ᠴᠠᠰᠤ ᠪᠢ ᠴᠠᠭᠠᠰᠤ - ᠴᠣ ᠂ ᠣᠷᠱᠤᠨ Цас би цаас – Чо ᠂ Оршин ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠠᠰᠤ ᠪᠢ ᠴᠠᠭᠠᠰᠤ - ᠴᠣ ᠂ ᠣᠷᠱᠤᠨ Цас би цаас – Чо ᠂ Оршин

ᠴᠠᠰᠤ ᠪᠢ ᠴᠠᠭᠠᠰᠤ - ᠴᠣ ᠂ ᠣᠷᠱᠤᠨ Цас би цаас – Чо ᠂ Оршин

2024-05-07

262

ᠴᠠᠰᠤ ᠪᠢ ᠴᠠᠭᠠᠰᠤ


 ᠥᠯᠥᠭᠡᠢ ᠨᠤᠲᠤᠭ ᠤ᠋ᠨ ᠢ᠋ᠶ᠋ᠠᠨ ᠲᠣᠷᠭᠠᠨ ᠬᠥᠷᠥᠰᠥᠨ ᠳ᠋ᠦ᠍  
 ᠥᠰᠴᠦ ᠲᠥᠷᠥᠭᠰᠡᠨ ᠦ᠌ ᠵᠣᠯᠲᠠᠢ ᠶ᠋ᠢᠨ ᠬᠣᠪᠢᠨ ᠳ᠋ᠤ᠌ 
 ᠴᠠᠰᠤ᠂ ᠴᠠᠭᠠᠰᠤᠨ ᠳ᠋ᠤ᠌ ᠢᠵᠢᠯᠢᠰᠢᠵᠦ ᠳᠠᠰᠤᠭᠰᠠᠨ ᠮᠢᠨᠢ  
 ᠰᠠᠨᠠᠭ᠎ᠠ ᠪᠣᠳᠣᠯ ᠠ᠋ᠴᠠ ᠭᠠᠷᠳᠠᠭ ᠦᠭᠡᠢ᠃  

 ᠡᠪᠦᠯ ᠡᠪᠦᠭᠡᠨ ᠦ᠌ ᠮᠥᠩᠭᠥᠨ ᠡᠪᠦᠷ ᠡᠴᠡ  
 ᠦᠷᠪᠢᠰᠦᠨ ᠰᠠᠴᠤᠯᠠᠬᠤ ᠴᠢᠨᠳᠠᠭᠠᠨ ᠴᠠᠰᠤᠨ ᠠ᠋ᠴᠠ 
 ᠪᠣᠢᠵᠢᠵᠤ ᠲᠣᠷᠨᠢᠭᠰᠠᠨ ᠪᠠᠭ᠎ᠠ ᠨᠠᠰᠤᠨ ᠤ᠋  
 ᠪᠣᠷᠣ ᠮᠥᠷ ᠢ᠋ᠶ᠋ᠡᠨ ᠣᠯᠤᠭᠠᠳ ᠬᠠᠷᠠᠯ᠎ᠠ᠃

 《 ᠵᠢᠪᠠᠷᠯᠠᠬᠤ ᠬᠦᠢᠲᠡᠨ ᠦ᠌ ᠢᠳᠡ ᠭᠣᠣᠯ ᠳ᠋ᠤ᠌ 
 ᠵᠠᠯᠬᠠᠭᠤᠷᠠᠯ ᠦᠭᠡᠢ ᠴᠠᠰᠤ ᠪᠠᠷ ᠤᠬᠢᠶᠠ!  
 ᠥᠯᠴᠢᠷ ᠴᠢᠨᠠᠷ ᠢ᠋ ᠴᠢᠨᠢ ᠳᠠᠰᠬᠠᠨ ᠪᠠᠢᠵᠤ 
 ᠥᠰᠪᠥᠷᠢ ᠪᠡᠶ᠎ᠡ ᠶ᠋ᠢ ᠴᠢᠨᠢ ᠳᠤᠯᠠᠭᠠᠴᠠᠭᠤᠯᠤᠨ᠎ᠠ》 ᠭᠡᠰᠡᠨ  

 ᠡᠬᠡ ᠶ᠋ᠢᠨ ᠬᠡᠯᠡᠳᠡᠭ ᠦᠭᠡ ᠶ᠋ᠢ ᠵᠢᠷᠤᠮᠯᠠᠵᠤ  
 ᠡᠷᠲᠡ ᠪᠦᠷᠢ ᠴᠠᠰᠤ ᠪᠠᠷ ᠨᠢᠭᠤᠷ ᠢ᠋ᠶ᠋ᠠᠨ ᠠᠷᠴᠢᠳᠠᠭ᠂ 
 ᠡᠪᠡᠢ ᠂  ᠲᠡᠲᠡᠭᠡᠢ ᠭᠡᠳ ᠳᠠᠭᠵᠢᠨ ᠴᠡᠴᠡᠷᠡᠪᠡᠴᠦ 
 ᠡᠷᠭᠢᠭᠡᠳ ᠬᠠᠯᠠᠰᠠᠨ ᠪᠦᠯᠢᠶᠡᠰᠴᠦ ᠢᠷᠡᠳᠡᠭ᠂ 

 ᠦᠳᠡᠰᠢ ᠣᠷᠣᠢ ᠶ᠋ᠢᠨ ᠢ᠋ᠶ᠋ᠡᠨ ᠴᠢᠯᠥᠭᠡ ᠴᠠᠭ ᠢ᠋ᠶ᠋ᠠᠷ  
 ᠦᠶ᠎ᠡ ᠶ᠋ᠢᠨ ᠬᠢᠨ ᠲᠡᠢ ᠪᠡᠨ ᠴᠤᠭᠯᠠᠷᠠᠨ ᠦᠢᠮᠡᠬᠦ ᠳ᠋ᠦ᠍ 
 ᠬᠥᠮᠦᠨ ᠦ᠌ ᠱᠤᠭᠤᠮ ᠢ᠋ ᠴᠠᠰᠤ ᠪᠠᠷ ᠪᠦᠲᠦᠭᠡᠭᠡᠳ 
 ᠬᠦᠷᠢᠶ᠎ᠡ ᠲᠡᠳᠡᠨ ᠵᠡᠭᠡᠷᠡᠩᠬᠡᠢᠯᠡᠵᠦ ᠨᠠᠭᠠᠳᠳᠠᠭ᠃  

 ᠬᠠᠶᠠ ᠵᠠᠷᠢᠮ ᠳ᠋ᠠᠭᠠᠨ ᠴᠠᠰᠤᠨ ᠪᠥᠮᠪᠥᠭᠡ ᠪᠡᠷ  
 ᠬᠠᠷᠢᠯᠴᠠᠨ ᠲᠠᠯᠠᠯᠠᠭᠠᠳ ᠰᠢᠳᠡᠯᠴᠡᠵᠦ ᠭᠠᠷᠳᠠᠭ᠂ 
 ᠬᠠᠯᠠᠰᠴᠤ ᠬᠥᠯᠥᠷᠡᠭᠡᠳ ᠠᠩᠭᠠᠬᠤ ᠦᠶᠡᠰ  
 ᠬᠠᠮᠢᠶ᠎ᠠ ᠨᠠᠮᠢᠶ᠎ᠠ ᠦᠭᠡᠢ ᠠᠯᠠᠭᠠᠯᠠᠵᠤ ᠢᠳᠡᠳᠡᠭ᠃ 

 ᠴᠠᠰᠤ ᠨᠠᠢᠵᠠ ᠨᠠᠳᠠ ᠳ᠋ᠠᠭᠠᠨ ᠢᠪᠡᠭ  
 ᠴᠠᠳᠢᠭ ᠨᠠᠮᠲᠠᠷ ᠤ᠋ᠨ ᠮᠢᠨᠢ ᠮᠥᠷ ᠭᠡᠬᠦ ᠳ᠋ᠦ᠍  
 ᠴᠢᠨᠠᠭᠰᠢᠯᠠᠨ ᠣᠳᠬᠤ ᠨᠠᠰᠤᠨ ᠤ᠋ ᠳᠠᠪᠠᠭᠠᠨ ᠳ᠋ᠤ᠌ 
 ᠴᠠᠭᠠᠰᠤ ᠬᠠᠷᠢᠨ ᠨᠠᠳᠠᠳᠤ ᠨᠥᠬᠥᠷ ᠠ᠋!  

 ᠠ ᠦᠰᠦᠭ ᠢ᠋ ᠡᠬᠢᠯᠡᠨ ᠨᠢᠳᠦᠯᠡᠵᠦ  
 ᠠᠩᠬᠠᠨ ᠤᠳᠠᠭ᠎ᠠ ᠦᠵᠦᠭ ᠪᠠᠷᠢᠬᠤ ᠳ᠋ᠠᠭᠠᠨ  
 ᠴᠠᠰᠤᠨ ᠳ᠋ᠤ᠌ ᠬᠦᠳᠡᠷᠰᠢᠭᠰᠡᠨ ᠮᠣᠢᠨᠣᠭ ᠭᠠᠷ ᠮᠢᠨᠢ  
 ᠴᠠᠭᠠᠰᠤᠨ ᠤ᠋ ᠡᠯᠢᠭᠡᠨ ᠳ᠋ᠦ᠍ ᠬᠥᠯ ᠠᠯᠳᠠᠭᠠᠳ 

 ᠪᠦᠳᠦᠷᠢᠵᠦ ᠣᠢᠴᠢᠳᠠᠭ ᠮᠥᠷ ᠲᠡᠢ ᠪᠡᠨ ᠪᠠᠷᠤᠭ 
 ᠪᠦᠳᠦᠭᠦᠨ ᠪᠦᠳᠦᠭᠦᠨ ᠡᠷᠢᠶᠡᠴᠢᠵᠦ ᠭᠠᠷᠤᠯ᠎ᠠ᠂ 
 ᠭᠡᠯ᠎ᠡ ᠴᠦ᠍ ᠪᠢ ᠵᠣᠷᠢᠭ ᠮᠣᠬᠣᠭ᠎ᠠ ᠦᠭᠡᠢ  
 ᠭᠡᠮ ᠦᠭᠡᠢ ᠳᠠᠰᠤᠭᠰᠠᠨ ᠴᠠᠰᠤ ᠰᠢᠭ᠋ ᠢ᠋ᠶ᠋ᠡᠨ  

 ᠦᠶ᠎ᠡ ᠮᠢᠨᠢ ᠰᠢᠮᠰᠢᠷᠡᠵᠦ ᠬᠤᠷᠤᠭᠤ ᠮᠢᠨᠢ ᠬᠥᠰᠢᠭᠰᠡᠨ ᠴᠦ᠍  
 ᠦᠵᠦᠭ ᠢ᠋ᠶ᠋ᠡᠨ ᠠᠳᠬᠤᠭᠠᠳ ᠪᠢᠴᠢᠭᠰᠡᠭᠡᠷ ᠪᠠᠢᠯ᠎ᠠ᠃  
 ᠴᠠᠰᠤ ᠰᠢᠭ᠋ ᠴᠠᠭᠠᠨ ᠴᠠᠭᠠᠰᠤᠨ ᠪᠡᠯᠴᠢᠭᠡᠷ ᠲᠦ᠍ 
 ᠴᠠᠭᠠᠷᠠᠭᠰᠠᠨ ᠦᠵᠦᠭ ᠮᠢᠨᠢ ᠢᠷᠠᠯᠵᠠᠨ ᠳᠠᠪᠬᠢᠬᠤ ᠳ᠋ᠤ᠌  

 ᠡᠬᠡ ᠨᠤᠲᠤᠭ ᠤ᠋ᠨ ᠴᠠᠰᠤ ᠬᠠᠨᠢ  
 ᠡᠷᠬᠡ ᠨᠠᠰᠤᠨ ᠳ᠋ᠤ᠌ ᠳᠠᠳᠤᠯᠭ᠎ᠠ ᠪᠣᠯᠤᠭᠰᠠᠨ ᠠ᠋ᠴᠠ 
 ᠡᠬᠡ ᠬᠡᠯᠡᠨ ᠦ᠌ ᠡᠷᠳᠡᠨᠢ ᠦᠰᠦᠭ ᠲᠦ᠍  
 ᠡᠩ ᠦᠭᠡᠢ ᠴᠠᠭᠠᠰᠤ ᠰᠤᠷᠭᠠᠭᠤᠯᠢᠯᠠᠯ ᠪᠣᠯᠤᠭᠰᠠᠨ ᠠ᠋ᠴᠠ  

 ᠪᠢᠷ ᠦ᠋ᠨ ᠤᠰᠤ ᠪᠠᠨ ᠴᠠᠰᠤ ᠪᠠᠷ ᠳᠡᠪᠲᠦᠭᠡᠵᠦ  
 ᠪᠢᠯᠢᠭ ᠦ᠋ᠨ ᠵᠢᠭᠦᠷ ᠢ᠋ᠶ᠋ᠡᠨ ᠴᠠᠭᠠᠰᠤᠨ᠎ᠠ ᠳᠡᠷᠪᠢᠭᠦᠯᠦᠭᠡᠳ 
 ᠰᠢᠮᠳᠠᠯᠭ᠎ᠠ ᠴᠢᠷᠮᠠᠢᠯᠭ᠎ᠠ ᠪᠠᠨ ᠲᠠᠯ᠎ᠠ ᠰᠢᠭ᠋ ᠬᠠᠨᠠᠷᠠᠭᠤᠯᠤᠨᠠᠮ!  
 ᠰᠢᠯᠦᠭ ᠰᠣᠷᠢᠯᠲᠠ ᠪᠠᠨ ᠬᠥᠯᠥᠨ ᠰᠢᠭ ᠬᠠᠯᠭᠢᠭᠤᠯᠤᠨᠠᠮ! 

  ᠢᠷᠡᠯᠲᠡ᠄ ᠴᠣ· ᠣᠷᠱᠤᠨ ᠤ᠋《 ᠮᠠᠯᠴᠢᠨ ᠬᠥᠮᠦᠨ ᠦ᠌ ᠳᠠᠭᠤᠤ》 ᠨᠣᠮ ᠠ᠋ᠴᠠ ᠡᠰᠢᠯᠡᠪᠡ᠃
           ᠦᠰᠦᠭ ᠠᠮᠢᠯᠠᠭᠤᠯᠤᠭᠴᠢ᠄ ᠪᠠᠶᠠᠷᠴᠡᠴᠡᠭ 
               2024 04 28