《ᠬᠥᠯᠥᠨ ᠪᠣᠢᠷ ᠤᠨ ᠰᠣᠨᠢᠨ》 ᠮᠢᠨᠦ ᠡᠬᠡ - ᠴᠣ ᠂ ᠣᠷᠱᠤᠨ “Хөлөн буйрын сонин” миний эх – Чо ᠂ Оршин
《ᠬᠥᠯᠥᠨ ᠪᠣᠢᠷ ᠤᠨ ᠰᠣᠨᠢᠨ》 ᠮᠢᠨᠦ ᠡᠬᠡ
ᠨᠠᠰᠤ ᠪᠠᠷ ᠨᠠᠳᠠ ᠠ᠋ᠴᠠ ᠳᠡᠭᠦᠦ ᠴᠦ᠍
ᠶᠣᠰᠣ ᠪᠠᠷ ᠴᠢ ᠠᠬ᠎ᠠ ᠶᠤᠮ᠃
ᠰᠢᠯᠦᠭ ᠦ᠋ᠨ ᠮᠥᠷ ᠢ᠋ᠶ᠋ᠡᠨ ᠭᠢᠰᠬᠢᠵᠦ ᠠᠯᠳᠠᠬᠤ ᠳ᠋ᠤ᠌
ᠬᠢᠴᠢᠶᠡ ᠭᠡᠵᠦ ᠴᠢ ᠨᠠᠮᠠᠶ᠋ᠢ ᠰᠡᠩᠬᠡᠷᠡᠭᠦᠯᠵᠦ ᠪᠠᠢᠯ᠎ᠠ᠃
ᠰᠢᠯᠦᠭ ᠦ᠋ᠨ ᠰᠠᠨᠠᠭ᠎ᠠ ᠴᠠᠯᠭᠠᠢᠲᠡᠵᠤ ᠲᠡᠪᠳᠡᠬᠦ ᠳ᠋ᠦ᠍
ᠴᠢᠨᠠᠷᠵᠢᠭᠤᠯ ᠭᠡᠵᠦ ᠴᠢ ᠨᠠᠳᠠ ᠵᠠᠬᠢᠳᠠᠭ ᠪᠠᠢᠯ᠎ᠠ᠃
ᠰᠢᠯᠦᠭᠴᠢ ᠬᠥᠮᠦᠨ ᠦ᠌ ᠲᠠᠪᠢᠯᠠᠩ ᠵᠠᠶᠠᠭᠠᠬᠤ ᠳ᠋ᠤ᠌
ᠴᠢ ᠨᠠᠳᠠ ᠶ᠋ᠢ ᠳᠡᠮᠵᠢᠭᠰᠡᠨ ᠰᠠᠨ᠃
ᠰᠢᠯᠦᠭ ᠦ᠋ᠨ ᠥᠷᠲᠡᠭ ᠰᠡᠳᠬᠢᠯ ᠢ᠋ᠶ᠋ᠡᠷ ᠰᠢᠨᠠᠯᠠᠬᠤ ᠳ᠋ᠤ᠌
ᠴᠢ ᠨᠠᠮᠠᠶ᠋ᠢ ᠢᠳᠬᠠᠭᠰᠠᠨ ᠰᠠᠨ᠃
ᠬᠡᠮᠨᠡᠭᠰᠡᠨ ᠪᠠᠳᠠᠭ ᠢ᠋ᠶ᠋ᠠᠨ ᠡᠷᠭᠢᠵᠦ ᠬᠠᠷᠠᠪᠠᠯ
ᠢᠨᠢᠶᠡᠵᠦ ᠴᠦ᠍ ᠪᠠᠢᠯ᠎ᠠ ᠳᠣᠭᠣᠭᠢᠯᠠᠵᠤ ᠴᠦ᠍ ᠪᠠᠢᠯ᠎ᠠ
ᠭᠢᠰᠬᠢᠳᠡᠯ ᠢ᠋ᠶ᠋ᠡᠨ ᠣᠯᠤᠭ᠎ᠠ ᠦᠭᠡᠢ ᠬᠡᠦᠬᠡᠳ ᠰᠢᠭ
ᠭᠢᠯᠵᠢᠩ ᠳᠠᠯᠵᠢᠩ ᠬᠡᠯᠲᠦᠷᠢᠵᠦ ᠪᠠᠢᠯ᠎ᠠ᠂
ᠪᠣᠰᠤᠭ᠎ᠠ ᠡᠷ᠎ᠡ ᠶ᠋ᠢᠨ ᠳᠤᠨᠢᠭᠠᠷ ᠠᠯᠬᠤᠭᠠᠨ ᠬᠦᠷᠲᠡᠯ᠎ᠡ
ᠮᠠᠴᠤᠯᠬᠢᠯᠠᠵᠤ ᠪᠣᠷᠪᠢ ᠨᠤᠭᠤᠷᠠᠯ ᠦᠭᠡᠢ ᠮᠥᠯᠬᠥᠭᠰᠡᠨ
ᠪᠣᠢᠲᠣᠭ ᠤ᠋ᠨ ᠣᠷᠣᠮ— ᠥᠩᠭᠡᠷᠡᠭᠰᠡᠨ ᠵᠠᠮᠨᠠᠯ ᠢ᠋
ᠪᠣᠳᠣᠯ ᠠ᠋ᠴᠠ ᠪᠠᠨ ᠬᠤᠰᠤᠵᠤ ᠶᠠᠭᠠᠬᠢᠵᠤ ᠪᠣᠯᠬᠤ ᠪᠣᠢ
ᠪᠣᠢᠵᠢᠭᠰᠠᠨ ᠰᠢᠯᠦᠭᠴᠢ ᠶ᠋ᠢᠨ ᠰᠢᠢ᠍ᠳᠮᠡᠭ ᠢᠲᠡᠭᠡᠯ ᠪᠤᠯᠪᠠᠷᠠᠢ ᠮᠥᠷ᠂
ᠪᠣᠷᠣ ᠵᠠᠮ ᠢᠳᠡᠷᠰᠢᠵᠦ ᠵᠣᠭᠰᠣᠬᠤ ᠳ᠋ᠤ᠌
ᠬᠦᠰᠡᠯ ᠦ᠋ᠨ ᠰᠦ ᠪᠡᠷ ᠨᠠᠮᠠᠶ᠋ᠢ ᠬᠥᠮᠦᠵᠢᠭᠦᠯᠦᠭᠰᠡᠨ
《 ᠬᠥᠯᠥᠨ ᠪᠤᠢᠷ ᠤ᠋ᠨ ᠰᠣᠨᠢᠨ》 ᠮᠢᠨᠦ ᠡᠬᠡ ᠪᠠᠢᠵᠠᠢ᠃
ᠠᠩᠬᠠᠨ ᠤ᠋ ᠨᠢᠷᠠᠢ ᠳᠠᠭᠤ ᠪᠠᠨ
ᠴᠢᠨᠦ ᠡᠯᠢᠭᠡᠨ ᠳ᠋ᠦ᠍ ᠬᠠᠲᠠᠵᠤ
ᠠᠩᠭᠢᠷ ᠪᠦᠪᠡᠢᠬᠡᠨ ᠪᠠᠳᠠᠭ ᠤ᠋ᠨ ᠢ᠋ᠶ᠋ᠠᠨ
ᠠᠶᠠᠰ ᠨᠠᠮᠪᠠ ᠶ᠋ᠢ ᠣᠯᠵᠤ ᠰᠠᠨ᠃
《 ᠬᠥᠯᠥᠨ ᠪᠤᠢᠷ ᠤ᠋ᠨ ᠰᠣᠨᠢᠨ》 ᠴᠢ ᠮᠢᠨᠦ ᠡᠬᠡ
ᠨᠠᠰᠤ ᠪᠠᠷ ᠨᠠᠳᠠ ᠠ᠋ᠴᠠ ᠳᠡᠭᠦᠦ ᠴᠦ᠍
ᠶᠣᠰᠣ ᠪᠠᠷ ᠴᠢ ᠠᠬ᠎ᠠ ᠶᠤᠮ᠃
ᠢᠷᠡᠯᠲᠡ᠄ ᠴᠣ· ᠣᠷᠱᠤᠨ ᠤ᠋《 ᠮᠠᠯᠴᠢᠨ ᠬᠥᠮᠦᠨ ᠦ᠌ ᠳᠠᠭᠤᠤ》 ᠨᠣᠮ ᠠ᠋ᠴᠠ ᠡᠰᠢᠯᠡᠪᠡ᠃
ᠦᠰᠦᠭ ᠠᠮᠢᠯᠠᠭᠤᠯᠤᠭᠴᠢ᠄ ᠪᠠᠶᠠᠷᠴᠡᠴᠡᠭ
2024 04 30
