ᠬᠡᠢ ᠬᠠᠪᠤᠳᠠᠷᠲᠤ 《ᠴᠡᠭᠡᠵᠢ》 ᠤᠳ - ᠶᠣᠨᠳᠣᠨ ᠤ ᠪᠢᠯᠢᠭ᠌ - ᠪᠠᠭᠠᠲᠤᠷ Хий хавдарт “чээж” үүд - Ёндоны Билиг - Баатар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠡᠢ ᠬᠠᠪᠤᠳᠠᠷᠲᠤ 《ᠴᠡᠭᠡᠵᠢ》 ᠤᠳ - ᠶᠣᠨᠳᠣᠨ ᠤ ᠪᠢᠯᠢᠭ᠌ - ᠪᠠᠭᠠᠲᠤᠷ Хий хавдарт “чээж” үүд - Ёндоны Билиг - Баатар

ᠬᠡᠢ ᠬᠠᠪᠤᠳᠠᠷᠲᠤ 《ᠴᠡᠭᠡᠵᠢ》 ᠤᠳ - ᠶᠣᠨᠳᠣᠨ ᠤ ᠪᠢᠯᠢᠭ᠌ - ᠪᠠᠭᠠᠲᠤᠷ Хий хавдарт “чээж” үүд - Ёндоны Билиг - Баатар

2024-05-07

241

ᠬᠡᠢ ᠬᠠᠪᠤᠳᠠᠷᠲᠤ 《ᠴᠡᠭᠡᠵᠢ》 ᠤᠳ

 
         –  ᠵᠠᠷᠢᠮ ᠵᠠᠷᠢᠮᠲᠠᠭ ᠵᠤᠯᠵᠠᠭᠠᠨ ᠨᠠᠷ ᠪᠤᠶᠤ 
             ᠵᠠᠷᠠᠭ᠎ᠠ ᠬᠡᠷᠢᠶ᠎ᠡ ᠨᠦᠭᠦᠳ ᠲᠦ 

 ᠢᠯᠭᠤᠮ ᠠᠷᠢᠭᠤᠨ ᠮᠣᠩᠭᠣᠯ ᠢ ᠭᠠᠢᠳᠠᠭᠤᠯᠬᠤ
 ᠢᠴᠢᠭᠦᠷᠢ ᠦᠭᠡᠢ ᠲᠦᠢᠯᠪᠤᠷᠢᠲᠠᠢ ᠲᠡᠨᠡᠭ ᠦᠳ 
 ᠲᠣᠯᠣᠭᠠᠢ ᠳᠡᠭᠡᠷ᠎ᠡ ᠪᠡᠨ ᠯᠤᠲᠤ ᠪᠤᠷᠲᠠᠭ ᠲᠠᠢ
 ᠲᠤᠩ ᠴᠦ᠍ ᠲᠣᠮᠣ ᠬᠦᠢᠲᠡᠨ ᠮᠠᠯᠠᠭᠠᠢ ᠵᠡᠭᠦᠭᠡᠳ 
 ᠲᠡᠷᠡ ᠮᠠᠭᠤᠬᠠᠢ ᠮᠠᠯᠠᠭᠠᠢ ᠳᠠᠭᠠᠨ ᠳᠠᠷᠤᠭᠳᠠᠭᠠᠳ 
 ᠲᠠᠷᠯᠠᠩ ᠠᠰᠮᠠᠨ ᠪᠤᠬ᠎ᠠ ᠰᠢᠭ᠋ ᠮᠥᠷᠭᠥᠯᠳᠦᠭᠡᠳ 
 ᠲᠡᠳᠡᠨᠦᠰ ᠡᠴᠡ ᠣᠨᠳᠣᠣ ᠬᠥᠮᠥᠰ ᠬᠥᠭᠡᠷᠦᠬᠦᠢ
 ᠲᠡᠭᠷᠢ ᠳᠣᠣᠷ᠎ᠠ ᠲᠥᠷᠥᠭᠡᠳᠦᠢ ᠶᠤᠮᠰᠢᠭ ᠯᠠ
 ᠲᠡᠳᠡᠨ ᠰᠢᠭ《 ᠭᠠᠢᠬᠠᠮᠰᠢᠭ 》 ᠲᠠᠢ ᠶᠠᠭᠤᠮᠠᠰ
 ᠲᠥᠷᠥᠳᠡᠭ ᠦᠭᠡᠢ ᠶᠤᠮᠰᠢᠭ ᠣᠪᠣᠷᠳᠠᠭᠠᠳ
 ᠡᠴᠢᠭᠡ ᠡᠬᠡ ᠡᠴᠡ ᠲᠥᠷᠥᠭᠡᠳᠦᠢ ᠬᠠᠷᠢᠨ
 ᠡᠷᠭᠢ ᠡᠯᠡᠰᠦᠨ ᠡᠴᠡ ᠲᠥᠷᠥᠴᠢᠭᠰᠡᠨ ᠶᠤᠮᠰᠢᠭ 
 ᠡᠭᠦᠰᠦᠯ ᠭᠠᠷᠤᠯ ᠢᠶᠠᠨ ᠫᠠᠳ ᠤᠮᠠᠷᠲᠠᠭᠠᠳ
 ᠡᠪᠡᠰᠦᠨ ᠥᠲᠥ᠍ ᠬᠣᠷᠣᠬᠠᠢ ᠰᠢᠭ᠋ ᠮᠥᠯᠬᠥᠭᠡᠳ
 ᠣᠷᠣᠭᠰᠠᠨ ᠪᠤᠤᠷ᠎ᠠ ᠰᠢᠭ᠋ ᠰᠡᠪᠡᠰᠡᠯᠡᠭᠡᠳ ᠯᠡ 
 ᠠᠳᠠ ᠲᠡᠳᠡ ᠦᠭᠡᠢ ᠴᠡᠭᠡᠵᠢ ᠣᠷᠬᠢᠭᠠᠳ 
 ᠡᠴᠢᠭᠡ ᠡᠬᠡ ᠶ᠋ᠢᠨ ᠲᠣᠯᠣᠭᠠᠢ ᠶᠣᠷᠣᠳᠠᠭᠠᠳ 
 ᠡᠷᠡᠭᠦᠯ ᠮᠣᠷᠠᠯ ᠲᠠᠢ ᠮᠣᠩᠭᠣᠯ ᠵᠠᠶᠢᠭ ᠢ ᠡᠪᠳᠡᠵᠦ 
 ᠡᠯᠵᠢᠭᠡ ᠭᠠᠬᠠᠢ ᠠ᠋ᠴᠠ ᠴᠠᠭᠠᠰᠢ ᠠᠭᠠᠰᠢᠯᠠᠭᠠᠳ 
 ᠡᠪᠦᠭᠡᠳ ᠲᠣᠮᠣᠭᠠᠲᠠᠳ ᠡᠷᠳᠡᠮᠲᠦ ᠮᠡᠷᠭᠡᠳ ᠢ
 ᠡᠷᠡᠦᠳᠡᠨ ᠳᠣᠷᠣᠮᠰᠢᠶᠠᠬᠤ ᠭᠡᠮᠡᠨ ᠭᠠᠯᠵᠠᠭᠤᠷᠠᠮᠤᠢ
 ᠲᠡᠳᠡᠨᠦᠰ ᠬᠡᠳᠦᠨ ᠰᠢᠯᠦᠭ᠂ ᠬᠣᠶᠠᠷ ᠳᠠᠭᠤᠤ
 ᠲᠡᠨᠡᠭ ᠶᠤᠮᠰᠢᠭ ᠡᠷᠢᠶᠡᠴᠢᠵᠦ ᠳᠠᠭᠤᠯᠠᠭᠰᠠᠨ ᠪᠤᠶᠤ 
 ᠭᠤᠷᠪᠠᠨ ᠨᠠᠭᠠᠳᠤᠮ ᠳᠥᠷᠪᠡᠨ ᠬᠤᠷᠢᠮ ᠨᠠᠢᠷ 
 ᠭᠤᠳᠤᠭᠠᠷᠳᠠᠭᠠᠳ ᠯᠠ ᠬᠥᠲᠥᠯᠦᠭᠰᠡᠨ ᠮᠠᠭᠠᠳ 
 ᠵᠢᠷᠭᠤᠭ᠎ᠠ ᠶᠢᠨ ᠳᠠᠪᠠᠭ᠎ᠠ ᠨᠢᠭᠡ ᠳᠠᠪᠠᠵᠤ 
 ᠵᠢᠷᠠᠨ ᠳᠥᠷᠪᠡ ᠳ᠋ᠦ᠍ ᠲᠡᠷᠢᠭᠦᠯᠡᠭᠰᠡᠨ ᠮᠠᠭᠠᠳ 
 ᠁  ᠁ 
 ᠲᠡᠭᠡᠪᠡᠴᠦ ᠡ ᠂ ᠲᠡᠭᠷᠢ ᠨᠤᠷᠠᠮᠠᠷ ᠯᠤᠲᠤ ᠴᠠᠯᠴᠢᠵᠤ 
 ᠲᠡᠮᠡᠭᠡᠨ ᠦ᠌ ᠨᠢᠭᠡ ᠬᠣᠷᠭᠣᠯ ᠢ ᠡᠷᠭᠦᠭᠡᠳ ᠴᠦ᠍ 
 ᠲᠠᠪᠠᠲᠠᠢᠬᠠᠨ ᠳᠠᠪᠤ ᠠᠯᠬᠤᠵᠤ ᠴᠢᠳᠠᠯ ᠦᠭᠡᠢ 
 ᠲᠠᠷ᠎ᠠ ᠪᠢᠷ᠎ᠠ ᠲᠠᠮᠢᠷᠳᠠᠭᠠᠳ ᠵᠠᠮ ᠳᠠᠭᠠᠨ 
 ᠦᠬᠡᠷ ᠦᠨ ᠴᠣᠪᠣᠭᠠᠨ ᠳᠤ ᠪᠦᠳᠦᠷᠢᠳᠡᠭ ᠯᠠ 
 ᠦᠬᠡᠨᠴᠡ ᠪᠡᠷᠲᠡᠭᠴᠢᠳ ᠭᠠᠢᠬᠠᠯ ᠤ᠋ᠳ ᠶᠣᠮ᠎ 
 ᠲᠡᠢᠮᠦ ᠬᠢᠷᠢ ᠨᠢ ᠪᠡᠨ ᠴᠢᠩᠭᠢᠰ ᠡᠴᠡ ᠴᠦ᠍ 
 ᠲᠣᠮᠣ ᠯᠤᠲᠤ ᠨᠦᠰᠡᠷ ᠰᠦᠷ ᠳᠤᠤᠭᠠᠷᠤᠭᠠᠳ  
 ᠪᠢᠷᠠᠭᠤ ᠪᠣᠯᠤᠭᠠᠳᠤᠢ ᠪᠠᠷ ᠁  ᠪᠦᠷ ᠴᠦ᠍ ᠁
 ᠪᠤᠬᠠᠨ ᠤ ᠪᠠᠭᠠᠳᠠᠯ ᠢᠶᠠᠷ ᠁  ᠪᠦᠳᠦᠭᠦᠨ ᠁
 ᠪᠦᠳᠦᠭᠦᠨ ᠪᠦᠳᠦᠭᠦᠨ ᠠᠳᠠ ᠲᠡᠨᠳᠡ ᠦᠭᠡᠢ 
 ᠪᠠᠭᠠᠰᠤ ᠰᠢᠭᠢᠰᠦ ᠠᠯᠳᠠᠵᠤ ᠰᠣᠯᠢᠶᠠᠷᠠᠭᠠᠳ ᠯᠠ 
 ᠰᠣᠬᠣᠷ ᠨᠣᠮᠣᠨ ᠮᠡᠲᠦ ᠭᠠᠵᠠᠷ ᠬᠥᠷᠥᠰᠥ ᠶ᠋ᠢ 
 ᠰᠥᠨᠢ ᠡᠳᠦᠷ ᠦᠭᠡᠢ ᠰᠡᠭᠴᠢᠭᠡᠳ ᠲᠡᠨᠦᠨᠡᠮ 
 ᠬᠤᠯᠠᠨ ᠲᠣᠯᠣᠩ ᠪᠣᠲᠣᠭᠣᠨ ᠬᠥᠭᠵᠢᠯ ᠬᠡᠮᠡᠬᠦ 
 ᠬᠣᠷᠸ᠎ᠠ ᠡᠩᠬᠡ ᠰᠠᠨᠰᠠᠷ ᠮᠠᠢᠳᠠᠷ ᠬᠡᠮᠡᠬᠦ 
 ᠭᠡᠨᠡᠲᠡᠢ ᠠᠶᠤᠮᠠᠷ ᠠᠭᠤᠤ ᠨᠡᠷ᠎ᠡ ᠡᠯᠭᠦᠭᠡᠳ 
 ᠬᠡᠷᠴᠡᠭᠡᠢ ᠣᠷᠬᠢᠭ᠎ᠠ ᠬᠦᠩᠭᠢᠨᠡᠭᠡᠳ ᠪᠦᠷ ᠴᠦ᠍ 
 ᠣᠪᠣᠭ᠎ᠠ ᠲᠣᠪᠣᠭ᠎ᠠ ᠴᠡᠭᠡᠵᠢ ᠣᠪᠣᠷ ᠬᠠᠶᠠᠵᠤ 
 ᠣᠷᠴᠢᠯᠠᠩ ᠶᠢᠷᠲᠢᠨᠴᠦ ᠶᠢ ᠣᠯᠠᠨ ᠳᠤ ᠬᠢᠰᠭᠢᠵᠦ 
 ᠮᠠᠨᠠᠢᠬᠢᠨ ᠤ ᠡᠪᠦᠭᠡᠳ ᠦᠨ ᠶᠠᠷᠢᠭᠠᠳ ᠪᠠᠢᠳᠠᠭ 
 ᠮᠠᠩᠭᠤᠰ ᠰᠢᠭ᠋ ᠥᠨᠥ᠍《ᠴᠡᠭᠡᠵᠢ》ᠬᠦᠦᠴᠤᠤᠯ
 ᠮᠠᠩᠬᠠᠨ ᠨᠤᠲᠤᠭ᠂ ᠴᠠᠭᠠᠨ ᠬᠥᠳᠡᠭᠡ ᠪᠠᠷ
 ᠮᠠᠨ ᠤ ᠲᠠᠨ ᠤ ᠶᠡᠬᠡ ᠪᠠᠭ᠎ᠠ ᠬᠣᠲᠠ ᠪᠠᠷ 
 《ᠠᠪᠤ》  ᠵᠠᠯᠠᠭᠤᠰ 
 ᠰᠢᠳᠦᠯᠡᠩ 《ᠮᠥᠮᠥ᠍》 ᠨᠠᠷ 
 ᠠᠶᠤᠩᠭ᠎ᠠ ᠰᠢᠭ᠋ ᠠᠭᠰᠤᠷᠠᠭᠠᠳ ᠁ 
 ᠰᠣᠯᠣᠩᠭ᠎ᠠ ᠰᠢᠭ᠋ ᠬᠡᠢᠲᠡᠭᠡᠳ ᠁
 ᠠᠢᠬᠤᠪᠲᠤᠷ ᠠᠲᠠᠭᠠᠴᠢ ᠭᠠᠮᠰᠢᠭ ᠪᠣᠯᠤᠭᠠᠳ 
 ᠠᠢᠯ ᠠᠮᠢᠲᠠᠳ ᠲᠤ ᠭᠠᠢ ᠵᠣᠪᠠᠯ ᠲᠠᠷᠢᠭᠠᠳ 
 ᠨᠢᠭᠡᠮᠦᠰᠦᠨ ᠳᠡᠢᠯᠳᠡᠬᠦ ᠪᠡᠨ ᠪᠣᠯᠢᠭᠠᠳ ᠯᠠ 
 ᠨᠡᠢᠬᠡᠮ ᠨᠡᠢᠲᠡ ᠳᠦ ᠨᠣᠪᠰᠢ ᠬᠢᠵᠢᠭ ᠪᠣᠯᠵᠤ 
 ᠬᠡᠬᠡᠮᠰᠦᠭ ᠢᠵᠠᠭᠤᠷᠲᠠᠨ ᠮᠣᠩᠭᠣᠯ ᠢ ᠮᠢᠨᠢ 
 ᠬᠡᠲᠦᠷᠬᠡᠢ ᠬᠡᠴᠡᠭᠦᠳᠡᠭᠦᠯᠦᠭᠡᠳ ᠪᠠᠢᠨ᠎ᠠ  
 ᠪᠣᠭᠳᠠ ᠡᠵᠡᠨ ᠥᠷᠯᠥᠭ ᠬᠠᠭᠠᠳ ᠮᠢᠨᠢ ᠡ 
 ᠪᠤᠷᠬᠠᠨ ᠲᠡᠭᠷᠢ ᠶᠡᠬᠡᠰ ᠳᠡᠭᠡᠳᠦᠰ ᠮᠢᠨᠢ ᠡ 
 ᠪᠣᠭ ᠣᠷᠣᠯᠠᠩ ᠪᠦᠲᠦᠭᠰᠡᠨ ᠭᠠᠢᠬᠠᠯ ᠤᠳ ᠢ
 ᠪᠤᠯᠠᠰᠢᠯᠠᠭᠠᠳ ᠨᠢᠭᠡ ᠥᠷᠥᠰᠢᠶᠡᠬᠦ ᠪᠣᠯᠲᠤᠭᠠᠢ 
 ᠪᠤᠶᠠᠨ ᠢᠶᠠᠨ ᠪᠠᠷᠠᠭᠰᠠᠨ ᠰᠡᠭ ᠦᠳ ᠢ 
 ᠪᠤᠲᠠ ᠨᠢᠷᠭᠡᠴᠢ ᠡ᠂ ᠭᠤᠷᠪᠠ ᠮᠥᠷᠭᠥᠶ᠎ᠡ 
 ᠢᠰᠡᠭᠡᠢ ᠲᠤᠭᠤᠷᠭᠠᠲᠠᠳ ᠬᠣᠭ ᠢ᠋ᠶ᠋ᠠᠨ ᠴᠡᠪᠡᠷᠯᠡᠭᠦ
 ᠡᠩᠬᠡᠵᠢᠨ ᠮᠥᠩᠬᠡᠵᠢᠨ ᠡᠷᠢᠨ ᠠᠢᠰᠦᠢ ᠰᠢᠦ
 ᠭᠠᠢᠬᠠᠮᠰᠢᠭᠲᠤ ᠬᠠᠭᠠᠨ ᠤ ᠠᠯᠲᠠᠨ ᠤᠷᠤᠭ ᠤᠨ
 34 ᠳ᠋ᠤᠷ ᠦᠶ᠎ᠡ ᠶᠢᠨ ᠰᠢᠳᠤᠷᠭᠤ ᠠᠴᠢ
 ᠠᠯᠠᠭᠠᠨ ᠴᠢᠨᠡᠭᠡᠨ ᠠᠳᠠᠷᠭᠠᠨ ᠤ᠋ ᠬᠥᠪᠡᠭᠦᠨ 
 ᠠᠯᠳᠠᠷᠰᠢᠭ᠎ᠠ ᠦᠭᠡᠢ ᠨᠠᠢᠷᠠᠭᠴᠢ ᠥᠭᠦᠯᠡᠨᠡᠮ 
 ᠁  ᠁ 

        2024᠂ 5᠂ 6   ᠦᠳᠡ ᠳᠦ 
    ᠬᠥᠬᠡᠬᠣᠲᠠᠨ᠎ᠠ ᠬᠢᠨᠠᠮᠠᠭᠠᠢ ᠲᠤᠩᠭᠠᠨ ᠪᠠᠢᠵᠤ
    ᠬᠢᠴᠢᠶᠡᠩᠭᠦᠢᠯᠡᠩᠬᠡᠨ ᠭᠢᠯᠠᠰ ᠪᠦᠲᠦᠭᠡᠪᠡᠢ᠃