ᠰᠣᠷᠲᠣ ᠤᠯᠠᠭᠠᠨ ᠲᠣᠯᠣᠭᠠᠢСорт улаан толгой

ᠰᠣᠷᠲᠣ ᠤᠯᠠᠭᠠᠨ ᠲᠣᠯᠣᠭᠠᠢ
ᠦᠶᠡᠲᠦ ᠤᠷᠭᠤᠮᠠᠯ ᠤ᠋ᠨ ᠢᠵᠠᠭᠤᠷ
ᠣᠯᠠᠨ ᠨᠠᠰᠤᠲᠤ ᠡᠪᠡᠰᠦᠯᠢᠭ ᠤᠷᠭᠤᠮᠠᠯ᠂ ᠨᠠᠷᠢᠬᠠᠨ ᠤᠷᠲᠤ ᠦᠨᠳᠦᠰᠦᠯᠢᠭ ᠡᠰᠢ ᠲᠡᠢ᠃ ᠰᠦᠷᠡᠯ ᠨᠢ ᠪᠤᠲᠠᠯᠠᠵᠤ ᠤᠷᠭᠤᠨ᠎ᠠ᠂ 50—60cm ᠥᠨᠳᠥᠷ᠂ ᠭᠤᠷᠪᠠᠨ ᠦᠶ᠎ᠡ ᠲᠡᠢ᠃ ᠨᠠᠪᠴᠢᠨ ᠤ᠋ ᠲᠣᠭᠳᠣᠢ ᠨᠢ ᠦᠰᠦ ᠦᠭᠡᠢ᠂ ᠲᠣᠷᠭᠠᠨ ᠬᠠᠯᠢᠰᠤᠯᠢᠭ ᠬᠥᠪᠡᠭᠡ ᠲᠡᠢ᠃ ᠨᠠᠪᠴᠢ ᠨᠢ ᠪᠦᠰᠡ ᠬᠡᠯᠪᠡᠷᠢ ᠲᠡᠢ᠂ ᠱᠣᠪᠲᠤᠭᠤᠷ ᠦᠵᠦᠭᠦᠷ ᠲᠡᠢ᠂ 2.5—7.5cm ᠤᠷᠲᠤ᠂ 2mm ᠬᠢᠷᠢ ᠥᠷᠭᠡᠨ᠂ ᠲᠡᠭᠰᠢᠬᠡᠨ ᠬᠠᠪᠲᠠᠭᠠᠢ ᠪᠤᠶᠤ ᠳᠣᠲᠣᠭᠰᠢ ᠬᠤᠮᠢᠷᠠᠨ᠎ᠠ᠃ ᠱᠣᠷᠣᠯᠵᠢᠨ ᠬᠡᠯᠪᠡᠷᠢᠲᠦ ᠪᠠᠭ ᠴᠡᠴᠡᠭ ᠨᠢ ᠤᠷᠲᠤᠯᠵᠢᠨ ᠵᠤᠤᠪᠠᠩ᠂ ᠰᠠᠷᠪᠠᠢᠵᠤ ᠳᠡᠯᠭᠡᠷᠡᠨ᠎ᠡ᠂ 11—13cm ᠤᠷᠲᠤ᠂ 4cm ᠥᠷᠭᠡᠨ᠂ ᠦᠶ᠎ᠡ ᠪᠦᠷᠢ ᠡᠴᠡ ᠨᠢ 2—5 ᠰᠠᠯᠠᠭ᠎ᠠ ᠭᠠᠷᠬᠤ ᠪᠠ ᠰᠠᠯᠠᠭ᠎ᠠ ᠨᠢ ᠲᠠᠰᠢᠭᠤᠯᠠᠬᠤ ᠪᠤᠶᠤ ᠳᠣᠯᠭᠢᠶᠠᠯᠠᠭᠰᠠᠨ ᠮᠡᠲᠦ ᠲᠡᠭᠰᠢᠬᠡᠨ ᠤᠷᠭᠤᠨ᠎ᠠ᠂ ᠳᠣᠣᠷᠠᠲᠤ ᠬᠡᠰᠡᠭ ᠲᠤᠨᠢ ᠴᠡᠴᠡᠭ ᠦᠭᠡᠢ ; ᠵᠢᠵᠢᠭ ᠲᠦᠷᠦᠭᠦᠦ ᠨᠢ 2—3mm ᠤᠷᠲᠤ᠂ ᠪᠣᠷᠣ ᠪᠤᠶᠤ ᠪᠠᠷᠠᠭᠠᠨ ᠪᠣᠷᠣ᠂ 1—2mm ᠤᠷᠲᠤ ᠪᠠᠷᠢᠭᠤᠯ ᠲᠠᠢ ; ᠬᠣᠶᠠᠷ ᠬᠠᠯᠢᠰᠤ ᠨᠢ ᠱᠣᠪᠣᠭᠣᠷ ᠦᠵᠦᠭᠦᠷ ᠲᠡᠢ᠂ ᠳᠡᠭᠡᠳᠦ ᠬᠡᠰᠡᠭ᠂ ᠬᠥᠪᠡᠭᠡ ᠬᠢᠭᠡᠳ ᠠᠷᠤ ᠶ᠋ᠢᠨ ᠭᠣᠣᠯ ᠰᠤᠳᠠᠯ ᠨᠢ ᠪᠠᠬᠠᠨ ᠠᠷᠵᠠᠭᠠᠷ᠂ ᠢᠵᠢᠯ ᠤᠷᠲᠤ ᠪᠤᠶᠤ ᠨᠢᠭᠡᠳᠦᠭᠡᠷ ᠬᠠᠯᠢᠰᠤ ᠨᠢ ᠬᠣᠶᠠᠳᠤᠭᠠᠷ ᠬᠠᠯᠢᠰᠤ ᠠ᠋ᠴᠠ ᠪᠠᠨ 0.1—0.3mm ᠤᠷᠲᠤ᠃ ᠭᠠᠳᠠᠷ ᠬᠡᠪᠡᠭ ᠨᠢ 2mm ᠤᠷᠲᠤ᠂ ᠮᠤᠬᠤᠷ ᠣᠷᠣᠢ ᠲᠠᠢ ; ᠰᠠᠭᠤᠷᠢ ᠲᠠᠪᠠᠭ ᠤ᠋ᠨ ᠬᠣᠶᠠᠷ ᠬᠠᠪᠢ ᠳ᠋ᠤᠨᠢ ᠣᠬᠣᠷ ᠦᠰᠦ ᠲᠡᠢ ; ᠰᠤᠷ ᠨᠢ ᠭᠠᠳᠠᠷ ᠬᠡᠪᠡᠭ ᠦ᠋ᠨ ᠠᠷᠤ ᠲᠠᠯ᠎ᠠ ᠶ᠋ᠢᠨ ᠤᠭ ᠤ᠋ᠨ ᠬᠡᠰᠡᠭ ᠡᠴᠡ ᠰᠤᠨᠵᠤ ᠭᠠᠷᠴᠠᠢ᠂ 3—3.5mm ᠤᠷᠲᠤ᠂ ᠨᠠᠷᠢᠨ᠂ ᠬᠠᠯᠢᠰᠤ ᠠ᠋ᠴᠠ ᠳᠡᠭᠡᠭᠰᠢ ᠴᠤᠬᠤᠢᠨ ᠭᠠᠷᠬᠤ ᠪᠥᠭᠡᠳ ᠳᠣᠣᠷᠠᠲᠤ ᠬᠡᠰᠡᠭ ᠲᠡᠭᠡᠨ ᠮᠤᠰᠬᠢᠷᠠᠨ᠎ᠠ ; ᠳᠣᠲᠣᠷ ᠬᠡᠪᠡᠭ ᠨᠢ 0.3mm ᠣᠷᠴᠢᠮ ᠤᠷᠲᠤ ; ᠲᠣᠭᠣᠰᠣᠪᠴᠢ ᠨᠢ 1.2mm ᠤᠷᠲᠤ᠃
ᠴᠢᠭᠢᠭᠲᠡᠢ ᠨᠣᠢᠲᠠᠨ ᠭᠠᠵᠠᠷ ᠲᠤ᠌ ᠤᠷᠭᠤᠨ᠎ᠠ᠃
ᠮᠠᠨ ᠤ᠋ ᠤᠯᠤᠰ ᠤ᠋ᠨ ᠥᠪᠥᠷ ᠮᠣᠩᠭᠣᠯ᠂ ᠵᠡᠭᠦᠨ ᠬᠣᠢᠲᠤ ᠣᠷᠣᠨ ᠳ᠋ᠤ᠌ ᠤᠷᠭᠤᠳᠠᠭ᠃
ᠬᠢᠲᠠᠳ ᠨᠡᠷ᠎ᠡ᠄芒翦股颖
ᠠᠩᠭ᠌ᠯᠢ ᠨᠡᠷ᠎ᠡ᠄ Agrosis trinii Turcz.
ᠦᠰᠦᠭ ᠠᠮᠢᠯᠠᠭᠤᠯᠤᠭᠴᠢ᠄ ᠳ᠂ ᠡᠷᠬᠢᠮᠪᠠᠭᠠᠲᠤᠷ
ᠬᠢᠨᠠᠭᠴᠢ᠄ ᠫᠣ· ᠴᠠᠭᠠᠨ
