ᠪᠣᠭᠳᠠ ᠯᠣᠣᠶᠠ ᠶ᠋ᠢᠨ ᠪᠦᠷᠢᠨ ᠲᠥᠯᠭᠡ  51~60 Богд лууяны бүрэн төлөг 51~60 ᠵᠠᠩ ᠦᠢᠯᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠣᠭᠳᠠ ᠯᠣᠣᠶᠠ ᠶ᠋ᠢᠨ ᠪᠦᠷᠢᠨ ᠲᠥᠯᠭᠡ  51~60 Богд лууяны бүрэн төлөг 51~60

ᠪᠣᠭᠳᠠ ᠯᠣᠣᠶᠠ ᠶ᠋ᠢᠨ ᠪᠦᠷᠢᠨ ᠲᠥᠯᠭᠡ  51~60 Богд лууяны бүрэн төлөг 51~60

ᠠᠩᠭᠢᠯᠠᠯ:ᠵᠠᠩ ᠦᠢᠯᠡ
2024-05-07

297


      ᠲᠠᠪᠢᠨ ᠨᠢᠭᠡᠳᠦᠭᠡᠷ ᠲᠥᠯᠭᠡ ᠂ ᠰᠢᠷᠬᠠᠴᠢᠨ ᠬᠥᠬᠡ᠂ ᠳᠡᠭᠡᠳᠦ ᠰᠠᠢᠨ᠂ ᠲᠥᠯᠭᠡ ᠶ᠋ᠢᠨ ᠪᠡᠯᠭᠡ ᠠᠨᠤ᠂ ᠳᠣᠲᠣᠭᠠᠳᠤ ᠶ᠋ᠢᠨ ᠰᠤᠪᠠᠭ ᠠ᠋ᠴᠠ ᠤᠯᠠᠭᠠᠨ ᠨᠠᠪᠴᠢᠨ ᠤᠨᠠᠭᠰᠠᠨ : ᠴᠢ ᠡᠳᠦᠭᠡ ᠶᠠᠮᠪᠠᠷ ᠬᠡᠷᠡᠭ ᠪᠣᠯᠪᠠᠴᠤ ᠲᠦᠷ ᠢᠷᠥᠬᠡᠷ ᠲᠠᠭᠠᠭᠳᠠᠬᠤᠢ᠂ ᠤᠰᠤᠨ ᠬᠦᠷᠪᠡᠰᠦ ᠤᠷᠤᠰᠬᠠᠯ ᠪᠦᠲᠦᠬᠦ ᠴᠢᠯᠡᠨ ᠥᠪᠡᠰᠦᠪᠡᠨ ᠪᠣᠯᠣᠨᠤ᠂ ᠤᠷᠢᠳᠠ ᠰᠡᠳᠬᠢᠯ ᠵᠣᠪᠠᠵᠤ ᠰᠠᠨᠠᠭᠠᠨ ᠳ᠋ᠤᠷ ᠬᠦᠷᠬᠦᠢ ᠳ᠋ᠦ᠍ᠷ ᠪᠢᠲᠡᠭᠡᠢ ᠭᠠᠰᠠᠯᠠ᠂ ᠰᠢᠨ᠎ᠡ ᠪᠤᠶᠠᠨ ᠬᠡᠰᠢᠭ ᠯᠦ᠍ᠭᠡ ᠠᠭᠤᠯᠵᠠᠵᠤ ᠰᠠᠨᠠᠭᠰᠠᠨ ᠬᠡᠷᠡᠭ ᠪᠦᠲᠦᠶᠦ᠃ 
      ᠪᠣᠭᠳᠠ ᠶ᠋ᠢᠨ ᠲᠠᠭᠠᠯᠠᠯ : ᠨᠡᠷ᠎ᠡ ᠲᠣᠳᠣᠷᠠᠮᠤᠢ᠂ ᠵᠠᠷᠭᠤ ᠠᠭᠤᠵᠢᠮᠤ᠂ ᠡᠳ᠋ ᠠᠷᠪᠢᠵᠢᠮᠤ᠂ ᠡᠪᠡᠳᠴᠢᠨ ᠠᠮᠤᠷᠯᠢᠮᠤᠢ᠂ ᠶᠠᠪᠤᠳᠠᠯ ᠤ᠋ᠨ ᠬᠥᠮᠦᠨ ᠮᠡᠳᠡᠭᠡ ᠪᠣᠢ᠂ ᠤᠷᠤᠭ ᠪᠣᠯᠪᠠᠰᠤ ᠲᠣᠭᠲᠠᠮᠤᠢ᠂ ᠵᠠᠶᠠᠭᠠᠨ ᠤᠯᠠᠮ ᠳᠡᠯᠭᠡᠷᠡᠮᠦᠢ᠂ ᠰᠡᠳᠬᠢᠯ ᠮᠠᠭᠠᠳ ᠬᠠᠩᠬᠤ᠃  
      ᠲᠠᠢᠯᠪᠤᠷᠢ ᠥᠭᠦᠯᠡᠯ : ᠡᠨᠡ ᠲᠥᠯᠭᠡ ᠳ᠋ᠦ᠍ᠷ ᠰᠠᠢᠨ ᠬᠡᠷᠡᠭ ᠳᠠᠪᠬᠤᠷ ᠤᠴᠠᠷᠠᠵᠤ ᠨᠡᠷ᠎ᠡ ᠠᠰᠢᠭ ᠤᠯᠠᠮ ᠳᠡᠯᠭᠡᠷᠡᠮᠦᠢ ᠂ ᠡᠳ᠋ ᠤᠳᠠᠭᠠᠨ ᠤᠷᠤᠭ ᠲᠣᠭᠲᠠᠮᠤ ᠶᠠᠪᠤᠳᠠᠯ ᠤ᠋ᠨ ᠬᠥᠮᠦᠨ ᠮᠡᠳᠡᠭᠡ ᠪᠣᠢ ᠡᠪᠡᠳᠴᠢᠲᠡᠨ ᠠᠮᠤᠷᠵᠢᠬᠤ ᠵᠠᠷᠭᠤ ᠠᠪᠤᠮᠤᠢ ᠬᠡᠢ ᠮᠣᠷᠢᠨ ᠳᠡᠯᠭᠡᠷᠡᠮᠦᠢ ᠵᠢᠷᠮᠦᠰᠦᠨ ᠪᠤᠶᠠᠨᠲᠤ ᠬᠥᠪᠡᠭᠦᠨ ᠬᠥᠩᠭᠡᠵᠢᠮᠦᠢ ᠭᠠᠵᠠᠷ ᠤ᠋ᠨ ᠰᠤᠳᠠᠯ ᠲᠠᠮᠢᠷ ᠰᠠᠢᠨ ᠠᠶᠠᠪᠠᠷ ᠰᠡᠳᠬᠢᠴᠢᠯᠡᠨ ᠪᠦᠲᠦᠬᠦ ᠰᠢᠯᠲᠠᠭᠠᠨ ᠪᠣᠢ᠃ 
     ᠰᠠᠨᠠᠭ᠎ᠠ ᠲᠠᠢᠯᠤᠭᠰᠠᠨ : ᠨᠢᠳᠦᠨ ᠤ ᠡᠮᠦᠨ᠎ᠡ ᠨᠡᠷ᠎ᠡ ᠠᠰᠢᠭ ᠰᠠᠨᠠᠭᠰᠠᠨ ᠬᠡᠷᠡᠭ ᠣᠯᠠᠩᠬᠢ ᠪᠦᠲᠦᠮᠵᠢ ᠦᠭᠡᠢ ᠪᠣᠯᠪᠠᠴᠤ ᠲᠦᠷ ᠢᠷᠥᠬᠡᠷ ᠢ ᠲᠠᠭᠠᠭᠳᠠᠬᠤᠢ ᠬᠡᠮᠡᠭᠰᠡᠨ ᠠᠨᠤ ᠰᠠᠨᠠᠭᠠᠨ ᠳ᠋ᠤᠷ ᠦᠯᠦ ᠬᠦᠷᠬᠦᠢ ᠳ᠋ᠦ᠍ᠷ ᠪᠢᠲᠡᠭᠡᠢ ᠭᠠᠰᠠᠯᠠ᠂ ᠬᠣᠵᠢᠮ ᠬᠢᠯᠪᠠᠷ ᠪᠣᠯᠬᠤ ᠶ᠋ᠢ ᠥᠭᠦᠯᠡᠭᠰᠡᠨ ᠪᠣᠯᠠᠢ᠂ ᠬᠡᠢ ᠮᠣᠷᠢᠨ ᠳᠡᠯᠭᠡᠷᠡᠨ ᠴᠠᠭ ᠲᠣᠬᠢᠶᠠᠯᠳᠤᠪᠠᠰᠤ ᠥᠪᠡᠷ ᠢ᠋ᠶ᠋ᠡᠨ ᠳᠡᠯᠭᠡᠷᠡᠵᠦ ᠰᠠᠢᠨ ᠦᠢᠯᠡ ᠳᠠᠪᠬᠤᠷ ᠳᠠᠪᠬᠤᠷ ᠰᠠᠨᠠᠭᠠᠨ ᠳ᠋ᠤᠷ ᠬᠥᠷᠥᠮᠦ ᠂ ᠶᠡᠬᠡ ᠲᠥᠯᠥᠪ ᠠᠨᠤ ᠤᠷᠤᠭᠰᠢ ᠮᠠᠭᠤ : ᠬᠣᠵᠢᠮ ᠰᠠᠢᠨ᠃ 
      ᠪᠡᠯᠭᠡ ᠶ᠋ᠢᠨ ᠲᠣᠬᠢᠶᠠᠯᠳᠤᠪᠤᠷᠢ : ᠨᠢᠭᠡᠨ ᠬᠥᠮᠦᠨ ᠦᠵᠡᠭᠦᠯᠪᠡᠰᠦ ᠡᠨᠡ ᠲᠥᠯᠭᠡ ᠪᠠᠭᠤᠵᠤᠬᠤᠢ ᠲᠡᠨᠳᠡᠴᠡ ᠭᠠᠵᠠᠷ ᠭᠠᠵᠠᠷ ᠲᠤ᠌ ᠶᠠᠪᠤᠪᠠᠴᠤ᠂ ᠠᠰᠢᠭ ᠣᠯᠤᠭᠰᠠᠨ ᠦᠭᠡᠢ ᠳ᠋ᠦ᠍ᠷ᠂ ᠨᠢᠭᠡᠨ ᠬᠥᠮᠦᠨ ᠲᠥᠯᠭᠡ ᠲᠠᠢᠯᠵᠤ ᠥᠭᠦᠯᠡᠮᠦ᠂ ᠴᠢᠨᠦ ᠵᠠᠶᠠᠭ᠎ᠠ ᠡᠳᠦᠷᠦᠨ ᠥᠩᠭᠡ ᠰᠢᠷᠣᠢ ᠮᠠᠬᠠᠪᠣᠳ ᠲᠤᠯᠠ ᠤᠰᠤᠨ ᠮᠠᠬᠠᠪᠣᠳ ᠡᠳ᠋ ᠪᠣᠯᠤᠮᠤ᠂ ᠭᠣᠣᠯ ᠳᠥᠷᠪᠡᠨ ᠮᠠᠬᠠᠪᠣᠳ ᠲᠤᠷ ᠤᠰᠤᠨ ᠦᠭᠡᠢ ᠲᠤᠯᠠ᠂ ᠰᠠᠨᠠᠭᠠᠨ ᠳ᠋ᠤᠷ ᠦᠯᠦ ᠬᠦᠷᠬᠦ᠂ ᠭᠤᠷᠪᠠᠨ ᠵᠢᠯ ᠡᠴᠡ ᠴᠢᠨᠠᠭᠰᠢ ᠬᠡᠢ ᠮᠣᠷᠢᠨ ᠴᠢᠨᠦ ᠬᠠᠷᠠᠭᠴᠢᠨ ᠤᠰᠤᠨ ᠯᠤᠭ᠎ᠠ ᠲᠣᠬᠢᠶᠠᠯᠳᠤᠬᠤ ᠲᠤᠯᠠ ᠬᠡᠷᠬᠢᠪᠡᠴᠦ ᠳᠡᠯᠭᠡᠷᠡᠮᠦ᠂ ᠦᠨᠡᠬᠡᠷ ᠬᠣᠵᠢᠮ ᠳ᠋ᠠᠭᠠᠨ ᠳᠡᠭᠦᠨᠦ ᠦᠭᠡ ᠯᠦᠭᠡ ᠨᠡᠢᠯᠡᠵᠦᠬᠦᠢ᠂ ᠡᠨᠡ ᠠᠨᠤ ᠤᠰᠤᠨ ᠭᠥᠷᠥᠪᠡᠰᠦ ᠤᠷᠤᠰᠬᠠᠯ ᠪᠦᠲᠦᠬᠦ ᠰᠢᠨ᠎ᠡ ᠪᠤᠶᠠᠨ ᠬᠡᠰᠢᠭ ᠯᠦ᠍ᠭᠡ ᠠᠭᠤᠯᠵᠠᠬᠤ ᠬᠡᠮᠡᠭᠰᠡᠨ ᠯᠦᠭᠡ ᠲᠣᠬᠢᠶᠠᠯᠳᠤᠵᠤᠬᠤᠢ᠃  
      ᠲᠠᠪᠢᠨ ᠬᠣᠶᠠᠳᠤᠭᠠᠷ ᠲᠥᠯᠭᠡ : ᠰᠢᠷᠬᠠᠴᠢᠨ ᠬᠥᠬᠡᠭᠴᠢᠨ᠂ ᠳᠡᠭᠡᠳᠦ ᠰᠠᠢᠨ᠂ ᠲᠥᠯᠭᠡ ᠶ᠋ᠢᠨ ᠪᠡᠯᠭᠡ ᠠᠨᠤ : ᠭᠤᠸᠠᠩ ᠬᠠᠢ ᠰᠥᠨᠢ ᠪᠢᠴᠢᠭ ᠤᠩᠰᠢᠭᠰᠠᠨ : ᠭᠠᠭᠴᠠᠭᠠᠷ ᠠᠭᠯᠠᠭ ᠲᠤᠷ ᠨᠢᠭᠤᠨ ᠰᠠᠭᠤᠬᠤ ᠳ᠋ᠠᠭᠠᠨ ᠤᠢᠳᠬᠠᠷ ᠲᠠᠢ ᠭᠡᠮᠡᠨ ᠭᠠᠰᠠᠯᠠᠵᠤ ᠂ ᠭᠠᠭᠴᠠ ᠵᠤᠯᠠ ᠶ᠋ᠢᠨ ᠭᠡᠷᠡᠯ ᠢ᠋ ᠰᠢᠷᠳᠡᠵᠦ ᠲᠤᠩᠭᠠᠯᠠᠭ ᠰᠥᠨᠢ ᠶ᠋ᠢ ᠬᠡᠲᠦᠷᠡᠭᠦᠯᠦᠮᠦᠢ᠂ ᠨᠠᠮᠤᠷ ᠤ᠋ᠨ ᠰᠠᠢᠬᠠᠨ ᠴᠠᠭ ᠲᠤᠷ ᠠᠯᠲᠠᠨ ᠮᠡᠳᠡᠭᠡ ᠭᠡᠨᠡᠳᠲᠡ ᠬᠦᠷᠴᠦ ᠢᠷᠡᠮᠡᠭᠴᠡ ᠂ ᠠᠮᠢᠳᠤᠷᠠᠬᠤ ᠶ᠋ᠢᠨ ᠠᠷᠭ᠎ᠠ ᠪᠢᠴᠢᠬᠠᠨ ᠣᠩᠭᠣᠴᠠ ᠪᠠᠷ ᠲᠤᠩᠭᠠᠯᠠᠭ ᠭᠣᠣᠯ ᠢ ᠬᠡᠳᠦᠯᠡᠮᠦ᠃ 
      ᠪᠣᠭᠳᠠ ᠶ᠋ᠢᠨ ᠲᠠᠭᠠᠯᠠᠯ : ᠨᠡᠷ᠎ᠡ ᠣᠷᠣᠢ ᠪᠦᠲᠦᠮᠦᠢ᠂ ᠠᠰᠢᠭ ᠬᠣᠵᠢᠮ ᠪᠣᠯᠤᠮᠤᠢ᠂ ᠡᠪᠡᠳᠴᠢᠲᠡᠨ ᠤᠯᠠᠮ ᠠᠮᠤᠷᠵᠢᠮᠤᠢ᠂ ᠵᠠᠷᠭᠤ ᠡᠴᠦᠰ ᠲᠦ᠍ᠷ ᠨᠠᠮᠬᠠᠷᠠᠮᠤᠢ᠂ ᠵᠢᠷᠮᠦᠰᠦᠨ ᠠᠶᠤᠯ ᠦᠭᠡᠢ᠂ ᠤᠷᠤᠭ ᠪᠣᠯᠪᠠᠰᠤ ᠰᠠᠢᠨ᠂ ᠶᠠᠪᠤᠳᠠᠯ ᠤ᠋ᠨ ᠬᠥᠮᠦᠨ ᠢᠷᠡᠮᠦᠢ᠂ ᠠᠯᠢᠪᠠ ᠬᠡᠷᠡᠭ ᠤᠷᠢᠳᠠ ᠠ᠋ᠴᠠ ᠦᠯᠡᠮᠵᠢ ᠪᠣᠢ᠃ 
      ᠲᠠᠢᠯᠪᠤᠷᠢ ᠥᠭᠦᠯᠡᠯ : ᠡᠨᠡ ᠲᠥᠯᠭᠡ ᠳ᠋ᠦ᠍ᠷ ᠲᠠᠮᠠᠭᠠᠲᠤ ᠪᠢᠴᠢᠭ ᠦ᠋ᠨ ᠪᠠᠶᠠᠷ ᠪᠣᠢ᠂ ᠰᠠᠨᠠᠭᠰᠠᠨ ᠬᠡᠷᠡᠭ ᠤᠷᠢᠳᠠ ᠬᠦᠴᠢᠷ᠂ ᠬᠣᠢᠨ᠎ᠠ ᠬᠢᠯᠪᠠᠷ᠂ ᠨᠡᠷ᠎ᠡ ᠶ᠋ᠢ ᠬᠦᠰᠡᠪᠡᠰᠦ ᠡᠷᠬᠡᠪᠰᠢ ᠶᠡᠬᠡ᠂ ᠡᠳ᠋ ᠬᠦᠰᠡᠪᠡᠰᠦ ᠮᠠᠭᠠᠳ ᠪᠣᠢ᠂ ᠤᠷᠤᠭ ᠪᠣᠯᠪᠠᠰᠤ ᠰᠠᠢᠨ᠂ ᠶᠠᠪᠤᠳᠠᠯ ᠤ᠋ᠨ ᠬᠥᠮᠦᠨ ᠢᠷᠠᠮᠦᠢ᠂ ᠭᠠᠪᠢᠶ᠎ᠠ ᠨᠡᠷ᠎ᠡ ᠳ᠋ᠦ᠍ᠷ ᠬᠤᠪᠢ ᠪᠣᠢ᠂ ᠵᠠᠭᠤᠨ ᠵᠦᠢᠯ ᠦ᠋ᠨ ᠬᠡᠷᠡᠭ ᠲᠦ᠍ᠷ ᠴᠥᠮ ᠰᠠᠢᠨ᠃  
      ᠰᠠᠨᠠᠭ᠎ᠠ ᠲᠠᠢᠯᠤᠭᠰᠨ : ᠪᠢᠴᠢᠭ ᠦ᠋ᠨ ᠬᠥᠮᠦᠨ ᠪᠣᠯᠪᠠᠰᠤ ᠴᠠᠭ ᠢᠷᠡᠭᠡ ᠡᠳᠦᠷ ᠂ ᠰᠤᠷᠭᠠᠭᠤᠯᠢ ᠳ᠋ᠤᠷ ᠬᠢᠴᠢᠶᠡᠨ ᠴᠠᠭ ᠢ ᠬᠦᠯᠢᠶᠡᠵᠦ ᠪᠢᠲᠡᠭᠡᠢ ᠳᠤᠷᠠᠪᠠᠷ ᠬᠥᠳᠡᠯᠦᠭᠲᠦᠨ᠂ ᠰᠢᠯᠭᠠᠬᠤ ᠴᠠᠭ ᠨᠠᠮᠤᠷ ᠲᠤᠷ ᠰᠠᠢᠨ᠃  
      ᠪᠡᠯᠭᠡ ᠶ᠋ᠢᠨ ᠲᠣᠬᠢᠶᠠᠯᠳᠤᠪᠤᠷᠢ ᠄ ᠨᠢᠭᠡᠨ ᠪᠢᠴᠢᠭ ᠦ᠋ᠨ ᠬᠥᠮᠦᠨ ᠦᠵᠡᠭᠦᠯᠪᠡᠰᠦ ᠡᠨᠡ ᠲᠥᠯᠭᠡ ᠪᠠᠭᠤᠵᠤᠬᠤᠢ᠂ ᠬᠤᠯᠤᠭᠠᠨ᠎ᠠ ᠦᠬᠡᠷ ᠲᠣᠷ ᠳᠠᠷᠠᠭ᠎ᠠ ᠪᠠᠷ ᠰᠢᠯᠭᠠᠬᠤᠢ ᠳ᠋ᠤᠷ ᠣᠷᠣᠵᠤᠬᠤᠢ᠃  
      ᠲᠠᠪᠢᠨ ᠭᠤᠷᠪᠠᠳᠤᠭᠠᠷ ᠲᠥᠯᠭᠡ : ᠰᠢᠷᠠᠭᠴᠢᠨ ᠤᠯᠠᠭᠠᠨ᠂ ᠳᠣᠣᠷ᠎ᠠ ᠶ᠋ᠢᠨ ᠳᠣᠣᠷ᠎ᠠ ᠲᠥᠯᠭᠡ ᠶ᠋ᠢᠨ ᠪᠡᠯᠭᠡ ᠠᠨᠤ : ᠯᠢᠦ ᠰᠢᠦᠸᠠᠨ ᠳᠧ᠂ ᠰᠦᠨ ᠴᠢᠦᠸᠡᠨ ᠦ᠌ ᠥᠬᠢᠨ ᠳᠡᠭᠦᠦ ᠶ᠋ᠢ ᠪᠣᠭᠲᠣᠯᠤᠭᠰᠠᠨ᠂ ᠭᠠᠴᠢᠭᠳᠠᠬᠤ ᠪᠡᠷᠬᠡᠰᠢᠶᠡᠬᠦ ᠪᠠᠢᠩᠭ᠎ᠠ ᠬᠠᠯᠢᠯ ᠵᠠᠮ ᠤ᠋ᠨ ᠥᠨᠳᠥᠷ᠂ ᠡᠮᠦᠨᠡᠬᠢ ᠵᠢᠭᠦᠷᠲᠡᠨ ᠭᠠᠭᠠᠴᠠᠭᠠᠷ ᠨᠢᠰᠴᠦ ᠤᠮᠠᠷ᠎ᠠ ᠡᠭᠦᠷ ᠲᠣᠷ ᠣᠷᠣᠮᠤᠢ᠂ ᠡᠨᠡ ᠪᠤᠶᠠᠨᠲᠤ ᠬᠥᠮᠦᠨ ᠯᠦᠭᠡ ᠨᠢᠭᠤᠷ ᠠᠭᠤᠯᠵᠠᠵᠤ ᠲᠠᠨᠢᠭᠠᠳ᠂ ᠵᠣᠯᠭᠠᠬᠤ ᠤᠴᠠᠷᠠᠬᠤ ᠠᠨᠤ ᠵᠤᠨ ᠨᠠᠮᠤᠷ ᠤ᠋ᠨ ᠵᠠᠪᠰᠠᠷ ᠲᠤᠷ ᠪᠣᠢ᠃  
      ᠪᠣᠭᠳᠠ ᠶ᠋ᠢᠨ ᠲᠠᠭᠠᠯᠠᠯ : ᠡᠪᠡᠳᠴᠢᠨ ᠵᠠᠷᠭᠤ ᠶᠡᠷᠦᠳᠡ ᠰᠠᠢᠨ ᠦᠭᠡᠢ᠂ ᠨᠡᠷ᠎ᠡ ᠠᠰᠢᠭ ᠪᠠᠰᠴᠤ ᠰᠠᠭᠠᠲᠠᠯᠲᠠᠢ ᠪᠠᠢᠨᠠᠮ᠂ ᠵᠢᠷᠮᠦᠰᠦᠨ ᠪᠥᠭᠡᠰᠦ ᠠᠶᠤᠯᠲᠠᠢ᠂ ᠶᠠᠪᠤᠳᠠᠯ ᠤ᠋ᠨ ᠬᠥᠮᠦᠨ ᠢᠷᠡᠭᠡ ᠡᠳᠦᠢ᠂ ᠰᠠᠢᠨ ᠬᠥᠮᠦᠨ ᠤᠴᠠᠷᠠᠪᠠᠰᠤ ᠬᠡᠷᠡᠭ ᠰᠠᠶᠢ ᠪᠦᠲᠦᠮᠦ᠃  
      ᠲᠠᠢᠯᠪᠤᠷᠢ ᠥᠭᠦᠯᠡᠯ : ᠡᠨᠡ ᠲᠥᠯᠭᠡ ᠳ᠋ᠦ᠍ᠷ ᠭᠠᠴᠢᠭᠳᠠᠬᠤ ᠪᠡᠷᠬᠡᠰᠢᠶᠡᠯ ᠳ᠋ᠦ᠍ᠷ ᠠᠭᠤᠯᠵᠠᠵᠤ ᠦᠢᠯᠡ ᠶᠠᠪᠤᠳᠠᠯ ᠰᠠᠨᠠᠭᠠᠨ ᠳ᠋ᠤᠷ ᠬᠦᠷᠬᠦ ᠥᠯᠢᠭᠡᠷᠯᠡᠪᠡᠰᠦ ᠡᠮᠦᠨᠡᠬᠢ  ᠵᠢᠭᠦᠷᠲᠡᠨ ᠤᠮᠠᠷ᠎ᠠ ᠡᠭᠦᠷ ᠲᠦ᠍ᠷ ᠣᠷᠣᠵᠤ ᠣᠷᠣᠨ ᠢ᠋ᠶ᠋ᠠᠨ ᠠᠯᠳᠠᠭᠰᠠᠨ ᠮᠡᠲᠦ᠂ ᠵᠤᠨ ᠨᠠᠮᠤᠷ ᠪᠤᠶᠠᠨᠲᠤ ᠬᠥᠮᠦᠨ ᠳ᠋ᠦ᠍ᠷ ᠠᠭᠤᠯᠵᠠᠵᠤ ᠲᠡᠳᠬᠦᠭᠳᠡᠮᠦ᠂ ᠡᠪᠡᠳᠴᠢᠨ ᠢ ᠰᠡᠷᠡᠮᠵᠢᠯᠡ᠂ ᠵᠠᠷᠭᠤ ᠪᠡᠷᠬᠡ ᠲᠡᠢ᠂ ᠨᠡᠷ᠎ᠡ ᠠᠰᠢᠭ ᠰᠠᠭᠠᠲᠠᠮᠤ᠂ ᠶᠠᠪᠤᠳᠠᠯ ᠤ᠋ᠨ ᠬᠥᠮᠦᠨ ᠢᠷᠡᠭᠡᠳᠦᠢ᠂ ᠤᠷᠤᠭ ᠪᠦᠲᠦᠮᠦᠢ ᠠᠰᠢᠭ ᠣᠯᠤᠮᠤᠢ᠂ ᠨᠢᠳᠦᠨ ᠡᠮᠦᠨ᠎ᠡ ᠬᠢᠭᠡᠳ ᠡᠴᠦᠰ ᠲᠡᠭᠡᠨ ᠳᠡᠮᠡᠢ ᠰᠠᠢᠨ ᠪᠤᠰᠤ᠃ 
      ᠰᠠᠨᠠᠭ᠎ᠠ ᠲᠠᠢᠯᠤᠭᠰᠠᠨ : ᠰᠢᠦᠸᠠᠨ ᠳᠧ᠂ ᠰᠦᠨ ᠴᠢᠦᠸᠠᠨ ᠤ᠋ ᠥᠬᠢᠨ ᠳᠡᠭᠦᠦ ᠶᠢ ᠠᠪᠤᠭᠠᠳ ᠰᠦᠷ ᠪᠠᠢᠳᠠᠯ ᠳ᠋ᠤᠷ ᠳᠠᠷᠤᠭᠳᠠᠵᠤ ᠣᠷᠣᠨ ᠢ᠋ᠶ᠋ᠠᠨ ᠠᠯᠳᠠᠭᠰᠠᠨ ᠯᠤᠤ ᠮᠡᠲᠦ᠂ ᠡᠨᠡ ᠨᠢ ᠡᠮᠦᠨᠡᠬᠢ ᠵᠢᠭᠦᠷᠲᠡᠨ ᠤᠮᠠᠷ᠎ᠠ ᠡᠭᠦᠷ ᠲᠣᠷ ᠣᠷᠣᠭᠰᠠᠨᠴᠢᠯᠠᠨ ᠣᠷᠣᠨ ᠢ᠋ᠶ᠋ᠠᠨ ᠠᠯᠳᠠᠭᠰᠠᠨ ᠪᠣᠯᠠᠢ! ᠬᠣᠢᠰᠢ ᠡᠨᠳᠡᠭᠦᠯᠦᠨ ᠭᠠᠷᠴᠤ ᠬᠦᠩ ᠮᠢᠩ᠂ ᠭᠤᠸᠠᠨ᠂ ᠵᠠᠩ ᠯᠤᠭ᠎ᠠ ᠠᠭᠤᠯᠵᠠᠭᠰᠠᠨ ᠠᠨᠤ ᠪᠤᠶᠠᠨᠲᠤ ᠬᠥᠮᠦᠨ ᠯᠦᠭᠡ ᠠᠭᠤᠯᠵᠠᠭᠰᠠᠨ ᠪᠣᠯᠠᠢ᠂ ᠦᠵᠡᠭᠦᠯᠦᠭᠴᠢᠳ ᠭᠠᠵᠠᠷ ᠣᠷᠣᠨ ᠢ ᠠᠯᠳᠠᠵᠤ ᠪᠤᠰᠤ ᠬᠥᠮᠦᠨ ᠢ ᠬᠡᠷᠡᠭᠯᠡᠪᠡᠰᠦ ᠬᠡᠯᠡ ᠠᠮᠠ ᠪᠣᠯᠵᠤ᠂ ᠬᠥᠳᠡᠯᠬᠦ ᠠᠭᠠᠰᠢᠯᠠᠬᠤ ᠲᠡᠷᠢᠭᠦᠲᠡᠨ ᠪᠤᠯᠲᠤ ᠭᠡᠮ ᠪᠣᠢ᠂ ᠲᠡᠢᠮᠦ ᠶ᠋ᠢᠨ ᠲᠤᠯᠠ ᠵᠤᠨ ᠤ᠋ ᠰᠡᠭᠦᠯ ᠨᠠᠮᠤᠷ ᠤ᠋ᠨ ᠡᠬᠢᠨ ᠳ᠋ᠦ᠍ᠷ ᠰᠠᠶᠢ ᠪᠤᠶᠠᠨᠲᠤ ᠬᠥᠮᠦᠨ ᠲᠡᠳᠬᠦᠵᠦ ᠨᠡᠷ᠎ᠡ ᠠᠰᠢᠭ ᠰᠠᠨᠠᠭᠠᠨ ᠳ᠋ᠤᠷ ᠭᠦᠷᠦᠮᠦ᠃ ᠭᠠᠭᠴᠠ ᠡᠴᠦᠰ ᠲᠡᠭᠡᠨ ᠤᠷᠢᠳᠠ ᠳ᠋ᠤᠷ ᠦᠯᠦ ᠬᠦᠷᠬᠦ ᠪᠤᠶ᠎ᠠ᠂ ᠤᠷᠤᠭ ᠤ᠋ᠨ ᠬᠡᠷᠡᠭ ᠦᠯᠦ ᠪᠦᠲᠦᠬᠦ᠂ ᠵᠠᠷᠭᠤ ᠠᠪᠲᠠᠬᠤ᠂ ᠪᠤᠰᠤ ᠬᠡᠷᠡᠭ ᠢ ᠰᠡᠷᠡᠮᠵᠢᠯᠡᠬᠦ ᠬᠡᠷᠡᠭᠲᠡᠢ᠃  
      ᠪᠡᠯᠭᠡ ᠶ᠋ᠢᠨ ᠲᠣᠬᠢᠶᠠᠯᠳᠤᠪᠤᠷᠢ᠄ ᠰᠥᠩ ᠤᠯᠤᠰ ᠣᠨ ᠰᠤᠤ ᠰᠢᠩ ᠦ᠋ᠨ ᠴᠠᠭ ᠲᠤᠷ᠂ ᠮᠢᠨ ᠭᠠᠵᠠᠷ ᠤ᠋ᠨ ᠬᠥᠮᠦᠨ ᠳᠡᠭᠡᠷᠡᠮ  ᠳ᠋ᠦ᠍ᠷ ᠪᠠᠷᠢᠭᠳᠠᠵᠤ ᠠᠷᠭᠠᠴᠢᠨ ᠠᠯᠳᠠᠭᠤᠯᠵᠤ ᠭᠠᠷᠤᠭᠠᠳ ᠬᠤᠸᠠᠢ ᠾᠧ ᠭᠣᠣᠯ ᠤ᠋ᠨ ᠳᠡᠷᠭᠡᠳᠡ ᠰᠠᠭᠤᠭᠠᠳ ᠦᠵᠡᠭᠦᠯᠪᠡᠰᠦ ᠡᠨᠡ ᠲᠥᠯᠭᠡ ᠪᠠᠭᠤᠵᠤᠬᠤᠢ᠂ ᠲᠡᠨᠳᠡᠴᠡ ᠬᠠᠨ ᠤᠯᠤᠰ ᠲᠤᠷ ᠠᠷᠭ᠎ᠠ ᠡᠷᠭᠦᠭᠰᠡᠨ ᠳ᠋ᠦ᠍ᠷ ᠬᠠᠨ ᠤᠯᠤᠰ ᠤ᠋ᠨ ᠡᠵᠡᠨ ᠳᠡᠭᠡᠳᠦ ᠲᠦᠰᠢᠮᠡᠯ ᠦ᠋ᠨ ᠲᠣᠭᠠᠨ ᠳ᠋ᠤᠷ ᠱᠠᠩ ᠱᠤ᠌ ᠲᠦᠰᠢᠮᠡᠯ ᠪᠣᠯᠭᠠᠪᠠᠢ᠃  
      ᠲᠠᠪᠢᠨ ᠳᠥᠷᠪᠡᠳᠦᠭᠡᠷ ᠲᠥᠯᠭᠡ : ᠰᠢᠷᠬᠠᠴᠢᠨ ᠤᠯᠠᠭᠴᠢᠨ᠂ ᠳᠤᠮᠳᠠ ᠲᠡᠭᠰᠢ᠂ ᠲᠥᠯᠭᠡ ᠶ᠋ᠢᠨ ᠪᠡᠯᠭᠡ ᠠᠨᠤ :  ᠰᠤ᠋ ᠴᠢᠨ ᠨᠦᠷ᠎ᠡ ᠪᠡᠨ ᠰᠢᠪᠦᠭᠡᠯᠡᠭᠰᠡᠨ : ᠬᠥᠮᠦᠨ ᠤ ᠳᠤᠮᠳᠠ ᠠ᠋ᠴᠠ ᠡᠷᠡᠮᠰᠢᠨ ᠪᠠᠭᠠᠲᠤᠷᠯᠠᠮᠤᠢ᠃ ᠳᠠᠷᠤᠢ ᠨᠢᠰᠴᠦ ᠣᠭᠲᠠᠷᠭᠤᠢ ᠳ᠋ᠤᠷ ᠲᠤᠯᠰᠤᠭᠠᠢ ᠬᠡᠮᠡᠮᠦ᠂ ᠲᠡᠳᠬᠦᠬᠦ ᠬᠥᠨᠥᠭᠡᠬᠦ ᠰᠠᠢᠨ ᠵᠦᠭ ᠦᠭᠡᠢ ᠶ᠋ᠢ ᠬᠡᠷᠬᠢᠮᠦᠢ᠂ ᠬᠥᠬᠡ ᠵᠤᠯᠠ ᠰᠢᠷ᠎ᠠ ᠳᠡᠪᠲᠡᠷ ᠪᠠᠷᠢᠵᠤ ᠬᠠᠲᠠᠭᠤᠴᠠᠭᠰᠠᠨ ᠰᠠᠢᠨ᠃ 
      ᠪᠣᠭᠳᠠ ᠶ᠋ᠢᠨ ᠲᠠᠭᠠᠯᠠᠯ : ᠡᠳ᠋ ᠬᠠᠨᠤᠬᠤ ᠦᠭᠡᠢ ᠂ ᠨᠡᠷ᠎ᠡ ᠬᠡᠲᠦᠷᠡᠬᠦ ᠦᠭᠡᠢ ᠂ ᠵᠠᠷᠭᠤ ᠵᠣᠬᠢᠬᠤ ᠦᠭᠡᠢ ᠂ ᠡᠪᠡᠳᠴᠢᠨ ᠡᠳᠡᠭᠡᠬᠦ ᠦᠭᠡᠢ ᠤᠷᠤᠭ ᠢᠲᠡᠭᠡᠯ ᠦᠭᠡᠢ ᠂ ᠶᠠᠪᠤᠳᠠᠯ ᠤ᠋ᠨ ᠬᠥᠮᠦᠨ ᠬᠣᠯᠠ᠂ ᠴᠠᠭ ᠢ ᠬᠦᠯᠢᠶᠡᠭᠲᠦᠨ : ᠠᠯᠢᠪᠠ ᠬᠡᠷᠡᠭ ᠣᠯᠪᠤᠷᠢ ᠲᠠᠢ᠃  
      ᠲᠠᠢᠯᠪᠤᠷᠢ ᠥᠭᠦᠯᠡᠯ : ᠡᠨᠡ ᠲᠥᠯᠭᠡ ᠳ᠋ᠦ᠍ ᠠᠯᠢᠪᠠᠠ᠋ ᠬᠡᠷᠡᠭ ᠴᠥᠮ ᠰᠠᠨᠠᠭᠠᠨ ᠳ᠋ᠤᠷ ᠦᠯᠦ ᠬᠦᠷᠬᠦ ᠬᠡᠪ ᠢ᠋ᠶ᠋ᠡᠨ ᠰᠠᠬᠢᠲᠤᠭᠠᠢ : ᠪᠢᠲᠡᠭᠡᠢ ᠶᠠᠭᠠᠷᠠᠵᠤ ᠦᠢᠯᠡᠳ᠂ ᠴᠠᠭ ᠢ ᠬᠦᠯᠢᠶᠡᠪᠡᠰᠦ ᠥᠪᠡᠷ ᠢ᠋ᠶ᠋ᠡᠨ ᠳᠡᠯᠭᠡᠷᠡᠮᠦᠢ᠂ ᠨᠡᠷ᠎ᠡ ᠢᠯᠡᠷᠡᠭᠡᠳᠦᠢ᠂ ᠡᠳ᠋ ᠰᠠᠨᠠᠭᠠᠨ ᠳ᠋ᠤᠷ ᠬᠦᠷᠬᠦ ᠦᠭᠡᠢ᠂ ᠵᠠᠷᠭᠤᠯᠠᠪᠠᠰᠤ ᠰᠠᠢᠨ ᠦᠭᠡᠢ᠂ ᠤᠷᠤᠭ ᠢ ᠪᠢᠲᠡᠭᠡᠢ ᠠᠰᠠᠭᠤ᠂ ᠶᠠᠪᠤᠳᠠᠯ ᠤ᠋ᠨ ᠬᠥᠮᠦᠨ ᠬᠣᠯᠠ᠂ ᠡᠪᠡᠳᠴᠢᠨ ᠠᠮᠤᠷᠵᠢᠭ᠎ᠠ ᠡᠳᠦᠢ ᠬᠢᠴᠢᠶᠡᠨ ᠰᠠᠬᠢᠬᠤ ᠬᠡᠷᠡᠭᠲᠡᠢ᠃  
      ᠰᠠᠨᠠᠭ᠎ᠠ ᠲᠠᠢᠯᠤᠭᠰᠠᠨ : ᠡᠷᠡᠮᠰᠢᠬᠦ ᠪᠠᠭᠤᠳᠤᠷᠬᠠᠬᠤ ᠴᠢᠳᠠᠯ ᠪᠤᠰᠤᠳ ᠠ᠋ᠴᠠ ᠬᠡᠲᠦᠷᠬᠡᠢ᠂ ᠶᠡᠷᠦ ᠡᠬᠡ ᠯᠦ᠍ᠭᠡ ᠠᠳᠠᠯᠢ ᠪᠤᠰᠤ᠂ ᠭᠠᠭᠴᠠ ᠬᠡᠢ ᠮᠣᠷᠢ ᠳ᠋ᠤᠷ ᠭᠠᠴᠢᠭᠳᠠᠵᠤ ᠨᠢᠰᠬᠦ ᠳᠡᠭᠳᠡᠬᠦ ᠮᠡᠲᠦ᠂ ᠰᠠᠨᠠᠭᠠᠨ ᠳ᠋ᠤᠷ ᠬᠦᠷᠬᠦ ᠦᠭᠡᠢ ᠬᠡᠮᠡᠪᠡᠴᠦ ᠭᠠᠴᠢᠭᠳᠠᠭᠰᠠᠨ ᠳ᠋ᠤᠷ ᠴᠢᠳᠠᠯ ᠦᠭᠡᠭᠦᠶ᠎ᠡ ᠪᠢᠴᠢᠭ ᠰᠤᠳᠤᠷ ᠲᠤᠷ ᠬᠢᠨᠠᠨ ᠬᠢᠴᠢᠶᠡᠪᠡᠰᠦ ᠴᠢᠳᠠᠯ ᠢ ᠤᠯᠠᠮ ᠳᠡᠭᠵᠢᠭᠦᠯᠬᠦ ᠪᠠᠭᠠᠲᠤᠷ ᠬᠦᠴᠦᠨ ᠪᠤᠰᠤᠳ ᠠ᠋ᠴᠠ ᠤᠯᠠᠮ ᠬᠡᠲᠦᠷᠡᠮᠦ᠂ ᠲᠡᠢᠮᠦ ᠪᠡᠨ ᠲᠤᠯᠠ ᠴᠠᠭ ᠤᠴᠠᠷᠠᠯ ᠢ ᠲᠣᠬᠢᠶᠠᠯᠳᠤᠭᠰᠠᠨ ᠴᠠᠭ ᠰᠠᠨᠠᠭᠠᠨ᠎ᠠ ᠦᠯᠦ ᠬᠦᠷᠬᠦ ᠠᠨᠤ ᠦᠭᠡᠢ᠃  
      ᠪᠡᠯᠭᠡ ᠶ᠋ᠢᠨ ᠲᠣᠬᠢᠶᠠᠯᠳᠤᠪᠦᠷᠢ : ᠨᠢᠭᠡᠨ ᠪᠢᠴᠢᠭ ᠦ᠋ᠨ ᠬᠥᠮᠦᠨ ᠰᠢᠯᠭᠠᠮᠠᠭᠴᠠ᠂ ᠶ᠋ᠢᠨ ᠱᠠᠢ ᠪᠣᠯᠤᠭᠠᠳ ᠦᠵᠡᠭᠦᠯᠪᠡᠰᠦ ᠡᠨᠡ ᠲᠥᠯᠭᠡ ᠪᠠᠭᠤᠵᠤᠬᠤᠢ᠂ ᠲᠡᠨᠳᠡᠴᠡ ᠤᠳᠠᠭ᠎ᠠ ᠪᠦᠷᠢ ᠰᠢᠯᠭᠠᠪᠠᠰᠤ ᠳᠡᠪᠰᠢᠬᠦ ᠦᠭᠡᠢ ᠪᠡᠷ ᠶᠠᠪᠤᠭᠰᠠᠭᠠᠷ ᠨᠢᠭᠡᠨ ᠰᠢᠶᠣᠤ ᠭᠤᠸᠠᠨ ᠲᠦᠰᠢᠮᠡ᠊ᠯ ᠪᠣᠯᠵᠤᠬᠤᠢ ᠡᠨᠡ ᠨᠢ ᠬᠥᠬᠡ ᠵᠤᠯᠠ ᠰᠢᠷ᠎ᠠ ᠳᠠᠪᠬᠤᠷ ᠬᠡᠮᠡᠭᠰᠡᠨ ᠦᠭᠡᠨ ᠯᠦᠭᠡ ᠲᠣᠬᠢᠶᠠᠯᠳᠤᠵᠤᠬᠤᠢ᠃  
      ᠲᠠᠪᠢᠨ ᠲᠠᠪᠤᠳᠤᠭᠠᠷ ᠲᠥᠯᠭᠡ᠄ ᠰᠢᠷᠠᠭᠴᠢᠨ ᠰᠢᠷ᠎ᠠ᠂ ᠳᠤᠮᠳᠠ ᠲᠡᠭᠰᠢ᠂ ᠲᠥᠯᠭᠡ ᠶ᠋ᠢᠨ ᠪᠡᠯᠭᠡ ᠠᠨᠤ : ᠪᠦᠦ ᠯᠦᠩ ᠲᠤᠤ ᠲᠠᠷᠢᠶ᠎ᠠ ᠬᠢᠴᠢᠶᠡᠩᠭᠦᠢᠯᠡᠭᠰᠡᠨ : ᠬᠢᠴᠢᠶᠡᠨ ᠲᠠᠷᠢᠵᠤ ᠬᠦᠴᠦᠯᠡᠨ ᠠᠷᠢᠯᠭᠠᠬᠤ ᠶ᠋ᠢ ᠦᠯᠦ ᠰᠠᠭᠠᠲᠠᠠᠳᠠᠬᠤᠢ᠂ ᠳᠡᠪᠡᠯ ᠢᠳᠡᠭᠡᠨ ᠢ ᠴᠠᠭ ᠢ ᠳᠠᠭᠠᠵᠤ ᠬᠡᠪ ᠶᠦ᠍ᠭᠡᠨ ᠰᠠᠬᠢᠨ ᠠᠭᠳᠠᠬᠤᠢ᠂ ᠬᠡᠳᠦᠢ ᠬᠤᠳᠠᠯᠳᠤᠭᠠᠨ ᠬᠢᠵᠦ ᠬᠡᠳᠦᠨ ᠳᠠᠪᠬᠤᠷ ᠣᠯᠵᠠ ᠣᠯᠪᠠᠴᠤ᠂ ᠵᠢᠯ ᠪᠦᠷᠢ ᠵᠣᠣᠷᠢ ᠳ᠋ᠤᠷ ᠲᠠᠷᠢᠶ᠎ᠠ ᠬᠤᠷᠢᠶᠠᠬᠤᠢ ᠶᠢ ᠶᠠᠭᠠᠬᠢᠨ ᠬᠥᠷᠥᠮᠦᠢ᠃  
      ᠪᠣᠭᠳᠠ ᠶ᠋ᠢᠨ ᠲᠠᠭᠠᠯᠠᠯ : ᠨᠡᠷ᠎ᠡ ᠡᠳ᠋ ᠢ ᠪᠦᠦ ᠬᠣᠮᠣᠭᠤᠯᠵᠢ᠂ ᠵᠠᠷᠭᠤ ᠪᠠᠢᠪᠠᠰᠤ ᠰᠠᠢᠨ᠂ ᠡᠪᠡᠳᠴᠢᠨ ᠭᠠᠢ ᠦᠭᠡᠢ᠂ ᠤᠷᠤᠭ ᠪᠣᠯᠤᠯᠴᠠᠪᠠᠰᠤ ᠪᠣᠯᠤᠮᠤᠢ᠂ ᠶᠠᠪᠤᠳᠠᠯ ᠤ᠋ᠨ ᠬᠥᠮᠦᠨ ᠢᠷᠡᠮᠦᠢ᠂ ᠭᠠᠷᠬᠤ ᠣᠷᠣᠬᠤ ᠶ᠋ᠢ ᠴᠡᠭᠡᠷᠯᠡ᠂ ᠪᠤᠶᠠᠨ ᠥᠪᠡᠰᠦᠪᠡᠨ ᠢᠷᠡᠮᠦᠢ᠃  
      ᠲᠠᠢᠯᠪᠤᠷᠢ ᠥᠭᠦᠯᠡᠯ : ᠡᠨᠡ ᠲᠥᠯᠭᠡ ᠳ᠋ᠦ᠍ᠷ ᠤᠯᠠᠷᠢᠯ ᠢ ᠳᠠᠭᠠᠪᠠᠰᠤ ᠰᠠᠢᠨ᠂ ᠨᠡᠷ᠎ᠡ ᠶ᠋ᠢ ᠪᠢᠲᠡᠭᠡᠢ ᠭᠣᠷᠢᠯᠠ᠂ ᠤᠷᠤᠭ ᠪᠣᠯᠪᠠᠰᠤ ᠵᠣᠬᠢᠯᠳᠤ᠂ ᠡᠪᠡᠳᠴᠢᠲᠡᠨ ᠥᠪᠡᠰᠦᠪᠡᠨ ᠠᠮᠤᠷᠵᠢᠮᠤᠢ᠂ ᠤᠷᠤᠭ ᠥᠪᠡᠷ ᠢ᠋ᠶ᠋ᠡᠨ ᠪᠦᠲᠦᠮᠦ᠂ ᠶᠠᠪᠤᠳᠠᠯ ᠤ᠋ᠨ ᠬᠥᠮᠦᠨ ᠢᠷᠡᠮᠦᠢ᠂ ᠭᠠᠷᠬᠤ ᠣᠷᠣᠬᠤᠢ ᠶ᠋ᠢ ᠪᠠᠢᠵᠤ᠂ ᠪᠤᠶᠠᠨ ᠢᠷᠦᠭᠡᠷ ᠤᠨ ᠲᠣᠭᠲᠠᠭᠰᠠᠨ ᠬᠤᠪᠢ ᠶ᠋ᠢ ᠬᠦᠯᠢᠶᠡᠬᠦ ᠪᠣᠯᠠᠢ᠃  
      ᠰᠠᠨᠠᠭ᠎ᠠ ᠲᠠᠢᠯᠤᠭᠰᠠᠨ : ᠢᠳᠡᠬᠦ ᠡᠮᠦᠰᠬᠦ ᠭᠦᠢᠴᠡᠬᠦ ᠪᠥᠭᠡᠲᠡᠯ᠎ᠡ ᠵᠥᠷᠢᠴᠡᠵᠦ ᠡᠷᠢᠪᠡᠰᠦ ᠪᠠᠭᠤᠷᠠᠯᠲᠠᠢ ᠪᠣᠢ᠂ ᠬᠡᠴᠢᠶᠡᠨ ᠲᠠᠷᠢᠵᠤ ᠵᠢᠯ ᠢ ᠰᠠᠷ᠎ᠠ ᠶ᠋ᠢ ᠡᠰᠡ ᠰᠠᠭᠠᠳᠠᠭᠤᠯᠪᠠᠰᠤ ᠵᠣᠬᠢᠮᠤᠢ᠂ ᠤᠷᠠᠨ ᠠᠷᠭ᠎ᠠ ᠪᠠᠷ ᠬᠤᠳᠠᠯᠳᠤᠬᠤ ᠤᠷᠪᠠᠭᠤᠯᠬᠤ ᠠᠨᠤ ᠬᠣᠯᠠ ᠠᠷᠭ᠎ᠠ ᠪᠤᠰᠤ᠂ ᠦᠵᠡᠭᠦᠯᠦᠭᠴᠢᠳ ᠬᠤᠪᠢ ᠪᠠᠨ ᠰᠠᠬᠢᠵᠤ ᠠᠰᠢᠭ ᠡᠰᠡ ᠡᠷᠢᠪᠡᠰᠦ ᠨᠢᠭᠡᠨ ᠨᠠᠰᠤᠨ ᠳ᠋ᠤᠷ ᠴᠠᠳᠬᠤᠯᠠᠩ ᠢ ᠦᠯᠦ ᠠᠯᠳᠠᠬᠤ ᠪᠣᠯᠤᠶᠤ᠃ 
      ᠪᠡᠯᠭᠡ ᠶ᠋ᠢᠨ ᠲᠣᠬᠢᠶᠠᠯᠳᠤᠪᠤᠷᠢ᠂ ᠨᠢᠭᠡᠨ ᠪᠢᠴᠢᠭ ᠦ᠋ᠨ ᠬᠥᠮᠦᠨ ᠲᠠᠨᠢᠯ ᠲᠠᠯ᠎ᠠ ᠣᠯᠠᠨ ᠳ᠋ᠠᠭᠠᠨ ᠡᠷᠡᠮᠰᠢᠵᠦ ᠵᠢᠯ ᠪᠦᠷᠢ ᠭᠠᠳᠠᠭᠰᠢ ᠶᠠᠪᠤᠭᠰᠠᠭᠠᠷ ᠣᠯᠤᠭᠰᠠᠨ ᠡᠳ᠋ ᠢ᠋ᠶ᠋ᠡᠨ ᠳᠡᠭᠡᠷᠡᠮ ᠳ᠋ᠦ᠍ᠷ ᠠᠯᠳᠠᠵᠤ ᠥᠴᠦᠬᠡᠨ ᠦᠯᠡᠳᠡᠭᠰᠡᠨ ᠢ᠋ᠶ᠋ᠡᠨ ᠠᠪᠴᠤ ᠢᠷᠡᠭᠡᠳ ᠦᠵᠡᠭᠦᠯᠪᠡᠰᠦ ᠡᠨᠡ ᠲᠥᠯᠭᠡ ᠪᠠᠭᠤᠵᠤᠬᠤᠢ᠂ ᠲᠠᠨᠳᠠᠴᠨ ᠪᠢᠴᠢᠭ ᠰᠤᠳᠤᠷ ᠲᠤᠷ ᠣᠷᠣᠵᠤ ᠬᠢᠴᠢᠶᠡᠭᠰᠡᠭᠡᠷ ᠬᠣᠵᠢᠮ ᠰᠢᠦᠽᠡᠢ ᠶ᠋ᠢᠨ ᠲᠡᠷᠢᠭᠦᠨ ᠪᠣᠯᠵᠤ ᠲᠦᠰᠢᠮᠡᠯ ᠦ᠋ᠨ ᠰᠠᠭᠤᠷᠢᠨ ᠳ᠋ᠣᠢ ᠬᠦᠷᠪᠡᠢ᠃ ᠡᠨᠡ ᠨᠢ ᠰᠢᠯᠦᠭ ᠦᠨ ᠳᠥᠲᠥᠭᠡᠷ ᠦᠭᠡᠨ ᠯᠦᠭᠡ ᠲᠣᠬᠢᠶᠠᠯᠳᠤᠵᠤᠬᠤᠢ᠃  
      ᠲᠠᠪᠢᠨ ᠵᠢᠷᠭᠤᠳᠤᠭᠠᠷ ᠲᠥᠯᠭᠡ : ᠰᠢᠷᠬᠠᠴᠢᠨ ᠰᠢᠷᠠᠭᠴᠢᠨ᠂ ᠳᠣᠣᠷ᠎ᠠ ᠶ᠋ᠢᠨ ᠳᠣᠣᠷ᠎ᠠ᠂ ᠲᠥᠯᠭᠡ ᠶ᠋ᠢᠨ ᠪᠡᠯᠭᠡ ᠠᠨᠤ : ᠸᠠᠩ ᠱᠤ᠌ ᠮᠢ ᠵᠠᠯᠢᠬᠠᠢᠯᠠᠭᠰᠠᠨ : ᠶᠣᠰᠣᠨ ᠪᠤᠷᠤᠭᠤ ᠶ᠋ᠢ ᠮᠡᠳᠡᠭᠰᠡᠭᠡᠷ ᠴᠢᠮᠡᠭ ᠦᠭᠡ ᠪᠡᠷ ᠳᠠᠯᠳᠠᠯᠠᠵᠤ᠂ ᠵᠥᠷᠢᠭᠦᠦ ᠮᠥᠷ ᠢᠶᠠᠷ ᠶᠠᠪᠤᠵᠤ ᠬᠠᠭᠤᠷᠰᠤᠭᠠᠢ ᠬᠡᠮᠡᠮᠦᠢ᠂ ᠨᠢᠭᠡᠨ ᠭᠱᠠᠨ ᠳ᠋ᠤᠷ ᠮᠠᠭᠤ ᠳᠦᠷᠰᠦ ᠪᠡᠨ ᠭᠡᠭᠡᠨ ᠲᠤᠯᠢᠨ᠎ᠠ ᠦᠵᠡᠭᠲᠦᠨ᠂ ᠴᠠᠭᠠᠵᠢᠨ ᠤ᠋ ᠥᠭᠡᠰᠢᠨ᠎ᠡ ᠤᠨᠠᠭᠠᠳ ᠭᠠᠰᠠᠯᠠᠬᠤ ᠬᠡᠷᠡᠭ ᠦᠭᠡᠢ ᠪᠣᠢ᠃ 
      ᠪᠣᠭᠳᠠ ᠶ᠋ᠢᠨ ᠲᠠᠭᠠᠯᠠᠯ : ᠵᠠᠷᠭᠤ ᠪᠢᠲᠡᠭᠡᠢ ᠡᠭᠦᠰᠬᠡ᠂ ᠡᠳ᠋ ᠢ ᠪᠢᠲᠡᠭᠡᠢ ᠭᠣᠷᠢᠯᠠ᠂ ᠡᠪᠡᠳᠴᠢᠲᠡᠨ ᠵᠡᠳᠬᠡᠷ ᠲᠡᠢ᠂ ᠶᠠᠪᠤᠳᠠᠯ ᠤ᠋ᠨ ᠬᠥᠮᠦᠨ ᠢᠷᠡᠮᠦᠢ᠂ ᠤᠷᠤᠭ ᠢ ᠰᠢᠭᠦᠮᠵᠢᠯᠡ ᠵᠢᠭᠤᠯᠴᠢ ᠢᠲᠡᠭᠡᠬᠦᠶ᠎ᠡ ᠪᠡᠷᠬᠡ᠂ ᠲᠥᠪ ᠰᠢᠳᠤᠷᠭᠤ ᠶᠠᠪᠤᠪᠠᠰᠤ ᠭᠠᠢ ᠠᠷᠢᠯᠤᠶᠤ᠃ 
      ᠲᠠᠢᠯᠪᠤᠷᠢ ᠥᠭᠦᠯᠡᠯ : ᠡᠨᠡ ᠲᠥᠯᠭᠡ ᠳ᠋ᠦ᠍ᠷ ᠤᠷᠢᠳᠠ ᠮᠠᠭᠤ ᠬᠣᠢᠨ᠎ᠠ ᠰᠠᠢᠨ ᠪᠦᠲᠦᠬᠦ ᠪᠣᠢ᠂ ᠡᠪᠳᠡᠷᠡᠬᠦ ᠪᠣᠢ᠂ ᠵᠠᠷᠭᠤ ᠶ᠋ᠢ ᠪᠢᠲᠡᠭᠡᠢ ᠠᠰᠠᠭᠤ᠂ ᠡᠳ᠋ ᠢ ᠪᠢᠲᠡᠭᠡᠢ ᠡᠷᠢ᠂ ᠡᠪᠡᠳᠴᠢᠲᠡᠨ ᠳ᠋ᠦ᠍ᠷ ᠴᠢᠳᠬᠥᠷ ᠪᠣᠢ᠂ ᠮᠡᠳᠡᠭᠡ ᠢᠷᠡᠭᠡ ᠡᠳᠦᠢ᠂ ᠪᠤᠶᠠᠨ ᠢ ᠬᠤᠷᠢᠶᠠᠪᠠᠰᠤ ᠮᠠᠭᠤ ᠵᠣᠪᠠᠯᠠᠩ ᠠ᠋ᠴᠠ ᠭᠡᠲᠦᠯᠦᠮᠦᠢ᠃ 
      ᠰᠠᠨᠠᠭ᠎ᠠ ᠲᠠᠢᠯᠤᠭᠰᠠᠨ : ᠠᠯᠢᠪᠠ ᠵᠠᠯᠢᠬᠠᠢ ᠡᠴᠦᠰ ᠲᠡᠭᠡᠨ ᠦᠯᠦ ᠭᠠᠷᠬᠤ ᠠᠨᠤ ᠦᠭᠡᠢ᠂ ᠴᠠᠭᠠᠵᠢᠨ ᠤ᠋ ᠥᠭᠡᠰᠢᠨ᠎ᠡ ᠬᠡᠮᠡᠭᠰᠡᠨ ᠠᠨᠤ ᠢᠳᠬᠠᠬᠤ ᠲᠦᠰᠢᠮᠡᠯ ᠪᠣᠯᠠᠢ᠂ ᠵᠠᠭᠠᠯᠳᠤᠭᠴᠢ ᠬᠥᠮᠦᠨ ᠶᠣᠰᠣᠨ ᠪᠤᠷᠤᠭᠤ ᠦᠭᠡᠨ ᠴᠢᠮᠡᠭ ᠪᠣᠯᠪᠠᠰᠤ ᠭᠥᠪᠰᠢᠭᠳᠡᠬᠦ ᠠᠯᠪᠠᠳᠠᠬᠤ ᠲᠡᠷᠢᠭᠦᠲᠡᠨ ᠪᠣᠯᠬᠤ ᠨᠡᠷ᠎ᠡ ᠠᠰᠢᠭ ᠢ ᠡᠷᠢᠭᠴᠢᠳ ᠰᠢᠨ᠎ᠡ ᠶ᠋ᠢᠨ ᠨᠢᠭᠡᠨ ᠠᠷᠪᠠᠨ ᠲᠠᠪᠤᠨ ᠲᠣᠬᠢᠶᠠᠯᠳᠤᠪᠠᠰᠤ ᠳᠡᠭᠡᠳᠦ ᠬᠥᠮᠦᠨ ᠳ᠋ᠦ᠍ᠷ ᠥᠷᠦᠰᠢᠶᠡᠭᠳᠡᠬᠦ ᠦᠳᠡᠯᠡ ᠠᠷᠠᠳ ᠲᠤᠷ ᠢᠯᠡ ᠰᠠᠬᠢᠭᠤᠯᠰᠤᠨ ᠤ᠋ ᠤᠨᠲᠤᠭᠤᠨ ᠪᠣᠢ᠂ ᠳᠠᠯᠳᠠ ᠴᠢᠳᠬᠥᠷ ᠦ᠋ᠨ ᠥᠷᠢ ᠲᠥᠯᠥᠭᠡᠰᠦᠨ ᠪᠠᠢᠮᠤᠢ᠂ ᠥᠴᠦᠬᠡᠨ ᠲᠡᠳᠦᠢ ᠵᠠᠯᠢᠬᠠᠢ ᠰᠡᠳᠬᠢᠯ ᠪᠣᠢ ᠪᠣᠯᠪᠠᠰᠤ ᠠᠷᠪᠠᠨ ᠬᠤᠪᠢ ᠮᠠᠭᠤ ᠶ᠋ᠢ ᠠᠮᠰᠠᠮᠤᠢ᠂ ᠪᠤᠶᠠᠨ ᠢ ᠦᠢᠯᠡᠳᠦᠭᠡᠳ ᠶᠣᠰᠣᠨ ᠪᠤᠰᠤ ᠪᠠᠷ ᠡᠰᠡ ᠶᠠᠪᠤᠪᠠᠰᠤ ᠵᠣᠪᠠᠯᠠᠩ ᠠᠷᠢᠯᠤᠭᠠᠳ᠂ ᠪᠤᠶᠠᠨ ᠢ ᠡᠳ᠋ᠯᠡᠵᠦ ᠠᠯᠢᠪᠠ ᠬᠡᠷᠡᠭ ᠰᠡᠳᠬᠢᠯᠴᠢᠯᠡᠨ ᠪᠦᠲᠦᠮᠦᠢ᠃ 
      ᠪᠡᠯᠭᠡ ᠶ᠋ᠢᠨ ᠲᠣᠬᠢᠶᠠᠯᠳᠤᠪᠤᠷᠢ : ᠨᠢᠭᠡᠨ ᠪᠢᠴᠢᠭ ᠦ᠋ᠨ ᠬᠥᠮᠦᠨ ᠰᠢᠯᠭᠠᠬᠤᠢ ᠳ᠋ᠤᠷ ᠦᠵᠡᠭᠦᠯᠪᠡᠰᠦ ᠡᠨᠡ ᠲᠥᠯᠭᠡ ᠪᠠᠭᠤᠵᠤᠬᠤᠢ᠂ ᠬᠣᠵᠢᠮ ᠰᠣᠩᠭᠣᠯᠭᠠᠨ ᠳ᠋ᠤ᠌ ᠣᠷᠣᠪᠠ᠂ ᠪᠠᠰᠠ ᠨᠢᠭᠡᠨ ᠪᠢᠴᠢᠭ ᠦ᠋ᠨ ᠬᠥᠮᠦᠨ ᠵᠢᠦᠢ ᠷᠸᠡᠨ ᠰᠢᠯᠭᠠᠬᠤᠢ ᠳ᠋ᠤᠷ ᠡᠳᠦᠷ ᠰᠠᠭᠠᠲᠠᠵᠤ ᠰᠢᠯᠭᠠᠵᠤ ᠴᠢᠳᠠᠭᠰᠠᠨ ᠦᠭᠡᠢ ᠬᠣᠵᠢᠮ ᠰᠢᠯᠭᠠᠭᠳᠠᠪᠠ᠃ ᠡᠨᠡ ᠠᠨᠤ ᠥᠭᠡᠰᠢᠨ ᠳ᠋ᠦ᠍ᠷ ᠣᠷᠣᠪᠠ ᠬᠡᠮᠡᠭᠰᠡᠨ ᠦᠭᠡᠨ ᠯᠦᠭᠡ ᠲᠣᠬᠢᠶᠠᠯᠳᠤᠵᠤᠬᠠᠢ᠃ 
      ᠲᠠᠪᠢᠨ ᠳᠣᠯᠣᠳᠤᠭᠠᠷ ᠲᠥᠯᠭᠡ : ᠰᠢᠷᠬᠠᠴᠢᠨ ᠴᠠᠭᠠᠨ᠂ ᠳᠤᠮᠳᠠ ᠲᠡᠭᠰᠢ᠂ ᠲᠥᠯᠭᠡ ᠶ᠋ᠢᠨ ᠪᠡᠯᠭᠡ ᠠᠨᠤ: ᠯᠠᠨ ᠬᠡ ᠳ᠋ᠦ᠍ᠷ ᠰᠢᠲᠠᠷ᠎ᠠ ᠦᠵᠡᠭᠰᠡᠨ : ᠬᠡᠷᠡᠭ ᠦ᠋ᠨ ᠡᠬᠢ ᠵᠠᠭᠤᠨ ᠵᠦᠢᠯ ᠪᠣᠯᠤᠭᠠᠳ ᠪᠣᠳᠣᠯᠭ᠎ᠠ ᠤᠷᠲᠤ ᠪᠣᠯᠪᠠᠴᠤ᠂ ᠪᠤᠰᠤᠳ ᠤ᠋ᠨ ᠦᠭᠡ ᠶ᠋ᠢ ᠰᠣᠨᠣᠰᠤᠯ ᠦᠭᠡᠢ ᠪᠡᠨ ᠮᠡᠳᠡᠭᠰᠡᠨ ᠰᠠᠢᠨ᠂ ᠨᠢᠭᠡᠨ ᠪᠠᠭᠤᠳᠠᠯ ᠱ᠌ᠢᠲᠡᠷ᠎ᠡ ᠦᠷᠦᠲᠡᠯ ᠢ ᠴᠢ ᠰᠠᠢᠲᠤᠷ ᠲᠣᠭᠲᠠᠭᠠᠵᠤ᠂ ᠦᠢᠮᠡᠯᠵᠢᠭᠰᠡᠨ ᠦᠮᠡᠭᠡᠨ ᠦ᠌ ᠳᠣᠲᠣᠷ᠎ᠠ ᠠ᠋ᠴᠠ ᠵᠢᠴᠢ ᠪᠠᠰᠠ ᠰᠢᠨᠵᠢᠭᠳᠡᠭᠦᠢ᠃ 
      ᠪᠣᠭᠳᠠ ᠶᠢᠨ ᠲᠠᠭᠠᠯᠠᠯ : ᠵᠠᠷᠭᠤ ᠶ᠋ᠢ ᠡᠳᠦᠷ ᠳᠡᠯᠪᠢ᠂ ᠡᠪᠡᠳᠴᠢᠲᠡᠨ ᠢ ᠡᠷᠲᠡᠬᠡᠨ ᠵᠠᠰᠠᠭᠤᠯ᠂ ᠮᠡᠳᠡᠭᠡ ᠳᠠᠷᠤᠢ ᠢᠷᠡᠮᠦᠢ᠂ ᠡᠳ᠋ ᠮᠥᠨ ᠬᠦ᠌ ᠶᠣᠰᠣᠭᠠᠷ᠂ ᠵᠢᠷᠮᠦᠰᠦᠨ ᠪᠥᠭᠡᠰᠦ ᠬᠥᠪᠡᠭᠦᠨ ᠬᠥᠩᠭᠡᠵᠢᠮᠦᠢ᠂ ᠪᠤᠷᠬᠠᠨ ᠳ᠋ᠤᠷ ᠵᠠᠯᠪᠢᠷᠠᠲᠤᠭᠠᠢ᠂ ᠠᠯᠢᠪᠠ ᠵᠦᠢᠯ ᠦ᠋ᠨ ᠬᠡᠷᠡᠭ ᠢ ᠥᠪᠡᠷ ᠦ᠋ᠨ ᠮᠡᠳᠡᠨ ᠦᠢᠯᠡᠳ᠃ 
      ᠲᠠᠢᠯᠪᠤᠷᠢ ᠥᠭᠦᠯᠡᠯ : ᠡᠨᠡ ᠲᠥᠯᠭᠡ ᠳ᠋ᠦ᠍ᠷ ᠳᠡᠢᠯᠬᠦ ᠶ᠋ᠢ ᠪᠣᠳᠣᠯ ᠦᠭᠡᠭᠦᠶ᠎ᠡ ᠬᠠᠭᠤᠴᠢᠨ ᠢ ᠰᠠᠬᠢ᠂ ᠬᠥᠮᠦᠨ ᠤ ᠦᠭᠡ ᠶ᠋ᠢ ᠪᠢᠲᠡᠭᠡᠢ ᠢᠳᠡᠭᠡ᠃ ᠥᠪᠡᠷ ᠢ᠋ᠶ᠋ᠡᠨ ᠰᠢᠨᠵᠢ᠂ ᠤᠷᠤᠭ ᠪᠦᠲᠦᠬᠦ ᠦᠭᠡᠢ᠂ ᠡᠳ᠋ ᠲᠠᠸᠠᠷ ᠶᠡᠷᠦ᠂ ᠵᠠᠷᠭᠤ ᠪᠣᠯᠪᠠᠰᠤ ᠵᠣᠬᠢᠯᠳᠤ᠂ ᠡᠪᠡᠳᠴᠢᠲᠡᠨ ᠪᠥᠭᠡᠰᠦ ᠭᠦᠷᠢᠮ ᠢ ᠰᠢᠮᠲᠡ᠂ ᠮᠡᠳᠡᠭᠡ ᠳᠠᠷᠤᠢ ᠢᠷᠡᠮᠦᠢ᠂ ᠵᠢᠷᠮᠦᠰᠦᠨ ᠢ ᠰᠡᠷᠡᠮᠵᠢᠯᠡ᠂ ᠪᠤᠶᠠᠨ ᠢ ᠬᠢᠴᠢᠶᠡᠨ ᠦᠢᠯᠡᠳ᠂ ᠠᠯᠢᠪᠠ ᠬᠡᠷᠡᠭ ᠲᠦ᠍ᠷ ᠪᠤᠰᠤᠳ ᠤ᠋ᠨ ᠬᠣᠣᠷ ᠢ ᠰᠡᠷᠡᠮᠵᠢᠯᠡᠬᠦ ᠪᠣᠯᠠᠢ᠃ 
      ᠰᠠᠨᠠᠭ᠎ᠠ ᠲᠠᠢᠯᠤᠭᠰᠠᠨ : ᠴᠠᠨ ᠺᠠᠢ ᠴᠡᠷᠢᠭ ᠠᠪᠴᠤ ᠳᠠᠢᠯᠠᠷ᠎ᠠ ᠣᠳᠤᠭᠰᠠᠨ ᠲᠡᠷᠡ ᠴᠠᠭ ᠲᠤᠷ ᠣᠯᠠᠨ ᠤ᠋ ᠰᠢᠭᠦᠮᠵᠢᠯᠡᠯ ᠲᠣᠭᠲᠠᠪᠤᠷᠢ ᠦᠭᠡᠢ᠂ ᠲᠥᠯᠭᠡ ᠶᠢᠨ ᠦᠭᠡ ᠠᠨᠤ᠂ ᠨᠢᠭᠡᠨ ᠪᠠᠭᠤᠳᠠᠯ ᠰᠢᠲᠠᠷ᠎ᠠ ᠶ᠋ᠢᠨ ᠦᠷᠦᠲᠡᠯ ᠨᠢ ᠴᠢ ᠪᠡᠷ ᠰᠢᠮᠳᠠᠨ ᠶᠠᠪᠤᠰᠤᠭᠠᠢ ᠬᠡᠮᠡᠭᠰᠡᠨ ᠢᠶᠠᠷ ᠬᠦ ᠶᠢ ᠶ᠋ᠢ ᠰᠡᠮᠡᠬᠡᠷ ᠢᠯᠡᠭᠡᠵᠦ ᠭᠡᠨᠡᠳᠲᠡ ᠣᠷᠣᠭᠠᠳ ᠬᠣᠲᠠᠨ ᠢ ᠪᠤᠯᠢᠶᠠᠨ ᠲᠡᠭᠰᠢᠳᠬᠡᠪᠡ᠂ ᠠᠯᠢᠪᠠ ᠬᠡᠷᠡᠭ ᠲᠦ᠍ᠷ ᠰᠢᠭᠦᠮᠵᠢᠯᠡᠯ ᠣᠯᠠᠨ ᠪᠣᠯᠤᠭᠠᠳ ᠪᠣᠳᠣᠯᠭ᠎ᠠ ᠶ᠋ᠢ ᠠᠯᠳᠠᠪᠠᠰᠤ ᠰᠡᠳᠬᠢᠯ ᠵᠣᠪᠠᠬᠤ ᠬᠡᠷᠡᠭ ᠲᠦ᠍ᠷ ᠲᠤᠰᠠ ᠦᠭᠡᠢ ᠪᠣᠯᠤᠮᠤ᠂ ᠨᠡᠷ᠎ᠡ ᠠᠰᠢᠭ ᠰᠠᠨᠠᠭᠠᠨ ᠳ᠋ᠤᠷ ᠬᠦᠷᠬᠦ ᠦᠭᠡᠢ᠂ ᠠᠯᠢᠪᠠ ᠬᠡᠷᠡᠭ ᠶᠡᠷᠦ᠃  
      ᠪᠡᠯᠭᠡ ᠶ᠋ᠢᠨ ᠲᠣᠬᠢᠶᠠᠯᠳᠤᠪᠤᠷᠢ : ᠡᠢ᠍ᠭᠡᠨ ᠬᠥᠮᠦᠨ ᠵᠠᠷᠭᠤ ᠪᠣᠯᠤᠯᠴᠠᠵᠤ ᠬᠡᠷᠡᠭ ᠤᠳᠠᠭᠠᠨ ᠪᠠᠢᠬᠤᠢ ᠳ᠋ᠤᠷ ᠦᠵᠡᠭᠦᠯᠪᠡᠰᠦ ᠡᠨᠡ ᠲᠥᠯᠭᠡ ᠪᠠᠭᠤᠵᠤᠬᠤᠢ᠃ ᠬᠣᠵᠢᠮ ᠨᠢᠭᠡᠨ ᠨᠥᠬᠥᠷ ᠠᠨᠤ ᠡᠰᠡᠷᠭᠦᠴᠢᠯᠡᠯ ᠦ᠋ᠨ ᠬᠥᠮᠦᠨ ᠯᠦᠭᠡ ᠰᠢᠲᠠᠷ᠎ᠠ ᠲᠠᠯᠪᠢᠵᠤ ᠪᠠᠢᠬᠤᠢ ᠳ᠋ᠤᠷ ᠲᠣᠬᠢᠶᠠᠯᠳᠤᠭᠠᠳ ᠲᠡᠷᠡ ᠨᠥᠬᠥᠷ ᠠᠨᠤ ᠬᠣᠶᠠᠷ ᠡᠲᠡᠭᠡᠳ ᠢ ᠢᠳᠬᠠᠵᠤ ᠬᠡᠷᠡᠭ ᠤᠰᠠᠳᠪᠠ᠂ ᠡᠨᠡ ᠠᠨᠤ ᠰᠢᠲᠠᠷ᠎ᠠ ᠶ᠋ᠢᠨ ᠦᠷᠦᠳᠡᠯ ᠬᠡᠮᠡᠭᠰᠡᠨ ᠯᠦ᠍ᠭᠡ ᠲᠣᠬᠢᠶᠠᠯᠳᠤᠵᠤᠬᠤᠢ᠃ 
      ᠲᠠᠪᠢᠨ ᠨᠠᠢ᠍ᠮᠠᠳᠤᠭᠠᠷ ᠲᠥᠯᠭᠡ ᠂ ᠰᠢᠷᠠᠭᠴᠢᠨ ᠴᠠᠭᠠᠭᠴᠢᠨ᠂ ᠳᠡᠭᠡᠳᠦ ᠰᠠᠢᠨ᠂ ᠲᠥᠯᠭᠡ ᠶ᠋ᠢᠨ ᠪᠡᠯᠭᠡ ᠠᠨᠤ :  ᠰᠤ᠋ ᠴᠢᠨ ᠰᠡᠯᠡᠮ᠎ᠡ ᠡᠭᠦᠷᠦᠭᠰᠡᠨ :  ᠰᠤ᠋ ᠴᠢᠨ ᠭᠤᠷᠪᠠᠨ ᠢᠮᠠᠬᠤ ᠬᠡᠯᠡᠨ ᠢᠶᠡᠷ ᠰᠠᠨᠠᠭ᠎ᠠ ᠪᠠᠨ ᠭᠦᠢᠴᠡᠳᠬᠡᠪᠡᠢ᠂ ᠪᠠᠶᠠᠨ ᠰᠠᠢᠨ ᠭᠠᠪᠢᠶ᠎ᠠ ᠨᠡᠷ᠎ᠡ ᠪᠤᠯᠲᠤ ᠡᠨᠡ ᠶᠠᠪᠤᠳᠠᠯ ᠳ᠋ᠤᠷ ᠪᠣᠢ᠂ ᠵᠢᠴᠢ ᠪᠠᠰᠠ ᠪᠡᠶ᠎ᠡ ᠪᠡᠨ ᠰᠠᠬᠢᠵᠤ ᠵᠠᠰᠠᠭᠠᠳ ᠦᠢᠯᠡ ᠦᠢᠯᠡᠳᠪᠡᠰᠦ᠂ ᠲᠦᠮᠡᠨ ᠪᠠᠷ᠎ᠠ ᠶ᠋ᠢᠨ ᠣᠳᠬᠤ ᠮᠥᠷ ᠢ ᠲᠤᠭᠤᠯᠵᠤ ᠥᠪᠡᠷ ᠢ᠋ᠶ᠋ᠡᠨ ᠳᠡᠯᠭᠡᠷᠡᠮᠦᠢ᠃ 
      ᠪᠣᠭᠳᠠ ᠶ᠋ᠢᠨ ᠲᠠᠭᠠᠯᠠᠯ : ᠡᠪᠡᠳᠴᠢᠲᠡᠨ ᠠᠮᠤᠷᠵᠢᠮᠤᠢ᠂ ᠵᠠᠷᠭᠤ ᠲᠣᠭᠲᠠᠵᠤ ᠣᠯᠤᠮᠤ᠂ ᠶᠠᠪᠤᠳᠠᠯ ᠤ᠋ᠨ ᠬᠥᠮᠦᠨ ᠢᠷᠡᠵᠦ᠂ ᠤᠷᠤᠭ ᠪᠣᠯᠪᠠᠰᠤ ᠲᠣᠭᠲᠠᠵᠤ᠂ ᠬᠥᠪᠡᠭᠦᠨ ᠲᠥᠷᠥᠵᠦ᠂ ᠭᠡᠷᠦᠨ ᠶᠣᠰᠣᠨ ᠮᠠᠨᠳᠤᠵᠤ ᠪᠤᠶᠠᠨ ᠢ ᠬᠤᠷᠢᠶᠠᠲᠤᠭᠠᠢ᠂ ᠵᠢᠷᠭᠠᠯᠠᠩ ᠪᠣᠯᠤᠮᠤᠢ᠃ 
      ᠲᠠᠢᠯᠪᠤᠷᠢ ᠥᠭᠦᠯᠡᠯ : ᠡᠨᠡ ᠲᠥᠯᠭᠡ ᠳ᠋ᠦ᠍ᠷ ᠡᠯᠳᠡᠪ ᠬᠡᠯᠡ ᠠᠮᠠ ᠶ᠋ᠢ ᠰᠡᠷᠡᠮᠵᠢᠯᠡ᠂ ᠪᠤᠰᠤᠳ ᠤ᠋ᠨ ᠦᠭᠡ ᠶ᠋ᠢ ᠪᠢᠲᠡᠭᠡᠢ ᠢᠳᠡᠭᠡ᠂ ᠤᠷᠤᠭ ᠪᠣᠯᠪᠠᠰᠤ ᠣᠯᠤᠮᠤ᠂ ᠡᠪᠡᠳᠴᠢᠨ ᠳ᠋ᠦ᠍ᠷ ᠰᠠᠢᠨ ᠡᠮᠴᠢ ᠲᠣᠬᠢᠶᠠᠯᠳᠤᠪᠠᠰᠤ ᠳᠠᠷᠤᠢ ᠠᠮᠤᠷᠵᠢᠮᠤᠢ᠂ ᠠᠯᠢᠪᠠ ᠰᠠᠨᠠᠭᠰᠠᠨ ᠬᠡᠷᠡᠭ ᠬᠣᠯᠠ ᠣᠳᠪᠠᠰᠤ ᠰᠠᠢᠨ᠂ ᠡᠳ᠋ ᠡᠷᠢᠪᠡᠰᠦ ᠡᠯᠪᠡᠭ᠂ ᠨᠡᠷ᠎ᠡ ᠭᠠᠪᠢᠶ᠎ᠠ ᠶ᠋ᠢ ᠡᠷᠬᠡᠪᠰᠢ ᠣᠯᠤᠮᠤᠢ᠂ ᠪᠤᠶᠠᠨ ᠢ ᠦᠢᠯᠡᠳᠪᠡᠰᠦ ᠪᠤᠶᠠᠨ ᠬᠡᠰᠢᠭ ᠪᠦᠷᠢᠳᠦᠮᠦᠢ᠃ 
      ᠰᠠᠨᠠᠭ᠎ᠠ ᠲᠠᠢᠯᠤᠭᠰᠠᠨ :  ᠰᠤ᠋ ᠴᠢᠨ ᠭᠤᠷᠪᠠᠨ ᠢᠮᠠᠬᠤ ᠬᠡᠯᠡᠨ ᠦ᠌ ᠴᠢᠳᠠᠯ ᠢ᠋ᠶ᠋ᠠᠷ ᠲᠡᠷᠢᠭᠦᠨ ᠲᠦᠰᠢᠮᠡᠯ ᠦ᠋ᠨ ᠲᠠᠮᠠᠭ᠎ᠠ ᠪᠠᠷᠢᠵᠤᠬᠤᠢ᠂ ᠦᠵᠡᠭᠦᠯᠦᠭᠴᠢᠳ᠂ ᠦᠭᠡᠨ ᠬᠡᠯᠡᠨ ᠤ ᠴᠢᠳᠠᠯ ᠢ᠋ᠶ᠋ᠠᠷ ᠪᠠᠶᠠᠨ ᠡᠷᠬᠢᠮ ᠢ ᠣᠯᠵᠤ ᠪᠣᠯᠤᠮᠤᠢ᠂ ᠲᠡᠢᠮᠦ ᠪᠣᠯᠪᠠᠴᠤ ᠮᠥᠨ ᠬᠦ᠌ ᠪᠤᠶᠠᠨ ᠢ ᠬᠢᠴᠢᠶᠡᠪᠡᠰᠦ ᠶᠡᠬᠡ ᠪᠠ ᠬᠣᠯᠠ ᠨᠡᠷ᠎ᠡ ᠵᠡᠷᠭᠡ ᠶ᠋ᠢ ᠣᠯᠤᠮᠤᠢ ᠲᠦᠮᠡᠨ ᠭᠠᠵᠠᠷ ᠬᠡᠯᠡᠭᠰᠡᠨ ᠪᠣᠯᠠᠢ᠂ ᠠᠯᠢᠪᠠ ᠬᠡᠷᠡᠭ ᠲᠦ᠍ᠷ ᠰᠢᠮᠳᠠᠨ ᠬᠢᠴᠢᠶᠡᠬᠦ ᠬᠡᠷᠡᠭᠲᠡᠢ᠂ ᠡᠪᠡᠳᠴᠢᠨ ᠳ᠋ᠦ᠍ᠷ ᠰᠤ᠋ ᠣᠪᠣᠭᠲᠤ᠂ ᠴᠢᠨ ᠣᠪᠣᠭᠲᠤ ᠯᠤᠭ᠎ᠠ ᠠᠭᠤᠯᠵᠠᠪᠠᠰᠤ ᠰᠠᠢᠨ᠂ ᠨᠡᠷ᠎ᠡ ᠠᠰᠢᠭ ᠢ ᠬᠣᠯᠠ ᠣᠷᠣᠨ ᠠ᠋ᠴᠠ ᠣᠯᠤᠮᠤ᠂ ᠥᠪᠡᠷ ᠦ᠋ᠨ ᠨᠤᠲᠤᠭ ᠲᠤᠷ ᠪᠥᠭᠡᠰᠦ ᠰᠠᠨᠠᠭᠠᠨ ᠳ᠋ᠤᠷ ᠬᠦᠷᠬᠦ ᠦᠭᠡᠢ᠃ 
      ᠪᠡᠯᠭᠡ ᠶ᠋ᠢᠨ ᠲᠣᠬᠢᠶᠠᠯᠳᠤᠪᠦᠷᠢ᠂ ᠭᠠᠪᠢᠶ᠎ᠠ ᠨᠡᠷ᠎ᠡ ᠶ᠋ᠢ ᠦᠵᠡᠭᠦᠯᠪᠡᠰᠦ ᠡᠨᠡ ᠲᠥᠯᠭᠡ ᠪᠠᠭᠤᠵᠤᠬᠤᠢ᠂ ᠨᠢᠭᠡᠨ ᠤᠳᠠᠭ᠎ᠠ ᠳ᠋ᠤᠷ ᠣᠯᠬᠤ ᠦᠭᠡᠢ᠂ ᠬᠣᠶᠠᠷ ᠤᠳᠠᠭ᠎ᠠ ᠪᠥᠭᠡᠰᠦ ᠪᠦᠲᠦᠮᠦ᠂  ᠰᠤ᠋ ᠴᠢᠨ ᠬᠣᠶᠠᠷ ᠤᠳᠠᠭ᠎ᠠ ᠭᠠᠷᠴᠤ ᠬᠡᠷᠡᠭ ᠰᠠᠶᠢ ᠪᠦᠲᠦᠭᠰᠡᠨ ᠮᠡᠲᠦ ᠪᠣᠯᠠᠢ᠃ 
      ᠲᠠᠪᠢᠨ ᠶᠢᠰᠦᠳᠦᠭᠡᠷ ᠲᠥᠯᠭᠡ : ᠰᠢᠷᠠᠭᠴᠢᠨ ᠬᠠᠷ᠎ᠠ᠂ ᠳᠤᠮᠳᠠ ᠲᠡᠭᠰᠢ᠂ ᠲᠥᠯᠭᠡ ᠶ᠋ᠢᠨ ᠪᠡᠯᠭᠡ ᠠᠨᠤ : ᠳᠠᠩ ᠪᠠ ᠲᠤᠤ ᠦᠷ᠎ᠡ ᠲᠠᠰᠤᠷᠠᠭᠰᠠᠨ: ᠡᠭᠦᠳᠡ ᠪᠠᠭᠤᠷᠠᠨ ᠡᠷᠦᠬᠡ ᠬᠦᠷᠴᠦ ᠭᠠᠰᠢᠭᠤᠨ ᠵᠣᠪᠠᠭᠰᠠᠨ ᠳ᠋ᠠᠭᠠᠨ ᠭᠡᠮᠰᠢᠮᠦᠢ᠂ ᠥᠴᠢᠨ ᠵᠠᠯᠪᠠᠷᠢᠪᠠᠰᠤ ᠮᠡᠷᠭᠡᠨ ᠠᠪᠤᠷᠠᠯ ᠨᠢᠭᠡᠨ ᠴᠦ᠍ ᠦᠭᠡᠢ ᠪᠥᠭᠡᠲᠡᠯ᠎ᠡ᠂ ᠡᠴᠢᠭᠡ ᠡᠪᠦᠭᠡ ᠶ᠋ᠢᠨ ᠪᠤᠶᠠᠨ ᠤ᠋ ᠦᠨᠳᠦᠰᠦᠨ ᠪᠣᠢ ᠬᠦᠴᠦᠨ ᠳ᠋ᠦ᠍ ᠰᠢᠲᠦᠵᠦ᠂ ᠬᠦᠵᠢ ᠵᠤᠯᠠ ᠦᠯᠦ ᠲᠠᠰᠤᠷᠠᠬᠤ ᠶ᠋ᠢᠨ ᠲᠤᠯᠠ ᠦᠷ᠎ᠡ ᠦᠷᠡᠴᠢᠯᠡᠮᠦᠢ᠃ 
      ᠪᠣᠭᠳᠠ ᠶ᠋ᠢᠨ ᠲᠠᠭᠠᠯᠠᠯ : ᠨᠡᠷ᠎ᠡ ᠶ᠋ᠢ ᠪᠠᠲᠤᠯᠠᠵᠤ ᠦᠯᠦ ᠪᠣᠯᠬᠤ ᠡᠳ᠋ ᠣᠯᠬᠤᠶ᠎ᠠ ᠪᠡᠷᠬᠡ ᠵᠠᠷᠭᠤ ᠣᠯᠪᠤᠷᠢ ᠦᠭᠡᠢ ᠡᠪᠡᠳᠴᠢᠨ ᠠᠶᠤᠯ ᠦᠭᠡᠢ ᠤᠷᠤᠭ ᠨᠡᠢᠯᠡᠮᠦᠢ᠃ ᠮᠡᠳᠡᠭᠡ ᠣᠯᠬᠤ ᠦᠭᠡᠢ ᠪᠤᠰᠤᠳ ᠲᠤ᠌ ᠲᠤᠰᠠ ᠦᠢᠯᠡᠳ ᠪᠡᠶ᠎ᠡ ᠪᠡᠨ ᠬᠢᠴᠢᠶᠡ᠃ 
      ᠲᠠᠢᠯᠪᠤᠷᠢ ᠥᠭᠦᠯᠡᠯ : ᠡᠨᠡ ᠲᠥᠯᠭᠡ ᠳ᠋ᠦ᠍ᠷ ᠬᠦᠷᠦᠭᠰᠡᠨ ᠳᠣᠲᠣᠷ᠎ᠠ ᠠ᠋ᠴᠠ ᠠᠢᠳᠤᠷᠬᠤ ᠶ᠋ᠢᠨ ᠰᠢᠯᠲᠠᠭᠠᠨ ᠪᠣᠢ᠂ ᠳᠠᠪᠬᠤᠷ ᠳᠠᠪᠬᠤᠷ ᠪᠠᠶᠠᠷ ᠢ ᠦᠵᠡᠵᠦ ᠦᠷ᠎ᠡ ᠦᠷᠡᠴᠢᠯᠡᠬᠦᠢ ᠶ᠋ᠢᠨ ᠵᠠᠯᠭᠠᠮᠵᠢ ᠶᠢ ᠦᠵᠡᠮᠦᠢ᠂ ᠬᠡᠳᠦᠢ ᠥᠪᠡᠷ ᠦ᠋ᠨ ᠪᠤᠰᠤ ᠬᠡᠮᠡᠪᠡᠴᠦ ᠡᠷᠲᠡᠨ ᠤ ᠢᠷᠦᠭᠡᠷ ᠪᠣᠢ ᠪᠣᠯᠠᠢ᠂ ᠵᠠᠷᠭᠤ ᠪᠣᠯᠪᠠᠰᠤ ᠵᠣᠬᠢᠯᠳᠤ᠂ ᠡᠳ᠋ ᠳᠡᠯᠭᠡᠷᠡᠭᠡ ᠡᠳᠦᠢ᠂ ᠨᠡᠷ᠎ᠡ ᠣᠯᠬᠤᠶ᠎ᠠ ᠪᠡᠷᠬᠡ᠂ ᠮᠡᠳᠡᠭᠡ ᠰᠠᠢᠨ᠂ ᠡᠪᠡᠳᠴᠢᠲᠡᠨ ᠳ᠋ᠦ᠍ ᠭᠦᠷᠢᠮ ᠢ ᠰᠢᠮᠳᠠ᠂ ᠡᠴᠢᠭᠡ ᠡᠪᠦᠭᠡ ᠶ᠋ᠢᠨ ᠪᠤᠶᠠᠨ ᠬᠡᠳᠦᠢ ᠪᠣᠢ ᠪᠣᠯᠪᠠᠴᠤ ᠪᠤᠶᠠᠨ ᠢ ᠦᠢᠯᠡᠳᠴᠦ ᠲᠡᠩᠴᠡᠭᠦᠯ᠃ 
      ᠰᠠᠨᠠᠭ᠎ᠠ ᠲᠠᠢᠯᠤᠭᠰᠠᠨ : ᠢᠯᠡᠷᠬᠡᠶ᠎ᠡ ᠬᠥᠮᠦᠨ ᠳ᠋ᠦ᠍ ᠦᠷ᠎ᠡ ᠦᠭᠡᠢ ᠬᠡᠮᠡᠭᠰᠡᠨ ᠲᠤᠯᠠ ᠦᠷ᠎ᠡ ᠦᠷᠡᠴᠢᠯᠡᠵᠦ ᠵᠠᠯᠭᠠᠮᠵᠢᠯᠠᠭᠤᠯ᠂ ᠡᠭᠦᠳᠡ ᠪᠠᠭᠤᠷᠠᠭᠰᠠᠨ ᠬᠡᠮᠡᠭᠰᠡᠨ ᠠᠨᠤ ᠬᠡᠢ ᠮᠣᠷᠢ ᠶᠡᠬᠡᠳᠡ ᠪᠠᠭᠤᠷᠠᠭᠰᠠᠨ ᠲᠤᠯᠠ᠂ ᠠᠯᠢᠪᠠ ᠬᠡᠷᠡᠭ ᠲᠦ᠍ᠷ ᠡᠴᠢᠭᠡ ᠡᠪᠦᠭᠡ ᠶ᠋ᠢᠨ ᠪᠤᠶᠠᠨ ᠳ᠋ᠤᠷ ᠰᠢᠲᠦᠲᠦᠭᠡᠢ ᠬᠡᠮᠡᠭᠰᠡᠨ ᠪᠣᠯᠠᠢ᠂ ᠬᠡᠵᠢᠶ᠎ᠡ ᠮᠣᠷᠢ ᠬᠣᠨᠢ ᠳ᠋ᠤᠷ ᠲᠣᠬᠢᠶᠠᠯᠳᠤᠪᠰᠤ ᠰᠠᠶᠢ ᠳᠡᠯᠭᠡᠷᠡᠵᠦ ᠨᠡᠷ᠎ᠡ ᠢᠯᠡᠷᠡᠭᠡᠳ᠂ ᠠᠰᠢᠭ ᠢ ᠣᠯᠵᠤ ᠦᠷ᠎ᠡ ᠦᠷᠡᠴᠢᠯᠡᠬᠦ ᠶ᠋ᠢᠨ ᠴᠠᠭ ᠮᠥᠴᠡ ᠪᠣᠯᠠᠢ᠃ 
      ᠪᠡᠯᠭᠡ ᠶ᠋ᠢᠨ ᠲᠣᠬᠢᠶᠠᠯᠳᠤᠪᠤᠷᠢ᠂ ᠨᠢᠭᠡᠨ ᠪᠢᠴᠢᠭ ᠦ᠋ᠨ ᠬᠥᠮᠦᠨ ᠰᠢᠯᠭᠠᠭᠠᠳ ᠦᠵᠡᠭᠦᠯᠪᠡᠰᠦ ᠡᠨᠡ ᠲᠥᠯᠭᠡ ᠪᠠᠭᠤᠵᠤᠬᠤᠢ᠂ ᠬᠣᠵᠢᠮ ᠵᠢᠦᠢ ᠷᠸᠡᠨ ᠰᠢᠯᠭᠠᠭᠠᠳ ᠣᠯᠤᠭᠰᠠᠨ ᠦᠭᠡᠢ᠂ ᠬᠣᠴᠣᠷᠤᠭᠰᠠᠨ ᠡᠷᠳᠡᠮᠲᠡᠨ ᠢ ᠣᠯᠵᠤᠬᠤᠢ᠂ ᠠᠯᠢᠪᠠ ᠬᠡᠷᠡᠭ ᠲᠣᠷ ᠰᠢᠨᠵᠢᠬᠦ ᠬᠡᠷᠡᠭ ᠲᠡᠢ᠂ ᠪᠠᠰᠠ ᠨᠢᠭᠡᠨ ᠪᠢᠴᠢᠭ ᠦ᠋ᠨ ᠬᠥᠮᠦᠨ ᠰᠢᠯᠭᠠᠬᠤ ᠪᠦᠷᠢ ᠰᠠᠢᠨ ᠦᠭᠡᠢ ᠳ᠋ᠦ᠍ᠷ ᠲᠥᠯᠭᠡ ᠶ᠋ᠢᠨ ᠦᠭᠡ ᠶ᠋ᠢ ᠰᠢᠨᠵᠢᠵᠦ ᠪᠤᠰᠤ ᠬᠥᠮᠦᠨ ᠤ ᠨᠡᠷ᠎ᠡ ᠪᠡᠷ ᠰᠢᠯᠭᠠᠵᠤ ᠣᠯᠵᠤᠬᠤᠢ᠂ ᠡᠨᠡ ᠠᠨᠤ ᠦᠷ᠎ᠡ ᠦᠷᠡᠴᠢᠯᠡᠬᠦ ᠬᠡᠮᠡᠭᠰᠡᠨ ᠯᠦ᠍ᠭᠡ ᠨᠡᠢᠯᠡᠵᠦᠬᠦᠢ᠃ 
      ᠵᠢᠷᠠᠳᠤᠭᠠᠷ ᠲᠥᠯᠭᠡ : ᠰᠢᠷᠬᠠᠴᠢᠨ ᠬᠠᠷᠠᠭᠴᠢᠨ᠂ ᠳᠡᠭᠡᠳᠦ ᠶ᠋ᠢᠨ ᠳᠡᠭᠡᠳᠦ᠂ ᠲᠥᠯᠭᠡ ᠶᠢᠨ ᠪᠡᠯᠭᠡ ᠠᠨᠤ᠂ ᠰᠥᠩ ᠵᠣᠣ ᠠᠬ᠎ᠠ ᠳᠡᠭᠦᠦ ᠬᠠᠮᠲᠤ ᠰᠢᠯᠭᠠᠭᠰᠠᠨ : ᠲᠠᠨ ᠤ᠋ ᠠᠬ᠎ᠠ ᠳᠡᠭᠦᠦ ᠶ᠋ᠢᠨ ᠰᠠᠢᠨ ᠠᠯᠳᠠᠷ ᠢ ᠰᠣᠨᠣᠰᠴᠤ ᠪᠠᠶᠠᠰᠤᠮᠤᠢ᠂ ᠳᠣᠣᠷ᠎ᠠ ᠠᠭᠠᠯᠢ ᠶ᠋ᠢ ᠪᠠᠷᠢᠵᠤ ᠳᠡᠭᠡᠷᠡᠬᠢ ᠵᠠᠩ ᠢ ᠳᠠᠪᠴᠢ᠂ ᠬᠡᠵᠢᠶ᠎ᠡ ᠡᠵᠡᠨ ᠦ᠌ ᠵᠠᠷᠯᠢᠭ ᠣᠢᠷ᠎ᠠ ᠪᠣᠯᠤᠭᠰᠠᠨ ᠴᠠᠭ ᠲᠤᠷ᠂ ᠴᠣᠭᠴᠠᠯᠠᠭᠰᠠᠨ ᠲᠤᠩᠬᠠᠭ ᠪᠢᠴᠢᠭ ᠲᠣᠷ ᠬᠣᠶᠠᠭᠤᠯᠠ ᠬᠠᠮᠲᠤ ᠭᠠᠷᠤᠮᠤᠢ᠃ 
      ᠪᠣᠭᠳᠠ ᠶ᠋ᠢᠨ ᠳᠠᠭ᠋ᠭᠠᠯᠠᠯ᠂ ᠭᠠᠷᠬᠤ ᠣᠷᠣᠬᠤᠢ ᠳ᠋ᠤ᠌ ᠰᠠᠨᠠᠭᠰᠠᠨ ᠬᠡᠷᠡᠭ ᠪᠦᠲᠦᠵᠦ ᠵᠠᠷᠭᠤ ᠲᠠᠰᠤᠷᠠᠮᠤᠢ ᠡᠳ᠋ ᠠᠷᠪᠢᠳᠤᠮᠤᠢ ᠵᠢᠷᠮᠦᠰᠦᠨ ᠬᠥᠪᠡᠭᠦᠨ ᠬᠥᠩᠭᠡᠵᠢᠮᠦᠢ᠂ ᠡᠪᠡᠳᠴᠢᠲᠡᠨ ᠭᠡᠮ ᠦᠭᠡᠢ ᠮᠡᠳᠡᠭᠡ ᠬᠦᠷᠴᠦ ᠢᠷᠡᠮᠦᠢ ᠪᠤᠷᠬᠠᠨ ᠰᠠᠬᠢᠭᠤᠯᠰᠤᠨ ᠢᠪᠡᠭᠡᠮᠦᠢ᠃ 
      ᠲᠠᠢᠯᠪᠤᠷᠢ ᠥᠭᠦᠯᠡᠯ : ᠡᠨᠡ ᠲᠥᠯᠭᠡ ᠳ᠋ᠦ᠍ᠷ ᠵᠠᠭᠤᠨ ᠵᠦᠢᠯ ᠰᠡᠳᠬᠢᠯ ᠳ᠋ᠦ᠍ᠷ ᠬᠦᠷᠦᠮᠦᠢ᠂ ᠠᠯᠢᠪᠠ ᠬᠡᠷᠡᠭ ᠥᠪᠡᠰᠦᠪᠡᠨ ᠪᠦᠲᠦᠮᠦᠢ᠂ ᠭᠠᠷᠬᠤ ᠣᠷᠣᠬᠤ ᠳ᠋ᠤ᠌ ᠠᠰᠢᠭ ᠣᠯᠤᠮᠤᠢ᠂ ᠨᠡᠷ᠎ᠡ ᠠᠰᠢᠭ ᠲᠤᠩᠬᠠᠭ ᠲᠤᠷ ᠭᠠᠷᠤᠮᠤᠢ᠃ ᠵᠠᠷᠭᠤ ᠪᠣᠯᠪᠠᠰᠤ ᠣᠯᠤᠮᠤᠢ᠂ ᠡᠪᠡᠳᠴᠢᠲᠡᠨ ᠳᠠᠷᠤᠢ ᠠᠮᠤᠷᠵᠢᠮᠤᠢ᠂ ᠶᠠᠪᠤᠳᠠᠯ ᠤ᠋ᠨ ᠬᠥᠮᠦᠨ ᠬᠦᠷᠴᠦ ᠡᠷᠡᠮᠦᠢ᠂ ᠵᠢᠷᠮᠦᠰᠦᠨ ᠪᠥᠭᠡᠰᠦ ᠬᠥᠪᠡᠭᠦᠨ ᠬᠥᠩᠭᠡᠵᠢᠮᠦᠢ᠂ ᠤᠷᠤᠭ ᠡᠷᠬᠡᠪᠰᠢ ᠪᠠᠷᠢᠯᠳᠤᠮᠤᠢ᠂ ᠭᠡᠷ ᠦ᠋ᠨ ᠬᠤᠪᠢᠨ᠎ᠠ ᠰᠠᠢᠨ᠂ ᠠᠯᠢᠪᠠ ᠬᠡᠷᠡᠭ ᠲᠦ᠍ᠷ ᠰᠠᠬᠢᠭᠤᠯᠰᠤᠨ ᠢᠪᠡᠭᠡᠮᠦᠢ᠃ 
      ᠰᠠᠨᠠᠭ᠎ᠠ ᠲᠠᠢᠯᠤᠭᠰᠠᠨ : ᠠᠬ᠎ᠠ ᠳᠡᠭᠦᠦ ᠬᠠᠷᠢᠯᠴᠠᠨ ᠦᠵᠡᠭᠦᠯᠪᠰᠦ ᠬᠠᠮᠲᠤ ᠰᠠᠢᠳᠤᠵᠤ ᠠᠳᠠᠯᠢ ᠲᠠᠪᠰᠢᠮᠤᠢ᠂ ᠣᠯᠠᠩᠬᠢ ᠰᠠᠨᠠᠭᠠᠨ ᠳ᠋ᠤ᠌ ᠬᠦᠷᠦᠭᠰᠡᠨ ᠴᠠᠭ ᠲᠤ᠌ ᠳᠡᠭᠡᠷᠡᠬᠢ ᠰᠡᠳᠬᠢᠯ ᠲᠥᠷᠥᠬᠦ ᠲᠤᠯᠠ ᠬᠣᠣᠷ᠎ᠠ ᠰᠠᠨᠠᠭᠠᠨ ᠦᠯᠦ ᠪᠠᠷᠢᠪᠠᠰᠤ ᠲᠡᠭᠷᠢ ᠢᠪᠡᠭᠡᠵᠦ ᠰᠠᠬᠢᠭᠤᠯᠰᠤᠨ ᠲᠡᠳᠬᠦᠮᠦᠢ᠂ ᠠᠯᠢᠪᠠ ᠬᠡᠷᠡᠭ ᠨᠠᠮᠤᠷ ᠤ᠋ᠨ ᠴᠠᠭ ᠲᠤ᠌ ᠮᠠᠰᠢ ᠰᠠᠢᠨ᠂ ᠭᠡᠷ ᠦ᠋ᠨ ᠬᠤᠪᠢᠨ᠎ᠠ ᠠᠬ᠎ᠠ ᠳᠡᠭᠦᠦ ᠡᠶᠡᠪᠡᠷᠭᠦ ᠡᠮ᠎ᠡ᠂ ᠬᠥᠪᠡᠭᠦᠨ ᠨᠠᠢᠷᠠᠮᠳᠠᠬᠤ ᠪᠣᠯᠬᠤ ᠪᠣᠯᠠᠢ᠃ 
      ᠪᠡᠯᠭᠡ ᠶ᠋ᠢᠨ ᠲᠣᠬᠢᠶᠠᠯᠳᠤᠪᠤᠷᠢ : ᠨᠢᠭᠡᠨ ᠬᠥᠮᠦᠨ ᠬᠣᠲᠠ ᠵᠠᠰᠠᠬᠤᠢ ᠳ᠋ᠤᠷ ᠠᠮᠠᠯᠳᠤᠭᠠᠳ ᠦᠵᠡᠭᠦᠯᠪᠡᠰᠦ ᠡᠨᠡ ᠲᠥᠯᠭᠡ ᠪᠠᠭᠤᠵᠤᠬᠤᠢ᠂ ᠲᠦᠰᠢᠮᠡᠯ ᠡᠴᠡ ᠭᠤᠶᠤᠪᠠᠰᠤ ᠬᠡᠯᠲᠦᠷᠡᠨ ᠭᠠᠷᠤᠨ ᠴᠢᠳᠠᠭᠰᠠᠨ ᠦᠭᠡᠢ ᠲᠤᠯᠠ ᠬᠡᠷᠡᠭ ᠦ᠋ᠨ ᠤᠴᠢᠷ ᠲᠥᠯᠭᠡ ᠶ᠋ᠢᠨ ᠦᠭᠡᠨ ᠯᠦ᠍ᠭᠡ ᠪᠠᠷᠢᠯᠳᠤᠬᠤ ᠦᠭᠡᠢ ᠳ᠋ᠦ᠍ᠷ᠂ ᠪᠣᠯᠬᠤ ᠦᠯᠦ ᠪᠣᠯᠬᠤ ᠶ᠋ᠢ ᠲᠠᠰᠤᠯᠠᠬᠤᠶ᠎ᠠ ᠪᠡᠷᠬᠡ ᠶ᠋ᠢ ᠪᠠᠰᠠ ᠮᠡᠳᠡᠬᠦ ᠬᠡᠷᠡᠭᠲᠡᠢ᠃