ᠪᠤᠭᠤᠷᠤᠯ ᠠᠪᠤ - ᠤᠷᠲᠤ ᠶᠢᠨ ᠳᠠᠭᠤᠴᠢᠨ ᠬ ∙ ᠡᠷᠳᠡᠨᠢᠴᠡᠴᠡᠭБуурал аав - уртын дуучин Х.Эрдэнэцэцэг ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠤᠭᠤᠷᠤᠯ ᠠᠪᠤ - ᠤᠷᠲᠤ ᠶᠢᠨ ᠳᠠᠭᠤᠴᠢᠨ ᠬ ∙ ᠡᠷᠳᠡᠨᠢᠴᠡᠴᠡᠭБуурал аав - уртын дуучин Х.Эрдэнэцэцэг

ᠪᠤᠭᠤᠷᠤᠯ ᠠᠪᠤ - ᠤᠷᠲᠤ ᠶᠢᠨ ᠳᠠᠭᠤᠴᠢᠨ ᠬ ∙ ᠡᠷᠳᠡᠨᠢᠴᠡᠴᠡᠭБуурал аав - уртын дуучин Х.Эрдэнэцэцэг

ᠠᠩᠭᠢᠯᠠᠯ:ᠳᠠᠭᠤᠤ ᠬᠥᠭᠵᠢᠮ
2024-05-09

1570

ᠪᠤᠭᠤᠷᠤᠯ ᠠᠪᠤ


         ᠦᠭᠡ᠄ ᠲ᠂ ᠶᠦᠮᠦᠷᠰᠥ᠋ᠷᠦᠩ 
         ᠠᠶ᠎ᠠ᠄ ᠳ᠂ ᠮᠢᠶᠠᠰᠥ᠋ᠷᠦᠩ 
         ᠳᠠᠭᠤᠴᠢᠨ᠄ ᠬ᠂ ᠡᠷᠳᠡᠨᠢᠴᠡᠴᠡᠭ 

ᠨᠠᠷᠠᠯᠠᠭ ᠥᠨᠳᠥᠷ ᠠᠯᠲᠠᠢ ᠶ᠋ᠢᠨ ᠠᠭᠤᠯᠠᠨ ᠳ᠋ᠤ᠌ 
ᠨᠠᠮᠤᠷ ᠤ᠋ᠨ ᠬᠢᠷᠠᠭᠤ ᠤᠨᠠᠭ᠎ᠠ ᠳᠠ 
ᠨᠠᠰᠤᠲᠠᠢ ᠪᠤᠭᠤᠷᠤᠯ ᠠᠪᠤ ᠮᠢᠨᠢ ᠠ᠋ 
ᠨᠠᠮ᠎ᠠ ᠪᠠᠨ ᠬᠠᠷᠠᠭᠤᠯᠳᠠᠨ ᠰᠠᠭᠤᠭ᠎ᠠ ᠳᠠ 
ᠠ ᠠ ᠠ ᠠ᠁ 
ᠨᠠᠮ᠎ᠠ ᠪᠠᠨ ᠬᠠᠷᠠᠭᠤᠯᠳᠠᠨ ᠰᠠᠭᠤᠭ᠎ᠠ ᠳᠠ 

ᠰᠦᠷᠯᠢᠭ ᠥᠨᠳᠥᠷ ᠠᠯᠲᠠᠢ ᠶ᠋ᠢᠨ ᠠᠭᠤᠯᠠᠨ ᠳ᠋ᠤ᠌
ᠰᠢᠭᠦᠳᠡᠷᠢ ᠬᠢᠷᠠᠭᠤ ᠤᠨᠠᠭ᠎ᠠ ᠳᠠ
ᠰᠦᠷᠦᠭ ᠦ᠋ᠨ ᠳᠡᠷᠭᠡᠳᠡ ᠡᠴᠡ ᠠᠪᠤ ᠮᠢᠨᠢ ᠠ᠋
ᠰᠦᠮᠡᠢᠬᠦ ᠠᠯᠤᠰ ᠢ᠋ ᠰᠢᠷᠳᠡᠭᠡ ᠳᠡ
ᠠ ᠠ ᠠ ᠠ᠁
ᠰᠦᠮᠡᠢᠬᠦ ᠠᠯᠤᠰ ᠢ᠋ ᠰᠢᠷᠳᠡᠭᠡ ᠳᠡ

ᠪᠤᠳᠠᠩᠲᠤ ᠥᠨᠳᠥᠷ ᠠᠯᠲᠠᠢ ᠶ᠋ᠢᠨ ᠠᠭᠤᠯᠠᠨ ᠳ᠋ᠤ᠌
ᠪᠤᠭᠤᠷᠤᠯ ᠬᠢᠷᠠᠭᠤ ᠤᠨᠠᠭ᠎ᠠ ᠳᠠ
ᠪᠤᠴᠠᠭᠠᠳ ᠬᠦᠦ ᠮᠢᠨᠢ ᠢᠷᠡᠨ᠎ᠡ ᠭᠡᠳ
ᠪᠤᠭᠤᠷᠤᠯ ᠠᠪᠤ ᠮᠢᠨᠢ ᠬᠦᠯᠢᠶᠡᠭᠡ ᠳᠡ
ᠠ ᠠ ᠠ ᠠ᠁
ᠪᠤᠭᠤᠷᠤᠯ ᠠᠪᠤ ᠮᠢᠨᠢ ᠬᠦᠯᠢᠶᠡᠭᠡ ᠳᠡ
ᠠ ᠠ ᠠ ᠠ᠁
ᠪᠤᠭᠤᠷᠤᠯ ᠠᠪᠤ ᠮᠢᠨᠢ ᠬᠦᠯᠢᠶᠡᠭᠡ ᠳᠡ

      ᠦᠰᠦᠭ ᠬᠠᠲᠠᠵᠤ᠂ ᠠᠮᠢᠯᠠᠭᠤᠯᠤᠭᠰᠠᠨ ᠨᠢ ᠠᠯᠲᠠᠨᠴᠢᠮᠡᠭ
      ᠬᠢᠨᠠᠭᠴᠢ᠄ ᠭᠦᠩᠭᠠᠷ