠮᠡᠭᠰᠡᠨ ᠯᠦᠭᠡ ᠲᠣᠬᠢᠶᠠᠯᠳᠤᠪᠠᠢ᠃
ᠵᠢᠷᠠᠨ ᠵᠢᠷᠭᠤᠳᠤᠭᠠᠷ ᠲᠥᠯᠭᠡ : ᠴᠠᠭᠠᠨ ᠰᠢᠷᠬᠠᠴᠢᠨ : ᠳᠡᠭᠡᠳᠦ ᠶ᠋ᠢᠨ ᠳᠡᠭᠡᠳᠦ᠂ ᠲᠥᠯᠭᠡ ᠶ᠋ᠢᠨ ᠪᠡᠯᠭᠡ ᠠᠨᠤ : ᠲᠤᠤ ᠸᠣ᠊ ᠬᠠᠪᠤᠷ ᠬᠡᠰᠦᠭᠰᠡᠨ : ᠲᠠᠷᠢᠶᠠᠯᠠᠩ ᠲᠠᠷᠢᠬᠤ ᠪᠥᠭᠡᠰᠦ ᠥᠪᠡᠷ ᠦ᠋ᠨ ᠣᠷᠣᠨ ᠳ᠋ᠤᠷ ᠰᠠᠢᠨ ᠭᠡᠮᠡᠨ᠂ ᠠᠳᠠᠪᠠᠰᠢ ᠣᠯᠰᠤᠭᠠᠢ ᠭᠡᠮᠡᠨ ᠭᠠᠳᠠᠭᠰᠢ ᠣᠳᠬᠤ ᠶᠠᠭᠤᠨ ᠬᠡᠷᠡᠭ᠂ ᠡᠨᠡ ᠵᠢᠯ ᠦ᠋ᠨ ᠰᠢᠨ᠎ᠡ ᠬᠡᠢ ᠮᠣᠷᠢᠨ ᠢ ᠰᠠᠢᠨ ᠭᠡᠮᠡᠨ ᠰᠣᠨᠣᠰᠪᠠᠢ᠂ ᠡᠭᠦᠳᠡᠨ ᠤ ᠳᠣᠲᠣᠷ᠎ᠠ ᠪᠠᠶᠠᠷ ᠤ᠋ᠨ ᠪᠡᠯᠭᠡ ᠬᠡᠷᠡᠭ ᠪᠦᠷᠢ ᠲᠡᠭᠦᠰ ᠲᠡᠭᠦᠰᠪᠡᠢ᠃
ᠪᠣᠭᠳᠠ ᠶ᠋ᠢᠨ ᠲᠠᠭᠠᠯᠠᠯ : ᠡᠪᠡᠳᠴᠢᠲᠡᠨ ᠡᠳᠡᠭᠡᠮᠦᠢ ᠵᠠᠷᠭᠤ ᠲᠡᠰᠦᠷᠡᠮᠦᠢ ᠡᠳ᠋ ᠠᠷᠪᠢᠳᠤᠮᠤᠢ᠂ ᠨᠡᠷ᠎ᠡ ᠥᠨᠳᠥᠷ ᠠᠯᠳᠠᠷᠰᠢᠮᠤᠢ᠂ ᠶᠠᠪᠤᠳᠠᠯ ᠤ᠋ᠨ ᠬᠥᠮᠦᠨ ᠢᠷᠡᠮᠦᠢ᠂ ᠤᠷᠤᠭ ᠪᠦᠲᠦᠮᠦᠢ ᠭᠠᠳᠠᠭᠰᠢ ᠪᠢᠲᠡᠭᠡᠢ ᠡᠷᠢᠭᠳᠡᠬᠦᠢ᠂ ᠪᠤᠶᠠᠨ ᠪᠠᠷᠠᠰᠢ ᠦᠭᠡᠢ ᠪᠣᠢ᠃
ᠲᠠᠢᠯᠪᠤᠷᠢ ᠥᠭᠦᠯᠡᠯ : ᠡᠨᠡ ᠲᠥᠯᠭᠡ ᠳ᠋ᠦ᠍ᠷ ᠬᠣᠯᠠ ᠣᠳᠬᠤᠢ ᠳ᠋ᠤᠷ ᠮᠠᠭᠤ᠂ ᠭᠠᠭᠴᠠ ᠬᠡᠪ ᠦ᠋ᠨ ᠰᠠᠬᠢᠲᠤᠭᠠᠢ᠂ ᠥᠪᠡᠰᠦᠪᠡᠨ ᠨᠡᠪᠲᠡᠷᠡᠬᠦ ᠴᠠᠭ ᠪᠣᠢ᠂ ᠬᠡᠢ ᠮᠣᠷᠢᠨ ᠠᠯᠭᠤᠷ ᠳᠡᠯᠭᠡᠷᠡᠮᠦᠢ᠂ ᠵᠠᠷᠭᠤ ᠰᠠᠢᠨ ᠦᠭᠡᠢ᠂ ᠡᠳ᠋ ᠥᠪᠡᠷ ᠢ᠋ᠶ᠋ᠡᠨ ᠢᠷᠡᠮᠦᠢ᠂ ᠤᠷᠤᠭ ᠬᠡᠯᠡᠯᠴᠡᠪᠡᠰᠦ ᠪᠣᠯᠤᠮᠤᠢ᠂ ᠨᠡᠷ᠎ᠡ ᠠᠰᠢᠭ ᠲᠤᠷ ᠰᠠᠢᠨ᠂ ᠡᠪᠡᠳᠴᠢᠲᠡᠨ ᠥᠪᠡᠷ ᠵᠠᠨ ᠠᠮᠤᠷᠵᠢᠮᠤᠢ᠂ ᠵᠢᠷᠮᠦᠰᠦᠨ ᠪᠤᠶᠠᠨᠲᠤ ᠬᠥᠪᠡᠭᠦᠨ ᠬᠥᠩᠭᠡᠵᠢᠮᠦᠢ᠂ ᠭᠠᠵᠠᠷ ᠤ᠋ᠨ ᠰᠤᠳᠠᠯ ᠲᠠᠮᠢᠷ ᠲᠤᠷ ᠠᠰᠢᠭ ᠪᠣᠢ᠂ ᠭᠡᠷ ᠦ᠋ᠨ ᠬᠤᠪᠢᠨ᠎ᠠ ᠠᠷᠪᠢᠵᠢᠮᠤᠢ᠃
ᠰᠠᠨᠠᠭ᠎ᠠ ᠲᠠᠢᠯᠤᠭᠰᠠᠨ : ᠨᠡᠷ᠎ᠡ ᠠᠰᠢᠭ ᠣᠢᠷ᠎ᠠ ᠳ᠋ᠤᠷ ᠰᠠᠢᠨ᠂ ᠬᠣᠯᠠ ᠶᠠᠪᠤᠨ ᠡᠷᠢᠪᠡᠰᠦ ᠮᠠᠭᠤ᠂ ᠬᠡᠢ ᠮᠣᠷᠢᠨ ᠰᠠᠢᠨ ᠭᠡᠮᠡᠨ ᠰᠣᠨᠣᠰᠪᠠᠢ ᠬᠡᠮᠡᠭᠰᠡᠨ ᠠᠨᠤ᠂ ᠰᠠᠢᠨ ᠭᠡᠮᠡᠨ ᠲᠠᠰᠤᠯᠠᠭᠰᠠᠨ ᠪᠤᠰᠤ᠂ ᠮᠥᠨ ᠬᠦ᠌ ᠳᠡᠯᠭᠡᠷᠡᠬᠦ ᠴᠠᠭ ᠢ ᠬᠦᠯᠢᠶᠡ ᠬᠡᠮᠡᠭᠰᠡᠨ ᠦᠭᠡᠨ ᠪᠣᠯᠠᠢ᠂ ᠦᠵᠡᠭᠦᠯᠦᠭᠴᠢᠳ ᠠᠯᠢᠪᠠ ᠬᠡᠷᠡᠭ ᠲᠦ᠍ᠷ ᠠᠰᠢᠭ ᠪᠣᠢ᠂ ᠲᠡᠭᠦᠰ ᠪᠠᠶᠠᠷ ᠢ ᠣᠯᠬᠤ᠂ ᠤᠷᠤᠭ ᠪᠠᠷᠢᠯᠳᠤᠪᠠᠰᠤ ᠨᠡᠩ ᠰᠠᠢᠨ᠃
ᠪᠡᠯᠭᠡ ᠶ᠋ᠢᠨ ᠲᠣᠬᠢᠶᠠᠯᠳᠤᠪᠤᠷᠢ᠄ ᠵᠠᠩ ᠲᠠ ᠬᠠᠭᠠᠨ ᠤ᠋ ᠴᠠᠭ ᠲᠤᠷ ᠵᠠᠩ ᠸᠠᠢ ᠰᠥᠩ ᠶᠡᠷᠦ ᠶ᠋ᠢᠨ ᠲᠤᠯᠠ ᠦᠵᠡᠭᠦᠯᠪᠡᠰᠦ ᠡᠨᠡ ᠲᠥᠯᠭᠡ ᠪᠠᠭᠤᠵᠤᠬᠤᠢ᠃ ᠬᠣᠵᠢᠮ ᠵᠤᠸᠠᠩ ᠶᠤᠸᠠᠨ ᠪᠣᠯᠵᠤ ᠪᠢᠴᠢᠭ ᠦ᠋ᠨ ᠶᠠᠮᠤᠨ ᠤ᠋ ᠪᠢᠴᠢᠭ ᠦ᠋ᠨ ᠳᠡᠳ᠋ ᠰᠠᠢᠳ ᠠ᠋ᠴᠠ ᠡᠷᠭᠢᠨ ᠰᠠᠢᠳ ᠪᠣᠯᠤᠭᠠᠳ ᠠᠷᠪᠠᠨ ᠢᠯᠡᠭᠦᠦ ᠵᠢᠯ ᠨᠡᠢᠰᠯᠡᠯ ᠡᠴᠡ ᠭᠠᠷᠤᠭᠰᠠᠨ ᠦᠭᠡᠢ ᠡᠨᠡ ᠨᠢ ᠰᠢᠯᠦᠭ ᠦ᠋ᠨ ᠠᠩᠬ᠎ᠠ ᠪᠠᠳᠠᠭ ᠤ᠋ᠨ ᠦᠭᠡᠨ᠂ ᠡᠨᠡ ᠠᠨᠤ ᠰᠢᠯᠦᠭ ᠦ᠋ᠨ ᠠᠩᠬ᠎ᠠ ᠪᠠᠳᠠᠭ ᠤ᠋ᠨ ᠦᠭᠡᠨ ᠯᠦᠭᠡ ᠨᠡᠢᠯᠡᠵᠦᠬᠦᠢ᠃
ᠵᠢᠷᠠᠨ ᠳᠣᠯᠣᠳᠤᠭᠠᠷ ᠲᠥᠯᠭᠡ ᠂ ᠴᠠᠭᠠᠨ ᠴᠠᠭᠠᠨ᠂ ᠳᠤᠮᠳᠠ ᠲᠡᠭᠰᠢ᠂ ᠲᠥᠯᠭᠡ ᠶ᠋ᠢᠨ ᠪᠡᠯᠭᠡ ᠠᠨᠤ : ᠰᠢᠶᠠᠩ ᠢ ᠬᠥᠪᠡᠭᠦᠨ ᠢ᠋ᠶ᠋ᠡᠨ ᠰᠤᠷᠭᠠᠭᠰᠠᠨ : ᠴᠢᠨᠦ ᠰᠡᠳᠬᠢᠯ ᠬᠥᠳᠡᠯᠦᠭᠰᠡᠨ ᠳᠠᠷᠤᠢ ᠳ᠋ᠤᠷ ᠲᠡᠭᠷᠢ ᠮᠡᠳᠡᠭᠰᠡᠨ ᠪᠣᠯᠠᠢ ᠂ ᠨᠠᠳᠠ ᠠ᠋ᠴᠠ ᠠᠰᠠᠭᠤᠵᠤ ᠰᠡᠵᠢᠭ ᠢ ᠲᠠᠰᠤᠯᠠᠬᠤ ᠶᠠᠭᠤᠨ ᠬᠡᠷᠡᠭ᠂ ᠴᠢ ᠶᠠᠪᠤᠳᠠᠯ ᠢ᠋ᠶ᠋ᠠᠨ ᠬᠠᠯᠠᠵᠤ ᠠᠴᠢᠯᠠᠬᠤ ᠳᠡᠭᠦᠦᠴᠢᠯᠡᠬᠦ ᠶ᠋ᠢ ᠡᠷᠭᠢᠯᠡᠪᠡᠰᠦ ᠂ ᠭᠡᠷ ᠦ᠋ᠨ ᠳᠣᠲᠣᠷ᠎ᠠ ᠡᠪ ᠦᠭᠡᠢ ᠭᠡᠮᠡᠨ ᠵᠣᠪᠠᠬᠤ ᠬᠡᠷᠡᠭ ᠦᠭᠡᠢ᠃
ᠪᠣᠭᠳᠠ ᠶ᠋ᠢᠨ ᠲᠠᠭᠠᠯᠠᠯ : ᠵᠠᠷᠭᠤ ᠡᠪᠰᠡᠬᠦ ᠬᠡᠷᠡᠭᠲᠡᠢ᠂ ᠡᠪᠡᠳᠴᠢᠲᠡᠨ ᠡᠮᠴᠢ ᠶ᠋ᠢ ᠬᠠᠯᠠᠲᠤᠭᠠᠢ ᠂ ᠡᠳ᠋ ᠢ ᠪᠤᠰᠤ ᠠᠷᠭ᠎ᠠ ᠪᠠᠷ ᠡᠷᠢ ᠤᠷᠤᠭ ᠪᠣᠯᠬᠤ ᠤᠳᠠᠮᠤᠢ᠂ ᠶᠠᠪᠤᠳᠠᠯ ᠤ᠋ᠨ ᠬᠥᠮᠦᠨ ᠡᠷᠭᠢᠭᠡ ᠡᠳᠦᠢ ᠠᠯᠳᠠᠯ ᠤ᠋ᠨ ᠬᠠᠯᠠᠪᠠᠰᠤ ᠬᠡᠷᠡᠭ ᠪᠣᠯᠭᠠᠨ ᠵᠣᠬᠢᠯᠳᠤᠮᠤᠢ᠃
ᠲᠠᠢᠯᠪᠤᠷᠢ ᠥᠭᠦᠯᠡᠯ : ᠡᠨᠡ ᠲᠥᠯᠭᠡ ᠳ᠋ᠦ᠍ᠷ ᠪᠤᠶᠠᠨ ᠤ᠋ ᠦᠷ᠎ᠡ ᠵᠢᠷᠭᠠᠯᠠᠩ ᠭᠠᠷᠤᠮᠤᠢ᠂ ᠨᠢᠭᠦᠯ ᠦ᠋ᠨ ᠦᠷ᠎ᠡ ᠵᠣᠪᠠᠯᠠᠩ ᠭᠠᠷᠤᠮᠤᠢ ᠬᠥᠮᠦᠨ ᠴᠢ ᠪᠡᠷ ᠰᠡᠵᠢᠭ ᠢ᠋ᠶ᠋ᠡᠨ ᠲᠠᠰᠤᠯᠠᠵᠤ ᠰᠠᠢᠨ ᠢ᠋ᠶ᠋ᠠᠷ ᠶᠠᠪᠤᠪᠠᠰᠤ ᠵᠣᠪᠠᠯᠠᠩ ᠤᠰᠠᠳᠴᠤ ᠵᠢᠷᠭᠠᠯᠠᠩ ᠢᠷᠡᠮᠦᠢ᠂ ᠶᠠᠪᠤᠳᠠᠯ ᠤ᠋ᠨ ᠬᠥᠮᠦᠨ ᠤᠳᠠᠭᠠᠨ᠂ ᠵᠢᠷᠮᠦᠰᠦᠨ ᠪᠥᠭᠡᠰᠦ ᠬᠥᠪᠡᠭᠦᠨ ᠬᠥᠩᠭᠡᠵᠢᠮᠦᠢ ᠂ ᠭᠠᠵᠠᠷ ᠤ᠋ᠨ ᠰᠤᠳᠠᠯ ᠲᠠᠮᠢᠷ ᠰᠠᠢᠨ ᠪᠣᠯᠠᠢ᠃
ᠰᠠᠨᠠᠭ᠎ᠠ ᠲᠠᠢᠯᠤᠭᠰᠠᠨ : ᠠᠮᠰᠠᠬᠤ ᠵᠣᠪᠠᠯᠠᠩ ᠵᠢᠷᠭᠠᠯᠠᠩ ᠬᠡᠮᠡᠪᠡᠰᠦ ᠥᠪᠡᠷ ᠦ᠋ᠨ ᠪᠤᠶᠠᠨ ᠨᠢᠭᠦᠯ ᠳ᠋ᠦ᠍ᠷ ᠭᠠᠪᠢᠬᠤ ᠲᠤᠯᠠ ᠨᠠᠳᠠ ᠠ᠋ᠴᠠ ᠠᠰᠠᠭᠤᠵᠤ ᠰᠡᠵᠢᠭ ᠢ ᠲᠠᠰᠤᠯᠠᠬᠤ ᠶᠠᠭᠤᠨ ᠬᠡᠷᠡᠭ ᠬᠡᠮᠡᠭᠰᠡᠨ ᠪᠣᠯᠠᠢ᠃ ᠭᠠᠭᠴᠠ ᠨᠢᠭᠦᠯ ᠢ ᠲᠡᠪᠴᠢᠪᠡᠰᠦ ᠵᠣᠪᠠᠯᠠᠩ ᠠ᠋ᠴᠠ ᠠᠩᠭᠢᠵᠢᠷᠠᠵᠤ ᠵᠢᠷᠭᠠᠯᠠᠩ ᠢᠷᠡᠮᠦᠢ᠂ ᠠᠴᠢᠯᠠᠬᠤ ᠳᠡᠭᠦᠦᠴᠢᠯᠡᠬᠦ ᠶᠢ ᠴᠢᠳᠠᠨ ᠶᠠᠪᠤᠪᠠᠤ ᠨᠠᠢᠷᠠᠮᠳᠠᠬᠤ ᠠᠭᠤᠷ ᠮᠠᠨᠳᠤᠬᠤ ᠭᠡᠷ ᠬᠣᠲᠠᠯᠠᠭᠠᠷ ᠥᠪᠡᠷ ᠢ᠋ᠶ᠋ᠡᠨ ᠵᠣᠬᠢᠰᠲᠠᠢ ᠪᠣᠯᠤᠮᠤ᠂ ᠨᠡᠷ᠎ᠡ ᠠᠰᠢᠭ ᠪᠡᠷᠬᠡ ᠬᠡᠮᠡᠪᠡᠴᠦ ᠬᠣᠵᠢᠮ ᠳ᠋ᠠᠭᠠᠨ ᠳᠡᠯᠭᠡᠷᠮᠦ᠂ ᠠᠯᠢᠪᠠ ᠬᠡᠷᠡᠭ ᠲᠦ᠍ᠷ ᠥᠪᠡᠷ ᠦ᠋ᠨ ᠪᠡᠶ᠎ᠡ ᠡᠴᠡ ᠣᠰᠣᠯ ᠢ ᠰᠢᠨᠵᠢᠯᠡᠵᠦ ᠬᠠᠯᠠᠨ ᠶᠠᠪᠤᠪᠠᠰᠤ ᠮᠠᠰᠢ ᠰᠠᠢᠨ᠃
ᠪᠡᠯᠭᠡ ᠶ᠋ᠢᠨ ᠲᠤᠬᠢᠶᠠᠯᠳᠤᠪᠤᠷᠢ: ᠯᠢᠶᠣᠣ ᠳ᠋ᠦᠩ ᠦ᠋ᠨ ᠨᠢᠭᠡᠨ ᠰᠤᠷᠭᠠᠭᠤᠯᠢ ᠶ᠋ᠢᠨ ᠲᠦᠰᠢᠮᠡᠯ ᠬᠤᠯᠠᠭᠠᠢ ᠡᠳᠦᠵᠦ ᠰᠠᠮᠠᠭᠤᠷᠠᠭᠰᠠᠨ ᠲᠡᠷᠡ ᠴᠠᠭ ᠲᠤᠷ ᠦᠵᠡᠭᠦᠯᠪᠡᠰᠦ ᠡᠨᠡ ᠲᠥᠯᠭᠡ ᠪᠠᠭᠤᠵᠤᠬᠤᠢ᠂ ᠳᠠᠷᠤᠢ ᠲᠡᠨᠳᠡ ᠡᠴᠡ ᠨᠡᠭᠦᠯᠭᠡᠵᠦ ᠰᠢᠶᠣᠤ ᠬᠠᠨ ᠰᠢᠶᠠᠨ ᠤ ᠲᠦᠰᠢᠮᠡᠯ ᠪᠣᠯᠭᠠᠪᠠ ᠂ ᠡᠨᠡ ᠠᠨᠤ ᠰᠢᠯᠦᠭ ᠦ᠋ᠨ ᠭᠤᠲᠠᠭᠠᠷ ᠦᠭᠡᠰ ᠯᠦᠭᠡ ᠲᠣᠬᠢᠶᠠᠯᠳᠤᠵᠤᠬᠤᠢ᠃
ᠵᠢᠷᠠᠨ ᠨᠠᠢ᠍ᠮᠠᠳᠤᠭᠠᠷ ᠲᠥᠯᠭᠡ ᠂ ᠴᠠᠭᠠᠨ ᠴᠠᠭᠠᠭᠴᠢᠨ᠂ ᠳᠤᠮᠳᠠ ᠲᠡᠭᠰᠢ᠂ ᠲᠥᠯᠭᠡ ᠶ᠋ᠢᠨ ᠪᠡᠯᠭᠡ ᠠᠨᠤ : ᠴᠢᠶᠠᠨ ᠲᠢ ᠸᠠᠩ ᠳᠠᠪᠤᠰᠤᠨ ᠬᠤᠳᠠᠯᠳᠤᠭᠰᠠᠨ : ᠡᠮᠦᠨ᠎ᠡ ᠡᠴᠡ ᠰᠤᠪᠤᠳ ᠭᠦᠶᠦᠯᠭᠡᠵᠦ ᠤᠮᠠᠷ᠎ᠠ ᠳᠠᠪᠤᠰᠤᠨ ᠬᠥᠯᠭᠡᠮᠦᠢ᠂ ᠡᠳ᠋ ᠠᠭᠤᠷᠠᠰᠤᠨ ᠵᠢᠯ ᠪᠦᠷᠢ ᠬᠡᠳᠦᠨ ᠬᠤᠪᠢ ᠠᠮᠤᠢ᠂ ᠬᠥᠮᠦᠨ ᠴᠢ ᠡᠳᠦᠭᠡ ᠡᠴᠡ ᠪᠠᠷᠢᠵᠤ ᠲᠠᠷᠢᠶᠠᠯᠠᠩ ᠤ᠋ᠨ ᠦᠢᠯᠡ ᠳ᠋ᠦ᠍ᠷ ᠬᠢᠴᠢᠶᠡᠲᠦᠭᠡᠢ᠂ ᠬᠦᠰᠡᠯ ᠠᠰᠤᠷᠤ ᠦᠢᠯᠡᠳᠪᠡᠰᠦ ᠠᠯᠢ ᠡᠳᠦᠷ ᠬᠠᠩᠬᠤ ᠪᠣᠢ᠃
ᠪᠣᠭᠳᠠ ᠶ᠋ᠢᠨ ᠲᠠᠭᠠᠯᠠᠯ : ᠵᠠᠷᠭᠤ ᠢᠯᠭᠠᠷᠪᠠᠢ᠂ ᠳᠠᠪᠲᠠᠬᠤ ᠬᠡᠷᠡᠭ ᠦᠭᠡᠢ᠂ ᠨᠡᠷ᠎ᠡ ᠪᠦᠲᠦᠪᠡᠢ᠂ ᠠᠰᠠᠭᠤᠬᠤ ᠬᠡᠷᠡᠭ ᠦᠭᠡᠢ᠂ ᠤᠷᠤᠭ ᠪᠣᠯᠵᠤ ᠲᠣᠭᠲᠠᠪᠠᠢ᠂ ᠡᠪᠡᠳᠴᠢᠲᠡᠨ ᠥᠪᠡᠰᠦᠪᠡᠨ ᠲᠠᠷᠬᠠᠪᠠᠢ᠂ ᠵᠢᠭᠤᠯᠴᠢᠨ ᠬᠥᠮᠦᠨ ᠢᠷᠡᠪᠡᠢ᠂ ᠬᠡᠪ ᠲᠡᠭᠡᠨ ᠰᠠᠬᠢᠲᠤᠭᠠᠢ᠃
ᠲᠠᠢᠯᠪᠤᠷᠢ ᠥᠭᠦᠯᠡᠯ : ᠰᠠᠨᠠᠭᠠᠨ ᠬᠦᠷᠬᠦ᠂ ᠭᠡᠷ ᠦ᠋ᠨ ᠬᠤᠪᠢᠨ᠎ᠠ ᠰᠠᠢᠨ᠂ ᠵᠠᠷᠭᠤ ᠪᠣᠯᠪᠠᠰᠤ ᠣᠯᠬᠤ᠂ ᠨᠡᠷ᠎ᠡ ᠠᠰᠢᠭ ᠪᠣᠢ᠂ ᠤᠷᠤᠭ ᠪᠦᠲᠦᠬᠦ᠂ ᠶᠠᠪᠤᠳᠠᠯ ᠤ᠋ᠨ ᠬᠥᠮᠦᠨ ᠪᠤᠴᠠᠪᠠᠢ᠂ ᠡᠪᠡᠳᠴᠢᠲᠡᠨ ᠳ᠋ᠦ᠍ᠷ ᠵᠣᠪᠠᠬᠤ ᠬᠡᠷᠡᠭ ᠦᠭᠡᠢ᠂ ᠡᠳ᠋ ᠵᠠᠭᠤᠨ ᠬᠤᠪᠢ ᠳᠤᠷᠠᠪᠠᠷ ᠡᠷᠢ᠂ ᠭᠠᠵᠠᠷ ᠤ᠋ᠨ ᠰᠤᠳᠠᠯ ᠲᠠᠮᠢᠷ ᠰᠠᠢᠨ ᠵᠢᠷᠮᠦᠰᠦᠨ ᠪᠥᠭᠡᠰᠦ ᠥᠬᠢᠨ ᠬᠥᠩᠭᠡᠵᠢᠮᠦᠢ᠃
ᠰᠠᠨᠠᠭ᠎ᠠ ᠲᠠᠢᠯᠤᠭᠰᠠᠨ : ᠦᠵᠡᠭᠦᠯᠦᠭᠴᠢᠳ ᠭᠠᠵᠠᠷ ᠣᠷᠣᠨ ᠤ᠋ ᠬᠤᠪᠢᠶᠠᠷᠢ ᠪᠠ ᠵᠣᠬᠢᠯᠳᠤᠬᠤ ᠵᠦᠭ ᠣᠷᠣᠨ ᠡᠰᠡᠷᠭᠦᠯᠪᠡᠰᠦ ᠪᠦᠲᠦᠬᠦᠶ᠎ᠡ ᠪᠡᠷᠬᠡ : ᠪᠠᠰᠠ ᠬᠣᠮᠣᠬᠠᠢ ᠰᠡᠳᠬᠢᠯ ᠢ ᠲᠡᠪᠴᠢᠵᠦ᠂ ᠢᠯᠡᠭᠦᠦ ᠰᠠᠨᠠᠭᠠᠨ ᠮᠠᠰᠢ ᠬᠡᠷᠡᠭ ᠦᠭᠡᠢ᠂ ᠡᠳᠦᠭᠡ ᠡᠴᠡ ᠪᠠᠷᠢᠵᠤ ᠲᠠᠷᠢᠶᠠᠯᠠᠩ ᠳ᠋ᠤᠷ ᠬᠢᠴᠢᠶᠡᠲᠦᠭᠡᠢ ᠬᠡᠮᠡᠭᠰᠡᠨ ᠠᠨᠤ᠂ ᠬᠣᠮᠣᠬᠠᠢ ᠰᠡᠳᠬᠢᠯ ᠢ ᠲᠡᠪᠴᠢᠵᠦ᠂ ᠬᠡᠪ ᠢ ᠰᠠᠬᠢᠲᠤᠭᠠᠢ ᠬᠡᠮᠡᠭᠰᠡᠨ ᠪᠣᠯᠠᠢ᠃
ᠪᠡᠯᠭᠡ ᠶ᠋ᠢᠨ ᠲᠣᠬᠢᠶᠠᠯᠳᠤᠪᠤᠷᠢ : ᠨᠢᠭᠡᠨ ᠪᠢᠴᠢᠭ ᠦ᠋ᠨ ᠬᠥᠮᠦᠨ ᠵᠢᠦᠢ ᠷᠸᠡᠨ ᠰᠢᠯᠭᠠᠬᠤᠢ ᠳ᠋ᠤᠷ ᠦᠵᠡᠭᠦᠯᠪᠡᠰᠦ ᠡᠨᠡ ᠲᠥᠯᠭᠡ ᠪᠠᠭᠤᠵᠤᠬᠤᠢ᠂ ᠬᠣᠵᠢᠮ ᠳ᠋ᠠᠭᠠᠨ ᠣᠯᠤᠭᠰᠠᠨ ᠦᠭᠡᠢ᠂ ᠡᠨᠡ ᠠᠨᠤ ᠡᠳᠦᠭᠡ ᠡᠴᠡ ᠪᠠᠷᠢᠵᠤ ᠲᠠᠷᠢᠶᠠᠯᠠᠩ ᠤ᠋ᠨ ᠦᠯᠠ ᠳ᠋ᠤᠷ ᠬᠢᠴᠢᠶᠡᠲᠦᠭᠡᠢ ᠬᠡᠮᠡᠭᠰᠡᠨ ᠯᠤᠭᠡ ᠲᠣᠬᠢᠶᠠᠯᠳᠤᠵᠤᠬᠤᠢ᠃
ᠵᠢᠷᠠ ᠶᠢᠰᠦᠳᠦᠭᠡᠷ ᠲᠥᠯᠭᠡ : ᠴᠠᠭᠠᠨ ᠬᠠᠷ᠎ᠠ᠂ ᠳᠣᠣᠷ᠎ᠠ ᠶ᠋ᠢᠨ ᠳᠣᠣᠷ᠎ᠠ᠂ ᠲᠥᠯᠭᠡ ᠶ᠋ᠢᠨ ᠪᠡᠯᠭᠡ ᠠᠨᠤ᠂ ᠰᠦᠨ ᠪᠢᠨ᠂ ᠫᠠᠩ ᠵᠢᠶᠠᠨ ᠴᠢᠳᠠᠯ ᠮᠥᠴᠡᠷᠭᠡᠭᠰᠡᠨ : ᠣᠩᠭᠣᠴᠠ ᠶ᠋ᠢ ᠠᠭᠤᠷᠴᠤ ᠵᠠᠮ ᠢ ᠪᠠᠷᠢᠪᠠᠰᠤ ᠶᠠᠭᠠᠬᠢᠪᠠᠴᠤ ᠰᠠᠢᠨ᠂ ᠪᠠᠶᠠᠨ ᠵᠠᠯᠠᠭᠤᠰ ᠢ ᠳᠠᠭᠠᠵᠤ ᠨᠠᠭᠠᠳᠤᠯᠴᠠᠬᠤ ᠬᠡᠷᠡᠭ ᠦᠭᠡᠢ᠂ ᠡᠨᠡ ᠰᠥᠨᠢ ᠠᠷᠢᠬᠢᠨ ᠤ᠋ ᠳᠡᠭᠡᠷ᠎ᠡ ᠠᠬ᠎ᠠ ᠳᠡᠭᠦᠦ ᠬᠠᠮᠲᠤᠯᠠᠪᠠᠰᠤ᠂ ᠮᠠᠨᠠᠭᠠᠷ ᠪᠣᠯᠪᠠᠰᠤ ᠳᠠᠭᠠᠯᠳᠤᠭᠠᠷ ᠥᠰᠢᠶ᠎ᠡ ᠳᠠᠢᠰᠤᠨ ᠪᠣᠯᠤᠮᠤᠢ᠃
ᠪᠣᠭᠳᠠ ᠶ᠋ᠢᠨ ᠲᠠᠭᠠᠯᠠᠯ : ᠨᠡᠷ᠎ᠡ ᠪᠠ ᠠᠰᠢᠭ ᠢ ᠡᠷᠬᠢᠯᠡᠵᠦ ᠬᠦᠰᠡᠬᠦ ᠶ᠋ᠢ ᠪᠠᠢᠲᠤᠭᠠᠢ᠂ ᠡᠪᠡᠳᠴᠢᠲᠡᠨ ᠡᠮᠴᠢ ᠶ᠋ᠢ ᠬᠢᠨᠠᠨ ᠰᠢᠨᠵᠢ᠂ ᠤᠷᠤᠭ ᠪᠣᠯᠬᠤᠢ ᠳ᠋ᠤᠷ ᠪᠡᠷᠬᠡ᠂ ᠶᠠᠪᠤᠳᠠᠯ ᠤ᠋ᠨ ᠬᠥᠮᠦᠨ ᠢᠷᠡᠮᠦᠢ᠂ ᠵᠠᠷᠭᠤ ᠲᠡᠮᠡᠴᠡᠯ ᠤᠰᠠᠳᠤᠮᠤᠢ᠂ ᠠᠯᠢᠪᠠ ᠭᠠᠷᠬᠤ ᠣᠷᠣᠬᠤᠢ ᠳ᠋ᠤ᠌ ᠬᠠᠨᠢᠯᠬᠠᠴᠢᠳ ᠢ ᠰᠢᠨᠵᠢᠬᠦ ᠬᠡᠷᠡᠭᠲᠡᠢ᠃
ᠲᠠᠢᠯᠪᠤᠷᠢ ᠥᠭᠦᠯᠡᠯ : ᠡᠨᠡ ᠲᠥᠯᠭᠡ ᠳ᠋ᠦ᠍ᠷ ᠭᠠᠷᠬᠤ ᠣᠷᠣᠬᠤ ᠵᠠᠮ ᠤ᠋ᠨ ᠬᠤᠳᠳᠤᠭ ᠪᠠ ᠤᠷᠤᠭ ᠡᠯᠢᠭᠡᠨ ᠦ᠌ ᠵᠦᠭ ᠡᠴᠡ ᠬᠣᠣᠷᠯᠠᠯ ᠪᠣᠯᠬᠤ ᠶ᠋ᠢ ᠰᠡᠷᠡᠮᠵᠢᠯᠡᠬᠦ ᠬᠡᠷᠡᠭᠲᠡᠢ᠂ ᠠᠷᠢᠬᠢᠳᠠᠬᠤ ᠳ᠋ᠤᠷ ᠰᠢᠨᠤᠪᠠᠰᠤ ᠰᠠᠢᠨ ᠠᠨᠤ ᠮᠠᠭᠤ ᠳ᠋ᠤᠷ ᠤᠷᠪᠠᠭᠠᠳ᠂ ᠬᠡᠯᠡ ᠠᠮᠠ ᠳᠠᠷᠤᠢ ᠪᠣᠯᠬᠤ ᠵᠠᠷᠭᠤ ᠪᠣᠯᠪᠠᠰᠤ ᠮᠠᠭᠤ᠂ ᠡᠪᠡᠳᠴᠢᠲᠡᠨ ᠡᠮᠴᠢ ᠶ᠋ᠢ ᠰᠣᠩᠭᠣ᠂ ᠡᠴᠦᠰ ᠲᠡᠭᠡᠨ ᠰᠠᠢᠨ ᠦᠭᠡᠢ᠂ ᠶᠠᠪᠤᠳᠠᠯ ᠤ᠋ᠨ ᠬᠥᠮᠦᠨ ᠢᠷᠡᠮᠦᠢ᠂ ᠨᠡᠷ᠎ᠡ ᠠᠰᠢᠭ ᠢ ᠪᠢᠲᠡᠭᠡᠢ ᠡᠷᠢ᠂ ᠬᠢᠴᠢᠶᠡᠨ ᠰᠡᠷᠡᠮᠵᠢᠯᠡᠲᠦᠭᠡᠢ᠃
ᠰᠠᠨᠠᠭ᠎ᠠ ᠲᠠᠢᠯᠤᠭᠰᠠᠨ : ᠠᠯᠢᠪᠠ ᠬᠡᠷᠡᠭ ᠲᠦ᠍ᠷ ᠨᠥᠬᠥᠷ ᠢ ᠰᠡᠷᠡᠮᠵᠢᠯᠡ᠂ ᠰᠠᠢᠨ ᠠ᠋ᠴᠠ ᠮᠠᠭᠤ ᠳ᠋ᠤᠷ ᠣᠷᠣᠬᠤ᠂ ᠵᠦᠭ ᠪᠤᠷᠤᠭᠤ ᠣᠳᠬᠤ᠂ ᠡᠨᠡ ᠠᠨᠤ ᠠᠷᠢᠬᠢᠨ ᠤ᠋ ᠡᠮᠦᠨ᠎ᠡ ᠠᠬ᠎ᠠ ᠳᠡᠭᠦᠦ ᠬᠡᠮᠡᠪᠡᠰᠦ ᠥᠰᠢᠶ᠎ᠡ ᠳᠠᠢᠰᠤᠨ ᠬᠡᠮᠡᠭᠰᠡᠨ ᠪᠣᠯᠠᠢ᠂ ᠦᠵᠡᠭᠦᠯᠦᠭᠴᠢᠳ ᠵᠢᠷᠮᠦᠰᠦᠨ ᠬᠥᠩᠭᠡᠵᠢᠪᠡᠰᠦ ᠦᠵᠡᠭᠳᠡᠬᠦᠢ ᠴᠠᠭ ᠲᠤᠷ ᠮᠠᠰᠢ ᠰᠡᠷᠡᠮᠵᠢᠯᠡᠬᠦ ᠬᠡᠷᠡᠭᠲᠡᠢ᠃
ᠪᠡᠯᠭᠡ ᠶ᠋ᠢᠨ ᠲᠣᠬᠢᠶᠠᠯᠳᠤᠪᠤᠷᠢ᠄ ᠴᠣ ᠭᠠᠵᠠᠷ ᠤ᠋ᠨ ᠨᠢᠭᠡᠨ ᠪᠢᠴᠢᠭ ᠦ᠋ᠨ ᠬᠥᠮᠦᠨ ᠴᠢᠨ ᠭᠠᠵᠠᠷ ᠲᠤᠷ ᠬᠦᠷᠴᠦ ᠲᠦᠰᠢᠮᠡᠯ ᠳ᠋ᠦ᠍ ᠤᠴᠠᠷᠠᠰᠤᠭᠠᠢ ᠭᠡᠮᠡᠨ ᠦᠵᠡᠭᠦᠯᠪᠡᠰᠦ ᠡᠨᠡ ᠲᠥᠯᠭᠡ ᠪᠠᠭᠤᠵᠤᠬᠤᠢ᠂ ᠬᠣᠵᠢᠮ ᠲᠦᠰᠢᠮᠡᠯ ᠦ᠋ᠨ ᠬᠥᠪᠡᠭᠦᠨ ᠯᠦᠭᠡ ᠠᠭᠤᠯᠵᠠᠵᠤ ᠢᠨᠢᠶᠡᠯᠳᠦᠨ ᠨᠠᠭᠠᠳᠤᠭᠰᠠᠭᠠᠷ ᠴᠢᠭᠤᠯᠭᠠᠨ ᠪᠣᠯᠤᠭᠠᠳ᠂ ᠭᠡᠨᠡᠳᠲᠡ ᠲᠥᠯᠭᠡ ᠶ᠋ᠢᠨ ᠦᠭᠡ ᠰᠠᠨᠠᠭᠠᠨ ᠳ᠋ᠤᠷ ᠣᠷᠣᠭᠠᠳ ᠮᠠᠨᠠᠭᠠᠷ ᠵᠠᠢᠯᠠᠵᠤ ᠶᠠᠪᠤᠪᠠᠢ ᠲᠡᠷᠡ ᠬᠥᠪᠡᠭᠦᠨ ᠬᠣᠣᠷᠯᠠᠰᠤᠭᠠᠢ ᠭᠡᠮᠡᠨ ᠡᠷᠢᠵᠦ ᠣᠯᠤᠭᠰᠠᠨ ᠦᠭᠡᠢ᠂ ᠲᠥᠯᠭᠡ ᠶ᠋ᠢᠨ ᠮᠡᠷᠭᠡᠨ ᠠᠨᠤ ᠡᠨᠡ ᠮᠡᠲᠦ ᠪᠣᠯᠠᠢ᠃
ᠳᠠᠯᠠᠳᠤᠭᠠᠷ ᠲᠥᠯᠭᠡ: ᠴᠠᠭᠠᠨ ᠬᠠᠷᠠᠭᠴᠢᠨ᠂ ᠳᠤᠮᠳᠠ ᠲᠡᠭᠰᠢ᠂ ᠲᠥᠯᠭᠡ ᠶ᠋ᠢᠨ ᠪᠡᠯᠭᠡ ᠠᠨᠤ: ᠸᠠᠩ ᠱᠠᠩ ᠳᠠᠬᠢᠨ ᠵᠠᠯᠪᠠᠷᠢᠭᠰᠠᠨ᠂ ᠬᠡᠢ ᠬᠤᠷ᠎ᠠ ᠡᠭᠦᠯᠡ ᠠᠶᠤᠩᠭ᠎ᠠ ᠴᠥᠮ ᠡᠵᠡᠳ ᠲᠡᠢ᠂ ᠴᠢᠩ ᠰᠡᠳᠬᠢᠯ ᠢ᠋ᠶ᠋ᠡᠷ ᠵᠠᠯᠪᠠᠷᠢᠭᠳᠠᠬᠤᠢ᠂ ᠦᠯᠦ ᠰᠡᠵᠢᠭᠯᠡᠬᠦ ᠴᠢᠮᠠᠯᠤᠭ᠎ᠠ ᠬᠤᠷ᠎ᠠ ᠣᠷᠣᠬᠤ ᠡᠳᠦᠷ ᠢ ᠲᠣᠭᠲᠠᠭᠠᠨ ᠪᠣᠯᠵᠣᠰᠤᠭᠠᠢ᠂ ᠪᠦᠲᠡᠮᠡ ᠬᠠᠯᠠᠭᠤᠨ ᠳᠤᠮᠳᠠᠳᠤ ᠨᠢᠭᠤᠳᠠᠯ ᠳ᠋ᠤᠷ ᠪᠣᠢ᠃
ᠪᠣᠭᠳᠠ ᠶ᠋ᠢᠨ ᠲᠠᠭᠠᠯᠠᠯ : ᠵᠠᠷᠭᠤ ᠡᠪᠡᠳᠴᠢᠨ ᠠᠮᠤᠷᠵᠢᠮᠤᠢ᠂ ᠨᠡᠷ᠎ᠡ ᠠᠰᠢᠭ ᠪᠠᠬᠠᠨ ᠬᠦᠯᠢᠶᠡᠭᠲᠦᠨ᠂ ᠤᠷᠤᠭ ᠤᠳᠠᠭᠠᠨ ᠳ᠋ᠠᠭᠠᠨ ᠰᠠᠢᠨ᠂ ᠶᠠᠪᠤᠳᠠᠯ ᠤᠨ ᠬᠥᠮᠦᠨ ᠮᠡᠳᠡᠭᠡ ᠦᠭᠡᠢ᠂ ᠪᠤᠷᠬᠠᠨ ᠰᠠᠬᠢᠭᠤᠯᠰᠤᠨ ᠢ ᠵᠠᠯᠪᠠᠷᠢᠪᠠᠰᠤ ᠭᠤᠷᠪᠠᠨ ᠬᠣᠨᠣᠭ ᠲᠤᠷ ᠮᠡᠳᠡᠭᠳᠡᠮᠦᠢ᠃
ᠲᠠᠢᠯᠪᠤᠷᠢ ᠥᠭᠦᠯᠡᠯ : ᠡᠨᠡ ᠲᠥᠯᠭᠡ ᠳ᠋ᠦ᠍ᠷ ᠠᠯᠢᠪᠠ ᠰᠠᠨᠠᠭᠰᠠᠨ ᠬᠡᠷᠡᠭ ᠲᠦ᠍ᠷ ᠵᠤᠨ ᠤ᠋ ᠰᠡᠭᠦᠯ ᠰᠠᠷᠠᠢᠨ ᠳᠤᠮᠳᠠᠳᠤ ᠨᠢᠭᠤᠭᠳᠠᠯ ᠢ ᠬᠦᠯᠢᠶᠡᠭᠳᠡᠪᠡᠰᠦ ᠬᠡᠢ ᠮᠣᠷᠢᠨ ᠤᠯᠠᠮᠵᠢᠯᠠᠨ ᠳᠡᠯᠭᠡᠷᠡᠮᠦ᠂ ᠵᠠᠷᠭᠤ ᠪᠣᠯᠪᠠᠰᠤ ᠠᠯᠳᠠᠷᠠᠬᠤ ᠨᠡᠷ᠎ᠡ ᠠᠰᠢᠭ ᠴᠠᠭ ᠢ ᠬᠦᠯᠢᠶᠡ᠂ ᠤᠷᠤᠭ ᠤᠳᠠᠭᠠᠨ ᠳ᠋ᠠᠭᠠᠨ ᠰᠠᠢᠨ᠂ ᠶᠠᠪᠤᠳᠠᠯ ᠤᠨ ᠬᠥᠮᠦᠨ ᠮᠡᠳᠡᠭᠡ ᠦᠭᠡᠢ᠂ ᠡᠪᠡᠳᠴᠢᠲᠡᠨ ᠭᠦᠷᠢᠮ ᠬᠡᠷᠡᠭ᠍ᠲᠡᠢ᠂ ᠠᠯᠢᠪᠠ ᠬᠡᠷᠡᠭ ᠴᠠᠭᠠᠨ ᠡᠳᠦᠷ ᠲᠣᠬᠢᠶᠠᠯᠳᠤᠪᠠᠰᠤ ᠰᠠᠶᠢ ᠪᠦᠲᠦᠬᠦ ᠪᠣᠯᠠᠢ᠃
ᠰᠠᠨᠠᠭ᠎ᠠ ᠲᠠᠢᠯᠤᠭᠰᠠᠨ : ᠬᠡᠢ ᠬᠤᠷ᠎ᠠ ᠡᠭᠦᠯᠡ ᠠᠶᠤᠩᠭ᠎ᠠ ᠲᠡᠭᠷᠢ ᠶ᠋ᠢᠨ ᠬᠤᠪᠢᠯᠠᠬᠤ ᠶᠣᠰᠣᠨ ᠪᠣᠯᠠᠢ᠂ ᠨᠡᠷ᠎ᠡ ᠬᠦᠰᠡᠭᠴᠢᠳ ᠲᠦ᠍ ᠲᠤᠰᠢᠶᠠᠬᠤ ᠠᠨᠤ᠂ ᠭᠤᠷᠪᠠᠨ ᠵᠢᠯ ᠭᠤᠷᠪᠠᠨ ᠰᠠᠷ᠎ᠠ ᠭᠤᠷᠪᠠᠨ ᠡᠳᠦᠷ ᠦ᠋ᠨ ᠳᠣᠲᠣᠷ᠎ᠠ ᠪᠣᠯᠠᠢ᠂ ᠬᠤᠷ᠎ᠠ ᠣᠷᠣᠬᠤ ᠬᠡᠮᠡᠭᠰᠡᠨ ᠠᠨᠤ᠂ ᠬᠡᠷᠡᠭ ᠲᠦ᠍ᠷ ᠨᠡᠮᠡᠷᠢ ᠪᠣᠯᠠᠢ᠂ ᠵᠤᠨ ᠤ᠋ ᠰᠠᠷ᠎ᠠ ᠳ᠋ᠤ᠌ ᠭᠤᠷᠪᠠᠨ ᠨᠢᠭᠤᠳᠠᠯ ᠪᠣᠢ ᠲᠤᠯᠠ᠂ ᠦᠵᠡᠭᠦᠯᠦᠭᠴᠢᠳ ᠡᠷᠬᠡᠪᠰᠢ ᠭᠤᠷᠪᠠᠨ ᠲᠣᠭᠠᠨ ᠳ᠋ᠤᠷ ᠲᠣᠬᠢᠶᠠᠯᠳᠤᠬᠤ ᠪᠤᠶᠤ᠂ ᠭᠤᠷᠪᠠᠨ ᠬᠤᠯᠤᠭᠠᠨ᠎ᠠ ᠳ᠋ᠤᠷ ᠮᠠᠰᠢ ᠰᠠᠢᠨ᠂ ᠶᠡᠷᠦ ᠶ᠋ᠢᠨ ᠴᠠᠭ ᠲᠤᠷ ᠪᠣᠯᠪᠠᠴᠤ ᠮᠥᠨ ᠰᠠᠢᠨ ᠬᠡᠮᠡᠮᠦᠢ᠃
ᠪᠡᠯᠭᠡ ᠶ᠋ᠢᠨ ᠲᠤᠬᠢᠶᠠᠯᠳᠤᠪᠤᠷᠢ ᠄ ᠨᠢᠭᠡᠨ ᠪᠢᠴᠢᠭ ᠦ᠋ᠨ ᠬᠥᠮᠦᠨ ᠵᠢᠦᠢ ᠷᠸᠡᠨ ᠰᠢᠯᠭᠠᠬᠤᠢ ᠳ᠋ᠤᠷ ᠦᠵᠡᠭᠦᠯᠪᠡᠰᠦ ᠡᠨᠡ ᠲᠥᠯᠭᠡ ᠪᠠᠭᠤᠵᠤᠬᠤᠢ᠂ ᠬᠣᠵᠢᠮ ᠬᠣᠶᠠᠳᠤᠭᠠᠷ ᠵᠢᠦᠢ ᠷᠸᠡᠨ ᠪᠣᠯᠵᠤᠬᠤᠢ᠂ ᠡᠨᠡ ᠠᠭᠤᠯᠠ ᠳᠤᠮᠳᠠ ᠨᠢᠭᠤᠳᠠᠯ ᠬᠡᠮᠡᠭᠰᠡᠨ ᠯᠦᠭᠡ ᠲᠣᠬᠢᠶᠠᠯᠳᠤᠵᠤᠬᠤᠢ᠃
