ᠦᠨᠡᠭᠡᠨ ᠰᠡᠭᠦᠯ ( ᠵᠣᠪᠠᠯᠠᠭ)Үнгэн сүүл ( зовлог)

ᠦᠨᠡᠭᠡᠨ ᠰᠡᠭᠦᠯ ( ᠵᠣᠪᠠᠯᠠᠭ)
ᠦᠶᠡᠲᠦ ᠤᠷᠭᠤᠮᠠᠯ ᠤ᠋ᠨ ᠢᠵᠠᠭᠤᠷ
ᠨᠢᠭᠡ ᠨᠠᠰᠤᠲᠤ ᠡᠪᠡᠰᠦᠯᠢᠭ ᠤᠷᠭᠤᠮᠠᠯ᠂ ᠨᠠᠷᠢᠬᠠᠨ ᠵᠥᠭᠡᠯᠡᠨ ᠰᠠᠬᠠᠯ ᠦᠨᠳᠦᠰᠦ ᠲᠡᠢ᠃ ᠰᠦᠷᠡᠯ ᠨᠢ ᠨᠠᠷᠢᠨ᠂ ᠭᠢᠯᠦᠭᠡᠷ᠂ ᠴᠥᠭᠡᠬᠡᠨ ᠬᠡᠳᠦ ᠪᠡᠷ ᠪᠤᠲᠠᠯᠠᠵᠤ ᠤᠷᠭᠤᠨ᠎ᠠ᠂ 15—40cm ᠥᠨᠳᠥᠷ᠂ ᠶᠡᠷᠦ ᠳ᠋ᠡᠭᠡᠨ ᠦᠶ᠎ᠡ ᠨᠢ ᠡᠪᠦᠳᠦᠭ ᠰᠢᠭ᠌ ᠮᠤᠷᠤᠢᠨ᠎ᠠ᠃ ᠨᠠᠪᠴᠢᠨ ᠤ᠋ ᠲᠣᠭᠳᠣᠢ ᠨᠢ ᠭᠥᠯᠢᠭᠡᠷ᠂ ᠶᠡᠷᠦ ᠳ᠋ᠡᠭᠡᠨ ᠦᠶ᠎ᠡ ᠶ᠋ᠢᠨ ᠵᠠᠢ ᠠ᠋ᠴᠠ ᠣᠬᠣᠷ ᠪᠥᠭᠡᠳ ᠰᠤᠯᠠᠬᠠᠨ ᠶᠤᠮ ; ᠨᠠᠪᠴᠢ ᠨᠢ ᠲᠡᠭᠰᠢᠬᠡᠨ ᠬᠠᠪᠲᠠᠭᠠᠢ᠂ ᠨᠢᠮᠭᠡᠨ᠂ 3—10cm ᠤᠷᠲᠤ᠂ 2—6mm ᠥᠷᠭᠡᠨ᠃ ᠱᠣᠷᠣᠯᠵᠢᠨ ᠬᠡᠯᠪᠡᠷᠢᠲᠦ ᠪᠠᠭ ᠴᠡᠴᠡᠭ ᠨᠢ ᠪᠥᠭᠡᠷᠡᠩᠬᠡᠢ ᠪᠠᠭᠠᠨ᠎ᠠ ᠬᠡᠯᠪᠡᠷᠢ ᠲᠡᠢ᠂ ᠴᠠᠢᠪᠤᠷ ᠨᠣᠭᠣᠭᠠᠨ᠂ 2—7cm ᠤᠷᠲᠤ᠂ 3—6mm ᠥᠷᠭᠡᠨ ; ᠵᠢᠵᠢᠭ ᠲᠦᠷᠦᠭᠦᠦ ᠨᠢ ᠵᠤᠤᠪᠠᠩ ᠪᠤᠶᠤ ᠥᠨᠳᠡᠭᠡᠯᠵᠢᠨ ᠰᠢᠭ᠌ ᠤᠷᠲᠤᠪᠲᠤᠷ ᠪᠥᠭᠡᠷᠡᠩᠬᠡᠢ᠂ 2—3mm ᠤᠷᠲᠤ ; ᠬᠣᠶᠠᠷ ᠬᠠᠯᠢᠰᠤ ᠨᠢ ᠤᠭ ᠢ᠋ᠶ᠋ᠠᠷ ᠢ᠋ᠶ᠋ᠠᠨ ᠬᠠᠷᠢᠯᠴᠠᠨ ᠨᠡᠢᠯᠡᠵᠡᠢ᠂ ᠲᠣᠷᠭᠠᠨ ᠬᠠᠯᠢᠰᠤᠯᠢᠭ᠂ ᠭᠤᠷᠪᠠᠨ ᠰᠤᠳᠠᠯ ᠲᠠᠢ᠂ ᠠᠷᠤ ᠶ᠋ᠢᠨ ᠭᠣᠣᠯ ᠰᠤᠳᠠᠯ ᠳ᠋ᠤᠨᠢ ᠨᠠᠷᠢᠨ ᠰᠢᠷᠬᠡᠭ ᠦᠰᠦ ᠲᠡᠢ᠂ ᠬᠠᠵᠠᠭᠤ ᠶ᠋ᠢᠨ ᠰᠤᠳᠠᠯ ᠤ᠋ᠨ ᠳᠣᠣᠷᠠᠲᠤ ᠬᠡᠰᠡᠭ ᠲᠦ ᠨᠢ ᠣᠬᠣᠷ ᠦᠰᠦ ᠲᠡᠢ ; ᠭᠠᠳᠠᠷ ᠬᠡᠪᠡᠭ ᠨᠢ ᠲᠣᠷᠭᠠᠨ ᠬᠠᠯᠢᠰᠤᠯᠢᠭ᠂ ᠮᠤᠬᠤᠷ ᠦᠵᠦᠭᠦᠷ ᠲᠡᠢ᠂ ᠬᠠᠯᠢᠰᠤ ᠲᠠᠢ ᠪᠠᠨ ᠲᠡᠩᠴᠡᠭᠦᠦ ᠤᠷᠲᠤ ᠪᠤᠶᠤ ᠪᠠᠬᠠᠨ ᠤᠷᠲᠤ᠂ ᠬᠣᠶᠠᠷ ᠲᠠᠯ᠎ᠠ ᠶ᠋ᠢᠨ ᠬᠥᠪᠡᠭᠡ ᠨᠢ ᠳᠣᠣᠷᠠᠲᠤ ᠬᠡᠰᠡᠭ ᠲᠡᠭᠡᠨ ᠵᠢᠭᠠᠬᠠᠨ ᠨᠡᠢᠯᠡᠩᠭᠢ ; ᠰᠤᠷ ᠨᠢ2—3mm ᠤᠷᠲᠤ᠂ ᠭᠠᠳᠠᠷ ᠬᠡᠪᠡᠭ ᠦ᠋ᠨ ᠠᠷᠤ ᠲᠠᠯ᠎ᠠ ᠶ᠋ᠢᠨ ᠳᠣᠣᠷᠠᠲᠤ ᠬᠡᠰᠡᠭ ᠡᠴᠡ ᠤᠷᠭᠤᠭᠰᠠᠨ ᠪᠠ ᠬᠠᠯᠢᠰᠤᠨ ᠳᠣᠲᠣᠷ᠎ᠠ ᠨᠢᠭᠤᠭᠳᠠᠨ ᠪᠠᠢᠬᠤ ᠪᠤᠶᠤ ᠬᠠᠯᠢᠰᠤ ᠠ᠋ᠴᠠ ᠪᠠᠬᠠᠨ ᠴᠤᠬᠤᠢᠨ ᠭᠠᠷᠳᠠᠭ ; ᠲᠣᠭᠣᠰᠣᠪᠴᠢ ᠨᠢ ᠤᠯᠠᠪᠲᠤᠷ ᠰᠢᠷ᠎ᠠ᠂ 0.5—0.8mm ᠤᠷᠲᠤ᠃᠂ ᠠᠮᠤ ᠵᠢᠮᠢᠰ ᠨᠢ1mm ᠣᠷᠴᠢᠮ ᠤᠷᠲᠤ᠃
ᠴᠢᠭᠢᠭᠲᠡᠢ ᠭᠠᠵᠠᠷ᠂ ᠲᠠᠷᠢᠶᠠᠨ ᠤ᠋ ᠬᠥᠪᠡᠭᠡ᠂ ᠤᠰᠤᠨ ᠤ᠋ ᠬᠥᠪᠡᠭᠡ ᠪᠡᠷ ᠤᠷᠭᠤᠨ᠎ᠠ᠃
ᠮᠠᠨ ᠤ᠋ ᠤᠯᠤᠰ ᠤ᠋ᠨ ᠡᠯ᠎ᠡ ᠮᠣᠵᠢ ᠣᠷᠣᠨ ᠳ᠋ᠤ᠌ ᠪᠠᠷᠤᠭ ᠪᠦᠷ ᠤᠷᠭᠤᠳᠠᠭ᠃ ᠪᠡᠯᠴᠢᠭᠡᠷ ᠡᠪᠡᠰᠦ ᠮᠥᠨ᠃
ᠬᠢᠲᠠᠳ ᠨᠡᠷ᠎ᠡ᠄看麦娘
ᠠᠩᠭ᠌ᠯᠢ ᠨᠡᠷ᠎ᠡ᠄ Alopecurus aequalis Sobol.
ᠦᠰᠦᠭ ᠠᠮᠢᠯᠠᠭᠤᠯᠤᠭᠴᠢ᠄ ᠳ᠂ ᠡᠷᠬᠢᠮᠪᠠᠭᠠᠲᠤᠷ
ᠬᠢᠨᠠᠭᠴᠢ᠄ ᠫᠣ· ᠴᠠᠭᠠᠨ ᠲᠤᠶᠠᠭ᠎ᠠ
