《ᠬᠥᠬᠡ ᠰᠤᠳᠤᠷ》 ᠤᠨ ᠨᠥᠬᠥᠪᠦᠷᠢ ᠲᠡᠪᠲᠡᠷ - ᠢᠨᠵᠠᠨᠨᠠᠰᠢ < ᠳᠥᠴᠢᠨ ᠭᠤᠷᠪᠠᠳᠤᠭᠠᠷ ᠪᠦᠯᠦᠭ> "Хөх судар" он нөхвөр дэвтэр - Инжинаш <Дөчин гуравдугаар бүлэг>
《ᠬᠥᠬᠡ ᠰᠤᠳᠤᠷ》 ᠤᠨ ᠨᠥᠬᠥᠪᠦᠷᠢ ᠲᠡᠪᠲᠡᠷ - < ᠳᠥᠴᠢᠨ ᠭᠤᠷᠪᠠᠳᠤᠭᠠᠷ ᠪᠦᠯᠦᠭ >
ᠳᠥᠴᠢᠨ ᠭᠤᠷᠪᠠᠳᠤᠭᠠᠷ ᠪᠦᠯᠦᠭ
ᠡᠨᠡᠳᠬᠡᠭ ᠦ᠋ᠨ ᠬᠠᠭᠠᠨ ᠠᠨᠤ ᠳᠠᠭᠠᠭᠠᠳᠤᠢ ᠳ᠋ᠤᠷ ᠡᠨᠡᠳᠬᠡᠭ ᠦ᠋ᠨ ᠵᠠᠭᠠᠨ ᠠᠨᠤ ᠳᠠᠭᠠᠵᠤᠬᠤᠢ
ᠡᠨᠡ ᠬᠦ᠌ ᠪᠣᠭᠳᠠ ᠲᠥᠷᠥᠭᠡᠳᠦᠢ ᠳ᠋ᠦ᠍ᠷ ᠡᠷᠲᠡᠨ ᠦ᠌ ᠡᠵᠡᠳ ᠨᠠᠷ ᠪᠡᠯᠡᠳᠬᠡᠯᠴᠡᠵᠦᠬᠦᠢ
ᠡᠮᠦᠨᠡᠲᠦ ᠰᠥᠩ ᠦ᠋ᠨ ᠨᠢᠩᠽᠦ᠋ᠩ ᠦ᠋ᠨ ᠥᠭᠡᠨᠴᠡ ᠪᠠᠭᠤᠷᠠᠢ ᠠᠨᠤ ᠡᠯᠡᠭᠯᠡᠯᠲᠡᠢ ᠬᠡᠮᠡᠬᠦᠶ᠎ᠡ
ᠡᠪᠳᠡᠷᠡᠯᠳᠦ ᠲᠠᠩᠭᠤᠳ ᠤ᠋ᠨ ᠬᠤᠸᠠᠨᠽᠦ᠋ᠩ ᠦ᠋ᠨ ᠮᠤᠩᠬᠠᠭ ᠤᠵᠢᠳ ᠨᠡᠩ ᠢᠯᠡᠭᠦᠳᠡ ᠢᠨᠢᠶᠡᠯᠲᠡᠢ ᠪᠢᠰᠢᠦ ?
ᠡᠭᠦᠨᠦ ᠳᠣᠲᠣᠷ᠎ᠠ ᠠᠯᠲᠠᠨ ᠤ᠋ ᠵᠠᠩᠽᠦ᠋ᠩ ᠬᠠᠷᠢᠨᠴᠤ ᠲᠤᠯᠭᠠᠭᠤᠷᠲᠠᠢᠬᠠᠨ ᠬᠡᠮᠡᠪᠡᠰᠦ ᠪᠣᠯᠤᠯᠲᠠᠢ
ᠡᠳᠡᠭᠡᠷ ᠦ᠋ᠳ ᠴᠥᠮ ᠢ᠋ᠶ᠋ᠡᠷ ᠶᠤᠸᠠᠨ ᠲᠠᠢᠽᠦ ᠳ᠋ᠦ᠍ᠷ ᠠᠪᠠ ᠬᠠᠮᠵᠢᠨ ᠤᠷᠤᠭᠰᠢ ᠵᠢᠳᠬᠦᠯᠴᠡᠮᠦᠢ ᠃
ᠲᠡᠨᠳᠡᠴᠡ ᠨᠢᠳᠤᠨᠤᠨ ᠤ᠋ ᠬᠥᠬᠡᠭᠴᠢᠨ ᠦᠬᠡᠷ ᠵᠢᠯ ᠦ᠋ᠨ ᠰᠡᠭᠦᠯ ᠪᠣᠯᠲᠠᠯ᠎ᠠ ᠮᠤᠩ ᠭᠣᠣᠯ ᠤ᠋ᠨ ᠠᠮᠠᠨ ᠤ᠋ ᠶᠡᠬᠡ ᠬᠣᠲᠠ ᠮᠠᠨᠳᠠᠯ ᠢ᠋ ᠦᠢᠯᠡᠳᠦᠨ ᠲᠡᠭᠦᠰᠬᠡᠵᠦ᠂ ᠭᠠᠭᠴᠠ ᠲᠠᠩᠭᠤᠳ ᠤᠯᠤᠰ ᠤ᠋ᠨ ᠪᠠᠷᠠᠭᠤᠨ ᠠ᠋ᠴᠠ ᠣᠯᠵᠠᠯᠠᠭᠰᠠᠨ ᠡᠨᠡᠳᠬᠡᠭ ᠤᠯᠤᠰ ᠤ᠋ᠨ ᠳᠥᠷᠪᠡᠨ ᠶᠡᠬᠡ ᠴᠠᠭᠠᠨ ᠵᠠᠭᠠᠨ ᠢ᠋ ᠤᠭ ᠲᠤᠷ ᠪᠤᠷᠬᠠᠨ ᠬᠠᠯᠲᠤᠨ᠎ᠠ ᠶ᠋ᠢᠨ ᠬᠣᠷᠣᠭ᠎ᠠ ᠳ᠋ᠤᠷ ᠲᠡᠵᠢᠭᠡᠵᠦ ᠪᠠᠢᠭᠰᠠᠨ ᠪᠥᠯᠥᠭᠡ᠃ ᠬᠣᠢᠨ᠎ᠠ ᠨᠠᠮᠤᠷ ᠤ᠋ᠨ ᠰᠡᠷᠢᠭᠦᠨᠡ ᠮᠤᠩ ᠭᠣᠣᠯ ᠤ᠋ᠨ ᠠᠮᠠᠨ᠎ᠠ ᠴᠣᠭᠴᠠᠯᠠᠭᠰᠠᠨ ᠶᠡᠬᠡ ᠸᠴᠢᠷ ᠮᠠᠨᠳᠠᠯ ᠤ᠋ᠨ ᠡᠮᠦᠨ᠎ᠡ ᠳᠥᠷᠪᠡᠨ ᠶᠡᠬᠡ ᠨᠦᠬᠡᠨ ᠭᠡᠷ ᠡᠷᠦᠭᠦᠯᠦᠨ᠂ ᠨᠠᠷᠠᠨ ᠤ᠋ ᠡᠰᠡᠷᠭᠦ ᠬᠠᠨᠳᠤᠭᠤᠯᠤᠨ ᠦᠢᠯᠡᠳᠴᠦ ᠂ ᠳᠣᠲᠣᠷ᠎ᠠ ᠪᠠᠰᠠ ᠵᠠᠭᠠᠨᠴᠢ ᠲᠠᠬᠠᠷ ᠠᠯᠪᠠᠲᠤ ᠶ᠋ᠢ ᠰᠠᠭᠤᠯᠭᠠᠵᠤᠬᠤᠢ᠃ ᠵᠠᠭᠠᠨ ᠬᠡᠮᠡᠭᠴᠢ ᠡᠮᠦᠨᠡᠲᠦ ᠬᠠᠯᠠᠭᠤᠨ ᠭᠠᠵᠠᠷ ᠤ᠋ᠨ ᠠᠮᠢᠲᠠᠨ ᠲᠤᠯᠠ ᠤᠮᠠᠷ᠎ᠠ ᠭᠠᠵᠠᠷ ᠤ᠋ᠨ ᠬᠦᠢᠲᠡᠨ ᠡᠪᠦᠯ ᠬᠥᠯᠳᠡᠵᠦ ᠦᠬᠦᠭᠦᠵᠡᠢ ᠭᠡᠮᠡᠨ ᠳᠤᠯᠠᠭᠠᠯᠠᠨ ᠪᠡᠯᠡᠳᠬᠡᠭᠰᠡᠨ ᠨᠦᠬᠡᠨ ᠭᠡᠷ ᠲᠦ᠍ᠷ ᠢᠨᠣ ᠲᠡᠭᠷᠢ ᠳᠤᠯᠠᠭᠠᠨ ᠦᠶ᠎ᠡ ᠳ᠋ᠦ᠍ᠷ ᠳᠡᠪᠰᠢᠭᠦᠯᠦᠨ ᠠᠪᠠᠴᠢᠰᠤᠭᠠᠢ ᠭᠡᠮᠡᠨ ᠬᠡᠳᠦᠢᠴᠢᠨᠡᠭᠡᠨ ᠬᠥᠮᠦᠨ ᠬᠥᠲᠥᠯᠪᠡᠴᠦ᠂ ᠠᠭᠤᠯᠠ ᠮᠡᠲᠦ ᠵᠣᠭ ᠵᠣᠭᠰᠣᠵᠤ᠂ ᠨᠢᠭᠡᠮᠦᠰᠦᠨ ᠬᠥᠳᠡᠯᠬᠦ ᠦᠭᠡᠢ ᠳ᠋ᠦ᠍ᠷ ᠪᠤᠭᠤᠷᠵᠢ ᠣᠷᠣᠵᠤ ᠲᠠᠢᠽᠦ ᠳ᠋ᠦ᠍ᠷ ᠮᠡᠳᠡᠭᠦᠯᠦᠭᠰᠡᠨ ᠳ᠋ᠦ᠍ᠷ ᠲᠠᠢᠽᠦ ᠮᠦᠰᠢᠶᠡᠵᠦ ᠵᠠᠬᠢᠷᠤᠨ ᠄
《ᠶᠡᠬᠡ ᠠᠳᠤᠭᠤᠰᠤᠨᠠ ᠮᠥᠨ ᠶᠡᠬᠡ ᠮᠡᠳᠡᠷᠡᠯ ᠪᠣᠢ ᠪᠣᠯᠠᠢ᠂ ᠡᠰᠡ ᠬᠥᠳᠡᠯᠪᠡᠰᠦ ᠳᠠᠷᠤᠢ ᠡᠨᠳᠡ ᠳᠤᠯᠠᠭᠠᠯᠠᠵᠤ ᠡᠪᠦᠯᠵᠢᠭᠦᠯᠬᠦ ᠪᠡᠷ ᠪᠡᠯᠡᠳᠬᠡᠭᠲᠦᠨ 》ᠬᠡᠮᠡᠭᠰᠡᠨ ᠢ᠋ᠶ᠋ᠡᠷ ᠳᠠᠷᠤᠢ ᠳᠤᠯᠠᠭᠠᠨ ᠪᠤᠷᠭᠠᠰᠤᠨ ᠫᠦᠭ ᠭᠡᠷ ᠪᠠᠷᠢᠭᠤᠯᠤᠨ᠂ ᠲᠡᠮᠡᠭᠡᠨ ᠤᠩᠭᠠᠰᠤᠨ ᠢᠰᠡᠭᠡᠢ ᠪᠡᠷ ᠳᠣᠲᠣᠷ᠎ᠠ ᠭᠠᠳᠠᠨ᠎ᠠ ᠪᠠᠷ ᠳᠠᠪᠬᠤᠷᠯᠠᠨ ᠪᠡᠬᠢᠯᠡᠵᠦ᠂ ᠳᠤᠯᠠᠭᠠᠯᠠᠨ ᠬᠠᠵᠠᠭᠤᠳᠠ ᠠᠨᠤ ᠨᠠᠭᠠᠯᠳᠤᠭᠤᠯᠤᠨ᠂ ᠵᠠᠭᠠᠨᠴᠢ ᠲᠠᠬᠠᠷ ᠠᠯᠪᠠᠲᠤ ᠶ᠋ᠢᠨ ᠥᠷᠭᠥᠭᠡ ᠪᠠᠷᠢᠭᠤᠯᠵᠤ᠂ ᠬᠥᠮᠦᠨ ᠦ᠌ ᠰᠠᠭᠤᠬᠤ ᠳᠤᠯᠠᠭᠠᠨ ᠢᠯᠴᠢ ᠶ᠋ᠢ ᠣᠷᠣᠭᠤᠯᠤᠨ ᠪᠤᠷᠬᠠᠨ ᠬᠠᠯᠲᠤᠨ᠎ᠠ ᠳ᠋ᠤᠷ ᠡᠪᠦᠯᠵᠢᠭᠦᠯᠦᠭᠰᠡᠨ ᠪᠥᠯᠥᠭᠡ᠃ ᠨᠢᠳᠤᠨᠤᠨ ᠵᠢᠯ ᠳᠣᠣᠷᠠᠬᠢ ᠣᠯᠠᠨ ᠤᠯᠤᠰ ᠤ᠋ᠨ ᠴᠢᠭᠤᠯᠭᠠᠨ᠎ᠠ ᠪᠸᠲ᠋ᠠ᠋ ᠤᠯᠤᠰ ᠤ᠋ᠨ ᠬᠠᠷᠢᠶᠠᠲᠤ ᠳᠠᠯᠠᠨ ᠲᠠᠪᠤᠨ ᠤᠯᠤᠰ ᠠᠢᠮᠠᠭ ᠤ᠋ᠳ ᠪᠦᠭᠦᠳᠡᠭᠡᠷ ᠴᠠᠭᠠᠨ ᠰᠠᠷ᠎ᠠ ᠶ᠋ᠢᠨ ᠰᠢᠨᠡᠯᠡᠬᠦ ᠵᠢᠰᠢᠶ᠎ᠠ ᠳ᠋ᠤᠷ ᠪᠦᠷᠢᠨ᠎ᠡ ᠴᠤᠭᠯᠠᠯᠳᠤᠨ ᠢᠷᠡᠵᠦ᠂ ᠣᠨ ᠤ᠋ ᠰᠡᠭᠦᠯ ᠦ᠋ᠨ ᠳᠠᠢᠯᠭ᠎ᠠ ᠲᠠᠪᠢᠯᠭ᠎ᠠ ᠶ᠋ᠢᠨ ᠶᠣᠰᠣᠨ ᠢ᠋ ᠭᠦᠢᠴᠡᠳᠬᠡᠨ ᠤᠯᠤᠰ ᠤ᠋ᠨ ᠡᠵᠡᠨ᠎ᠡ ᠮᠥᠷᠭᠥᠬᠦ ᠪᠠ ᠬᠡᠰᠢᠭ ᠬᠤᠷᠢᠮ ᠳ᠋ᠤᠷ ᠬᠦᠷᠲᠡᠵᠦ᠂ ᠣᠨ ᠤ᠋ ᠰᠡᠭᠦᠯ ᠦ᠋ᠨ ᠭᠠᠯ ᠭᠣᠯᠣᠮᠲᠠ ᠳ᠋ᠤᠷ ᠲᠠᠢᠽᠦ ᠮᠣᠳᠣᠷ ᠢ᠋ᠶ᠋ᠠᠷ ᠠᠷᠢᠬᠢ ᠰᠠᠴᠤᠨ ᠥᠭᠡᠬᠦ ᠬᠠᠯᠢᠮᠠ ᠣᠷᠬᠢᠨ ᠪᠡᠯᠡᠭᠯᠡᠵᠦ ᠨᠣᠢᠷᠰᠤᠭᠠᠳ᠂ ᠵᠢᠴᠢ ᠥᠷᠯᠥᠭᠡ ᠤᠯᠠᠭᠠᠨ ᠪᠠᠷᠰ ᠵᠢᠯ ᠦ᠋ᠨ ᠴᠠᠭᠠᠨ ᠰᠠᠷ᠎ᠠ ᠶ᠋ᠢᠨ ᠰᠢᠨ᠎ᠡ ᠶ᠋ᠢᠨ ᠨᠢᠭᠡᠨ ᠦ᠌ ᠴᠠᠭᠠᠯᠠᠬᠤ ᠥᠷᠯᠥᠭᠡ ᠶ᠋ᠢᠨ ᠪᠠᠷᠰ ᠴᠠᠭ ᠲᠤᠷ ᠲᠠᠢᠽᠦ ᠶ᠋ᠢᠨ ᠵᠡᠭᠦᠳᠦᠨ ᠳ᠋ᠦ᠍ᠷ᠄ ᠲᠠᠢᠽᠦ ᠶ᠋ᠢᠨ ᠪᠡᠶ᠎ᠡ ᠮᠢᠩᠭᠠᠨ ᠠᠪᠠ ᠪᠠᠷ ᠠᠯᠠᠭᠲᠠᠢ ᠭᠠᠵᠠᠷ ᠤ᠋ᠨ ᠬᠠᠩᠭᠠᠢ ᠠᠭᠣᠯᠠᠨᠠ ᠠᠪᠠᠯᠠᠬᠤᠢ ᠳ᠋ᠤᠷ ᠠᠪᠠ ᠶ᠋ᠢᠨ ᠳᠣᠲᠣᠷ᠎ᠠ ᠴᠠᠭᠠᠨ ᠵᠢᠰᠦᠮ ᠦ᠋ᠨ ᠳᠥᠷᠪᠡᠨ ᠵᠢᠭᠦᠷᠲᠦ ᠮᠣᠷᠢ ᠣᠷᠣᠵᠤ ᠢᠷᠡᠬᠦᠢ ᠳ᠋ᠦ᠍ᠷ ᠲᠠᠢᠽᠦ ᠰᠣᠨᠢᠷᠬᠠᠨ ᠪᠡᠶᠡᠰᠴᠦ ᠪᠡᠶ᠎ᠡ ᠪᠡᠷ ᠬᠥᠭᠡᠭᠡᠬᠦᠷ ᠲᠦ᠍ᠷ ᠲᠡᠷᠡ ᠳᠥᠷᠪᠡᠨ ᠵᠢᠭᠦᠷᠲᠦ ᠴᠠᠭᠠᠨ ᠮᠣᠷᠢ ᠰᠢᠭᠤᠳ ᠲᠠᠢᠽᠦ ᠶ᠋ᠢᠨ ᠴᠠᠭᠠᠨ ᠠᠷᠰᠯᠠᠩᠲᠤ ᠴᠠᠴᠠᠷ ᠥᠷᠭᠥᠭᠡ ᠳ᠋ᠦ᠍ᠷ ᠣᠷᠣᠵᠤ᠂ ᠶᠡᠬᠡ ᠣᠷᠣᠨ ᠰᠢᠷᠡᠭᠡᠨ ᠦ᠌ ᠳᠣᠣᠷ᠎ᠠ ᠰᠢᠷᠭᠤᠨ ᠡᠴᠢᠭᠰᠡᠨ ᠳ᠋ᠦ᠍ᠷ ᠲᠠᠢᠽᠦ ᠣᠷᠣᠨ ᠰᠢᠷᠡᠭᠡᠨ ᠦ᠌ ᠳᠡᠭᠡᠷ᠎ᠡ ᠭᠠᠷᠴᠤ ᠡᠴᠢᠲᠡᠯ᠎ᠡ᠂ ᠳᠥᠷᠪᠡᠨ ᠮᠣᠷᠢ ᠣᠷᠣᠨ ᠰᠢᠷᠡᠭᠡ ᠶ᠋ᠢ ᠴᠤᠭᠭᠠᠷ ᠡᠷᠭᠦᠨ ᠬᠥᠮᠦᠨ ᠦ᠌ ᠲᠡᠷᠢᠭᠦᠨ ᠡᠴᠡ ᠥᠨᠳᠥᠷ ᠭᠠᠷᠴᠤ ᠬᠥᠬᠡ ᠨᠠᠭᠤᠷ ᠤ᠋ᠨ ᠳᠡᠭᠡᠭᠦᠷ ᠬᠥᠪᠬᠡᠯᠡᠨ ᠶᠠᠪᠤᠬᠤᠶ᠎ᠠ᠂ ᠣᠷᠣᠨ ᠰᠢᠷᠡᠭᠡ ᠨᠠᠬᠢᠯᠵᠠᠨ ᠬᠥᠳᠡᠯᠲᠡᠯ᠎ᠡ ᠰᠣᠴᠢᠨ ᠰᠠᠷᠢᠪᠠᠰᠤ᠂ ᠭᠠᠳᠠᠨ᠎ᠠ ᠨᠢᠭᠡᠨᠲᠡ ᠴᠠᠭᠠᠯᠠᠬᠤ ᠥᠷᠯᠥᠭᠡ ᠶ᠋ᠢᠨ ᠶᠡᠬᠡ ᠦᠬᠡᠷ ᠫᠤᠤ ᠶ᠋ᠢᠨ ᠳᠠᠭᠤᠨ ᠲᠦᠷᠴᠢᠭᠢᠨᠡᠨ ᠳᠠᠭᠤᠷᠢᠰᠬᠤᠢ ᠳ᠋ᠤᠷ ᠶᠡᠬᠡ ᠥᠷᠭᠥᠭᠡ ᠳᠣᠯᠭᠢᠰᠤᠨ ᠳᠣᠲᠣᠷ᠎ᠠ ᠡᠯᠭᠦᠭᠰᠡᠨ ᠬᠥᠰᠢᠭᠡ ᠵᠠᠮ᠎ᠠ᠂ ᠤᠨᠵᠢᠯᠭ᠎ᠠ ᠮᠠᠨᠵᠢᠯᠭ᠎ᠠ ᠪᠠ ᠲᠣᠭᠣᠷᠢᠭᠤᠯᠤᠨ ᠬᠥᠰᠢᠭᠡᠯᠡᠭᠰᠡᠨ ᠮᠠᠩᠨᠤᠭ ᠲᠤᠭᠤᠷᠭ᠎ᠠ ᠴᠥᠮ ᠲᠣᠭᠳᠣᠯᠵᠠᠨ ᠴᠡᠴᠡᠷᠬᠢᠯᠡᠨ ᠬᠥᠳᠡᠯᠬᠦ ᠠᠵᠤᠭᠤ᠃
ᠲᠡᠳᠦᠢ ᠲᠠᠢᠽᠦ ᠵᠠᠯᠠᠷᠠᠨ ᠪᠣᠰᠴᠤ᠂ ᠰᠢᠷ᠎ᠠ ᠴᠠᠭᠠᠨ ᠲᠣᠰᠣᠨ ᠤ᠋ ᠪᠣᠰᠤᠭ᠎ᠠ ᠵᠤᠯᠠ ᠪᠠ ᠮᠥᠩᠭᠥᠨ ᠬᠠᠰᠠᠭᠲᠤ ᠲᠤᠯᠭ᠎ᠠ ᠭᠣᠯᠣᠮᠲᠠ ᠳ᠋ᠤᠷ ᠬᠦᠬᠦᠷ ᠦ᠋ᠨ ᠭᠠᠯ ᠤ᠋ᠨ ᠭᠡᠷᠡᠯ ᠭᠠᠷᠴᠤ ᠡᠳᠦᠷ ᠨᠠᠷᠠᠨ ᠮᠡᠲᠦ ᠭᠡᠭᠡᠬᠡᠨ᠃ ᠲᠠᠢᠽᠦ ᠨᠢᠭᠤᠷ ᠣᠬᠢᠶᠠᠯᠠᠵᠤ ᠠᠷᠢᠭᠤᠳᠬᠠᠭᠠᠳ ᠵᠡᠭᠦᠳᠦᠨ ᠢ᠋ ᠰᠡᠳᠬᠢᠬᠦᠯᠡ ᠄ ᠮᠣᠷᠢ ᠬᠡᠮᠡᠭᠴᠢ ᠶᠠᠪᠤᠬᠤ ᠵᠣᠷᠴᠢᠬᠤ ᠬᠥᠳᠡᠯᠪᠦᠷᠢ ᠶ᠋ᠢᠨ ᠬᠦᠯᠦᠭ᠃ ᠰᠢᠷᠡᠭᠡ ᠬᠡᠮᠡᠭᠴᠢ ᠬᠡᠪᠲᠡᠬᠦ ᠰᠠᠭᠤᠬᠤ ᠨᠤᠲᠤᠭ ᠤ᠋ᠨ ᠣᠷᠣᠰᠢᠯᠲᠠ᠂ ᠨᠤᠲᠤᠭ ᠤ᠋ᠨ ᠣᠷᠣᠰᠢᠯᠲᠠ ᠳ᠋ᠤᠷ ᠬᠦᠯᠦᠭ ᠮᠣᠷᠢᠳ ᠤ᠋ᠨ ᠬᠥᠯ ᠲᠤᠯᠭᠠᠭᠤᠷᠢ ᠵᠠᠯᠭᠠᠪᠠᠰᠤ ᠪᠠᠭᠤᠳᠠᠯ ᠨᠡᠭᠦᠳᠡᠯ ᠲᠠᠪᠰᠢᠨ ᠬᠥᠳᠡᠯᠬᠦ ᠶ᠋ᠢᠨ ᠲᠡᠮᠳᠡᠭ᠂ ᠨᠠᠭᠤᠷ ᠬᠡᠮᠡᠭᠴᠢ ᠪᠦᠬᠦ ᠭᠠᠵᠠᠷ ᠤ᠋ᠨ ᠤᠷᠤᠰᠬᠠᠯ ᠤ᠋ᠨ ᠬᠤᠷᠢᠶᠠᠩᠭᠤᠢ᠂ ᠡᠨᠡ ᠵᠢᠯ ᠦ᠋ᠨ ᠡᠮᠦᠨ᠎ᠡ ᠮᠠᠨᠳᠠᠯ ᠳ᠋ᠤᠷ ᠳᠡᠪᠰᠢᠭᠦ ᠢᠨᠤ ᠵᠣᠬᠢᠬᠤ ᠠᠵᠠᠮ ! ᠭᠡᠮᠡᠨ ᠳᠠᠷᠤᠢ ᠲᠦᠭ ᠲᠦᠮᠡᠨ ᠬᠥᠭᠵᠢᠮ᠂ ᠭᠡᠷᠡᠯ ᠰᠡᠯᠲᠡᠨ᠂ ᠠᠭᠠᠷᠤ ᠶ᠋ᠢᠨ ᠦᠨᠦᠷ ᠠᠩᠬᠢᠯᠤᠭᠤᠯᠤᠨ ᠲᠥᠷᠥ ᠳ᠋ᠦ᠍ᠷ ᠭᠠᠷᠴᠤ᠂ ᠲᠡᠭᠷᠢ ᠭᠠᠵᠠᠷ᠂ ᠤᠷᠢᠳᠤᠰ ᠳᠡᠭᠡᠳᠦᠰ ᠦ᠋ᠨ ᠡᠯ᠎ᠡ ᠳᠠᠢᠯᠭ᠎ᠠ ᠳᠠᠪᠢᠬᠠᠯᠠᠯ ᠢ᠋ ᠭᠦᠢᠴᠡᠳᠬᠡᠭᠡᠳ᠂ ᠵᠠᠭᠤᠨ ᠲᠦᠰᠢᠮᠡᠳ ᠮᠥᠷᠭᠥᠵᠦ ᠪᠠᠷᠠᠭᠰᠠᠨ ᠬᠣᠢᠨ᠎ᠠ᠂ ᠶᠢᠰᠦᠨ ᠶᠡᠬᠡ ᠳᠠᠯᠠᠢ ᠴᠠᠭᠠᠨ ᠣᠶᠣᠭ ᠴᠠᠴᠠᠷ ᠢ᠋ ᠵᠠᠯᠭᠠᠯᠳᠤᠭᠤᠯᠤᠨ ᠰᠢᠭᠠᠵᠤ᠂ ᠲᠡᠮᠡᠭᠡᠨ ᠤᠩᠭᠠᠰᠤᠨ ᠤ᠋ ᠢᠰᠡᠭᠡᠢ ᠪᠡᠷ ᠲᠣᠭᠣᠷᠢᠭᠤᠯᠤᠨ ᠪᠦᠷᠢᠶᠡᠰᠦᠯᠡᠨ ᠬᠡᠳᠦᠢᠴᠢᠨᠡᠭᠡᠨ ᠮᠥᠩᠭᠥᠨ ᠭᠣᠯᠣᠮᠲᠠ ᠳ᠋ᠤᠷ ᠭᠠᠯ ᠬᠥᠭᠵᠢᠬᠦ ᠲᠤᠯᠠ ᠡᠮᠦᠨ᠎ᠡ ᠭᠠᠵᠠᠷ ᠤ᠋ᠨ ᠸᠠᠭᠠᠷ ᠲᠣᠭᠣᠰᠬ᠎ᠠ ᠶ᠋ᠢᠨ ᠤᠷᠲᠤ ᠬᠠᠷᠰᠢ ᠠ᠋ᠴᠠ ᠠᠭᠤᠳᠠᠮ ᠪᠥᠭᠡᠳ ᠳᠤᠯᠠᠭᠠᠨ᠂ ᠭᠡᠭᠡᠬᠡᠨ ᠪᠥᠭᠡᠳ ᠢᠯᠴᠢ ᠲᠡᠢ᠃ ᠵᠠᠭᠤᠨ ᠲᠦᠰᠢᠮᠡᠳ ᠦ᠋ᠨ ᠬᠤᠷᠢᠮ ᠪᠠᠷᠢᠨ ᠬᠤᠨᠳᠠᠭ᠎ᠠ ᠡᠷᠭᠦᠬᠦ ᠦᠶ᠎ᠡ ᠳ᠋ᠦ᠍ᠷ ᠳ᠋ᠠᠳᠠᠳᠣᠩᠭᠠ᠂ ᠲᠡᠴᠢᠩᠬᠣᠷᠯᠣᠣ᠂ ᠠᠯᠲᠠᠨᠱᠠᠭ᠎ᠠ᠂ ᠢᠯᠠᠭᠤᠭᠰᠠᠨ ᠲᠠᠨ ᠯᠢᠶᠣᠣ ᠤᠯᠤᠰ ᠪᠠ ᠠᠯᠲᠠᠨ ᠤᠯᠤᠰ ᠤ᠋ᠨ ᠣᠯᠠᠨ ᠬᠥᠭᠵᠢᠮ ᠦ᠋ᠨ ᠠᠶᠠᠯᠭᠤ ᠬᠥᠭ ᠳᠠᠭᠤᠨ ᠳ᠋ᠤᠷ ᠪᠠᠶᠠᠰᠪᠠᠰᠤ ᠵᠠᠭᠠᠨ ᠠᠨᠤ ᠬᠠᠪᠠᠷ ᠤ᠋ᠨ ᠦᠵᠦᠭᠦᠷ ᠢ᠋ᠶ᠋ᠡᠷ ᠬᠤᠨᠳᠠᠭ᠎ᠠ ᠡᠷᠭᠦᠬᠦ ᠪᠠ ᠬᠣᠶᠠᠷ ᠬᠠ ᠪᠠᠨ ᠨᠤᠭᠤᠯᠤᠨ ᠰᠥᠭᠥᠳᠬᠦ ᠶᠣᠰᠣᠯᠠᠯ ᠢ᠋ ᠭᠠᠷᠭᠠᠨ ᠴᠢᠳᠠᠬᠤ ᠪᠥᠭᠡᠳ ᠪᠠᠰᠠ ᠪᠡᠯᠡᠨ ᠪᠦᠬᠦᠢ ᠨᠠᠢ᠍ᠮᠠᠨ ᠤ᠋ ᠪᠤᠯᠤ ᠸᠠᠩ ᠤ᠋ᠨ ᠨᠠᠢᠷᠠᠭᠰᠠᠨ ᠬᠣᠷᠢᠨ ᠳᠥᠷᠪᠡᠨ ᠬᠣᠷᠢᠶᠠᠨ ᠤ᠋ ᠬᠥᠭᠵᠢᠮ ᠪᠣᠢ ᠶ᠋ᠢᠨ ᠲᠤᠯᠠ ᠡᠨᠡ ᠶᠡᠬᠡ ᠬᠣᠷᠢᠮᠯᠠᠯ ᠳ᠋ᠤᠷ ᠵᠠᠭᠠᠨ ᠢ᠋ᠶ᠋ᠠᠷ ᠬᠤᠨᠳᠠᠭ᠎ᠠ ᠡᠷᠭᠦᠭᠦᠯᠦᠨ᠂ ᠰᠥᠭᠥᠳᠬᠡᠨ ᠶᠣᠰᠣᠯᠠᠭᠤᠯᠵᠤ᠂ ᠣᠯᠠᠨ ᠢ᠋ᠶ᠋ᠠᠷ ᠦᠵᠡᠵᠦ《ᠲᠡᠭᠷᠢ ᠶ᠋ᠢᠨ ᠬᠥᠪᠡᠭᠦᠨ ᠲᠤᠯᠠ ᠦᠭᠡ ᠦᠯᠦ ᠮᠡᠳᠡᠬᠦ ᠠᠳᠤᠭᠤᠰᠤᠨ ᠴᠤ᠌ ᠶᠣᠰᠣᠯᠠᠨ ᠬᠦᠨᠳᠦᠯᠡᠪᠡ 》ᠬᠡᠮᠡᠯᠳᠦᠪᠡ᠃ ᠮᠥᠨ ᠥᠷᠯᠥᠭᠡ ᠶ᠋ᠢᠨ ᠲᠥᠷᠥ ᠶ᠋ᠢᠨ ᠣᠯᠠᠨ ᠲᠠᠷᠬᠠᠬᠤᠶᠠ᠂ ᠶᠢᠰᠦᠨ ᠴᠠᠭᠠᠨ ᠡᠮᠨᠢᠭ ᠠᠭᠲᠠ ᠰᠦᠷᠦᠭ ᠡᠴᠡᠭᠡᠨ ᠰᠠᠯᠤᠨ ᠢᠷᠡᠵᠦ ᠬᠦᠷᠢᠶᠡᠨ ᠳ᠋ᠦ᠍ᠷ ᠣᠷᠣᠵᠤ ᠢᠷᠡᠪᠡ᠃ ᠪᠠᠰᠠ ᠴᠡᠷᠢᠭ ᠦ᠋ᠨ ᠶᠡᠬᠡ ᠵᠢᠨᠦᠩ᠂ ᠤᠨᠤᠨ ᠮᠥᠷᠡᠨ ᠦ᠌ ᠬᠥᠪᠡᠭᠡᠨ ᠦ᠌ ᠶᠡᠬᠡ ᠪᠠᠯᠠᠷ ᠣᠢᠲᠤ ᠮᠤᠩ ᠭᠣᠣᠯ ᠤ᠋ᠨ ᠠᠮᠠᠨ᠎ᠠ ᠨᠢᠳᠤᠨᠤᠨ ᠵᠢᠯ ᠡᠴᠡ ᠶᠡᠬᠡ ᠮᠠᠨᠳᠠᠯ ᠴᠣᠭᠴᠠᠯᠠᠭᠰᠠᠨ ᠲᠤᠯᠠ ᠡᠳᠦᠭᠡ ᠨᠢᠳᠦᠨ ᠢ ᠭᠢᠯᠠᠰᠬᠠᠬᠤ ᠲᠠᠪᠤᠨ ᠥᠩᠭᠡ ᠶ᠋ᠢᠨ ᠵᠢᠷᠭᠤᠭᠠᠨ ᠲᠣᠬᠣᠢ ᠤᠷᠲᠤ ᠥᠳᠥ ᠰᠣᠳᠣᠳᠤ ᠬᠤᠪᠢᠯᠭᠠᠨ ᠰᠢᠪᠠᠭᠤ ᠳᠣᠩᠭᠣᠳᠬᠤᠢ ᠶ᠋ᠢ ᠦᠵᠡᠭᠰᠡᠨ ᠠᠷᠪᠠᠭᠠᠳ ᠬᠤᠶᠠᠭ ᠪᠠ ᠲᠠᠨᠢᠭᠤᠯᠵᠤ ᠦᠵᠡᠭᠦᠯᠦᠭᠰᠡᠨ ᠳ᠋ᠠᠳᠠᠳᠣᠩᠭᠠ ᠂ ᠲᠠᠴᠢᠩᠬᠤᠷᠯᠤᠤ ᠲᠠᠨ ᠢ᠋ ᠲᠠᠢᠽᠦ ᠲᠥᠷᠥ ᠳ᠋ᠦ᠍ᠷ ᠠᠪᠠᠴᠢᠨ ᠰᠥᠭᠥᠳᠬᠡᠵᠦ᠂ ᠤᠴᠢᠷ ᠢ᠋ ᠠᠰᠠᠭᠤᠭᠰᠠᠨ᠎ᠠ ᠲᠡᠷᠡ ᠬᠣᠶᠠᠭᠤᠯᠠ :
《ᠡᠨᠡ ᠰᠢᠪᠠᠭᠤᠨ ᠪᠣᠯᠪᠠᠰᠤ ᠡᠷᠲᠡᠨ ᠦ᠌ ᠵᠧᠦ ᠤᠯᠤᠰ ᠤ᠋ᠨ ᠴᠢ ᠱᠠᠨ ᠬᠡᠮᠡᠬᠦ ᠠᠭᠤᠯᠠᠨ᠎ᠠ ᠳᠣᠩᠭᠣᠳᠤᠭᠰᠠᠨ ᠤᠯᠠᠭᠠᠨ ᠺᠠᠷᠣᠳᠢ ᠮᠠᠭᠠᠳ ᠮᠥᠨ᠃ ᠬᠣᠶᠠᠷ ᠵᠤᠨ ᠵᠠᠯᠭᠠᠭ᠎ᠠ ᠪᠠᠷ ᠦᠵᠡᠪᠡ ᠂ ᠳᠣᠩᠭᠣᠳᠬᠤ ᠳᠠᠭᠤᠨ ᠤ᠋ ᠡᠭᠡᠰᠢᠭ ᠠᠶᠠᠰ ᠠᠨᠤ < ᠴᠢᠩᠭᠢᠰ ᠴᠢᠩᠭᠢᠰ > ᠬᠡᠮᠡᠭᠰᠡᠨ ᠪᠥᠭᠡᠳ ᠡᠨᠡ ᠺᠠᠷᠣᠳᠢ ᠠᠯᠢ ᠭᠠᠵᠠᠷ᠎ᠠ ᠳᠣᠩᠭᠣᠳᠪᠠᠰᠤ ᠲᠡᠷᠡ ᠭᠠᠵᠠᠷ᠎ᠠ ᠪᠣᠭᠳᠠ ᠬᠥᠮᠦᠨ ᠭᠠᠷᠤᠮᠤᠢ 》ᠬᠡᠮᠡᠭᠰᠡᠨ᠎ᠡ᠂ ᠲᠠᠢᠽᠦ :
《ᠰᠠᠢᠨ ᠪᠡᠯᠭᠡ ᠠᠪᠠᠰᠤ ᠣᠯᠠᠨ ᠪᠦᠭᠦᠳᠡᠭᠡᠷ ᠲᠦ᠍ᠷ ᠰᠠᠢᠨ᠂ ᠮᠢᠨᠦ ᠪᠠᠶᠠᠷᠯᠠᠬᠤ ᠦᠢᠯᠡ ᠪᠣᠯᠠᠢ! 》 ᠭᠡᠮᠡᠨ ᠡᠨᠡ ᠥᠷᠯᠥᠭᠡ ᠶ᠋ᠢᠨ ᠵᠡᠭᠦᠳᠦᠨ᠎ᠡ ᠣᠷᠣᠭᠰᠠᠨ ᠵᠢᠭᠦᠷᠲᠦ ᠮᠣᠷᠢ ᠣᠷᠣᠨ ᠰᠢᠷᠡᠭᠡ ᠶ᠋ᠢ ᠡᠷᠭᠦᠪᠡ ᠬᠡᠮᠡᠭᠰᠡᠨ ᠢ ᠵᠠᠬᠢᠵᠤ ᠲᠠᠢᠯᠤᠭᠤᠯᠤᠭᠰᠠᠨᠠ᠂ ᠳ᠋ᠠᠳᠠᠳᠣᠩᠭᠠ᠂ ᠲᠠᠴᠢᠩᠬᠤᠷᠯᠤᠤ᠂ ᠵᠠᠷᠴᠢᠭᠤᠲᠠᠢ ᠥᠲᠡᠭᠦᠰ᠂ ᠳ᠋ᠠᠢ ᠰᠡᠴᠡᠨ ᠲᠠᠨ ᠲᠥᠯᠭᠡᠯᠡᠯ ᠪᠡᠯᠭᠡᠯᠡᠯ ᠢ᠋ᠶ᠋ᠡᠷ ᠦᠵᠡᠯᠴᠡᠵᠦ ᠵᠥᠪᠳᠡᠨ ᠲᠣᠭᠲᠠᠭᠠᠭᠠᠳ ᠲᠠᠰᠤᠯᠤᠨ ᠮᠡᠳᠡᠭᠦᠯᠦᠭᠰᠡᠨ ᠢᠨᠤ᠄
《ᠮᠣᠷᠢ ᠬᠡᠮᠡᠭᠴᠢ ᠯᠤᠤ ᠶ᠋ᠢᠨ ᠲᠥᠯᠥᠪ᠂ ᠵᠢᠭᠦᠷᠲᠡᠢ ᠬᠡᠮᠡᠭᠴᠢ ᠬᠣᠯᠠᠳᠠ ᠬᠦᠷᠴᠦ ᠴᠢᠳᠠᠬᠤᠢ ᠶ᠋ᠢᠨ ᠲᠡᠮᠳᠡᠭ᠃ ᠳᠥᠷᠪᠡ ᠬᠡᠮᠡᠭᠴᠢ ᠰᠢᠷᠡᠭᠡᠨ ᠦ᠌ ᠬᠥᠯ᠂ ᠪᠠᠰᠠ ᠡᠵᠡᠨ ᠦ᠌ ᠳᠥᠷᠪᠡᠨ ᠬᠦᠯᠦᠭ᠂ ᠳᠥᠷᠪᠡᠨ ᠳᠡᠭᠦᠦ᠂ ᠳᠥᠷᠪᠡᠨ ᠲᠠᠢᠽᠢ᠂ ᠳᠥᠷᠪᠡᠨ ᠤᠷᠤᠭ ᠤ᠋ᠨ ᠲᠣᠭ᠎ᠠ ᠮᠥᠨ᠂ ᠲᠠᠰᠤᠯᠤᠨ ᠲᠣᠪᠴᠢᠯᠠᠨ ᠲᠠᠢᠯᠪᠠᠰᠤ : ᠡᠵᠡᠨ ᠤ ᠰᠠᠭᠤᠷᠢᠨ ᠲᠥᠪ ᠪᠣᠯᠵᠤ᠂ ᠲᠥᠷᠥᠭᠰᠡᠨ ᠪᠠ ᠲᠦᠰᠢᠮᠡᠯ᠂ ᠤᠯᠤᠰ ᠪᠠ ᠢᠷᠭᠡᠨ ᠲᠡᠢ ᠪᠡᠨ ᠳᠠᠯᠠᠢ ᠶ᠋ᠢᠨ ᠬᠥᠪᠡᠭᠡ ᠭᠠᠵᠠᠷ ᠤ᠋ᠨ ᠬᠢᠵᠠᠭᠠᠷ ᠲᠤᠷ ᠬᠦᠷᠲᠡᠯ᠎ᠡ ᠳᠠᠢᠯᠠᠨ ᠶᠠᠪᠤᠬᠤᠢ ᠶ᠋ᠢᠨ ᠪᠡᠯᠭᠡ ᠲᠡᠮᠳᠡᠭ ᠮᠥᠨ 》ᠬᠡᠮᠡᠭᠰᠡᠨ᠎ᠡ᠂ ᠲᠠᠢᠽᠦ ᠲᠡᠷᠢᠭᠦᠨ ᠳᠣᠬᠢᠵᠤ :
《ᠮᠥᠨ ᠮᠥᠨ᠂ ᠪᠢ ᠭᠠᠭᠴᠠ ᠪᠠᠭᠤᠳᠠᠯ ᠨᠡᠭᠦᠳᠡᠯ ᠳᠡᠪᠰᠢᠭᠦᠶ ᠦ᠋ᠨ ᠪᠡᠯᠭᠡ ᠪᠣᠢ ᠊ᠶ᠎ᠠ ᠬᠡᠮᠡᠭᠰᠡᠨ ᠪᠥᠯᠥᠭᠡ᠂ ᠡᠨᠡ ᠮᠣᠷᠢᠨ ᠤ᠋ ᠵᠢᠭᠦᠷ ᠬᠡᠮᠡᠭᠰᠡᠨ ᠢ ᠡᠰᠡ ᠰᠠᠨᠠᠭᠠᠯᠵᠠᠵᠤᠬᠠᠢ᠃ ᠬᠥᠬᠡ ᠨᠠᠭᠤᠷ ᠤ᠋ᠨ ᠳᠡᠭᠡᠷ᠎ᠡ ᠬᠡᠮᠡᠭᠴᠢ ᠭᠠᠵᠠᠷ ᠳᠡᠯᠡᠬᠡᠢ ᠶ᠋ᠢᠨ ᠨᠢᠭᠡᠨ ᠡᠲᠡᠭᠡᠳ ᠦ᠋ᠨ ᠵᠠᠬ᠎ᠠ ᠬᠢᠵᠠᠭᠠᠷ ᠪᠣᠢ ᠊ᠶ᠎ᠠ᠂ ᠯᠠᠪ ᠠᠷᠤ ᠡᠯᠡᠰᠦᠨ ᠦ᠌ ᠭᠠᠳᠠᠨ᠎ᠠ ᠴᠤ᠌ ᠭᠠᠷᠬᠤ ᠲᠡᠮᠳᠡᠭ ᠪᠣᠯᠵᠤᠬᠤᠢ 》ᠭᠡᠮᠡᠨ ᠰᠡᠭᠦᠷᠡᠰᠦᠨ ᠠᠯᠳᠠᠵᠤ ᠵᠠᠬᠢᠷᠤᠨ᠄
ᠬᠠᠷᠢᠶ᠎ᠠ ᠦᠭᠡᠢ ᠬᠠᠮᠤᠭ ᠠᠮᠢᠲᠠᠨ ᠤ᠋ ᠦᠢᠯᠡᠰ ᠦ᠋ᠨ ᠲᠤᠯᠠ
ᠬᠠᠢᠷᠠᠬᠠᠨ ᠪᠡᠶ᠎ᠡ ᠶ᠋ᠢ ᠬᠠᠯᠠᠭᠤᠨ ᠭᠦᠢᠳᠡᠨ᠎ᠡ ᠡᠯᠡᠨ ᠵᠦᠳᠡᠭᠡᠵᠦ᠂
ᠬᠠ ᠶᠠ ᠬᠠᠲᠠᠷᠢᠭᠤᠯᠤᠨ ᠰᠡᠭᠡᠯᠭᠡᠵᠦ ᠭᠦᠶᠦᠬᠦ ᠢᠨᠤ
ᠬᠠᠯᠠᠬᠠᠢ ᠮᠢᠨᠦ ᠲᠡᠭᠷᠢ ᠡᠴᠢᠭᠡ ᠶ᠋ᠢᠨ ᠪᠣᠱᠣᠭ ᠪᠣᠢ ᠊ᠶ᠎ᠠ !
ᠬᠡᠮᠡᠪᠡᠢ᠂ ᠮᠥᠨ ᠲᠠᠰᠢᠷᠠᠮᠠ ᠤᠯᠤᠰ ᠤ᠋ᠨ ᠬᠣᠲᠠᠯᠠᠭᠠᠷ ᠤ᠋ᠨ ᠳᠥᠷᠪᠡᠨ ᠬᠦᠯᠦᠭ᠂ ᠲᠠᠪᠤᠨ ᠥᠲᠡᠭᠦᠰ᠂ ᠵᠢᠷᠭᠤᠭᠠᠨ ᠰᠠᠢᠳ᠂ ᠶᠢᠰᠦᠨ ᠡᠩ ᠦ᠋ᠨ ᠨᠣᠶᠠᠳ ᠲᠦᠰᠢᠮᠡᠳ᠂ ᠡᠨᠡ ᠵᠢᠯ ᠦ᠋ᠨ ᠬᠣᠶᠠᠷ ᠰᠠᠷ᠎ᠠ ᠶ᠋ᠢᠨ ᠰᠢᠨ᠎ᠡ ᠶ᠋ᠢᠨ ᠬᠣᠶᠠᠷ᠎ᠠ᠂ ᠱᠤᠸᠠᠩ ᠬᠤᠸᠠᠩ ᠳ᠋ᠣᠣ ᠵᠢᠢ ᠿᠢ – ᠬᠣᠣᠰ ᠰᠠᠢᠬᠠᠨ ᠰᠢᠷ᠎ᠠ ᠵᠠᠮ ᠤ᠋ᠨ ᠨᠡᠭᠡᠭᠡᠭᠴᠢ ᠨᠡᠷᠡᠲᠦ ᠳᠡᠭᠡᠳᠦ ᠰᠠᠢᠨ ᠡᠳᠦᠷ᠂ ᠡᠵᠡᠨ ᠦ᠌ ᠡᠷᠭᠢᠨ ᠶᠡᠬᠡ ᠰᠦᠯᠳᠡ ᠬᠢᠭᠡᠳ ᠡᠮᠡᠭᠡ ᠥᠵᠢᠨ ᠤᠯᠤᠰ ᠤ᠋ᠨ ᠡᠬᠡ ᠨᠡᠢᠲᠡ ᠪᠦᠭᠦᠳᠡᠭᠡᠷ ᠲᠡᠢ ᠡᠮᠦᠨᠡᠲᠦ ᠮᠠᠨᠳᠠᠯ ᠳ᠋ᠤᠷ ᠴᠤᠭᠯᠠᠨ ᠨᠡᠢᠯᠡᠭᠦᠯᠬᠦ ᠶ᠋ᠢ ᠦᠵᠡᠭᠦᠯᠦᠷ᠎ᠡ ᠵᠠᠯᠠᠬᠤ ᠶ᠋ᠢ ᠮᠡᠳᠡᠭᠦᠯᠵᠦ᠂ ᠲᠠᠢᠽᠦ ᠪᠠᠷᠢᠭᠰᠠᠨ ᠰᠠᠷᠬᠤᠳ ᠢ᠋ ᠰᠠᠢᠰᠢᠶᠠᠨ ᠲᠣᠭᠲᠠᠭᠠᠵᠤ᠂ ᠦᠵᠢᠨ ᠡᠮᠡᠭᠡ ᠳ᠋ᠦ᠍ᠷ ᠠᠢᠯᠠᠳᠬᠠᠯᠭᠠᠨ ᠲᠣᠭᠲᠠᠭᠠᠯᠭᠠᠵᠤ᠂ ᠳᠣᠷᠣᠭᠰᠢ ᠳᠥᠷᠪᠡᠨ ᠵᠠᠭᠠᠨ ᠳ᠋ᠤᠷ ᠮᠥᠨ ᠵᠠᠬᠢᠶ᠎ᠠ ᠥᠭᠭᠦᠭᠰᠡᠨ᠎ᠡ ᠲᠡᠳᠡ ᠨᠠᠷ ᠲᠡᠷᠢᠭᠦᠨ ᠲᠣᠬᠢᠯᠬᠢᠯᠴᠠᠨ ᠬᠦᠯᠢᠶᠡᠵᠦ᠂ ᠲᠥᠷᠥ ᠶ᠋ᠢᠨ ᠬᠣᠲᠠᠯᠠᠭᠠᠷ ᠠᠯᠠᠭ᠎ᠠ ᠪᠠᠨ ᠲᠡᠰᠢᠲᠡᠯᠡ ᠭᠠᠢᠬᠠᠨ ᠪᠠᠶᠠᠷᠯᠠᠯᠴᠠᠨ ᠢᠨᠢᠶᠡᠯᠴᠡᠪᠡ᠃ ᠡᠨᠡ ᠵᠢᠯ ᠦ᠋ᠨ ᠦᠢᠮᠡᠭᠡᠨ ᠬᠥᠭᠵᠢᠮ ᠦ᠋ᠨ ᠨᠠᠢᠷ ᠬᠤᠷᠢᠮ ᠪᠠ ᠪᠠᠶᠠᠷ ᠪᠡᠯᠡᠭᠯᠡᠯ ᠦ᠋ᠨ ᠱᠠᠩ ᠬᠡᠰᠢᠭ ᠦ᠋ᠨ ᠳᠠᠯᠠᠢ ᠶ᠋ᠢᠨ ᠳᠠᠪᠠᠯᠭᠠᠨ᠂ ᠮᠠᠩᠨᠤᠭ ᠤ᠋ᠨ ᠤᠰᠤ ᠮᠡᠲᠦ ᠡᠪᠬᠡᠭᠦᠷ ᠳᠠᠪᠬᠤᠷ ᠦᠵᠡᠮᠵᠢ ᠵᠡᠷᠭᠡᠯᠭᠡᠨ ᠦ᠌ ᠰᠠᠢᠨ ᠰᠠᠢᠬᠠᠨ ᠤ᠋ ᠭᠠᠢᠬᠠᠮᠰᠢᠭ ᠢ᠋ ᠲᠦᠮᠡᠨ ᠪᠠᠳᠠᠭ ᠲᠤᠷ ᠲᠣᠭᠠᠴᠢᠵᠤ ᠪᠦᠷᠢᠳᠭᠡᠰᠢ ᠦᠭᠡᠢ ᠪᠣᠯᠠᠢ᠃ ᠡᠨᠡ ᠨᠢᠭᠡᠨ ᠰᠠᠷ᠎ᠠ ᠶ᠋ᠢᠨ ᠨᠠᠢᠷ ᠬᠤᠷᠢᠮ ᠤ᠋ᠨ ᠵᠡᠪᠰᠡᠷ᠎ᠡ᠂ ᠡᠵᠡᠨ ᠦ᠌ ᠵᠠᠬᠢᠶ᠎ᠠ ᠵᠠᠷᠯᠠᠯ ᠢ᠋ ᠤᠯᠤᠰ ᠤ᠋ᠨ ᠬᠣᠲᠠᠯᠠᠭᠠᠷ ᠲᠤᠩᠬᠠᠭᠯᠠᠨ ᠵᠠᠷᠯᠠᠭᠰᠠᠨ ᠵᠠᠷ ᠪᠢᠴᠢᠭ ᠦ᠋ᠨ ᠦᠭᠡ ᠢᠨᠤ᠄
ᠡᠵᠡᠨ ᠦ᠌ ᠵᠠᠬᠢᠶ᠎ᠠ ᠂ ᠪᠸᠲ᠋ᠠ᠋ ᠤᠯᠤᠰ ᠤ᠋ᠨ ᠴᠡᠷᠢᠭ ᠦ᠋ᠨ ᠵᠢᠨᠦᠩ ᠲᠡᠷᠢᠭᠦᠯᠡᠨ ᠣᠯᠠᠨ ᠲᠡᠷᠢᠭᠦᠯᠡᠭᠰᠡᠨ ᠰᠠᠢᠳ ᠠ᠋ᠴᠠ ᠡᠬᠢᠯᠡᠨ ᠤᠯᠤᠰ ᠤ᠋ᠨ ᠬᠣᠲᠠᠯᠠᠭᠠᠷ ᠤ᠋ᠨ ᠰᠤᠯᠠ ᠴᠡᠷᠢᠭ ᠢᠷᠭᠡᠨ᠎ᠡ ᠨᠡᠢᠲᠡ ᠪᠦᠬᠦᠳᠡᠭᠡᠷᠡ ᠴᠢᠩᠳᠠᠯᠠᠨ ᠤᠬᠠᠭᠤᠯᠵᠤ ᠲᠤᠩᠬᠠᠭᠯᠠᠨ ᠵᠠᠷᠯᠠᠪᠠ᠂ ᠬᠢᠴᠢᠶᠡᠨ ᠳᠠᠭᠠᠵᠤ ᠶᠠᠪᠤᠭᠲᠤᠨ᠃ ᠡᠳᠦᠭᠡ ᠪᠢᠳᠡᠨ ᠦ᠌ ᠤᠯᠤᠰ ᠭᠦᠷᠦᠨ ᠤᠯᠠᠷᠢᠨ ᠳᠡᠯᠭᠡᠷᠡᠭᠰᠡᠭᠡᠷ ᠳᠠᠯᠠᠨ ᠲᠠᠪᠤᠨ ᠠᠢᠮᠠᠭ ᠤᠯᠤᠰ ᠤ᠋ᠳ ᠨᠢᠭᠡᠨ᠎ᠡ ᠡᠶ᠎ᠡ ᠲᠡᠢ᠂ ᠨᠢᠭᠡᠨ᠎ᠡ ᠡᠪ ᠲᠡᠢ ᠪᠣᠯᠵᠤ᠂ ᠪᠦᠭᠦᠳᠡᠭᠡᠷ ᠡᠩᠬᠡᠵᠢᠨ ᠠᠮᠤᠷᠵᠢᠬᠤ ᠶ᠋ᠢ ᠡᠷᠢᠬᠦᠢ ᠶ᠋ᠢᠨ ᠲᠤᠯᠠ᠂ ᠣᠯᠠᠨ ᠠᠢᠮᠠᠭ ᠤ᠋ᠨ ᠨᠡᠢᠲᠡ ᠪᠦᠬᠦᠨ ᠢ᠋ ᠳᠠᠩ ᠲᠡᠭᠰᠢ ᠲᠡᠢ ᠪᠣᠯᠭᠠᠬᠤᠢ ᠶ᠋ᠢᠨ ᠨᠡᠢᠭᠡᠮ ᠶᠡᠬᠡ ᠴᠢᠭᠤᠯᠭᠠᠨ ᠴᠤᠭᠯᠠᠵᠤ᠂ ᠴᠢᠭᠤᠯᠭᠠᠨ ᠨᠡᠢᠯᠡᠬᠦᠢ ᠶ᠋ᠢᠨ ᠶᠡᠬᠡ ᠵᠠᠰᠠᠭ ᠪᠣᠢ ᠶ᠋ᠢᠨ ᠲᠤᠯᠠ ᠪᠸᠲ᠋ᠠ᠋ ᠤᠯᠤᠰ ᠲᠡᠷᠢᠭᠦᠯᠡᠨ᠂ ᠶᠡᠬᠡ ᠪᠠᠭ᠎ᠠ ᠬᠣᠯᠠ ᠣᠢᠷ᠎ᠠ ᠶ᠋ᠢᠨ ᠳᠠᠯᠠᠨ ᠲᠠᠪᠤᠨ ᠠᠢᠮᠠᠭ ᠤᠯᠤᠰ ᠤ᠋ᠨ ᠡᠵᠡᠳ ᠰᠠᠢᠳ᠂ ᠴᠡᠷᠢᠭ ᠢᠷᠭᠡᠳ ᠲᠡᠢ ᠲᠤᠰ ᠲᠤᠰ ᠤ᠋ᠨ ᠥᠪᠡᠷ ᠥᠪᠡᠷᠦᠨ ᠬᠢ ᠴᠡᠷᠢᠭ ᠬᠤᠶᠠᠭ᠂ ᠠᠳᠤᠭᠤ ᠮᠠᠯ᠂ ᠠᠭᠲᠠ ᠠᠵᠢᠷᠭ᠎ᠠ᠂ ᠪᠠᠭᠤᠳᠠᠯ ᠨᠡᠭᠦᠳᠡᠯ ᠲᠡᠢ ᠪᠡᠨ ᠲᠠᠪᠰᠢᠨ ᠨᠡᠭᠦᠵᠦ᠂ ᠬᠡᠷᠦᠯᠦᠨ ᠮᠥᠷᠡᠨ ᠦ᠌ ᠬᠡᠭᠡᠷ᠎ᠡ᠂ ᠤᠨᠤᠨ ᠮᠥᠷᠡᠨ ᠦ᠌ ᠣᠯᠣᠮ ᠤ᠋ᠨ ᠮᠤᠩ ᠭᠣᠣᠯ ᠤ᠋ᠨ ᠠᠮᠠᠨ᠎ᠠ᠂ ᠬᠠᠨ ᠠᠭᠤᠯᠠ ᠶ᠋ᠢᠨ ᠬᠠᠷᠠᠯᠲᠠ ᠶ᠋ᠢᠨ ᠭᠠᠵᠠᠷ ᠰᠢᠨ᠎ᠡ ᠴᠣᠭᠴᠠᠯᠠᠭᠰᠠᠨ ᠬᠣᠲᠠ ᠮᠠᠨᠳᠠᠯ ᠤ᠋ᠨ ᠬᠦᠷᠢᠶ᠎ᠡ ᠤᠨᠢᠭᠤᠯ ᠤ᠋ᠨ ᠶᠡᠬᠡ ᠣᠷᠣᠨ᠎ᠠ᠂ ᠡᠨᠡ ᠭᠤᠷᠪᠠᠨ ᠰᠠᠷ᠎ᠠ ᠶ᠋ᠢᠨ ᠰᠢᠨ᠎ᠡ ᠶ᠋ᠢᠨ ᠭᠤᠷᠪᠠᠨ ᠤ᠋ ᠡᠳᠦᠷ ᠪᠣᠯᠲᠠᠯ᠎ᠠ ᠴᠠᠭ ᠮᠥᠴᠡ ᠰᠠᠭᠠᠲᠠᠯ ᠦᠭᠡᠢ ᠨᠡᠭᠦᠨ ᠬᠦᠷᠴᠦ᠂ ᠲᠤᠰ ᠲᠤᠰ ᠤ᠋ᠨ ᠪᠡᠯᠡᠳᠬᠡᠭᠰᠡᠨ ᠲᠤᠭ ᠬᠢᠭᠢᠷᠢ ᠶ᠋ᠢᠨ ᠲᠡᠮᠳᠡᠭ ᠵᠢᠭᠠᠯᠲᠠ ᠲᠠᠢ ᠭᠠᠵᠠᠷ ᠭᠠᠵᠠᠷ᠂ ᠨᠤᠲᠤᠭ ᠨᠤᠲᠤᠭ ᠲᠤᠷ ᠢ᠋ᠶ᠋ᠠᠨ ᠬᠦᠷᠢᠶᠡᠯᠡᠨ ᠪᠠᠭᠤᠳᠠᠯᠯᠠᠵᠤ ᠲᠡᠮᠳᠡᠭ ᠵᠠᠷᠯᠠᠯ ᠢ᠋ ᠴᠢᠩᠨᠠᠨ ᠬᠦᠯᠢᠶᠡᠭᠲᠦᠨ᠃ ᠲᠡᠷᠢᠭᠦᠨ ᠡᠳᠦᠷ ᠦ᠋ᠨ ᠫᠤᠤ ᠬᠡᠩᠭᠡᠷᠭᠡ ᠳ᠋ᠦ᠍ᠷ ᠡᠰᠡ ᠨᠡᠭᠦᠵᠦ ᠬᠦᠷᠪᠡᠰᠦ ᠳᠥᠴᠢᠨ ᠮᠠᠨᠴᠤᠷᠭ᠎ᠠ ᠳᠡᠯᠡᠳᠦᠮᠦᠢ᠃ ᠬᠣᠶᠠᠳᠤᠭᠠᠷ ᠡᠳᠦᠷ ᠦ᠋ᠨ ᠫᠤᠤ ᠬᠡᠩᠭᠡᠷᠭᠡ ᠳ᠋ᠦ᠍ᠷ ᠡᠰᠡ ᠨᠡᠭᠦᠵᠦ ᠬᠦᠷᠪᠡᠰᠦ ᠨᠠᠶᠠᠨ ᠮᠠᠨᠴᠤᠷᠭ᠎ᠠ ᠳᠡᠯᠡᠳᠦᠮᠦᠢ᠃ ᠭᠤᠷᠪᠠᠳᠤᠭᠠᠷ ᠡᠳᠦᠷ ᠦ᠋ᠨ ᠫᠤᠤ ᠬᠡᠩᠭᠡᠷᠭᠡ ᠳ᠋ᠦ᠍ᠷ ᠡᠰᠡ ᠨᠡᠭᠦᠵᠦ ᠬᠦᠷᠪᠡᠰᠦ ᠴᠠᠪᠴᠢᠨ ᠠᠯᠠᠭᠠᠳ ᠣᠯᠠᠨ ᠳ᠋ᠤᠷ ᠴᠡᠭᠡᠷ ᠦᠵᠡᠭᠦᠯᠦᠨ᠂ ᠴᠡᠷᠢᠭ ᠦ᠋ᠨ ᠴᠠᠭᠠᠵᠠ ᠶ᠋ᠢ ᠴᠢᠩᠭ᠎ᠠ ᠪᠣᠯᠭᠠᠮᠤᠢ᠃ ᠡᠵᠡᠨ ᠦ᠌ ᠡᠷᠳᠡᠨᠢᠰ ᠦ᠋ᠨ ᠶᠡᠬᠡ ᠨᠡᠭᠦᠳᠡᠯ ᠬᠣᠶᠠᠷ ᠰᠠᠷ᠎ᠠ ᠶ᠋ᠢᠨ ᠰᠢᠨ᠎ᠡ ᠶ᠋ᠢᠨ ᠬᠣᠶᠠᠷ᠎ᠠ ᠬᠥᠳᠡᠯᠦᠮᠦᠢ᠃ ᠤᠯᠤᠰ ᠤ᠋ᠨ ᠣᠯᠠᠨ ᠴᠡᠷᠢᠭ ᠢᠷᠭᠡᠨ ᠢ᠋ ᠪᠣᠯᠪᠠᠰᠤ ᠪᠠᠬᠠᠨ ᠳᠤᠯᠠᠭᠠᠨ ᠪᠣᠯᠬᠤ ᠶ᠋ᠢ ᠬᠦᠯᠢᠶᠡᠨ ᠨᠢᠭᠡᠨ ᠰᠠᠷ᠎ᠠ ᠬᠣᠢᠰᠢᠯᠠᠭᠤᠯᠤᠨ ᠭᠤᠷᠪᠠᠨ ᠰᠠᠷ᠎ᠠ ᠶ᠋ᠢᠨ ᠰᠢᠨ᠎ᠡ ᠶ᠋ᠢᠨ ᠭᠤᠷᠪᠠᠨ ᠪᠣᠯᠭᠠᠪᠠ᠃ ᠡᠨᠡ ᠬᠡᠮᠡᠭᠴᠢ ᠤᠯᠤᠰ ᠤ᠋ᠨ ᠬᠣᠲᠠᠯᠠᠭᠠᠷ ᠤ᠋ᠨ ᠬᠥᠮᠦᠵᠢᠨ ᠳᠡᠭᠵᠢᠬᠦ ᠴᠡᠷᠢᠭ ᠮᠣᠷᠢᠨ ᠤ᠋ ᠡᠷᠳᠡᠮ ᠴᠢᠳᠠᠯ ᠢ᠋ ᠰᠢᠯᠭᠠᠨ ᠰᠣᠩᠭᠣᠵᠤ ᠥᠰᠬᠦ ᠮᠠᠨᠳᠤᠬᠤ ᠶ᠋ᠢᠨ ᠶᠡᠬᠡ ᠦᠢᠯᠡ᠂ ᠤᠯᠤᠰ ᠲᠥᠷᠥ ᠶ᠋ᠢᠨ ᠡᠬᠢ ᠦᠨᠳᠦᠰᠦᠨ ᠦ᠌ ᠬᠦᠨᠳᠦ ᠶᠠᠪᠤᠳᠠᠯ᠃ ᠭᠠᠵᠠᠷ ᠨᠤᠲᠤᠭ ᠤ᠋ᠨ ᠠᠯᠤᠰ ᠠᠭᠯᠠᠭ ᠭᠡᠮᠡᠨ ᠠᠯᠵᠠᠭᠤᠷᠠᠨ ᠵᠠᠯᠬᠠᠭᠤᠷᠠᠵᠤ ᠪᠣᠯᠬᠤ ᠬᠡᠷᠡᠭ ᠪᠤᠰᠤ᠃ ᠠᠷᠪᠠᠨ ᠨᠠᠰᠤᠨ ᠳ᠋ᠤᠷ ᠬᠦᠷᠦᠭᠰᠡᠨ ᠬᠡᠦᠬᠡᠳ ᠢ᠋ ᠪᠡᠶ᠎ᠡ ᠶ᠋ᠢ ᠢᠨᠤ ᠬᠦᠷᠦᠭᠦᠯ᠂ ᠠᠷᠪᠠᠨ ᠨᠠᠰᠤᠨ ᠠ᠋ᠴᠠ ᠳᠣᠷᠣᠭᠰᠢ ᠶ᠋ᠢ ᠠᠨᠤ᠂ ᠨᠡᠷ᠎ᠡ ᠪᠠ ᠨᠠᠰᠤᠨ ᠢ᠋ ᠠᠨᠤ ᠮᠡᠳᠡᠭᠦᠯ᠃ ᠤᠯᠤᠰ ᠡᠬᠢᠯᠡᠨ ᠲᠥᠷᠥ ᠲᠥᠪᠯᠡᠬᠦ ᠶᠡᠬᠡ ᠵᠠᠰᠠᠭ ᠤ᠋ᠨ ᠴᠢᠭᠤᠯᠭᠠᠨ ᠤ᠋ ᠶᠡᠬᠡ ᠪᠠᠶᠠᠰᠬᠤᠯᠠᠩ ᠤ᠋ᠨ ᠦᠢᠯᠡ ᠳ᠋ᠦ᠍ᠷ ᠬᠣᠢᠰᠢᠯᠠᠨ ᠤᠬᠤᠷᠢᠨ᠂ ᠰᠠᠭᠠᠷᠠᠨ ᠰᠠᠭᠠᠲᠠᠵᠤ᠂ ᠤᠯᠤᠰ ᠤ᠋ᠨ ᠵᠠᠰᠠᠭ ᠴᠠᠭᠠᠵᠠ ᠳ᠋ᠤᠷ ᠲᠣᠷᠭᠠᠭᠳᠠᠨ ᠰᠢᠳᠬᠡᠭᠳᠡᠬᠦᠢ ᠳ᠋ᠦ᠍ᠷ ᠪᠢᠲᠡᠭᠡᠢ ᠭᠥᠷᠥᠭᠦᠯᠦᠭᠲᠦᠨ᠃ ᠠᠶᠤᠨ ᠡᠮᠢᠶᠡᠨ ᠬᠢᠴᠢᠶᠡᠨ ᠰᠦᠰᠦᠭᠯᠡᠵᠦ ᠳᠠᠭᠠᠵᠤ ᠶᠠᠪᠤᠭᠲᠤᠨ᠃
ᠡᠨᠡ ᠵᠠᠷᠯᠠᠯ᠂ ᠲᠠᠢᠽᠦ ᠶ᠋ᠢᠨ ᠵᠥᠪᠰᠢᠶᠡᠨ ᠲᠣᠭᠲᠠᠭᠰᠠᠨ ᠠ᠋ᠴᠠ ᠡᠬᠢᠯᠡᠨ ᠰᠢᠨ᠎ᠡ ᠶ᠋ᠢᠨ ᠬᠣᠶᠠᠷ ᠠ᠋ᠴᠠ ᠳᠥᠷᠪᠡᠨ ᠵᠦᠭ ᠲᠦ᠍ᠷ ᠴᠠᠰᠤᠨ ᠤ᠋ ᠯᠠᠪᠰᠠ ᠬᠡᠢᠰᠬᠦ ᠮᠡᠲᠦ ᠪᠤᠲᠠᠷᠠᠨ ᠲᠠᠷᠬᠠᠵᠤ ᠪᠠᠭᠤᠵᠤ ᠢᠷᠡᠪᠡ᠃ ᠡᠨᠡ ᠬᠦ᠌ ᠵᠠᠷ ᠵᠠᠷᠯᠠᠯ ᠭᠠᠵᠠᠷ ᠭᠠᠵᠠᠷ ᠲᠤᠷ ᠨᠢᠰᠦᠨ ᠳᠣᠪᠲᠣᠯᠵᠤ᠂ ᠪᠸᠲ᠋ᠠ᠋ ᠤᠯᠤᠰ ᠤ᠋ᠨ ᠬᠣᠲᠠᠯᠠᠭᠠᠷ ᠪᠤᠷᠬᠢᠷᠠᠯᠳᠤᠨ ᠦᠢᠮᠡᠵᠦ᠂ ᠠᠭᠤᠯᠠ ᠲᠡᠪᠰᠢᠨ ᠳᠠᠯᠠᠢ ᠨᠡᠭᠦᠬᠦ ᠮᠡᠲᠦ᠂ ᠤᠨᠤᠨ ᠮᠥᠷᠡᠨ ᠦ᠌ ᠣᠯᠣᠮ ᠮᠤᠩ ᠭᠣᠣᠯ ᠤ᠋ᠨ ᠮᠦᠯᠡ ᠶ᠋ᠢᠨ ᠵᠦᠭ ᠬᠠᠨᠳᠤᠯᠴᠠᠨ᠂ ᠶᠡᠬᠡ ᠨᠡᠢᠯᠡᠯᠲᠡ ᠶ᠋ᠢᠨ ᠴᠢᠭᠤᠯᠭᠠᠨ᠎ᠠ ᠴᠤᠭᠯᠠᠯᠳᠤᠬᠤᠶᠠ ᠬᠣᠯᠠ ᠠᠭᠯᠠᠭ᠂ ᠶᠡᠬᠡ ᠪᠠᠭ᠎ᠠ ᠤᠯᠤᠰ ᠠᠢᠮᠠᠭ ᠤ᠋ᠳ ᠬᠣᠴᠣᠷᠤᠨ ᠣᠰᠣᠯᠳᠠᠬᠤ ᠠ᠋ᠴᠠ ᠡᠮᠢᠶᠡᠨ᠂ ᠵᠠᠷ ᠬᠦᠷᠦᠮᠡᠭᠴᠡ ᠳᠠᠪᠰᠢᠨ ᠬᠥᠳᠡᠯᠦᠯᠴᠡᠨ᠂ ᠨᠡᠭᠦᠨ ᠡᠬᠢᠯᠡᠯᠴᠡᠪᠡᠢ᠃ ᠡᠭᠦᠨᠦ ᠳᠣᠲᠣᠷ᠎ᠠ ᠨᠢᠳᠤᠨᠤᠨ ᠨᠠᠮᠤᠷ ᠲᠠᠭᠠᠨ ᠡᠷᠲᠡᠬᠡᠨ ᠨᠡᠭᠦᠨ ᠡᠴᠢᠵᠦ ᠬᠡᠵᠢᠯᠡᠨ ᠵᠠᠭᠠᠭᠯᠠᠭᠰᠠᠨ ᠨᠤᠲᠤᠭ ᠨᠠᠮ ᠢ᠋ᠶ᠋ᠠᠨ ᠡᠵᠡᠯᠡᠨ ᠰᠠᠭᠤᠵᠤ᠂ ᠲᠡᠨᠳᠡ ᠡᠪᠦᠯᠵᠢᠭᠰᠡᠨ ᠢᠨᠤ ᠶᠡᠬᠡ ᠬᠠᠭᠠᠰ ᠪᠠᠰᠠ ᠢᠯᠡᠭᠦᠦ᠂ ᠡᠨᠡ ᠢᠨᠤ ᠨᠢᠳᠤᠨᠤᠨ ᠬᠠᠪᠤᠷ ᠠ᠋ᠴᠠ ᠲᠠᠩᠭᠤᠳ ᠤᠯᠤᠰ ᠤ᠋ᠨ ᠠᠮᠤ ᠪᠤᠳᠠᠭᠠᠨ ᠤ᠋ ᠱᠠᠩ ᠬᠠᠰᠢᠯᠭ᠎ᠠ᠂ ᠬᠥᠮᠥᠷᠭᠡ ᠨᠥᠭᠡᠴᠢᠯᠡᠯ ᠴᠥᠮ ᠲᠡᠨᠳᠡ ᠳᠠᠪᠰᠢᠨ᠂ ᠬᠢᠲᠠᠳ ᠠᠷᠠᠯᠵᠢᠭ᠎ᠠ ᠬᠤᠳᠠᠯᠳᠤᠭ᠎ᠠ ᠮᠢᠩᠭᠠᠨ ᠥᠷᠭᠥᠭᠡ᠂ ᠬᠡᠳᠦᠢᠴᠢᠨᠡᠭᠡᠨ ᠲᠦᠮᠡᠨ ᠬᠠᠰᠠᠭ ᠲᠡᠷᠭᠡ ᠡᠳ᠋ ᠠᠭᠤᠷᠠᠰᠤᠨ ᠬᠡᠷᠡᠭᠯᠡᠯ ᠵᠠᠷᠤᠯᠠᠯ ᠤ᠋ᠨ ᠵᠦᠢᠯ ᠠᠭᠤᠯᠠ ᠬᠥᠪᠡᠭᠡ ᠮᠡᠲᠦ ᠵᠠᠯᠭᠠᠯᠳᠤᠨ᠂ ᠮᠠᠩᠬ᠎ᠠ ᠳᠣᠪᠣ ᠠᠳᠠᠯᠢ ᠦᠷᠭᠦᠯᠵᠢᠯᠡᠭᠰᠡᠨ ᠢ᠋ᠶ᠋ᠡᠷ ᠬᠥᠮᠦᠨ ᠠᠮᠢᠲᠠᠨ ᠠᠷᠠᠳ ᠢᠷᠭᠡᠳ ᠨᠡᠢᠲᠡ ᠪᠡᠷ ᠴᠥᠮ ᠠᠮᠢᠳᠤᠷᠠᠯ ᠣᠨᠳᠣᠷᠣᠯ ᠤ᠋ᠨ ᠬᠢᠯᠪᠠᠷ ᠪᠠ ᠠᠰᠢᠭ ᠣᠯᠳᠠᠪᠤᠷᠢ ᠶ᠋ᠢᠨ ᠡᠯᠪᠡᠭ ᠵᠤᠵᠠᠭᠠᠨ ᠢ᠋ ᠡᠷᠢᠨ ᠨᠠᠭᠠᠯᠳᠤᠳᠠᠭ ᠤ᠋ᠨ ᠲᠤᠯᠠᠳᠠ᠂ ᠵᠠᠷᠯᠢᠭ ᠢ᠋ᠶ᠋ᠠᠷ ᠠᠯᠪᠠᠳᠠᠯ ᠦᠭᠡᠢ ᠪᠡᠷ ᠥᠪᠡᠷ ᠢ᠋ᠶ᠋ᠡᠨ ᠳᠤᠷᠠᠲᠠᠶ᠎ᠠ ᠬᠤᠷᠠᠨ ᠴᠤᠭᠯᠠᠭᠰᠠᠨ ᠠᠨᠤ ᠳᠣᠯᠣᠭ᠎ᠠ ᠨᠠᠢ᠍ᠮᠠᠨ ᠬᠤᠪᠢ ᠪᠣᠢ ᠪᠣᠯᠵᠤᠬᠤᠢ᠃ ᠭᠠᠭᠴᠠ ᠠᠷᠤ ᠭᠠᠵᠠᠷ ᠬᠡᠮᠡᠭᠴᠢ᠂ ᠡᠮᠦᠨᠡᠲᠦ ᠭᠠᠵᠠᠷ ᠤ᠋ᠨ ᠸᠠᠭᠠᠷ ᠲᠣᠭᠣᠰᠬ᠎ᠠ ᠪᠠᠷ ᠪᠠᠷᠢᠵᠤ ᠪᠠᠢᠭᠤᠯᠬᠤ ᠪᠠᠢᠰᠢᠩ ᠭᠡᠷ ᠲᠦ᠍ᠷ ᠠᠳᠠᠯᠢ ᠪᠠᠭᠠᠬᠠᠨ ᠭᠠᠵᠠᠷ᠎ᠠ ᠳᠠᠪᠬᠤᠷ ᠳᠠᠪᠬᠤᠷ ᠢᠪᠡᠵᠦ ᠰᠢᠬᠠᠯᠴᠠᠨ ᠵᠠᠭᠤᠨ ᠮᠢᠩᠭᠠᠨ ᠡᠷᠦᠬᠡ ᠪᠡᠷ ᠪᠠᠭᠯᠠᠷᠠᠨ ᠰᠠᠭᠤᠵᠤ ᠦᠯᠦ ᠪᠣᠯᠬᠤᠢ ᠶ᠋ᠢᠨ ᠲᠤᠯᠠᠳᠠ᠂ ᠣᠯᠠᠨ ᠲᠦᠮᠡᠨ ᠦ᠌ ᠪᠠᠭᠤᠳᠠᠯ ᠨᠡᠭᠦᠳᠡᠯ ᠦ᠋ᠨ ᠪᠠᠭᠤᠭᠰᠠᠨ ᠠᠨᠤ ᠭᠤᠷᠪᠠᠨ ᠵᠠᠭᠤᠨ ᠭᠠᠵᠠᠷ ᠤ᠋ᠨ ᠥᠷᠭᠡᠨ᠂ ᠳᠥᠷᠪᠡᠨ ᠵᠠᠭᠤᠨ ᠭᠠᠵᠠᠷ ᠤ᠋ᠨ ᠤᠷᠲᠤ ᠪᠠᠷ ᠳᠠᠯᠠᠢ ᠶ᠋ᠢᠨ ᠳᠠᠪᠠᠯᠭᠠᠨ ᠮᠥᠷᠡᠨ ᠦ᠌ ᠠᠷᠯᠠᠯ ᠮᠡᠲᠦ ᠵᠡᠷᠭᠡᠯᠡᠨ ᠵᠠᠯᠭᠠᠯᠳᠤᠨ ᠪᠠᠭᠤᠯᠴᠠᠵᠤᠬᠤᠢ᠃ ᠬᠠᠷᠠᠬᠠᠨ ᠤᠷᠵᠢᠨᠤᠨ ᠤ᠋ ᠬᠥᠬᠡ ᠬᠤᠯᠤᠭᠠᠨ᠎ᠠ ᠵᠢᠯ ᠡᠴᠡ ᠶᠡᠬᠡ ᠦᠢᠯᠡᠳᠬᠡᠯ ᠡᠬᠢᠯᠡᠨ ᠡᠭᠦᠰᠬᠡᠭᠰᠡᠨ ᠡᠴᠡ ᠡᠨᠡ ᠵᠢᠯ ᠪᠣᠯᠲᠠᠯ᠎ᠠ ᠭᠤᠷᠪᠠᠨ ᠣᠨ ᠤ᠋ ᠨᠢᠭᠤᠷ ᠦᠵᠡᠵᠦ᠂ ᠬᠠᠭᠤᠷᠠᠢ ᠲᠠᠯ᠎ᠠ ᠶ᠋ᠢᠨ ᠪᠠᠭᠤᠳᠠᠯ ᠬᠣᠷᠣᠭ᠎ᠠ ᠳ᠋ᠤᠷ ᠮᠣᠷᠢᠨ ᠳᠣᠪᠲᠣᠯᠭ᠎ᠠ ᠲᠡᠮᠡᠭᠡᠨ ᠦ᠌ ᠯᠡᠭᠰᠢᠯᠭᠡ ᠶ᠋ᠢᠨ ᠤᠶᠠᠭ᠎ᠠ ᠤᠶᠠᠭᠰᠠᠨ ᠢ᠋ᠶ᠋ᠠᠷ ᠡᠨᠡ ᠳᠥᠷᠪᠡ ᠲᠠᠪᠤᠨ ᠵᠠᠭᠤᠨ ᠭᠠᠵᠠᠷ ᠤ᠋ᠨ ᠳᠣᠲᠣᠷ᠎ᠠ ᠣᠷᠴᠢᠨ ᠲᠣᠭᠣᠷᠢᠨ ᠬᠠᠷᠢᠯᠴᠠᠨ᠂ ᠬᠠᠲᠠᠷᠢᠭ᠎ᠠ ᠳᠣᠪᠲᠣᠯᠭ᠎ᠠ ᠪᠠᠷ ᠡᠴᠢᠵᠦ ᠢᠷᠡᠬᠦ ᠢᠨᠦ᠂ ᠶᠢᠯᠸᠢ ᠬᠤᠪᠢᠯᠭᠠᠨ ᠤ᠋ ᠶᠠᠪᠤᠳᠠᠯ ᠲᠠᠢ ᠮᠡᠲᠦ ᠬᠤᠷᠳᠤᠨ ᠲᠦᠷᠭᠡᠨ ᠪᠣᠯᠵᠤ᠂ ᠨᠢᠭᠡᠨ ᠡᠳᠦᠷ ᠦ᠋ᠨ ᠵᠠᠭᠤᠷ᠎ᠠ ᠳᠥᠷᠪᠡ ᠲᠠᠪᠤᠨ ᠵᠠᠭᠤᠨ ᠭᠠᠵᠠᠷ ᠢ᠋ ᠵᠡᠭᠦᠨ ᠪᠠᠷᠠᠭᠤᠨ ᠠᠢᠯ ᠤ᠋ᠨ ᠮᠡᠲᠦ ᠡᠴᠢᠵᠦ ᠢᠷᠡᠨ ᠳᠥᠭᠥᠮ ᠲᠦᠳᠡ ᠬᠤᠷᠳᠤᠨ ᠲᠦᠷᠭᠡᠨ ᠪᠣᠯᠤᠭᠠᠳ᠂ ᠭᠣᠣᠯ ᠭᠡᠲᠦᠯᠬᠦ ᠭᠤᠷᠪᠠᠨ ᠶᠠᠩᠵᠤ ᠶ᠋ᠢᠨ ᠬᠥᠭᠥᠷᠭᠡ᠂ ᠤᠰᠤᠨ ᠤ᠋ ᠳᠣᠲᠣᠷ᠎ᠠ ᠮᠣᠳᠣᠨ ᠤ᠋ ᠰᠠᠯ ᠬᠢᠭᠡᠳ ᠰᠤᠮᠤᠨ ᠣᠩᠭᠣᠴᠠ᠂ ᠪᠠᠰᠠ ᠴᠤᠯᠭᠤᠢ ᠠᠷᠠᠰᠤᠨ ᠬᠥᠨᠳᠡᠢ ᠲᠡᠯᠢᠭᠦᠷ ᠳᠡᠭᠳᠡᠭᠦᠯ ᠦ᠋ᠨ ᠵᠦᠢᠯ ᠢ᠋ ᠪᠡᠯᠡᠳᠬᠡᠨ ᠦᠢᠯᠡᠳᠴᠦ᠂ ᠵᠠᠭᠤᠨ ᠠᠢᠮᠠᠭ ᠲᠠᠨ᠎ᠠ ᠪᠡᠯᠡᠨ ᠵᠠᠯᠠᠨ ᠬᠢᠯᠪᠠᠷ ᠳᠥᠭᠥᠮ ᠪᠣᠯᠭᠠᠭᠰᠠᠨ᠎ᠠ ᠣᠯᠠᠨ ᠲᠦᠮᠡᠨ ᠦ᠌ ᠠᠮᠢᠳᠤᠷᠠᠯ ᠣᠨᠳᠣᠷᠣᠯ ᠤ᠋ᠨ ᠪᠠᠶᠠᠷᠯᠠᠯ ᠪᠠᠬᠠᠷᠬᠠᠯ ᠢ᠋ ᠲᠣᠭᠠᠴᠢᠵᠤ ᠪᠦᠷᠢᠳᠭᠡᠰᠢ ᠦᠭᠡᠢ᠃ ᠡᠳᠡᠭᠡᠷ ᠴᠥᠮ ᠤᠷᠢᠳᠤ ᠬᠣᠶᠠᠷ ᠣᠨ ᠤ᠋ ᠪᠡᠯᠡᠳᠬᠡᠯ ᠪᠥᠯᠥᠭᠡ᠂ ᠡᠭᠦᠨ ᠢ᠋ ᠵᠢᠨᠦᠩ ᠮᠤᠬᠤᠯᠢ ᠶ᠋ᠢᠨ《ᠵᠢᠪᠬᠤᠯᠠᠩᠲᠤ ᠪᠠᠯᠭᠠᠳ ᠬᠣᠷᠣᠭ᠎ᠠ 》 ᠬᠡᠮᠡᠭᠴᠢ ᠮᠥᠨ ᠪᠤᠶᠤ᠃ ᠪᠸᠲ᠋ᠠ᠋ ᠤᠯᠤᠰ ᠤ᠋ᠨ ᠪᠤᠰᠤ ᠨᠣᠶᠠᠳ ᠲᠦᠰᠢᠮᠡᠳ ᠴᠥᠮ ᠴᠠᠭᠠᠨ ᠰᠠᠷ᠎ᠠ ᠶ᠋ᠢᠨ ᠬᠤᠷᠢᠮ ᠨᠠᠢᠷ ᠤ᠋ᠨ ᠰᠤᠯᠠ ᠴᠢᠯᠥᠭᠡ ᠪᠠᠬᠠᠨ ᠪᠣᠢ ᠪᠣᠯᠪᠠᠴᠤ᠂ ᠵᠢᠨᠦᠩ ᠮᠤᠬᠤᠯᠢ ᠶ᠋ᠢᠨ ᠰᠡᠳᠬᠢᠯ ᠦ᠋ᠨ ᠬᠡᠷᠡᠭ ᠦᠵᠦᠭᠦᠷ ᠭᠠᠷᠤᠭᠠᠳᠤᠢ ᠲᠤᠯᠠ᠂ ᠤᠮᠳᠠᠵᠤ ᠢᠳᠡᠪᠡᠴᠦ ᠠᠮᠤᠷ ᠦᠭᠡᠢ᠃ ᠡᠳᠦᠭᠡ ᠲᠠᠢᠽᠦ ᠶ᠋ᠢᠨ ᠶᠡᠬᠡ ᠴᠢᠭᠤᠯᠭᠠᠨ᠎ᠠ ᠵᠠᠯᠠᠷᠠᠬᠤ ᠲᠠᠰᠤᠷᠬᠠᠢ ᠵᠠᠬᠢᠶ᠎ᠠ ᠶ᠋ᠢ ᠣᠯᠤᠮᠠᠭᠴᠠ ᠵᠢᠨᠦᠩ ᠮᠤᠬᠤᠯᠢ ᠳᠠᠷᠤᠢ ᠥᠪᠡᠷᠦᠨ ᠡᠩ ᠦ᠋ᠨ ᠬᠠᠷᠢᠶᠠᠲᠤ ᠲᠠᠪᠤᠨ ᠮᠢᠩᠭᠠᠨ ᠴᠡᠷᠢᠭ ᠢ᠋ᠶ᠋ᠡᠨ ᠠᠪᠴᠤ᠂ ᠰᠢᠨ᠎ᠡ ᠮᠠᠨᠳᠠᠯ ᠳ᠋ᠤᠷ ᠢᠷᠡᠵᠦ ᠣᠯᠠᠨ ᠲᠡᠷᠢᠭᠦᠯᠡᠭᠴᠢᠳ ᠦ᠋ᠨ ᠪᠡᠯᠡᠳᠬᠡᠯ ᠪᠠᠢᠭᠤᠯᠤᠯ ᠢ᠋ ᠭᠤᠷᠪᠠᠨᠲᠠ ᠬᠢᠨᠠᠨ ᠨᠠᠷᠢᠪᠴᠢᠯᠠᠨ ᠨᠢᠭᠲᠠᠯᠠᠨ ᠳᠠᠪᠲᠠᠨ ᠪᠠᠢᠴᠠᠭᠠᠨ ᠦᠵᠡᠪᠡᠰᠦ᠂ ᠳ᠋ᠠᠲᠠᠲᠤᠩᠭᠠ᠂ ᠲᠠᠴᠢᠩᠬᠤᠷᠯᠤᠤ ᠲᠡᠳᠡᠨ ᠦ᠌ ᠳᠠᠬᠢᠨ ᠨᠠᠷᠢᠪᠴᠢᠯᠠᠨ ᠵᠠᠰᠠᠭᠰᠠᠨ ᠪᠠ ᠵᠢᠭᠰᠠᠭᠠᠭᠰᠠᠨ ᠶᠡᠬᠡ ᠲᠥᠯᠥᠪ ᠦ᠋ᠨ ᠲᠣᠪᠴᠢ ᠶ᠋ᠢ ᠦᠵᠡᠬᠦᠯ᠎ᠡ᠄
《ᠸᠴᠢᠷ ᠮᠠᠨᠳᠠᠯ ᠤ᠋ᠨ ᠪᠠᠷᠠᠭᠤᠨ ᠬᠣᠢᠲᠤ ᠦᠵᠢᠨ ᠡᠮᠡᠭᠡ ᠶ᠋ᠢᠨ ᠣᠷᠳᠣᠨ᠂ ᠵᠡᠭᠦᠨ ᠬᠣᠢᠲᠤ ᠪᠣᠯᠪᠠᠰᠤ ᠤᠯᠤᠰ ᠤ᠋ᠨ ᠡᠬᠡ ᠶ᠋ᠢᠨ ᠣᠷᠳᠣᠨ ᠤ᠋ ᠭᠤᠷᠪᠠᠨ ᠬᠦᠷᠢᠶ᠎ᠡ ᠡᠴᠡ ᠭᠠᠳᠠᠨ᠎ᠠ ᠲᠠᠢᠽᠦ ᠶ᠋ᠢᠨ ᠰᠤᠯᠠ ᠵᠣᠷᠴᠢᠬᠤ ᠶᠢᠰᠦᠨ ᠠᠩᠭᠢ ᠶᠢᠰᠦᠨ ᠬᠦᠷᠢᠶ᠎ᠡ᠂ ᠶᠢᠰᠦ ᠶᠢᠰᠦᠨ ᠦ᠌ ᠨᠡᠷᠡᠲᠦ ᠶᠡᠬᠡ ᠥᠷᠭᠥᠭᠡ ᠶ᠋ᠢ ᠭᠠᠳᠠᠨ᠎ᠠ ᠠ᠋ᠴᠠ ᠦᠵᠡᠬᠦᠢ ᠳ᠋ᠦ᠍ᠷ ᠶᠢᠰᠦᠨ ᠮᠡᠩᠭᠡ ᠶ᠋ᠢᠨ ᠶᠢᠰᠦᠨ ᠬᠦᠷᠢᠶᠡᠨ ᠦ᠌ ᠶᠢᠰᠦᠨ ᠡᠭᠦᠳᠡᠲᠦ ᠬᠦᠷᠢᠶ᠎ᠡ ᠮᠡᠲᠦ ᠪᠣᠯᠪᠠᠴᠤ᠂ ᠳᠣᠲᠣᠭᠤᠷ ᠢ᠋ᠶ᠋ᠠᠷ ᠴᠥᠮ ᠬᠣᠯᠪᠣᠯᠳᠤᠨ ᠵᠠᠯᠭᠠᠯᠳᠤᠨ ᠬᠠᠷᠢᠯᠴᠠᠨ ᠨᠡᠪᠲᠡᠷᠡᠯᠴᠡᠨ᠂ ᠮᠤᠷᠤᠢ ᠰᠠᠷᠤᠢ ᠪᠠᠷ ᠡᠷᠭᠢᠵᠦ ᠲᠣᠭᠣᠷᠢᠨ ᠢᠰᠡᠭᠡᠢ ᠪᠡᠷ ᠪᠦᠷᠭᠦ ᠭᠤᠯᠳᠤᠩ ᠠᠭᠤᠳᠠᠮ ᠣᠶᠣᠭ᠂ ᠨᠠᠷᠢᠨ ᠴᠠᠴᠠᠷ ᠢ᠋ᠶ᠋ᠠᠷ ᠬᠡᠯᠬᠢᠶᠡᠯᠡᠨ ᠨᠡᠢᠯᠡᠭᠦᠯᠵᠦ᠂ ᠳᠣᠲᠣᠭᠤᠷ ᠴᠥᠮ ᠢ᠋ᠶ᠋ᠡᠷ ᠭᠣᠣᠯ ᠨᠡᠢᠯᠡᠨ ᠠᠮᠢᠰᠬᠤᠯ ᠵᠠᠯᠭᠠᠯᠳᠤᠨ ᠬᠠᠷᠢᠯᠴᠠᠨ ᠡᠴᠢᠵᠦ ᠢᠷᠡᠨ ᠪᠣᠯᠬᠤ ᠪᠠᠷ ᠪᠣᠯᠭᠠᠵᠤ᠂ ᠬᠡᠳᠦᠢ ᠴᠥᠮ ᠬᠠᠭᠤᠴᠢᠨ ᠯᠢᠶᠣᠣ ᠤᠯᠤᠰ᠂ ᠪᠠᠰᠠ ᠲᠠᠩᠭᠤᠳ ᠤᠯᠤᠰ᠂ ᠪᠠᠰᠠ ᠰᠢᠨᠡᠬᠡᠨ ᠨᠠᠢ᠍ᠮᠠᠨ ᠤ᠋ ᠨᠡᠮᠡᠵᠦ ᠡᠭᠦᠳᠦᠭᠰᠡᠨ ᠭᠤᠷᠪᠠᠨ ᠤᠯᠤᠰ ᠤ᠋ᠨ ᠡᠳ᠋ ᠲᠠᠸᠠᠷ ᠦᠢᠯᠡᠳᠦᠯ ᠡᠭᠦᠳᠦᠯ ᠪᠣᠯᠪᠠᠴᠤ᠂ ᠳ᠋ᠠᠲᠠᠲᠤᠩᠭᠠ᠂ ᠲᠠᠴᠢᠩᠬᠤᠷᠯᠤᠤ ᠲᠠᠨ ᠤ᠋ ᠰᠢᠨᠡᠳᠬᠡᠨ ᠵᠠᠰᠠᠵᠤ ᠰᠡᠢᠷᠡᠭᠦᠯᠦᠨ ᠰᠡᠯᠪᠢᠭᠰᠡᠨ ᠢ᠋ᠶ᠋ᠡᠷ ᠤᠷᠢᠳᠠ ᠠ᠋ᠴᠠ ᠤᠯᠠᠮ ᠤᠷᠠᠨ ᠨᠠᠷᠢᠨ ᠪᠣᠯᠭᠠᠵᠤᠬᠤᠢ᠃ ᠡᠭᠦᠨᠦ ᠳᠣᠲᠣᠷ᠎ᠠ ᠣᠨ ᠰᠠᠷ᠎ᠠ ᠪᠠᠷ ᠵᠣᠷᠴᠢᠵᠤ ᠰᠡᠯᠭᠦᠪᠡᠴᠦ ᠪᠠᠷᠠᠰᠢ ᠦᠭᠡᠢ ᠶᠡᠬᠡ ᠪᠠᠭ᠎ᠠ ᠥᠨᠳᠥᠷ ᠪᠣᠭᠣᠨᠢ ᠵᠠᠪᠰᠠᠷ ᠵᠠᠪᠰᠠᠷ ᠲᠤᠷ ᠵᠠᠯᠭᠠᠵᠤ ᠨᠡᠢᠯᠡᠬᠦ᠂ ᠵᠤᠨ ᠡᠪᠦᠯ ᠦ᠋ᠨ ᠠᠰᠠᠷᠯᠢᠭ᠋ ᠲᠠᠭᠲᠤ᠂ ᠳᠠᠪᠬᠤᠷ ᠳᠠᠪᠬᠤᠷᠯᠢᠭᠲᠤ ᠨᠡᠢᠯᠡᠭᠰᠡᠨ ᠴᠠᠴᠠᠷ ᠤ᠋ᠨ ᠵᠦᠢᠯ ᠢ᠋ ᠵᠣᠬᠢᠶᠠᠭᠰᠠᠨ ᠠᠨᠤ ᠵᠢᠷᠤᠭ ᠲᠤᠷ ᠵᠢᠷᠤᠵᠤ᠂ ᠡᠭᠦᠯᠡ ᠣᠪᠣᠭᠠᠯᠠᠭᠰᠠᠨ ᠮᠡᠲᠦ᠃ ᠮᠤᠬᠤᠯᠢ ᠪᠠᠶᠠᠷᠯᠠᠨ ᠢᠨᠢᠶᠡᠨ ᠲᠣᠭᠣᠷᠢᠨ ᠦᠵᠡᠭᠰᠡᠭᠡᠷ ᠬᠠᠷᠢᠨ ᠪᠠᠬᠠᠨ ᠲᠥᠭᠡᠷᠢᠨ ᠰᠣᠯᠢᠯᠴᠠᠬᠤ ᠮᠡᠲᠦ ᠪᠣᠯᠪᠠᠴᠤ᠂ ᠳ᠋ᠠᠲᠠᠲᠤᠩᠭᠠ ᠲᠠᠨ ᠢ᠋ ᠲᠠᠭᠠᠴᠢᠯᠠᠨ ᠦᠢᠯᠡᠳᠦᠭᠰᠡᠨ ᠲᠡᠷᠢᠭᠦᠯᠡᠭᠴᠢ ᠲᠦᠰᠢᠮᠡᠳ ᠲᠣᠷ ᠬᠦᠨᠳᠦᠳᠡ ᠲᠠᠯᠠᠷᠬᠠᠨ ᠶᠣᠰᠣᠯᠠᠵᠤ ᠰᠡᠭᠦᠷᠡᠰᠦᠨ ᠠᠯᠳᠠᠵᠤ ᠥᠴᠢᠷᠦᠨ :
《ᠳᠡᠭᠷᠢᠯᠢᠭ ᠡᠵᠡᠨ ᠦ᠌ ᠲᠡᠩᠴᠡᠰᠢ ᠦᠭᠡᠢ ᠶᠡᠬᠡ ᠪᠤᠶᠠᠨ ᠳ᠋ᠤᠷ ᠲᠡᠳᠡᠭᠡᠷ ᠵᠡᠷᠭᠡ ᠶ᠋ᠢᠨ ᠲᠡᠷᠰ ᠠᠷᠪᠠᠨ ᠬᠣᠶᠠᠷ ᠬᠠᠭᠠᠨ ᠨᠠᠷᠠᠳᠠᠨ ᠢ᠋ ᠲᠠᠢᠯᠤᠨ᠂ ᠲᠡᠩᠴᠡᠨ ᠬᠡᠷᠡᠭᠯᠡᠪᠡᠰᠦ ᠦᠯᠦ ᠵᠣᠬᠢᠬᠤ᠂ ᠲᠡᠭᠷᠢ ᠶ᠋ᠢᠨ ᠬᠥᠪᠡᠭᠦᠨ ᠦ᠌ ᠲᠦᠭ ᠲᠦᠮᠡᠨ ᠵᠠᠷᠤᠳᠠᠯ ᠬᠡᠷᠡᠭᠯᠡᠯ ᠢ᠋ ᠡᠵᠡᠨ ᠨᠡᠢᠲᠡ ᠪᠡᠷ ᠢ᠋ ᠬᠡᠷᠡᠭᠯᠡᠭᠦᠯᠬᠦ ᠦᠭᠡᠢ ᠰᠠᠩ ᠬᠥᠮᠥᠷᠭᠡ ᠳ᠋ᠦ᠍ᠷ ᠳᠠᠷᠤᠨ ᠳᠠᠩᠰᠠᠯᠠᠨ ᠬᠤᠷᠢᠶᠠᠯᠭᠠᠨ ᠲᠠᠯᠪᠢᠭᠤᠯᠤᠭᠰᠠᠨ ᠠᠨᠤ᠂ ᠡᠨᠡ ᠡᠳᠦᠷ ᠴᠥᠮ ᠢ᠋ᠶ᠋ᠡᠷ ᠴᠢᠬᠤᠯᠠ ᠬᠡᠷᠡᠭᠯᠡᠯ ᠳ᠋ᠦ᠍ᠷ ᠣᠷᠣᠵᠤᠬᠤᠢ 》ᠭᠡᠮᠡᠨ ᠮᠠᠰᠢ ᠶᠡᠬᠡᠳᠡ ᠮᠠᠭᠰᠢᠨ ᠪᠡᠶᠡᠰᠴᠦ ᠬᠤᠷᠢᠮᠯᠠᠬᠤᠶ᠎ᠠ᠂ ᠲᠠᠪᠤᠨ ᠥᠲᠡᠭᠦᠰ ᠳᠥᠷᠪᠡᠨ ᠲᠡᠷᠢᠭᠦᠯᠡᠭᠴᠢ ᠨᠠᠷ ᠲᠤᠷ ᠭᠠᠷ ᠢ᠋ᠶ᠋ᠠᠷ ᠠᠷᠢᠬᠢ ᠪᠠᠷᠢᠨ ᠵᠦᠳᠡᠨ ᠵᠣᠪᠠᠭᠰᠠᠨ ᠢ᠋ ᠲᠣᠬᠣᠷᠤᠭᠤᠯᠤᠨ ᠳᠠᠯᠠᠰᠢᠶᠠᠨ ᠶᠣᠰᠣᠯᠠᠵᠤ ᠥᠴᠢᠷᠦᠨ :
《ᠨᠢᠳᠤᠨᠤᠨ ᠡᠪᠦᠯ ᠠᠷᠪᠠᠨ ᠰᠡᠷᠡᠳᠡ᠂ ᠰᠢᠷᠣᠢ ᠮᠣᠳᠣᠨ ᠤ᠋ ᠶᠡᠬᠡ ᠲᠥᠯᠥᠪ ᠦ᠋ᠨ ᠦᠢᠯᠡᠳᠬᠡᠯ ᠢ᠋ ᠲᠡᠭᠦᠰᠬᠡᠵᠦ᠂ ᠮᠢᠨᠦ ᠪᠡᠶ᠎ᠡ ᠡᠵᠡᠨ ᠦ᠌ ᠵᠠᠷᠯᠠᠬᠤᠢ ᠳ᠋ᠤᠷ ᠡᠭᠡᠭᠰᠡᠨ ᠬᠣᠢᠨ᠎ᠠ᠂ ᠡᠪᠦᠯ ᠦ᠋ᠨ ᠭᠤᠷᠪᠠᠬᠠᠨ ᠰᠠᠷ᠎ᠠ ᠶ᠋ᠢᠨ ᠳᠣᠲᠣᠷ᠎ᠠ ᠡᠳᠡᠭᠡᠷ ᠨᠠᠷᠢᠨ ᠨᠢᠭᠲᠠ ᠣᠷᠣᠨ ᠰᠠᠭᠤᠷᠢ ᠶ᠋ᠢ ᠡᠨᠡ ᠮᠡᠲᠦ ᠨᠢᠭᠲᠠᠯᠠᠨ ᠡᠭᠦᠳᠴᠦ ᠶᠠᠭᠠᠬᠢᠨ ᠵᠠᠪᠳᠤᠭᠰᠠᠨ ᠪᠣᠢ? 》 ᠣᠯᠠᠨ ᠢ᠋ᠶ᠋ᠠᠷ ᠬᠠᠷᠢᠭᠤ ᠥᠴᠢᠷᠦᠨ :
《ᠴᠥᠮ ᠢ᠋ᠶ᠋ᠡᠷ ᠪᠡᠯᠡᠨ ᠪᠦᠬᠦᠢ ᠪᠠᠢᠬᠤ ᠶ᠋ᠢ ᠵᠡᠷᠭᠡᠯᠡᠭᠦᠯᠦᠨ ᠳᠡᠯᠭᠡᠵᠦ᠂ ᠳᠡᠯᠡᠳᠴᠦ ᠪᠠᠷᠢᠬᠤᠢ ᠳ᠋ᠤᠷ ᠶᠠᠮᠪᠠᠷ ᠬᠦᠴᠦᠨ ᠰᠦᠢᠳᠬᠡᠬᠦ ᠠᠵᠢ? 》 ᠮᠤᠬᠤᠯᠠᠢ ᠪᠠᠰᠠ ᠠᠰᠠᠭᠤᠷᠤᠨ :
《ᠡᠭᠦᠨ ᠦ᠌ ᠳᠣᠲᠣᠷ᠎ᠠ ᠮᠢᠨᠦ ᠨᠢᠳᠦᠨ᠎ᠡ ᠡᠰᠡ ᠦᠵᠡᠭᠰᠡᠨ᠂ ᠥᠷᠭᠥᠭᠡ ᠴᠠᠴᠠᠷ᠂ ᠲᠠᠭᠲᠤ᠂ ᠲᠠᠲᠠᠯᠭ᠎ᠠ ᠮᠥᠨ ᠨᠡᠯᠢᠶᠡᠳ ᠪᠠᠢᠬᠤ ᠠᠨᠤ ᠶᠠᠭᠤᠨ ? 》 ᠣᠯᠠᠨ ᠢ᠋ᠶ᠋ᠠᠷ ᠥᠴᠢᠷᠦᠨ :
《ᠵᠢᠨᠦᠩ ᠦ᠋ᠨ ᠬᠡᠯᠡᠬᠦ ᠮᠠᠰᠢ ᠵᠥᠪ᠂ ᠡᠭᠦᠨᠦ ᠳᠣᠲᠣᠷ᠎ᠠ᠂ ᠬᠠᠭᠤᠴᠢᠨ ᠨᠠᠢ᠍ᠮᠠᠨ ᠤ᠋ ᠠᠯᠲᠠᠨᠱᠠᠭ᠎ᠠ ᠲᠠᠢᠽᠢ ᠶ᠋ᠢᠨ ᠡᠷᠭᠦᠭᠰᠡᠨ ᠬᠠᠭᠠᠨ ᠤ᠋ ᠤᠷᠲᠤ ᠬᠠᠷᠰᠢ ᠶ᠋ᠢᠨ ᠵᠡᠷᠭᠡ ᠬᠤᠪᠢᠶᠠᠷᠢᠲᠤ ᠴᠠᠴᠠᠷ ᠲᠠᠭᠲᠤ ᠶ᠋ᠢᠨ ᠵᠦᠢᠯ ᠭᠤᠷᠪᠠᠨ ᠵᠠᠭᠤᠨ ᠬᠠᠰᠠᠭ ᠲᠡᠷᠭᠡ᠂ ᠪᠠᠰᠠ ᠡᠵᠡᠨ ᠦ᠌ ᠤᠭᠰᠠᠭ᠎ᠠ ᠶ᠋ᠢᠨ ᠵᠠᠮᠪᠠᠯ ᠨᠣᠶᠠᠨ ᠤ᠋ ᠡᠴᠢᠭᠡ ᠰᠠᠢᠨ ᠪᠥᠬᠡ ᠬᠠᠭᠠᠨ ᠤ᠋ ᠬᠡᠷᠡᠭᠯᠡᠭᠰᠡᠨ ᠭᠡᠷ ᠣᠷᠳᠣᠨ ᠢ᠋ ᠪᠠᠰᠠ ᠲᠠᠪᠤᠨ ᠵᠠᠭᠤᠨ ᠢᠯᠡᠭᠦᠦ ᠬᠠᠰᠠᠭ ᠲᠡᠷᠭᠡ ᠡᠷᠭᠦᠨ ᠪᠠᠷᠢᠵᠤᠬᠤᠢ᠃ ᠡᠳᠡᠭᠡᠷ ᠨᠢ ᠵᠢᠨᠦᠩ ᠦ᠋ᠨ ᠡᠰᠡ ᠦᠵᠡᠭᠰᠡᠨ ᠢᠨᠦ ᠪᠣᠯᠠᠢ 》ᠬᠡᠮᠡᠭᠰᠡᠨ ᠳ᠋ᠦ᠍ᠷ ᠲᠤᠰ ᠡᠵᠡᠳ ᠢᠨᠦ ᠡᠨᠳᠡ ᠦᠭᠡᠢ ᠲᠤᠯᠠ ᠵᠢᠨᠦᠩ ᠮᠤᠬᠤᠯᠢ᠂ ᠡᠨᠡ ᠬᠣᠶᠠᠷ ᠡᠲᠡᠭᠡᠳ ᠦ᠋ᠨ ᠳᠡᠭᠡᠷ᠎ᠡ ᠦᠶ᠎ᠡ ᠶ᠋ᠢᠨ ᠬᠠᠳ ᠤ᠋ᠨ ᠵᠦᠭ ᠢᠨᠦ ᠬᠠᠨᠳᠤᠵᠤ ᠵᠦᠭᠴᠢᠯᠡᠨ ᠶᠣᠰᠣᠯᠠᠨ ᠮᠥᠷᠭᠥᠭᠡᠳ᠂ ᠬᠤᠷᠢᠮ ᠲᠠᠷᠬᠠᠭᠰᠠᠨ ᠬᠣᠢᠨ᠎ᠠ ᠣᠯᠠᠨ ᠳ᠋ᠤᠷ ᠴᠠᠢ ᠪᠠᠷᠢᠭᠤᠯᠤᠨ ᠵᠥᠪᠳᠡᠨ ᠥᠭᠦᠯᠡᠷᠦᠨ :
《ᠳᠡᠭᠷᠢᠯᠢᠭ ᠡᠵᠡᠨ ᠦ᠌ ᠲᠡᠩᠴᠡᠰᠢ ᠦᠭᠡᠢ ᠶᠡᠬᠡ ᠲᠡᠭᠷᠢ ᠶ᠋ᠢᠨ ᠬᠥᠪᠡᠭᠦᠨ ᠦ᠌ ᠵᠡᠷᠭᠡ ᠬᠤᠪᠢᠶᠠᠷᠢ ᠶ᠋ᠢᠨ ᠡᠯ᠎ᠡ ᠬᠡᠷᠡᠭᠯᠡᠯ ᠢ᠋ ᠬᠡᠷᠬᠢᠪᠡᠴᠦ ᠬᠡᠷᠡᠭᠯᠡᠨ ᠵᠠᠷᠤᠬᠤ ᠦᠭᠡᠢ ᠶ᠋ᠢ ᠲᠥᠷᠥ ᠶ᠋ᠢᠨ ᠲᠦᠮᠡᠨ ᠤᠯᠤᠰ ᠤ᠋ᠨ ᠣᠯᠠᠨ ᠴᠥᠮ ᠢ᠋ᠶ᠋ᠡᠷ ᠮᠡᠳᠡᠬᠦ ᠢᠨᠤ ᠪᠣᠯᠠᠢ᠃ ᠡᠳᠡᠭᠡᠷ ᠪᠦᠬᠦᠨ ᠲᠡᠭᠷᠢ ᠶ᠋ᠢᠨ ᠬᠥᠪᠡᠭᠦᠨ᠂ ᠬᠠᠭᠠᠨ ᠬᠥᠮᠦᠨ ᠦ᠌ ᠡᠯ᠎ᠡ ᠬᠡᠷᠡᠭᠯᠡᠯ ᠢ᠋ ᠦᠵᠡᠮᠡᠭᠴᠡ ᠮᠠᠭᠠᠳ ᠠᠭᠤᠷᠰᠠᠨ ᠬᠢᠯᠢᠩᠯᠡᠬᠦ ᠡᠨᠡ ᠨᠢᠭᠡᠨ ᠬᠡᠷᠡᠭ ᠢ᠋ ᠬᠡᠷᠬᠢᠨ ᠵᠥᠪᠰᠢᠶᠡᠷᠡᠮᠡᠷ ᠪᠣᠯᠭᠠᠪᠠᠰᠤ ᠰᠠᠢᠨ? 》 ᠬᠡᠮᠡᠭᠰᠡᠨ ᠨᠢᠭᠡᠨ ᠦᠭᠡᠰ ᠲᠣᠷ ᠣᠯᠠᠨ ᠨᠣᠶᠠᠳ ᠲᠦᠰᠢᠮᠡᠳ ᠬᠠᠮᠲᠤ ᠪᠦᠭᠦᠳᠡᠭᠡᠷ ᠬᠥᠩᠭᠢᠷᠡᠰᠦᠨ ᠢᠨᠢᠶᠡᠯᠴᠡᠵᠦ᠂ ᠮᠥᠨ ᠬᠦ᠌ ᠬᠣᠶᠠᠷ ᠳᠠ ᠶ᠋ᠢ ᠵᠢᠭᠠᠵᠤ᠂
《ᠲᠠ ᠣᠳᠣ ᠵᠢᠨᠦᠩ ᠳ᠋ᠦ᠍ᠷ ᠮᠡᠳᠡᠭᠦᠯᠬᠦ ᠦᠭᠡᠢ ᠤᠤ? 》ᠬᠡᠮᠡᠭᠰᠡᠨ᠎ᠡ᠂ ᠳ᠋ᠠᠲᠠᠲᠤᠩᠭᠠ ᠲᠠᠴᠢᠩᠬᠤᠷᠯᠤᠤ ᠬᠣᠶᠠᠭᠤᠯᠠ ᠬᠠᠮᠲᠤᠪᠠᠷ ᠣᠷᠣᠭᠰᠢ ᠳᠠᠪᠰᠢᠨ ᠮᠡᠳᠡᠭᠦᠯᠦᠷᠦᠨ :
《ᠡᠵᠡᠨ ᠦ᠌ ᠶᠡᠬᠡ ᠴᠢᠭᠤᠯᠭᠠᠨ ᠨᠡᠢᠯᠡᠵᠦ᠂ ᠬᠠᠮᠤᠭ ᠤ᠋ᠨ ᠬᠤᠷᠠᠯ ᠢ᠋ ᠬᠤᠷᠢᠶᠠᠬᠤ ᠠᠨᠤ᠂ ᠡᠭᠡᠨᠡᠭᠲᠡ ᠬᠠᠮᠤᠭ ᠪᠦᠭᠦᠳᠡᠭᠡᠷ ᠡᠩᠭᠡᠷ ᠨᠡᠢᠲᠡ ᠣᠯᠠᠨ ᠲᠦᠮᠡᠨ ᠤᠯᠤᠰ ᠢᠷᠭᠡᠨ ᠦ᠌ ᠡᠯᠪᠡᠭ ᠳᠡᠯᠪᠡᠭ ᠡᠩᠬᠡ ᠵᠢᠷᠭᠠᠯᠠᠩᠲᠤ ᠪᠣᠯᠭᠠᠬᠤᠢ ᠶ᠋ᠢᠨ ᠤᠴᠢᠷ ᠲᠤᠷ ᠲᠤᠯᠠ ᠡᠩᠭᠡᠷ ᠨᠡᠢᠲᠡ ᠣᠯᠠᠨ ᠲᠦᠮᠡᠨ ᠤᠯᠤᠰ ᠢᠷᠭᠡᠨ ᠪᠦᠭᠦᠳᠡᠭᠡᠷ ᠡᠨᠡ ᠬᠦ᠌ ᠣᠷᠴᠢᠯᠠᠩ ᠳᠡᠯᠡᠬᠡᠢ ᠶ᠋ᠢᠨ ᠳᠡᠭᠡᠷ᠎ᠡ ᠠᠮᠢᠳᠤᠷᠠᠨ ᠪᠦᠬᠦᠢ ᠳ᠋ᠦ᠍ᠷ ᠪᠠᠰᠠ ᠬᠦ᠌ ᠡᠨᠡ ᠬᠦ᠌ ᠣᠷᠴᠢᠯᠠᠩ ᠳᠡᠯᠡᠬᠡᠢ ᠶ᠋ᠢᠨ ᠳᠡᠭᠡᠷᠡᠬᠢ ᠶ᠋ᠢ ᠡᠩᠬᠡ ᠡᠰᠡᠨ ᠪᠣᠯᠭᠠᠬᠤᠢ ᠶ᠋ᠢᠨ ᠡᠯ᠎ᠡ ᠡᠵᠡᠳ ᠰᠠᠬᠢᠭᠤᠯᠰᠤᠨ ᠬᠤᠪᠢᠯᠭᠠᠨ ᠲᠡᠭᠷᠢ ᠪᠣᠭᠳᠠ ᠪᠤᠷᠬᠠᠳ ᠤ᠋ᠨ ᠲᠠᠪᠤᠨ ᠮᠠᠨᠳᠠᠯ᠂ ᠨᠠᠢ᠍ᠮᠠᠨ ᠰᠦᠮ᠎ᠡ ᠶ᠋ᠢᠨ ᠳᠠᠢᠯᠭ᠎ᠠ ᠲᠠᠪᠢᠯᠭ᠎ᠠ ᠶ᠋ᠢᠨ ᠶᠣᠰᠣᠯᠠᠯ ᠢ᠋ ᠭᠦᠢᠴᠡᠳᠬᠡᠬᠦ ᠢᠨᠦ ᠶᠡᠬᠡ ᠶᠣᠰᠣᠯᠠᠯ ᠲᠤᠯᠠ ᠬᠡᠳᠦᠢᠪᠡᠷ ᠡᠮᠦᠨᠡᠲᠦ ᠤᠯᠤᠰ ᠤ᠋ᠳ ᠤ᠋ᠨ ᠠᠳᠠᠯᠢ ᠲᠤᠬᠠᠢ ᠲᠤᠬᠠᠢ ᠶ᠋ᠢᠨ ᠮᠠᠨᠳᠠᠯ᠂ ᠰᠦᠮ᠎ᠡ ᠡᠰᠡ ᠴᠣᠭᠴᠠᠯᠠᠪᠠᠴᠤ ᠪᠠᠷ ᠡᠯ᠎ᠡ ᠬᠠᠭᠠᠳ ᠤ᠋ᠨ ᠳᠦᠷᠢᠮᠲᠦ ᠤᠷᠲᠤ ᠬᠠᠷᠰᠢ ᠳ᠋ᠤᠷ ᠲᠠᠪᠤᠨ ᠮᠠᠨᠳᠠᠯ ᠤ᠋ᠨ ᠨᠠᠢ᠍ᠮᠠᠨ ᠰᠦᠮ᠎ᠡ ᠶ᠋ᠢᠨ ᠲᠤᠰ ᠲᠤᠰ ᠤ᠋ᠨ ᠡᠵᠡᠳ ᠡᠵᠡᠳ ᠦ᠋ᠨ ᠴᠠᠭᠠᠰᠤᠨ ᠯᠤᠤ ᠶ᠋ᠢᠨ ᠨᠡᠷ᠎ᠡ ᠶ᠋ᠢᠨ ᠰᠠᠭᠤᠷᠢ ᠶ᠋ᠢ ᠳᠠᠬᠢᠵᠤ᠂ ᠡᠵᠡᠨ ᠦ᠌ ᠮᠣᠳᠣᠷ ᠢ᠋ᠶ᠋ᠠᠷ ᠭᠤᠷᠪᠠᠨ ᠰᠢᠷᠬᠡᠭ ᠬᠦᠵᠢᠰ᠂ ᠭᠤᠷᠪᠠᠨ ᠴᠥᠬᠥᠴᠡᠲᠦ ᠳᠡᠷᠡᠰᠦᠨ ᠡᠷᠭᠦᠨ ᠳᠠᠬᠢᠭᠠᠳ᠂ ᠨᠡᠷ᠎ᠡ ᠶ᠋ᠢᠨ ᠰᠠᠭᠤᠷᠢ ᠪᠦᠬᠦᠨ ᠢ᠋ ᠣᠭᠲᠠᠷᠭᠤᠢ ᠳ᠋ᠤᠷ ᠭᠠᠯ ᠢ᠋ᠶ᠋ᠠᠷ ᠣᠷᠣᠰᠢᠭᠤᠯᠤᠨ ᠵᠠᠯᠠᠬᠤᠢ ᠳ᠋ᠤᠷ ᠡᠵᠡᠨ ᠢ᠋ᠶ᠋ᠡᠷ ᠡᠷᠬᠢᠯᠡᠨ ᠰᠠᠢᠰᠢᠶᠠᠵᠤ᠂ ᠡᠩᠭᠡᠷ ᠣᠯᠠᠨ ᠢ᠋ᠶ᠋ᠠᠨ ᠡᠩᠬᠡᠵᠢᠭᠦᠯᠬᠦᠢ ᠶ᠋ᠢᠨ ᠲᠤᠯᠠ ᠬᠡᠮᠡᠪᠡᠰᠦ ᠢᠨᠢᠶᠡᠨ ᠮᠦᠰᠢᠶᠡᠵᠦ ᠲᠠᠭᠠᠯᠠᠨ ᠪᠠᠶᠠᠰᠬᠤ ᠵᠦᠢᠯ ᠪᠣᠢ ᠢ᠎ᠡ᠂ ᠡᠷᠡᠰᠯᠡᠨ ᠤᠨᠲᠤᠭᠤᠴᠠᠬᠤ ᠪᠠᠷ ᠦᠭᠡᠢ ᠪᠣᠢ ᠢ᠎ᠡ 》ᠬᠡᠮᠡᠭᠰᠡᠨ᠎ᠡ ᠵᠢᠨᠦᠩ ᠮᠤᠬᠤᠯᠠᠢ᠂ ᠵᠢᠷᠮᠡᠢᠨ ᠢᠨᠢᠶᠡᠵᠦ ᠶᠡᠬᠡᠯ᠎ᠡ ᠪᠠᠶᠠᠷᠯᠠᠨ ᠥᠭᠦᠯᠡᠷᠦᠨ:
ᠡᠵᠡᠨ ᠡᠴᠢᠭᠡ ᠶ᠋ᠢ ᠡᠯᠪᠡᠷᠢᠯᠡᠨ ᠴᠢᠳᠠᠭᠴᠢ᠂
ᠡᠵᠡᠳ ᠰᠠᠬᠢᠭᠤᠯᠰᠤᠨ ᠢ᠋ ᠡᠭᠡᠷᠡᠭᠦᠯᠦᠨ ᠲᠥᠰᠥᠭᠯᠡᠭᠴᠢ᠂
ᠡᠮᠦᠨ᠎ᠡ ᠤᠯᠤᠰ ᠤ᠋ᠳ ᠢ᠋ ᠡᠯᠰᠡᠨ ᠡᠩᠬᠡᠵᠢᠭᠦᠯᠦᠭᠴᠢ᠂
ᠡᠷᠲᠡ ᠡᠳᠦᠭᠡᠬᠢ ᠳ᠋ᠦ᠍ᠷ ᠡᠷᠬᠢᠮ ᠡᠷᠳᠡᠮᠲᠡᠨ ᠪᠣᠯᠠᠢ
ᠬᠡᠮᠡᠵᠦ ᠡᠷᠭᠦᠨ ᠰᠠᠭᠤᠯᠭᠠᠵᠤ ᠥᠪᠡᠷ ᠦ᠋ᠨ ᠭᠠᠷ ᠢ᠋ᠶ᠋ᠠᠷ ᠡᠬᠢᠯᠡᠨ ᠡᠵᠡᠨ ᠦ᠌ ᠱᠠᠩᠨᠠᠭᠰᠠᠨ ᠡᠷᠡᠮᠡᠭ ᠰᠢᠷ᠎ᠠ ᠴᠠᠢ ᠪᠠᠷ ᠪᠦᠯᠡᠭᠰᠡᠨ᠂ ᠰᠠᠢᠨ ᠴᠠᠢ ᠪᠠᠷᠢᠵᠤ ᠶᠣᠰᠣᠯᠠᠨ ᠡᠷᠬᠢᠯᠡᠨ ᠬᠦᠨᠳᠦᠯᠡᠬᠦ ᠶ᠋ᠢ ᠦᠵᠡᠭᠦᠯᠪᠡᠢ᠃
ᠲᠡᠳᠦᠢ ᠰᠠᠶᠢ ᠲᠡᠳᠡᠭᠡᠷ ᠤᠷᠲᠤ ᠬᠠᠷᠰᠢ ᠪᠦᠬᠦᠨ᠎ᠡ ᠨᠢᠭᠡᠨ ᠭᠥᠯᠢᠰ ᠪᠦᠬᠦᠢ ᠶ᠋ᠢ ᠤᠬᠠᠮᠵᠢᠯᠠᠪᠠᠢ᠃ ᠣᠳᠣ ᠪᠠᠶᠠᠷ ᠪᠠᠶᠠᠰᠬᠤᠯᠠᠩ ᠲᠠᠢ᠂ ᠰᠢᠷ᠎ᠠ ᠲᠤᠭᠤᠷᠭ᠎ᠠ᠂ ᠤᠯᠠᠭᠠᠨ ᠬᠡᠰᠡᠭᠦᠷᠲᠦ ᠪᠥᠰ ᠬᠣᠲᠠ᠂ ᠢᠰᠡᠭᠡᠢ ᠬᠡᠷᠡᠮ ᠠᠯᠲᠠᠨ ᠣᠷᠣᠢᠲᠤ ᠣᠷᠳᠣᠨ᠂ ᠠᠯᠮᠠᠰ ᠯᠤᠤᠲᠤ ᠥᠷᠭᠥᠭᠡ ᠶ᠋ᠢᠨ ᠵᠦᠢᠯ ᠢ᠋ ᠲᠣᠭᠣᠷᠢᠨ ᠤᠷᠢᠳᠠ ᠸᠴᠢᠷ ᠮᠠᠨᠳᠠᠯ ᠤ᠋ᠨ ᠶᠢᠰᠦᠳᠦᠭᠡᠷ ᠳᠡᠭᠲᠡᠷ ᠦ᠋ᠨ ᠳᠡᠭᠡᠳᠦ ᠣᠷᠣᠢ ᠶ᠋ᠢᠨ ᠬᠥᠨᠳᠡᠯᠡᠨ ᠭᠤᠯᠳᠤ ᠨᠠᠶᠠᠨ ᠨᠢᠭᠡᠨ ᠵᠠᠩ ᠤ᠋ᠨ ᠸᠴᠢᠷ ᠬᠦᠢᠰᠦ ᠳ᠋ᠦ᠍ᠷ ᠡᠵᠡᠨ ᠦ᠌ ᠨᠠᠶᠠᠨ ᠨᠢᠭᠡᠨ ᠬᠠᠨᠠᠲᠤ ᠨᠠᠢ᠍ᠮᠠᠨ ᠥᠨᠳᠥᠷ ᠬᠥᠨᠳᠡᠢ ᠮᠥᠩᠭᠥᠨ ᠦ᠌ ᠲᠤᠯᠭᠠᠭᠤᠷᠢ ᠪᠠᠭᠠᠨᠠᠲᠤ ᠬᠠᠭᠠᠨ ᠤ᠋ ᠥᠷᠭᠥᠭᠡ ᠶ᠋ᠢ ᠪᠠᠷᠢᠵᠤ ᠣᠷᠣᠢ ᠶ᠋ᠢᠨ ᠴᠡᠭᠡᠯ ᠳ᠋ᠦ᠍ᠷ ᠦᠨᠡᠨ ᠰᠢᠵᠢᠷ ᠠᠯᠲᠠᠨ ᠳ᠋ᠤᠷ ᠦᠨᠡᠨ ᠪᠣᠯᠣᠷ ᠡᠷᠳᠡᠨᠢ ᠪᠠ ᠸᠴᠢᠷ ᠠᠯᠮᠠᠰ ᠴᠢᠯᠠᠭᠤ ᠶ᠋ᠢᠨ ᠰᠢᠭᠢᠳᠬᠡᠭᠡᠷᠲᠤ ᠬᠣᠶᠠᠷ ᠠᠯᠲᠠ ᠶ᠋ᠢᠨ ᠥᠨᠳᠥᠷ ᠶᠡᠬᠡ ᠬᠦᠷᠳᠦᠨ ᠦ᠌ ᠣᠷᠣᠢ ᠶ᠋ᠢ ᠲᠣᠭᠲᠠᠭᠠᠵᠤ᠂ ᠰᠢᠷ᠎ᠠ ᠮᠠᠩᠨᠤᠭ ᠪᠦᠷᠬᠥᠭᠡᠳᠡᠰᠦᠨ ᠦ᠌ ᠶᠡᠬᠡ ᠪᠠᠭ᠎ᠠ ᠨᠠᠶᠠᠨ ᠨᠢᠭᠡᠨ ᠦᠨᠡᠨ ᠰᠢᠵᠢᠷ ᠠᠯᠲᠠᠨ ᠳᠠᠪᠲᠠᠮᠠᠯ ᠯᠤᠤ ᠳ᠋ᠤᠷ ᠴᠥᠮ ᠶᠢᠰᠦᠨ ᠵᠦᠢᠯ ᠦ᠋ᠨ ᠭᠡᠷᠡᠯᠲᠦ ᠡᠷᠳᠡᠨᠢ ᠴᠢᠯᠠᠭᠤᠨ ᠢ᠋ᠶ᠋ᠠᠷ ᠬᠠᠢᠷᠰᠤ ᠪᠠ ᠭᠡᠰᠢᠭᠦᠨ ᠬᠢᠮᠤᠰᠤ ᠶ᠋ᠢ ᠪᠦᠷᠢᠳᠬᠡᠭᠰᠡᠨ᠂ ᠯᠢᠶᠣᠣ ᠤᠯᠤᠰ ᠤ᠋ᠨ ᠭᠣᠣᠯ ᠬᠠᠭᠠᠨ ᠤ᠋ ᠪᠦᠲᠦᠭᠡᠭᠰᠡᠨ ᠶᠢᠰᠦᠨ ᠡᠷᠳᠡᠨᠢᠰ ᠦ᠋ᠨ ᠬᠠᠳᠠᠮᠠᠯᠲᠤ ᠪᠥᠷᠬᠥᠭᠡᠳᠡᠰᠦᠨ ᠢ᠋ᠶ᠋ᠡᠷ ᠪᠦᠷᠬᠦᠵᠦ᠂ ᠡᠭᠦᠨᠦ ᠭᠠᠳᠠᠭᠤᠷ ᠰᠠᠶᠢ ᠰᠢᠷ᠎ᠠ ᠢᠰᠡᠭᠡᠢ ᠳ᠋ᠦ᠍ᠷ ᠠᠯᠲᠠᠳᠠᠭᠰᠠᠨ ᠮᠥᠩᠭᠥᠨ ᠯᠤᠤᠲᠤ ᠨᠠᠷᠠᠨ ᠰᠠᠯᠬᠢᠨ᠂ ᠪᠣᠷᠣᠭᠠᠨ ᠴᠠᠰᠤᠨ ᠤ᠋ ᠪᠦᠷᠬᠥᠭᠡᠳᠡᠰᠦᠨ ᠢ᠋ᠶ᠋ᠡᠷ ᠪᠦᠷᠬᠦᠵᠦᠬᠦᠢ᠃ ᠲᠡᠭᠦᠨ ᠢ᠋ ᠲᠣᠭᠣᠷᠢᠭᠤᠯᠤᠨ ᠲᠠᠯ᠎ᠠ ᠪᠦᠷᠢ ᠨᠠᠶᠠᠨ ᠨᠢᠭᠡᠨ ᠠᠯᠲᠠ ᠤᠷᠲᠤ᠂ ᠶᠢᠰᠦᠨ ᠲᠠᠯ᠎ᠠ ᠶ᠋ᠢ ᠨᠡᠢᠲᠡ ᠳᠣᠯᠣᠭᠠᠨ ᠵᠠᠭᠤᠨ ᠬᠣᠷᠢᠨ ᠶᠢᠰᠦᠨ ᠠᠯᠲᠠ ᠶ᠋ᠢᠨ ᠶᠢᠰᠦᠨ ᠥᠩᠭᠡ ᠪᠡᠷ ᠲᠠᠯᠠᠯᠠᠨ ᠰᠢᠭᠦᠷ ᠮᠡᠲᠦ ᠶᠡᠬᠡ ᠣᠶᠣᠭ ᠢ᠋ ᠲᠠᠲᠠᠵᠤ ᠲᠣᠭᠣᠷᠢᠭᠤᠯᠤᠭᠰᠠᠨ ᠳᠣᠯᠣᠭᠠᠨ ᠵᠠᠭᠤᠨ ᠬᠣᠷᠢᠨ ᠶᠢᠰᠦᠨ ᠠᠯᠲᠠ ᠶ᠋ᠢᠨ ᠴᠠᠴᠤᠭ ᠤᠨᠵᠢᠯᠭ᠎ᠠ᠂ ᠵᠡᠰ ᠭᠠᠤᠯᠢᠨ ᠤ᠋ ᠭᠤᠷᠪᠠᠨ ᠮᠢᠩᠭᠠᠨ ᠠᠶᠠᠯᠭᠤᠲᠤ ᠬᠤᠩᠬ᠎ᠠ ᠴᠠᠩᠭᠢᠯᠵᠠᠭᠤᠷ ᠢ᠋ᠶ᠋ᠠᠷ ᠲᠣᠭᠣᠷᠢᠭᠤᠯᠤᠨ ᠭᠠᠨᠵᠤᠭᠠᠯᠠᠭᠰᠠᠨ ᠬᠥᠪᠡᠭᠡᠲᠦ ᠵᠤᠨ ᠤ᠋ ᠬᠠᠯᠠᠭᠤᠨ ᠳ᠋ᠤᠷ ᠥᠷᠭᠥᠭᠡ ᠶ᠋ᠢᠨ ᠳᠣᠣᠷᠠᠲᠤ ᠬᠠᠭᠠᠰ ᠢ ᠣᠷᠣᠰ ᠤᠯᠤᠰ ᠤ᠋ᠨ ᠬᠤᠷᠤᠭᠤ ᠪᠦᠳᠦᠭᠦᠨ ᠲᠠᠪᠤᠨ ᠥᠩᠭᠡ ᠶ᠋ᠢᠨ ᠰᠢᠯ ᠪᠣᠯᠣᠷ ᠤ᠋ᠨ ᠰᠠᠮ ᠣᠷᠬᠢᠭᠤᠯ ᠢ᠋ᠶ᠋ᠠᠷ ᠣᠷᠢᠶᠠᠭᠰᠠᠨ ᠬᠡᠢ ᠰᠠᠯᠬᠢᠨ ᠨᠡᠪᠲᠡᠷᠡᠭᠦᠯᠦᠭᠰᠡᠨ ᠡᠷᠳᠡᠨᠢ ᠶ᠋ᠢᠨ ᠥᠷᠭᠥᠭᠡ᠂ ᠡᠷᠲᠡᠨ ᠦ᠌ ᠯᠢᠶᠣᠣ ᠤᠯᠤᠰ ᠤ᠋ᠨ ᠶᠧ ᠯᠢᠦᠢ ᠳᠧ ᠭᠤᠸᠠᠩ᠂ ᠶᠧ ᠯᠢᠦᠢ ᠳᠡ ᠱᠢ ᠶ᠋ᠢᠨ ᠵᠡᠷᠭᠡ ᠶ᠋ᠢᠨ ᠬᠠᠳ ᠤ᠋ᠨ ᠤᠮᠠᠷ᠎ᠠ ᠣᠯᠠᠨ ᠠᠢᠮᠠᠭ ᠤᠯᠤᠰ ᠤ᠋ᠳ ᠢ᠋ ᠴᠢᠭᠤᠯᠭᠠᠨ ᠨᠡᠢᠯᠡᠭᠦᠯᠦᠨ᠂ ᠮᠥᠷᠡᠨ ᠨᠠᠭᠤᠷ ᠲᠤᠷ ᠵᠢᠭᠠᠰᠤ ᠭᠥᠷᠥᠭᠡᠯᠡᠨ᠂ ᠭᠠᠯᠠᠭᠤ ᠬᠠᠷᠪᠤᠯᠴᠠᠨ ᠴᠡᠩᠭᠡᠯᠳᠦᠬᠦᠢ ᠳ᠋ᠦ᠍ᠷ ᠬᠡᠷᠡᠭᠯᠡᠵᠦ ᠪᠠᠢᠭᠰᠠᠨ ᠬᠠᠭᠠᠨ ᠬᠥᠮᠦᠨ ᠦ᠌ ᠯᠤᠤ ᠺᠠᠷᠣᠳᠢ ᠰᠤᠪᠤᠳ ᠡᠷᠳᠡᠨᠢᠰ ᠦ᠋ᠨ ᠭᠣᠣᠯ ᠳᠤᠮᠳᠠᠳᠤ ᠡᠵᠡᠨ ᠥᠷᠭᠥᠭᠡ ᠢᠨᠤ ᠮᠥᠨ ᠡᠭᠦᠨ ᠢ᠋ ᠲᠣᠭᠣᠷᠢᠭᠤᠯᠤᠨ᠂ ᠶᠡᠬᠡ ᠪᠠᠭ᠎ᠠ᠂ ᠨᠠᠷᠢᠨ ᠪᠦᠳᠦᠭᠦᠨ ᠭᠤᠷᠪᠠᠨ ᠮᠢᠩᠭᠠᠨ ᠥᠷᠭᠥᠭᠡ ᠪᠠ ᠬᠣᠲᠠ ᠬᠦᠷᠢᠶ᠎ᠡ ᠬᠡᠰᠡᠭᠦᠷ ᠲᠤᠭᠤᠷᠭ᠎ᠠ ᠲᠠᠪᠤᠨ ᠮᠢᠩᠭᠠᠨ ᠠᠯᠲᠠ ᠶ᠋ᠢᠨ ᠭᠤᠷᠪᠠᠨ ᠳᠠᠪᠬᠤᠷ ᠤ᠋ᠨ ᠬᠣᠷᠢᠶ᠎ᠠ ᠬᠠᠯᠬᠠᠪᠴᠢ ᠳᠠᠯᠳᠠᠪᠴᠢ ᠬᠡᠰᠡᠭᠦᠷ ᠲᠡᠢ ᠪᠦᠬᠦᠨ ᠢ᠋ ᠯᠢᠶᠣᠣ ᠤᠯᠤᠰ ᠤ᠋ᠨ ᠡᠴᠦᠰ ᠰᠡᠭᠦᠯ ᠢ᠋ ᠪᠦᠬᠦᠯᠢ ᠪᠡᠷ ᠴᠥᠮ ᠨᠠᠢ᠍ᠮᠠᠨ ᠤᠯᠤᠰ ᠬᠤᠷᠢᠶᠠᠮᠵᠢᠯᠠᠨ ᠠᠪᠤᠭᠰᠠᠨ ᠤ᠋ ᠲᠤᠯᠠᠳᠠ᠂ ᠡᠳᠡᠭᠡᠷ ᠤᠯᠤᠰ ᠲᠥᠷᠥ ᠶ᠋ᠢᠨ ᠪᠠᠭᠤᠳᠠᠯ ᠨᠡᠭᠦᠳᠡᠯ ᠨᠡᠢᠲᠡ ᠪᠦᠭᠦᠳᠡᠭᠡᠷ ᠨᠠᠢ᠍ᠮᠠᠨ ᠤᠯᠤᠰ ᠲᠤᠷ ᠪᠣᠯᠵᠤ᠂ ᠡᠳᠦᠭᠡ ᠬᠠᠭᠤᠴᠢᠨ ᠰᠢᠨ᠎ᠡ᠂ ᠨᠠᠢ᠍ᠮᠠᠨ ᠤ᠋ ᠬᠤᠷᠢᠶᠠᠯᠭ᠎ᠠ ᠬᠠᠰᠢᠯᠭ᠎ᠠ ᠰᠠᠩ ᠬᠦᠦ ᠨᠡᠢᠲᠡ ᠪᠡᠷ ᠪᠸᠲ᠋ᠠ᠋ ᠤᠯᠤᠰ ᠲᠤᠷ ᠣᠷᠣᠭᠰᠠᠨ ᠢ᠋ᠶ᠋ᠠᠷ ᠬᠠᠭᠠᠨ ᠤ᠋ ᠪᠠᠭᠤᠳᠠᠯ ᠪᠠᠭᠤᠷᠢ ᠵᠦᠢᠯ ᠳ᠋ᠦ᠍ᠷ ᠬᠡᠷᠡᠭᠯᠡᠵᠦ ᠪᠠᠷᠠᠰᠢ ᠦᠭᠡᠢ ᠪᠠᠢᠬᠤᠢ ᠳ᠋ᠤᠷ ᠨᠡᠩ ᠪᠠᠰᠠ ᠪᠠᠭ᠎ᠠ ᠪᠠᠭ᠎ᠠ ᠬᠠᠳ ᠤ᠋ᠳ ᠤ᠋ᠨ ᠬᠢᠷᠢ ᠬᠡᠮᠵᠢᠶ᠎ᠡ ᠡᠴᠡ ᠬᠡᠲᠦᠷᠲᠡᠯᠡ ᠪᠡᠯᠡᠳᠬᠡᠭᠰᠡᠨ᠂ ᠠᠷᠪᠠᠨ ᠬᠡᠳᠦᠨ ᠬᠠᠭᠠᠨ ᠤ᠋ ᠶᠠᠩᠵᠤᠯᠠᠨ ᠴᠢᠮᠡᠭᠯᠡᠭᠰᠡᠨ ᠭᠡᠷ ᠪᠠᠭᠤᠷᠢ ᠪᠦᠬᠦᠨ ᠢ᠋ ᠲᠠᠢᠽᠦ᠂ ᠬᠢᠷᠢ ᠬᠡᠮᠵᠢᠶ᠎ᠡ ᠡᠴᠡᠭᠡᠨ ᠬᠡᠲᠦᠷᠦᠭᠰᠡᠨ ᠬᠡᠭᠡᠷ᠎ᠡ ᠬᠥᠳᠡᠭᠡ ᠶ᠋ᠢᠨ ᠵᠡᠷᠯᠢᠭ ᠬᠠᠭᠠᠳ ᠭᠡᠮᠡᠨ ᠮᠠᠰᠢ ᠳᠠᠪ ᠦᠭᠡᠢ᠂ ᠡᠯ᠎ᠡ ᠲᠡᠢᠮᠦ ᠲᠡᠭᠷᠢ ᠶ᠋ᠢᠨ ᠬᠥᠪᠡᠭᠦᠨ ᠦ᠌ ᠵᠡᠷᠭᠡ ᠬᠤᠪᠢᠶᠠᠷᠢ ᠲᠠᠢ ᠪᠦᠬᠦᠨ ᠢ᠋ ᠢᠨᠣ ᠴᠥᠮ ᠳᠠᠷᠤᠭᠤᠯᠵᠤ ᠬᠤᠷᠢᠶᠠᠯᠭᠠᠭᠰᠠᠨ ᠢ᠋ᠶ᠋ᠠᠷ ᠡᠳᠦᠭᠡ ᠡᠨᠡ ᠶᠡᠬᠡ ᠬᠣᠲᠠ ᠬᠣᠷᠣᠭ᠎ᠠ ᠳ᠋ᠤᠷ ᠰᠠᠶᠢ ᠲᠠᠷᠬᠠᠭᠠᠨ ᠳᠡᠯᠭᠡᠭᠦᠯᠵᠦ ᠦᠢᠯᠡᠳᠬᠦᠢ ᠳ᠋ᠦ᠍ᠷ ᠵᠠᠩᠵᠤᠨ ᠴᠡᠷᠢᠭ ᠦ᠋ᠳ ᠦ᠋ᠨ ᠪᠦᠳᠦᠭᠦᠯᠢᠭ ᠥᠷᠭᠥᠭᠡ ᠮᠠᠢᠬᠠᠨ᠂ ᠴᠠᠴᠠᠷ ᠲᠠᠭᠲᠤ ᠶ᠋ᠢ ᠬᠡᠳᠦᠨ ᠮᠢᠩᠭᠠᠨ ᠨᠡᠮᠡᠵᠦ ᠪᠠᠢᠭᠤᠯᠤᠨ ᠡᠭᠦᠳᠦᠭᠰᠡᠨ ᠪᠣᠶᠡ᠃ ᠡᠵᠡᠨ ᠬᠠᠭᠠᠨ᠂ ᠲᠠᠢᠬᠡᠦ᠂ ᠬᠤᠸᠠᠩᠬᠡᠦ᠂ ᠲᠠᠢᠽᠢ᠂ ᠭᠦᠩᠵᠦ᠂ ᠽᠠᠢᠰᠢᠶᠠᠩ᠂ ᠴᠧᠩᠰᠢᠶᠠᠩ᠂ ᠲᠠᠢᠱᠢ᠂ ᠲᠠᠢᠪᠤᠤ᠂ ᠵᠢᠷᠭᠤᠭᠠᠨ ᠰᠠᠢᠳ ᠶᠢᠰᠦᠨ ᠴᠢᠩ ᠦ᠋ᠨ ᠵᠡᠷᠭᠡ ᠶ᠋ᠢᠨ ᠲᠣᠭᠠᠲᠤ ᠨᠣᠶᠠᠳ ᠲᠡᠷᠢᠭᠦᠯᠡᠭᠴᠢ ᠶ᠋ᠢᠨ ᠵᠡᠷᠭᠡ ᠬᠡᠷᠭᠡᠮᠲᠦ ᠴᠠᠴᠠᠷ ᠲᠠᠭᠲᠤ᠂ ᠥᠷᠭᠥᠭᠡ ᠮᠠᠢᠬᠠᠨ ᠤ᠋ ᠵᠦᠢᠯ ᠳ᠋ᠦ᠍ᠷ ᠣᠭᠲᠣᠬᠠᠨ ᠴᠤ᠌ ᠵᠣᠪᠠᠭᠰᠠᠨ ᠦᠭᠡᠢ᠂ ᠴᠥᠮ ᠪᠡᠯᠡᠨ ᠪᠦᠬᠦᠢ ᠶ᠋ᠢ ᠪᠠᠬᠠᠨ ᠰᠡᠯᠪᠢᠨ ᠵᠠᠰᠠᠯᠭᠢᠯᠠᠮᠠᠭᠴᠠ ᠪᠦᠷᠢᠳᠦᠨ ᠬᠦᠷᠦᠯᠴᠡᠵᠦᠬᠦᠢ᠃
ᠪᠤᠶᠠᠨ ᠥᠴᠦᠬᠡᠨ ᠢᠨᠣ ᠪᠤᠯᠠᠭ᠎ᠠ ᠪᠣᠯᠵᠤ ᠲᠥᠷᠥᠭᠡᠳ
ᠪᠤᠶᠠᠨ ᠠᠭᠴᠢᠳ ᠢ᠋ᠶ᠋ᠠᠷ ᠪᠤᠯᠠᠭ᠎ᠠ ᠶ᠋ᠢᠨ ᠳᠠᠬᠤ ᠶ᠋ᠢ ᠡᠮᠦᠰᠦᠮᠦᠢ᠃
ᠪᠤᠯᠲᠤ ᠬᠠᠳ ᠤ᠋ᠳ ᠪᠣᠳᠣᠵᠤ ᠰᠠᠨᠠᠨ ᠦᠢᠯᠡᠳᠴᠦ ᠪᠡᠯᠡᠳᠬᠡᠭᠰᠡᠨ ᠢ᠋
ᠪᠣᠭᠳᠠ ᠬᠥᠮᠦᠨ ᠪᠦᠭᠦᠳᠡᠭᠡᠷ ᠢ᠋ ᠴᠤᠭᠯᠠᠭᠤᠯᠵᠤ ᠡᠳ᠋ᠯᠡᠮᠦᠢ᠃
ᠵᠢᠴᠢ ᠥᠷᠭᠥᠭᠡ ᠶ᠋ᠢᠨ ᠴᠢᠬᠡ ᠠᠷᠤ ᠳ᠋ᠤᠷ ᠠᠯᠲᠠᠨ ᠭᠠᠳᠠᠰᠤ ᠣᠳᠣᠨ ᠤ᠋ ᠦᠨᠡᠨ ᠰᠢᠵᠢᠷ ᠠᠯᠲᠠᠨ ᠤ᠋ ᠸᠴᠢᠷ ᠣᠷᠣᠢᠲᠤ ᠪᠣᠯᠣᠳ ᠲᠡᠮᠦᠷ ᠡᠰᠢᠲᠦ ᠲᠤᠭ ᠢ᠋ ᠪᠤᠰᠬᠠᠵᠤ᠂ ᠸᠴᠢᠷ ᠥᠷᠭᠥᠭᠡ ᠶ᠋ᠢᠨ ᠵᠡᠭᠦᠨ ᠡᠮᠦᠨ᠎ᠡ ᠳ᠋ᠦ᠍ᠷ ᠤᠯᠠᠭᠠᠨ ᠨᠠᠷᠠᠨ ᠤ᠋ ᠲᠤᠭ᠂ ᠪᠠᠷᠠᠭᠤᠨ ᠡᠮᠦᠨ᠎ᠡ ᠳ᠋ᠦ᠍ᠷ ᠴᠠᠭᠠᠨ ᠰᠠᠷᠠᠨ ᠤ᠋ ᠲᠤᠭ᠂ ᠡᠭᠦᠨᠦ ᠭᠠᠳᠠᠭᠤᠷ ᠲᠣᠭᠣᠷᠢᠭᠤᠯᠤᠨ ᠳᠣᠯᠣᠭᠠᠨ ᠣᠳᠣᠨ᠂ ᠶᠢᠰᠦᠨ ᠭᠠᠷᠠᠭ᠂ ᠬᠣᠷᠢᠨ ᠨᠠᠢ᠍ᠮᠠᠨ ᠣᠳᠣᠳ ᠤ᠋ᠨ ᠲᠤᠭ ᠳᠠᠯᠪᠠᠭ᠎ᠠ᠂ ᠬᠢᠭᠢᠷᠢ ᠳᠠᠷᠴᠤᠭ ᠤ᠋ᠨ ᠵᠠᠪᠰᠠᠷ ᠵᠠᠪᠰᠠᠷ᠎ᠠ᠂ ᠲᠠᠪᠤᠨ ᠮᠠᠬᠠᠪᠣᠳ᠂ ᠨᠠᠢ᠍ᠮᠠᠨ ᠬᠦᠯᠢᠯ᠂ ᠶᠢᠰᠦᠨ ᠮᠡᠩᠭᠡ᠂ ᠠᠷᠪᠠᠨ ᠥᠩᠭᠡ᠂ ᠠᠷᠪᠠᠨ ᠬᠣᠶᠠᠷ ᠡᠵᠡᠯᠡᠭᠴᠢ᠂ ᠬᠣᠷᠢᠨ ᠳᠥᠷᠪᠡᠨ ᠤᠯᠠᠷᠢᠯ᠂ ᠬᠣᠷᠢᠨ ᠨᠠᠢ᠍ᠮᠠᠨ ᠣᠳᠣᠳ᠂ ᠭᠤᠴᠢᠨ ᠵᠢᠷᠭᠤᠭᠠᠨ ᠭᠠᠷᠠᠭ᠂ ᠳᠠᠯᠠᠨ ᠬᠣᠶᠠᠷ ᠨᠡᠢᠴᠡᠳᠡᠷ ᠦ᠋ᠨ ᠲᠣᠭ᠎ᠠ ᠲᠣᠪᠴᠢᠶ᠎ᠠ ᠵᠦᠭ ᠴᠢᠭ ᠢ᠋ᠶ᠋ᠡᠷ ᠢᠨᠣ ᠵᠦᠢ ᠪᠡᠷ ᠵᠦᠭᠯᠡᠨ᠂ ᠵᠣᠬᠢᠰ ᠢ᠋ᠶ᠋ᠠᠷ ᠵᠣᠬᠢᠴᠠᠭᠤᠯᠤᠨ᠂ ᠡᠴᠢᠭᠡ ᠬᠥᠪᠡᠭᠦᠨ᠂ ᠡᠯ᠎ᠡ ᠳᠠᠢᠰᠤᠨ ᠢ᠋ ᠢᠯᠭᠠᠨ ᠡᠪᠯᠡᠵᠦ᠂ ᠸᠴᠢᠷ ᠮᠠᠲᠠᠯ ᠤ᠋ᠨ ᠲᠠᠪᠴᠠᠩ ᠤ᠋ᠨ ᠬᠥᠪᠡᠭᠡ ᠪᠡᠷ ᠲᠣᠭᠣᠷᠢᠭᠤᠯᠤᠨ᠂ ᠶᠢᠰᠦᠨ ᠲᠠᠯ᠎ᠠ ᠳ᠋ᠤᠷ ᠶᠢᠰᠦᠨ ᠮᠡᠩᠭᠡ ᠶ᠋ᠢᠨ ᠶᠢᠰᠦᠨ ᠶᠡᠬᠡ ᠯᠠᠪᠠᠷᠢᠲᠤ ᠰᠢᠭᠦᠷ ᠪᠦᠷᠢ ᠶ᠋ᠢ ᠲᠣᠭᠣᠷᠢᠨ ᠪᠠᠰᠠ ᠶᠢᠰᠦᠨ ᠮᠡᠩᠭᠡ ᠶ᠋ᠢᠨ ᠶᠢᠰᠦᠨ ᠥᠩᠭᠡ ᠶᠢᠰᠦ ᠶᠢᠰᠦᠨ ᠦ᠌ ᠬᠢᠭᠢᠷᠢ ᠪᠡᠷ ᠬᠦᠷᠢᠶᠡᠯᠡᠭᠦᠯᠵᠦ᠂ ᠬᠣᠲᠠ ᠶ᠋ᠢᠨ ᠬᠠᠢᠰᠠᠩ ᠡᠭᠦᠯᠡᠰ ᠦ᠋ᠨ ᠵᠡᠷᠭᠡᠯᠭᠡᠨ ᠮᠡᠲᠦ ᠵᠡᠷᠭᠡᠯᠡᠭᠦᠯᠦᠨ᠂ ᠬᠠᠭᠠᠨ ᠤ᠋ ᠥᠷᠭᠥᠭᠡ ᠶ᠋ᠢᠨ ᠲᠤᠰ ᠡᠮᠦᠨ᠎ᠡ᠂ ᠭᠤᠷᠪᠠᠨ ᠬᠥᠯᠲᠦ ᠴᠢᠳᠬᠤᠮᠠᠯ ᠲᠤᠭ ᠤ᠋ᠨ ᠬᠠᠳᠬᠤᠭᠤᠷ ᠰᠠᠭᠤᠷᠢ ᠶ᠋ᠢ ᠲᠣᠭᠲᠠᠭᠠᠨ᠂ ᠶᠢᠰᠦᠨ ᠠᠯᠲᠠ ᠥᠨᠳᠥᠷ᠂ ᠶᠢᠰᠦᠨ ᠡᠷᠳᠡᠨᠢᠰ ᠦ᠋ᠨ ᠰᠢᠭᠢᠳᠬᠡᠬᠡᠷ ᠴᠢᠯᠠᠭᠤᠲᠤ ᠬᠦᠷᠡᠩ ᠽᠠᠨᠳᠠᠨ ᠤ᠋ ᠲᠤᠭ ᠤ᠋ᠨ ᠡᠰᠢ ᠳ᠋ᠦ᠍ᠷ ᠮᠥᠨ ᠬᠦ᠌ ᠶᠢᠰᠦᠨ ᠥᠩᠭᠡ ᠶ᠋ᠢᠨ ᠭᠬᠢᠪ ᠲᠣᠷᠭ᠎ᠠ ᠲᠠᠵᠢ ᠨᠣᠯᠣᠮ ᠤ᠋ᠨ ᠵᠦᠢᠯ ᠢ᠋ᠶ᠋ᠡᠷ ᠶᠢᠰᠦᠨ ᠤᠨᠵᠢᠯᠭ᠎ᠠ ᠮᠠᠨᠵᠢᠯᠭ᠎ᠠ ᠶ᠋ᠢ ᠭᠠᠵᠠᠷ ᠲᠤᠯᠲᠠᠯ᠎ᠠ ᠭᠠᠨᠵᠤᠭᠠᠯᠠᠨ ᠤᠶᠠᠵᠤ᠂ ᠶᠡᠬᠡ ᠴᠠᠭᠠᠨ ᠰᠦᠯᠳᠡ ᠶ᠋ᠢᠨ ᠲᠤᠭ ᠢ᠋ ᠵᠠᠯᠠᠬᠤᠢ ᠶ᠋ᠢ ᠪᠡᠯᠡᠳᠬᠡᠵᠦ ᠰᠣᠯᠣᠩᠭ᠎ᠠ ᠶ᠋ᠢᠨ ᠥᠩᠭᠡ ᠪᠡᠷ ᠴᠢᠮᠡᠭᠯᠡᠨ ᠬᠠᠰᠢᠬᠤ ᠬᠠᠰᠢᠯᠭ᠎ᠠ ᠶ᠋ᠢ ᠬᠠᠳᠬᠤᠵᠤᠬᠤᠢ᠃ ᠬᠢᠲᠠᠳ ᠤ᠋ᠨ ᠵᠥᠽᠢ 《ᠭᠠᠩ ᠮᠦ᠍ ᠪᠢᠴᠢᠭ 》ᠲᠣᠷ ᠬᠡᠯᠡᠭᠰᠡᠨ《ᠮᠣᠩᠭᠣᠯ ᠤ᠋ᠨ ᠶᠢᠰᠦᠨ ᠥᠩᠭᠡ ᠶ᠋ᠢᠨ ᠤᠨᠵᠢᠯᠭ᠎ᠠ ᠮᠠᠨᠵᠢᠯᠭᠠᠲᠤ ᠭᠤᠷᠪᠠᠨ ᠲᠡᠮᠦᠷ ᠬᠥᠯᠲᠦ ᠶᠡᠬᠡ ᠴᠠᠭᠠᠨ ᠲᠤᠭ 》ᠬᠡᠮᠡᠭᠴᠢ ᠡᠨᠡ ᠲᠤᠭ ᠢ᠋ ᠬᠡᠯᠡᠵᠦᠬᠦᠢ᠃ ᠡᠨᠡ ᠰᠦᠯᠳᠡ ᠶ᠋ᠢᠨ ᠲᠤᠭ ᠤ᠋ᠨ ᠰᠠᠭᠤᠷᠢ ᠶ᠋ᠢᠨ ᠳᠥᠷᠪᠡᠨ ᠡᠲᠡᠭᠡᠳ ᠲᠣᠷ ᠳᠥᠷᠪᠡᠨ ᠮᠠᠬᠠᠪᠣᠳ ᠤ᠋ᠨ ᠬᠥᠬᠡ᠂ ᠤᠯᠠᠭᠠᠨ᠂ ᠰᠢᠷ᠎ᠠ᠂ ᠴᠠᠭᠠᠨ ᠳᠤᠷᠪᠠᠨ ᠥᠩᠭᠡ ᠶ᠋ᠢᠨ ᠲᠤᠭ ᠰᠢᠭᠦᠷ ᠬᠠᠳᠬᠤᠵᠤ᠂ ᠲᠣᠭᠣᠷᠢᠵᠤ ᠪᠠᠰᠠ ᠴᠥᠮ ᠶᠢᠰᠦᠨ ᠮᠡᠩᠭᠡ ᠶ᠋ᠢᠨ ᠶᠢᠰᠦᠨ ᠥᠩᠭᠡ ᠶ᠋ᠢᠨ ᠵᠠᠩᠵᠤᠨ ᠤ᠋ ᠶᠢᠰᠦᠨ ᠳᠠᠯᠪᠠᠭ᠎ᠠ ᠳᠠᠭᠠᠵᠤᠬᠤᠢ᠃ ᠵᠢᠴᠢ ᠸᠴᠢᠷ ᠥᠷᠭᠥᠭᠡ ᠶ᠋ᠢᠨ ᠳᠣᠲᠣᠷ᠎ᠠ᠂ ᠴᠢᠬᠡ ᠳᠤᠮᠳᠠ᠂ ᠭᠤᠷᠪᠠᠨ ᠳᠠᠪᠬᠤᠷ ᠤ᠋ᠨ ᠭᠤᠷᠪᠠᠨ ᠳᠡᠭᠲᠡᠷ ᠦ᠋ᠨ ᠬᠦᠷᠡᠩ ᠽᠠᠨᠳᠠᠨ ᠯᠤᠤ ᠰᠡᠢᠯᠪᠦᠷᠢᠯᠡᠭᠰᠡᠨ᠂ ᠲᠣᠭᠣᠷᠢᠵᠤ ᠬᠠᠰ ᠠᠷᠰᠯᠠᠨᠲᠤ ᠬᠣᠷᠢᠭᠤᠯ ᠬᠡᠷᠡᠰᠬᠡ᠂ ᠬᠣᠢᠨ᠎ᠠ ᠠᠨᠤ ᠮᠥᠨ ᠬᠦ᠌ ᠬᠦᠷᠡᠩ ᠽᠠᠨᠳᠠᠨ ᠤ᠋ ᠶᠢᠰᠦᠨ ᠵᠦᠢᠯ ᠦ᠋ᠨ ᠰᠤᠪᠤᠳ ᠡᠷᠳᠡᠨᠢ ᠰᠢᠬᠢᠳᠭᠡᠭᠡᠷᠲᠦ ᠶᠡᠬᠡ ᠪᠠᠭ᠎ᠠ ᠶᠢᠰᠦᠨ ᠯᠤᠤ ᠶ᠋ᠢᠨ ᠰᠡᠢᠯᠪᠦᠷᠢᠲᠦ ᠲᠠᠪᠤᠨ ᠨᠤᠭᠤᠯᠪᠤᠷᠢ ᠬᠡᠰᠡᠭᠲᠦ ᠥᠨᠳᠥᠷ ᠶᠡᠬᠡ ᠲᠣᠭᠣᠷᠢᠭᠤ ᠲᠦᠰᠢᠯᠭᠡ᠂ ᠡᠮᠦᠨ᠎ᠡ ᠢᠨᠦ ᠬᠠᠭᠠᠨ ᠤ᠋ ᠶᠡᠬᠡ ᠽᠠᠨᠳᠠᠨ ᠰᠢᠷᠡᠭᠡᠨ ᠦ᠌ ᠬᠣᠶᠠᠷ ᠬᠠᠵᠠᠭᠤᠳᠠ ᠥᠨᠳᠥᠷ ᠪᠣᠰᠤᠭ᠎ᠠ ᠬᠣᠶᠠᠷ ᠽᠠᠨᠳᠠᠨ ᠰᠢᠷᠡᠭᠡ᠂ ᠲᠣᠭᠣᠷᠢᠭᠤ ᠲᠦᠰᠢᠯᠭᠡ ᠶ᠋ᠢᠨ ᠬᠣᠶᠠᠷ ᠬᠠᠵᠠᠭᠤᠳᠠ ᠺᠠᠯᠪᠢᠩᠭᠠ ᠰᠢᠪᠠᠭᠤᠨ ᠤ᠋ ᠲᠦᠮᠡᠨ ᠨᠢᠳᠦᠲᠦ ᠥᠲᠥᠨ ᠰᠢᠬᠦᠷ ᠨᠢᠭᠡ ᠬᠣᠣᠰ ᠥᠨᠳᠥᠷ ᠡᠰᠢᠲᠦ ᠨᠠᠷᠠᠨ ᠤ᠋ ᠬᠠᠯᠬᠠᠪᠴᠢ ᠶ᠋ᠢ ᠮᠥᠨ ᠬᠦᠷᠡᠩ ᠽᠠᠨᠳᠠᠨ ᠰᠠᠭᠤᠷᠢ ᠳ᠋ᠤᠷ ᠬᠠᠳᠬᠤᠵᠤ᠂ ᠬᠠᠭᠠᠨ ᠤ᠋ ᠶᠢᠰᠦᠨ ᠡᠷᠳᠡᠨᠢᠰ ᠦ᠋ᠨ ᠰᠢᠬᠢᠳᠭᠡᠭᠡᠷᠲᠦ ᠯᠤᠤ ᠶ᠋ᠢᠨ ᠰᠡᠢᠯᠪᠦᠷᠢᠲᠦ ᠰᠢᠷᠡᠭᠡᠨ ᠦ᠌ ᠡᠮᠦᠨ᠎ᠡ ᠥᠪᠡᠷ᠎ᠡ ᠰᠢᠷᠡᠭᠡ ᠲᠠᠯᠪᠢᠬᠤ ᠦᠭᠡᠢ᠂ ᠭᠤᠷᠪᠠᠨ ᠳᠡᠭᠲᠡᠷ ᠦ᠋ᠨ ᠬᠠᠭᠠᠨ ᠰᠠᠭᠤᠷᠢ ᠶ᠋ᠢᠨ ᠠᠭᠤᠳᠠᠮ ᠶᠡᠬᠡ ᠬᠣᠷᠢᠭᠤᠯᠲᠤ ᠰᠠᠭᠤᠷᠢ ᠶ᠋ᠢᠨ ᠡᠰᠡᠷᠭᠦ ᠢᠨᠦ ᠪᠠᠷᠠᠭᠤᠨ ᠪᠡᠶ᠎ᠡ ᠪᠡᠷ ᠥᠭᠡᠳᠡ ᠭᠠᠷᠪᠠᠰᠤ᠂ ᠵᠡᠭᠦᠨ ᠪᠡᠶ᠎ᠡ ᠪᠡᠷ ᠡᠭᠡᠵᠦ ᠪᠠᠭᠤᠬᠤ ᠵᠡᠷᠭᠡᠴᠡᠨ ᠪᠦᠬᠦᠢ ᠳᠡᠭᠲᠡᠷ ᠶᠡᠨᠳᠡᠷ᠂ ᠵᠢᠴᠢ ᠪᠠᠰᠠ ᠴᠢᠬᠡ ᠪᠠᠷᠠᠭᠤᠨ ᠴᠢᠬᠡ ᠵᠡᠭᠦᠨ ᠬᠣᠶᠠᠷ ᠲᠠᠰᠢ ᠭᠠᠷᠬᠤ ᠪᠠᠭᠤᠬᠤ᠂ ᠬᠣᠶᠠᠷ ᠳᠡᠭᠲᠡᠷ ᠶᠡᠨᠳᠡᠷ᠂ ᠨᠡᠢᠲᠡ ᠳᠥᠷᠪᠡᠨ ᠠᠩᠭᠠᠷᠬᠠᠢ᠂ ᠳᠥᠷᠪᠡᠨ ᠳᠡᠭᠲᠡᠷ ᠶᠡᠨᠳᠡᠷ᠂ ᠬᠠᠮᠤᠭ ᠤ᠋ᠨ ᠳᠡᠭᠡᠷᠡᠬᠢ ᠬᠠᠭᠠᠨ ᠤ᠋ ᠰᠠᠭᠤᠷᠢᠨ ᠰᠢᠷᠡᠭᠡ ᠲᠠᠯᠪᠢᠬᠤ ᠳᠡᠭᠡᠳᠦ ᠰᠠᠨᠳᠠᠯᠢ ᠳ᠋ᠤᠷ ᠬᠠᠭᠠᠨ ᠤ᠋ ᠰᠠᠭᠤᠷᠢ ᠶ᠋ᠢᠨ ᠡᠨᠳᠡᠭᠡ ᠲᠡᠷᠲᠡᠭᠡ᠂ ᠳᠥᠷᠪᠡ ᠳᠥᠷᠪᠡᠨ ᠨᠠᠢ᠍ᠮᠠᠨ ᠪᠡᠶ᠎ᠡ ᠬᠠᠮᠠᠭᠠᠯᠠᠭᠴᠢ᠂ ᠲᠦᠰᠢᠶ᠎ᠡ ᠬᠦᠯᠦᠭ – ᠡᠳᠦᠭᠡᠬᠢ ᠴᠠᠭ ᠤ᠋ᠨ ᠭᠣᠴᠣᠭ ᠠᠮᠪᠠᠨ ᠤ᠋ ᠲᠤᠰᠢᠶᠠᠯ ᠤ᠋ᠨ ᠰᠠᠢᠳ ᠪᠤᠶᠤ᠃ ᠨᠠᠢ᠍ᠮᠠᠨ ᠰᠠᠢᠳ ᠢᠪᠡᠨ ᠵᠣᠭᠰᠣᠵᠤ ᠪᠠᠭᠲᠠᠮᠤᠢ᠃ ᠡᠨᠡ ᠬᠠᠭᠠᠨ ᠤ᠋ ᠰᠠᠭᠤᠷᠢᠨ ᠰᠢᠷᠡᠭᠡ ᠶ᠋ᠢ ᠮᠥᠨ ᠬᠦ᠌ ᠶᠢᠰᠦᠨ ᠶᠡᠬᠡ ᠠᠯᠲᠠᠨ ᠯᠤᠤᠲᠤ ᠰᠢᠷ᠎ᠠ ᠮᠠᠩᠨᠤᠭ ᠣᠯᠪᠣᠭ ᠲᠦᠰᠢᠯᠭᠡ᠂ ᠯᠤᠤ ᠶ᠋ᠢᠨ ᠳᠡᠷᠡ ᠲᠡᠢ ᠪᠦᠬᠦᠯᠢ ᠪᠡᠷ ᠪᠦᠷᠬᠦᠨ ᠪᠦᠲᠡᠭᠡᠵᠦᠬᠦᠢ ᠃ ᠬᠠᠭᠠᠨ ᠥᠷᠭᠥᠭᠡ ᠶ᠋ᠢᠨ ᠳᠡᠭᠡᠷ᠎ᠡ ᠬᠥᠮᠥᠷᠭᠡ ᠣᠷᠣᠢ ᠶ᠋ᠢᠨ ᠳᠣᠲᠣᠷ᠎ᠠ ᠪᠠ ᠲᠣᠭᠣᠷᠢᠭᠰᠠᠨ ᠲᠤᠭᠤᠷᠭ᠎ᠠ ᠬᠡᠰᠡᠭᠦᠷ ᠳᠣᠲᠣᠷ᠎ᠠ᠂ ᠨᠡᠢᠲᠡ ᠪᠡᠷ ᠨᠢᠳᠦᠨ ᠢ᠋ ᠭᠢᠯᠠᠰᠬᠠᠬᠤ ᠰᠢᠵᠢᠷ ᠠᠯᠲᠠᠨ ᠰᠢᠷᠬᠡᠭ ᠦ᠋ᠨ ᠶᠡᠬᠡ ᠪᠠᠭ᠎ᠠ ᠨᠠᠶᠠᠨ ᠨᠢᠭᠡᠨ ᠯᠤᠤᠲᠤ ᠮᠠᠩᠨᠤᠭ ᠢ᠋ᠶ᠋ᠠᠷ ᠲᠣᠳᠣᠯᠠᠨ ᠬᠡᠰᠡᠭᠦᠷᠯᠡᠭᠡᠳ᠂ ᠬᠠᠭᠠᠨ ᠰᠠᠭᠤᠷᠢᠨ ᠤ᠋ ᠥᠨᠳᠥᠷ ᠲᠠᠰᠢᠶᠠᠯᠠᠪᠴᠢ ᠲᠦᠰᠢᠯᠭᠡ ᠶ᠋ᠢᠨ ᠳᠡᠭᠡᠷ᠎ᠡ ᠶᠡᠬᠡ ᠪᠠᠭ᠎ᠠ ᠠᠷᠪᠠᠨ ᠲᠦᠮᠡᠨ ᠮᠥᠬᠥᠯᠢᠭ ᠭᠡᠷᠡᠯᠲᠦ ᠰᠤᠪᠤᠳ ᠢ᠋ᠶ᠋ᠠᠷ ᠶᠠᠩᠵᠤᠯᠠᠨ ᠴᠢᠮᠡᠭᠯᠡᠵᠦ᠂ ᠬᠡᠯᠬᠢᠨ ᠲᠣᠣᠷᠯᠠᠵᠤ ᠡᠭᠦᠳᠦᠭᠰᠡᠨ ᠶᠡᠬᠡ ᠠᠯᠲᠠᠨ ᠯᠤᠤ ᠶ᠋ᠢᠨ ᠮᠤᠷᠤᠢ ᠡᠰᠢᠲᠦ ᠡᠷᠳᠡᠨᠢ ᠶ᠋ᠢᠨ ᠰᠢᠭᠦᠷ ᠢ᠋ ᠲᠤᠯᠵᠤᠬᠤᠢ᠃ ᠡᠨᠡ ᠰᠢᠭᠦᠷ ᠪᠣᠯᠪᠠᠰᠤ ᠨᠠᠢ᠍ᠮᠠᠨ ᠤ᠋ ᠪᠤᠯᠤ ᠢᠦᠢ ᠬᠠᠭᠠᠨ᠂ ᠵᠢᠷᠯᠤᠭ ᠬᠣᠲᠠ ᠳ᠋ᠤᠷ ᠠᠪᠴᠢᠷᠠᠭᠰᠠᠨ ᠢ᠋ ᠨᠢᠳᠤᠨᠤᠨ ᠵᠢᠯ ᠵᠢᠷᠯᠤᠭ ᠬᠣᠲᠠ ᠶ᠋ᠢ ᠣᠯᠬᠤᠶ᠎ᠠ ᠬᠠᠮᠲᠤ ᠣᠯᠵᠤᠬᠤᠢ᠃ ᠡᠭᠦᠨᠦ ᠬᠣᠢᠨ᠎ᠠ ᠪᠠᠰᠠ ᠨᠢᠭᠡᠨ ᠬᠤᠪᠢ ᠶ᠋ᠢᠨ ᠲᠠᠬᠢᠯᠭ᠎ᠠ ᠶ᠋ᠢᠨ ᠥᠨᠳᠥᠷ ᠰᠢᠷᠡᠭᠡ ᠶ᠋ᠢᠨ ᠳᠡᠭᠡᠷ᠎ᠡ ᠡᠯᠭᠦᠮᠡᠯ ᠶᠢᠰᠦᠨ ᠠᠯᠲᠠᠨ ᠯᠤᠤᠲᠤ ᠳᠥᠷᠪᠡᠯᠵᠢᠨ ᠰᠢᠬᠦᠷ ᠲᠡᠯᠡᠵᠦ ᠬᠣᠢᠲᠤ ᠲᠤᠭᠤᠷᠭ᠎ᠠ ᠳ᠋ᠤᠷ ᠬᠠᠭᠠᠨ ᠰᠠᠭᠤᠷᠢ ᠠ᠋ᠴᠠ ᠥᠨᠳᠥᠷ ᠭᠠᠷᠭᠠᠵᠤ᠂ ᠪᠠᠳᠠᠷᠠᠩᠭᠤᠢ ᠴᠠᠭᠠᠨ ᠰᠦᠯᠳᠡ ᠲᠡᠭᠷᠢ ᠶ᠋ᠢᠨ ᠬᠥᠷᠥᠭ ᠢ᠋ ᠳᠠᠬᠢᠵᠤ᠂ ᠡᠮᠦᠨ᠎ᠡ ᠰᠢᠷ᠎ᠠ ᠮᠠᠩᠨᠤᠭ ᠪᠦᠷᠬᠦᠭᠦᠯᠲᠦ ᠥᠨᠳᠥᠷ ᠰᠢᠷᠡᠭᠡᠨ ᠦ᠌ ᠳᠡᠭᠡᠷ᠎ᠡ ᠮᠥᠨ ᠬᠦ᠌ ᠬᠠᠭᠠᠨ ᠤ᠋ ᠲᠠᠬᠢᠯᠭ᠎ᠠ ᠶ᠋ᠢᠨ ᠶᠣᠰᠣᠭᠠᠷ ᠶᠢᠰᠦᠨ ᠮᠥᠷ ᠦ᠋ᠨ ᠲᠠᠬᠢᠯ᠂ ᠮᠥᠷ ᠪᠦᠷᠢ ᠪᠠᠰᠠ ᠶᠢᠰᠦᠨ ᠵᠦᠢᠯ ᠦ᠋ᠨ ᠴᠡᠴᠡᠭ ᠬᠦᠵᠢ ᠵᠤᠯᠠ᠂ ᠴᠡᠪᠡᠷ ᠰᠦᠷᠴᠢᠯ ᠢᠳᠡᠭᠡᠨ ᠤᠮᠳᠠᠭᠠᠨ ᠢ᠋ ᠶᠢᠰᠦᠨ ᠶᠢᠰᠦᠨ ᠢ᠋ᠶ᠋ᠡᠷ ᠵᠢᠭᠰᠠᠭᠠᠨ ᠳᠠᠬᠢᠭᠠᠳ᠂ ᠶᠢᠰᠦᠨ ᠶᠡᠬᠡ ᠰᠢᠵᠢᠷ ᠠᠯᠲᠠᠨ ᠤ᠋ ᠵᠤᠯᠠ ᠶ᠋ᠢ ᠬᠣᠣᠰ ᠬᠣᠣᠰ ᠢ᠋ᠶ᠋ᠠᠷ ᠡᠭᠡᠯᠵᠢᠯᠡᠨ ᠠᠰᠠᠭᠠᠨ ᠡᠷᠭᠦᠨ ᠳᠠᠬᠢᠵᠤᠬᠤᠢ᠃ ᠥᠷᠭᠥᠭᠡ ᠶ᠋ᠢᠨ ᠳᠡᠭᠡᠳᠦ ᠡᠷᠦᠬᠡ ᠲᠣᠭᠣᠨᠣ ᠶ᠋ᠢ ᠪᠦᠷᠬᠦᠵᠦ᠂ ᠭᠠᠯ ᠤᠲᠤᠭ᠎ᠠ ᠶᠡᠬᠡ ᠦᠭᠡᠢ ᠶ᠋ᠢᠨ ᠲᠤᠯᠠ ᠠᠰᠠᠭᠠᠬᠤ ᠰᠢᠲᠠᠭᠠᠬᠤ ᠬᠤᠢᠬᠠᠯᠠᠬᠤ ᠲᠦᠯᠡᠬᠦ ᠰᠠᠢᠨ ᠦᠨᠦᠷᠲᠡᠨ ᠪᠦᠷᠢ ᠳ᠋ᠦ᠍ᠷ ᠴᠥᠮ ᠡᠮᠦᠨᠡᠲᠦ ᠳᠠᠯᠠᠢ᠂ ᠭᠠᠳᠠᠭᠠᠳᠤ ᠲᠢᠪ ᠦ᠋ᠨ ᠯᠤᠤᠲᠤ ᠬᠥᠭᠡᠰᠦᠲᠦ ᠬᠦᠵᠢ᠂ ᠮᠣᠭᠠᠢ ᠶ᠋ᠢᠨ ᠵᠢᠷᠦᠬᠡᠨ ᠦ᠌ ᠽᠠᠨᠳᠠᠨ᠂ ᠡᠨᠡᠳᠬᠡᠭ ᠲᠢᠪ ᠦ᠋ᠨ ᠠᠭᠠᠷᠤ᠂ ᠴᠠᠰᠤᠲᠤ ᠠᠭᠤᠯᠠᠨ ᠤ᠋ ᠠᠭᠠᠷ ᠤ᠋ᠨ ᠨᠠᠢᠷᠠᠯᠲᠠ ᠪᠣᠢ ᠶ᠋ᠢᠨ ᠲᠤᠯᠠ᠂ ᠥᠷᠭᠥᠭᠡ ᠶ᠋ᠢᠨ ᠳᠣᠲᠣᠷ᠎ᠠ ᠮᠠᠩᠨᠤᠭ ᠲᠠᠵᠢ ᠶ᠋ᠢᠨ ᠳᠣᠲᠣᠷ ᠬᠡᠰᠡᠭᠦᠷ ᠪᠠ ᠲᠤᠯᠭᠠᠭᠤᠷᠢ ᠪᠠᠭᠠᠨ᠎ᠠ᠂ ᠬᠠᠭᠠᠨ ᠰᠠᠭᠤᠷᠢ ᠶ᠋ᠢᠨ ᠰᠠᠭᠤᠷᠢᠨ ᠰᠠᠨᠳᠠᠯᠢ ᠪᠦᠬᠦᠨ᠎ᠡ ᠰᠢᠮᠡᠳᠦᠨ ᠰᠢᠩᠭᠡᠵᠦ᠂ ᠬᠥᠮᠦᠨ ᠣᠷᠣᠪᠠᠰᠤ ᠲᠠᠷᠢᠬᠢᠨ᠎ᠠ ᠨᠡᠪᠲᠡᠷᠡᠨ ᠴᠡᠭᠡᠵᠢᠨ᠎ᠡ ᠲᠤᠩᠭᠠᠯᠠᠭ ᠪᠣᠯᠤᠨ ᠪᠠᠶᠠᠰᠬᠤᠯᠠᠩ ᠰᠠᠨᠠᠭᠠᠨ ᠲᠥᠷᠥᠭᠳᠡᠮᠦᠢ᠃ ᠮᠤᠬᠤᠯᠢ᠂ ᠬᠠᠭᠠᠨ ᠰᠠᠭᠤᠷᠢ ᠶ᠋ᠢᠨ ᠳᠣᠣᠷᠠᠲᠤ ᠶᠡᠬᠡ ᠬᠡᠷᠡᠰᠬᠡ ᠬᠣᠷᠢᠭᠤᠯᠲᠤ᠂ ᠬᠠᠰ ᠠᠷᠰᠯᠠᠨᠲᠤ ᠰᠠᠨᠳᠠᠯᠢ ᠶ᠋ᠢᠨ ᠥᠨᠴᠥᠭ ᠲᠣᠷ ᠲᠣᠯᠣᠭᠠᠢ ᠪᠠᠨ ᠲᠤᠯᠭᠠᠨ ᠮᠥᠷᠭᠥᠵᠦ ᠥᠴᠢᠷᠦᠨ :
《ᠯᠢᠶᠣᠣ ᠤᠯᠤᠰ ᠤ᠋ᠨ ᠲᠡᠭᠷᠢ ᠶ᠋ᠢᠨ ᠬᠥᠪᠡᠭᠦᠳ ᠡᠴᠡ ᠬᠣᠢᠴᠢ ᠡᠳᠦᠢᠴᠢᠨᠡᠭᠡᠨ ᠵᠢᠯ ᠬᠢᠯᠢᠰᠳᠡᠵᠦᠬᠦᠢ᠃ ᠡᠨᠡ ᠵᠢᠯ ᠤᠳᠠᠭᠠᠨ ᠴᠤ᠌ ᠴᠠᠭᠠᠨ ᠭᠡᠷᠡᠯ ᠡᠴᠡ ᠴᠣᠭᠴᠠᠯᠠᠨ ᠮᠡᠨᠳᠦᠯᠡᠭᠰᠡᠨ ᠴᠠᠭᠯᠠᠰᠢ ᠦᠭᠡᠢ ᠪᠤᠶᠠᠨᠲᠤ ᠳᠡᠭᠷᠢᠯᠢᠭ ᠡᠵᠡᠨ ᠮᠢᠨᠦ ᠡᠵᠡᠯᠡᠨ ᠰᠠᠭᠤᠬᠤ ᠪᠣᠯᠪᠠᠢ᠃ ᠡᠵᠡᠨ ᠬᠠᠳ ᠤ᠋ᠨ ᠡᠷᠳᠡᠨᠢ ᠶ᠋ᠢᠨ ᠰᠠᠭᠤᠷᠢ ᠶ᠋ᠢ ᠬᠠᠮᠠᠭᠠᠯᠠᠨ ᠰᠠᠬᠢᠬᠤ ᠡᠵᠡᠳ ᠬᠤᠪᠢᠯᠭᠠᠳ᠂ ᠡᠵᠡᠨ ᠳᠡᠭᠷᠢᠯᠢᠭ ᠢ ᠮᠢᠨᠦ ᠡᠷᠭᠦᠨ ᠲᠡᠳᠬᠦᠵᠦ ᠡᠪᠰᠡᠨ ᠬᠠᠪᠰᠤᠨ ᠬᠠᠮᠠᠭᠠᠯᠠᠬᠤ ᠪᠣᠯᠪᠠᠤ ! 》ᠭᠡᠮᠡᠨ ᠰᠠᠷᠬᠤᠳ ᠰᠠᠴᠤᠨ᠂ ᠠᠷᠢᠬᠢ ᠳᠤᠰᠠᠭᠠᠨ᠂ ᠲᠣᠰᠣ ᠮᠢᠯᠢᠶᠠᠨ ᠠᠷᠴᠢᠭᠤᠯᠤᠨ《ᠦᠨᠡᠨ ᠡᠵᠡᠨ ᠦ᠌ ᠥᠯᠵᠡᠢ ᠶ᠋ᠢ ᠥᠨᠳᠥᠷᠳᠡᠭᠦᠯᠲᠦᠭᠡᠢ ! 》ᠬᠡᠮᠡᠵᠦ᠂ ᠰᠠᠶᠢ ᠤᠬᠤᠷᠢᠨ ᠭᠠᠷᠴᠤ ᠢᠷᠡᠭᠡᠳ᠂ ᠸᠴᠢᠷ ᠲᠠᠪᠴᠠᠩ ᠤ᠋ᠨ ᠳᠥᠷᠪᠡᠨ ᠵᠣᠪᠬᠢᠰ ᠲᠤᠷ ᠡᠵᠡᠨ ᠢ᠋ ᠬᠠᠮᠠᠭᠠᠯᠠᠭᠴᠢ ᠳᠥᠷᠪᠡᠨ ᠬᠦᠯᠦᠭ ᠨᠣᠶᠠᠳ ᠤ᠋ᠨ ᠵᠢᠰᠢᠶᠠᠯᠠᠨ ᠡᠭᠡᠯᠵᠢᠯᠡᠵᠦ ᠰᠠᠬᠢᠵᠤ ᠬᠣᠨᠣᠬᠤ᠂ ᠳᠥᠷᠪᠡᠨ ᠳᠡᠭᠦᠦ ᠨᠣᠶᠠᠳ ᠤ᠋ᠨ ᠡᠳᠦᠷ ᠲᠡᠭᠡᠨ ᠢᠷᠡᠵᠦ ᠲᠦᠷ ᠰᠠᠭᠤᠬᠤ᠂ ᠨᠠᠢ᠍ᠮᠠᠨ ᠠᠩᠭᠢ ᠶᠡᠬᠡ ᠤᠯᠠᠭᠠᠨ ᠮᠠᠩᠨᠤᠭ ᠥᠷᠭᠥᠭᠡ ᠶ᠋ᠢ ᠵᠤᠨ ᠰᠡᠷᠢᠭᠦᠳᠬᠡᠨ ᠡᠪᠦᠯ ᠳᠤᠯᠠᠭᠠᠳᠬᠠᠬᠤ ᠶ᠋ᠢ ᠬᠤᠪᠢ ᠶ᠋ᠢᠨ ᠭᠠᠳᠠᠨ᠎ᠠ ᠨᠢᠭᠲᠠᠯᠠᠨ ᠪᠡᠯᠡᠳᠬᠡᠵᠦᠬᠦᠢ᠃ ᠳᠥᠷᠪᠡᠨ ᠪᠠᠭ᠎ᠠ ᠡᠵᠡᠳ ᠵᠡᠷᠭᠡᠴᠡᠭᠰᠡᠨ ᠳᠥᠷᠪᠡᠨ ᠰᠢᠷ᠎ᠠ ᠴᠠᠷᠪᠠᠭᠲᠤ ᠤᠯᠠᠭᠠᠨ ᠮᠠᠩᠨᠤᠭ ᠥᠷᠭᠥᠭᠡ ᠶ᠋ᠢ ᠳᠡᠳ᠋ ᠳᠡᠭᠲᠡᠷ ᠦ᠋ᠨ ᠡᠮᠦᠨ᠎ᠡ ᠲᠠᠯ᠎ᠠ ᠳ᠋ᠤᠷ ᠡᠮᠦᠨᠡᠰᠢ ᠬᠠᠨᠳᠤᠭᠤᠯᠤᠨ ᠵᠡᠷᠭᠡᠯᠡᠭᠦᠯᠦᠨ ᠵᠢᠭᠰᠠᠭᠠᠨ ᠪᠠᠷᠢᠭᠠᠳ᠂ ᠮᠥᠨ ᠬᠦ᠌ ᠶᠢᠰᠦᠨ ᠥᠩᠭᠡ ᠶ᠋ᠢᠨ ᠲᠤᠭ ᠳᠠᠯᠪᠠᠭ᠎ᠠ᠂ ᠰᠢᠬᠦᠷ ᠬᠢᠭᠢᠷᠢ ᠪᠡᠷ ᠲᠣᠭᠣᠷᠢᠭᠤᠯᠵᠤᠬᠤᠢ᠃ ᠭᠤᠲᠠᠭᠠᠷ ᠳᠡᠭᠲᠡᠷ ᠦ᠋ᠨ ᠶᠢᠰᠦᠨ ᠲᠠᠯ᠎ᠠ ᠳ᠋ᠤᠷ ᠶᠢᠰᠦᠨ ᠮᠡᠩᠭᠡ ᠶ᠋ᠢᠨ ᠶᠢᠰᠦᠨ ᠥᠩᠭᠡ ᠶ᠋ᠢᠨ ᠶᠡᠬᠡ ᠲᠤᠭ᠂ ᠶᠡᠬᠡ ᠴᠠᠴᠠᠷ᠂ ᠶᠡᠬᠡ ᠰᠢᠭᠦᠷ᠂ ᠶᠡᠬᠡ ᠳᠠᠯᠪᠠᠭ᠎ᠠ᠂ ᠲᠤᠰ ᠲᠤᠰ ᠤ᠋ᠨ ᠲᠤᠭ ᠳᠠᠯᠪᠠᠭ᠎ᠠ ᠶ᠋ᠢᠨ ᠥᠩᠭᠡ ᠥᠩᠭᠡ ᠪᠡᠨ ᠳᠠᠭᠠᠵᠤ ᠶᠢᠰᠦᠨ ᠶᠡᠬᠡ ᠡᠩ ᠦ᠋ᠨ ᠲᠡᠷᠢᠭᠦᠯᠡᠭᠴᠢ ᠨᠣᠶᠠᠳ ᠤ᠋ᠨ ᠶᠢᠰᠦᠨ ᠥᠩᠭᠡ ᠶ᠋ᠢᠨ ᠮᠠᠩᠨᠤᠭ ᠥᠷᠭᠥᠭᠡ ᠶ᠋ᠢᠨ ᠶᠢᠰᠦᠨ ᠶᠡᠬᠡ ᠰᠢᠬᠦᠷ ᠲᠤᠭ ᠤ᠋ᠨ ᠥᠩᠭᠡ ᠥᠩᠭᠡ ᠪᠡᠨ ᠲᠠᠭᠠᠯᠴᠠᠨ᠂ ᠳᠠᠯᠪᠠᠭ᠎ᠠ ᠬᠢᠭᠢᠷᠢ᠂ ᠲᠤᠸᠠᠽᠠ ᠴᠢᠮᠡᠭ ᠢ᠋ ᠶᠢᠰᠦ ᠶᠢᠰᠦ ᠨᠠᠶᠠᠨ ᠨᠢᠭᠡ ᠪᠡᠷ ᠵᠢᠭᠰᠠᠭᠠᠨ ᠲᠣᠭᠣᠷᠢᠭᠤᠯᠵᠤ᠂ ᠳᠡᠭᠡᠳᠦ ᠳᠡᠭᠲᠡᠷ ᠦ᠋ᠨ ᠥᠩᠭᠡ ᠶ᠋ᠢ ᠵᠠᠯᠭᠠᠯᠳᠤᠭᠤᠯᠤᠨ ᠵᠢᠭᠰᠠᠭᠠᠵᠤ᠂ ᠳᠣᠷᠣᠭᠰᠢ ᠳᠥᠷᠪᠡᠳᠦᠭᠡᠷ ᠳᠡᠭᠲᠡᠷ ᠲᠣᠷ ᠮᠥᠨ ᠬᠦ᠌ ᠶᠢᠰᠦᠨ ᠡᠩ ᠦ᠋ᠨ ᠥᠩᠭᠡ ᠶᠦ᠍ᠭᠡᠨ ᠳᠠᠭᠠᠭᠰᠠᠨ᠂ ᠲᠤᠭ ᠰᠢᠬᠦᠷ ᠳᠠᠯᠪᠠᠭ᠎ᠠ ᠬᠢᠭᠢᠷᠢ᠂ ᠴᠠᠴᠠᠷ ᠲᠠᠭᠲᠤ ᠲᠠᠯ᠎ᠠ ᠪᠦᠷᠢ ᠳ᠋ᠦ᠍ᠷ ᠶᠢᠰᠦᠨ ᠪᠠᠭᠤᠳᠠᠯ ᠢ᠋ ᠭᠠᠳᠠᠭᠰᠢ ᠬᠠᠨᠳᠤᠭᠤᠯᠤᠨ ᠲᠡᠭᠰᠢᠯᠡᠨ ᠵᠢᠭᠰᠠᠭᠠᠵᠤ᠂ ᠳᠡᠭᠡᠳᠦ ᠵᠠᠮ ᠤ᠋ᠨ ᠪᠠᠭ᠎ᠠ ᠵᠠᠩᠵᠤᠨ ᠤ᠋ ᠲᠠᠢᠹᠦ᠋ ᠲᠦᠰᠢᠮᠡᠳ ᠦ᠋ᠨ ᠪᠠᠭᠤᠳᠠᠯ ᠢ᠋ ᠪᠡᠯᠡᠳᠬᠡᠵᠦᠬᠦᠢ᠃ ᠲᠡᠢᠨ ᠬᠦ᠌ ᠴᠥᠮ ᠡᠨᠡ ᠮᠡᠲᠦ ᠪᠡᠷ ᠳᠣᠷᠣᠭᠰᠢ ᠲᠠᠪᠤᠳᠤᠭᠠᠷ ᠳᠡᠭᠲᠡᠷ ᠲᠣᠷ ᠳᠤᠮᠳᠠᠳᠤ ᠵᠠᠮ ᠤ᠋ᠨ ᠪᠠᠭ᠎ᠠ ᠵᠠᠩᠵᠤᠨ ᠤ᠋ ᠲᠠᠢᠹᠦ᠋ ᠲᠦᠰᠢᠮᠡᠳ ᠦ᠋ᠨ ᠬᠦᠷᠢᠶ᠎ᠡ ᠪᠠᠭᠤᠳᠠᠯ ᠬᠣᠶᠠᠷ ᠬᠤᠪᠢ ᠢᠯᠡᠭᠦᠦ᠂ ᠵᠢᠷᠭᠤᠳᠤᠭᠠᠷ ᠳᠡᠭᠲᠡᠷ ᠵᠢᠷᠭᠤᠭᠠᠨ ᠰᠠᠢᠳ ᠤ᠋ᠳ ᠭᠡᠷ ᠦ᠋ᠨ ᠶᠡᠬᠡ ᠬᠣᠷᠢᠶ᠎ᠠ ᠪᠠᠭᠤᠳᠠᠯ ᠲᠠᠢ ᠪᠠᠭᠤᠵᠤ᠂ ᠲᠤᠭ ᠬᠢᠭᠢᠷᠢ ᠰᠢᠬᠦᠷ ᠳᠠᠯᠪᠠᠭ᠎ᠠ᠂ ᠥᠷᠭᠥᠭᠡ ᠮᠠᠢᠬᠠᠨ ᠴᠥᠮ ᠢ᠋ᠶ᠋ᠡᠷ ᠡᠩ ᠦ᠋ᠨ ᠲᠡᠷᠢᠭᠦᠨ ᠦ᠌ ᠥᠩᠭᠡ ᠪᠡᠨ ᠳᠠᠭᠠᠵᠤ᠂ ᠴᠡᠷᠢᠭ ᠦ᠋ᠨ ᠬᠤᠶᠠᠭ ᠳᠤᠭᠤᠯᠠᠭ᠎ᠠ᠂ ᠰᠠᠭᠠᠳᠠᠭ ᠬᠣᠷᠣᠮᠰᠠᠭ᠎ᠠ᠂ ᠳᠡᠪᠡᠯ ᠬᠤᠪᠴᠠᠳ ᠵᠠᠷ ᠵᠡᠪᠰᠡᠭ ᠦ᠋ᠨ ᠴᠢᠮᠡᠭ ᠮᠠᠨᠵᠢᠯᠭ᠎ᠠ᠂ ᠮᠠᠯᠠᠭ᠎ᠠ ᠶ᠋ᠢᠨ ᠵᠠᠯᠠᠭ᠎ᠠ᠂ ᠳᠤᠭᠤᠯᠠᠭ᠎ᠠ ᠶ᠋ᠢᠨ ᠰᠣᠨᠣᠪᠲᠤᠷ ᠥᠷᠪᠡᠯᠭᠡ᠂ ᠪᠥᠰ ᠣᠯᠪᠣᠭ ᠬᠣᠷᠮᠣᠢ᠂ ᠡᠮᠡᠭᠡᠯ ᠬᠠᠵᠠᠭᠠᠷ᠂ ᠭᠤᠲᠤᠯ ᠲᠦᠷᠡᠢ ᠳ᠋ᠦ᠍ᠷ ᠬᠦᠷᠲᠡᠯ᠎ᠡ ᠲᠡᠷᠡ ᠨᠢᠭᠡᠨ ᠡᠩ ᠦ᠋ᠨ ᠨᠢᠭᠡᠨ ᠥᠩᠭᠡ ᠶ᠋ᠢᠨ ᠥᠩᠭᠡ ᠶᠦ᠍ᠭᠡᠨ ᠳᠠᠭᠠᠵᠤ᠂ ᠳᠣᠷᠣᠭᠰᠢ ᠳᠣᠯᠣᠳᠤᠭᠠᠷ ᠳᠡᠭᠲᠡᠷ ᠲᠣᠷ ᠳᠣᠣᠷᠠᠲᠤ ᠬᠣᠷᠢᠶᠠᠨ ᠤ᠋ ᠭᠠᠳᠠᠭᠠᠳᠤ ᠵᠠᠮ ᠤ᠋ᠨ ᠪᠠᠭ᠎ᠠ ᠵᠠᠩᠵᠤᠨ ᠤ᠋ ᠲᠠᠢᠹᠦ᠋ ᠲᠦᠰᠢᠮᠡᠳ ᠦ᠋ᠨ ᠶᠡᠬᠡ ᠪᠠᠭᠤᠳᠠᠯ ᠪᠠᠭᠤᠷᠢ᠂ ᠪᠠᠰᠠ ᠬᠣᠶᠠᠷ ᠬᠤᠪᠢ ᠨᠡᠮᠡᠵᠦ᠂ ᠶᠡᠬᠡ ᠪᠣᠯᠭᠠᠨ ᠤᠯᠠᠷᠢᠭᠤᠯᠤᠨ᠂ ᠨᠠᠢ᠍ᠮᠠᠳᠤᠭᠠᠷ ᠳᠡᠭᠲᠡᠷ ᠲᠣᠷ ᠡᠩ ᠪᠦᠷᠢ ᠶ᠋ᠢᠨ ᠵᠠᠩᠵᠤᠨ ᠴᠡᠷᠢᠭ ᠦ᠋ᠨ ᠳᠠᠷᠤᠭ᠎ᠠ ᠨᠠᠷ ᠤ᠋ᠨ ᠴᠠᠴᠠᠷ ᠮᠠᠢᠬᠠᠨ ᠥᠷᠭᠥᠭᠡ ᠪᠠᠭᠤᠳᠠᠯ ᠲᠤᠭ ᠳᠠᠯᠪᠠᠭ᠎ᠠ ᠪᠠᠰᠠ ᠭᠤᠷᠪᠠᠨ ᠬᠤᠪᠢ ᠨᠡᠮᠡᠵᠦ ᠪᠠᠢᠷᠢᠯᠠᠨ ᠵᠢᠭᠰᠠᠭᠠᠵᠤ᠂ ᠵᠡᠷᠭᠡᠯᠡᠭᠦᠯᠦᠨ ᠲᠡᠭᠰᠢᠯᠡᠵᠦ ᠪᠠᠭᠤᠭᠠᠳ ᠶᠢᠰᠦᠳᠦᠭᠡᠷ ᠳᠡᠭᠳᠡᠷᠡ᠂ ᠶᠢᠰᠦᠨ ᠡᠩ ᠦ᠋ᠨ ᠮᠠᠨᠳᠠᠯ ᠢ᠋ ᠬᠠᠮᠠᠭᠠᠯᠠᠭᠴᠢ ᠰᠢᠳᠠᠷ ᠴᠡᠷᠢᠭ ᠲᠠᠯ᠎ᠠ ᠪᠦᠷᠢ ᠳ᠋ᠦ᠍ ᠶᠢᠰᠦᠨ ᠪᠠᠭ ᠤ᠋ᠨ ᠬᠦᠷᠢᠶ᠎ᠡ᠂ ᠶᠢᠰᠦᠨ ᠲᠠᠯ᠎ᠠ ᠶ᠋ᠢᠨ ᠨᠠᠶᠠᠨ ᠨᠢᠭᠡᠨ ᠬᠦᠷᠢᠶ᠎ᠡ᠂ ᠬᠦᠷᠢᠶ᠎ᠡ ᠪᠦᠷᠢ ᠨᠢᠭᠡᠨ ᠶᠡᠬᠡ ᠲᠤᠭ᠂ ᠶᠢᠰᠦᠨ ᠶᠡᠬᠡ ᠳᠠᠯᠪᠠᠭ᠎ᠠ ᠬᠣᠷᠢᠨ ᠨᠠᠢ᠍ᠮᠠᠨ ᠪᠣᠰᠤᠭ᠎ᠠ ᠬᠢᠭᠢᠷᠢ ᠵᠢᠭᠰᠠᠭᠠᠨ ᠵᠡᠷᠭᠡᠯᠡᠨ ᠪᠠᠢᠷᠢᠯᠠᠵᠤᠬᠤᠢ᠂ ᠲᠤᠢᠯ ᠤ᠋ᠨ ᠳᠡᠭᠡᠳᠦ ᠸᠴᠢᠷ ᠮᠠᠨᠳᠠᠯ ᠢ ᠬᠠᠮᠠᠭᠠᠯᠠᠬᠤ ᠨᠣᠶᠠᠳ ᠲᠦᠰᠢᠮᠡᠳ ᠦ᠋ᠨ ᠬᠡᠦᠬᠡᠳ ᠲᠡᠭᠦᠳᠡᠷ ᠦ᠋ᠨ ᠰᠢᠳᠠᠷ ᠴᠡᠷᠢᠭ ᠨᠢᠭᠡᠨ ᠵᠠᠭᠤᠨ ᠶᠡᠷᠡᠨ ᠶᠢᠰᠦᠨ ᠬᠥᠮᠦᠨ᠂ ᠳᠡᠳ᠋ ᠳᠡᠭᠲᠡᠷ ᠦ᠋ᠨ ᠬᠣᠶᠠᠷ ᠵᠠᠭᠤᠨ ᠶᠡᠷᠡᠨ ᠶᠢᠰᠦᠨ ᠴᠡᠷᠢᠭ᠂ ᠭᠤᠲᠠᠭᠠᠷ ᠳᠡᠭᠲᠡᠷ ᠦ᠋ᠨ ᠭᠤᠷᠪᠠᠨ ᠵᠠᠭᠤᠨ ᠶᠡᠷᠡᠨ ᠶᠢᠰᠦᠨ ᠴᠡᠷᠢᠭ᠂ ᠳᠥᠲᠥᠭᠡᠷ ᠳᠡᠭᠲᠡᠷ ᠦ᠋ᠨ ᠳᠥᠷᠪᠡᠨ ᠵᠠᠭᠤᠨ ᠶᠡᠷᠡᠨ ᠶᠢᠰᠦᠨ ᠴᠡᠷᠢᠭ᠂ ᠲᠠᠪᠤᠳᠤᠭᠠᠷ ᠳᠡᠭᠲᠡᠷ ᠦ᠋ᠨ ᠲᠠᠪᠤᠨ ᠵᠠᠭᠤᠨ ᠶᠡᠷᠡᠨ ᠶᠢᠰᠦᠨ ᠴᠡᠷᠢᠭ᠂ ᠵᠢᠷᠭᠤᠳᠤᠭᠠᠷ ᠳᠡᠭᠲᠡᠷ ᠦ᠋ᠨ ᠵᠢᠷᠭᠤᠭᠠᠨ ᠵᠠᠭᠤᠨ ᠶᠡᠷᠡᠨ ᠶᠢᠰᠦᠨ ᠴᠡᠷᠢᠭ᠂ ᠳᠣᠯᠣᠳᠤᠭᠠᠷ ᠳᠡᠭᠲᠡᠷ ᠦ᠋ᠨ ᠳᠣᠯᠣᠭᠠᠨ ᠵᠠᠭᠤᠨ ᠶᠡᠷᠡᠨ ᠶᠢᠰᠦᠨ ᠴᠡᠷᠢᠭ᠂ ᠨᠠᠢ᠍ᠮᠠᠳᠤᠭᠠᠷ ᠳᠡᠭᠲᠡᠷ ᠦ᠋ᠨ ᠨᠠᠢ᠍ᠮᠠᠨ ᠵᠠᠭᠤᠨ ᠶᠡᠷᠡᠨ ᠶᠢᠰᠦᠨ ᠴᠡᠷᠢᠭ᠂ ᠶᠢᠰᠦᠳᠦᠭᠡᠷ ᠳᠡᠭᠲᠡᠷ ᠦ᠋ᠨ ᠶᠢᠰᠦᠨ ᠵᠠᠭᠤᠨ ᠶᠡᠷᠡᠨ ᠶᠢᠰᠦᠨ ᠴᠡᠷᠢᠭ᠂ ᠳᠤᠮᠳᠠᠳᠤ ᠬᠦᠢᠰᠦ ᠶ᠋ᠢᠨ ᠶᠢᠰᠦᠨ ᠬᠣᠲᠠ ᠶ᠋ᠢᠨ ᠨᠡᠢᠲᠡ ᠶᠢᠰᠦᠨ ᠮᠢᠩᠭᠠᠨ ᠶᠡᠷᠡᠨ ᠶᠢᠰᠦᠨ ᠴᠡᠷᠢᠭ᠂ ᠳᠤᠮᠳᠠᠳᠤ ᠤᠨᠢᠭᠤᠯ ᠬᠣᠲᠠ ᠪᠠ ᠭᠠᠳᠠᠭᠠᠳᠤ ᠬᠠᠮᠤᠭ ᠤ᠋ᠨ ᠭᠠᠳᠠᠭᠤᠷ ᠲᠣᠭᠣᠷᠢᠭᠰᠠᠨ ᠠᠷᠪᠠᠨ ᠬᠣᠶᠠᠷ ᠬᠠᠭᠠᠯᠭᠠᠲᠤ ᠶᠡᠬᠡ ᠬᠣᠲᠠ ᠶ᠋ᠢᠨ ᠭᠠᠳᠠᠭᠰᠢ ᠬᠠᠨᠳᠤᠭᠰᠠᠨ ᠬᠣᠶᠠᠷ ᠮᠥᠷ ᠦ᠋ᠨ ᠴᠡᠷᠢᠭ ᠲᠡᠢ ᠨᠡᠢᠲᠡ ᠪᠦᠭᠦᠳᠡᠭᠡᠷ ᠶᠢᠰᠦᠨ ᠲᠦᠮᠡᠨ ᠶᠢᠰᠦᠨ ᠮᠢᠩᠭᠠᠨ ᠶᠢᠰᠦᠨ ᠵᠠᠭᠤᠨ ᠶᠡᠷᠡᠨ ᠶᠢᠰᠦᠨ ᠴᠡᠷᠢᠭ᠂ ᠡᠨᠡ ᠢᠨᠣ ᠭᠠᠭᠴᠠ ᠬᠦ᠌ ᠡᠵᠡᠨ ᠦ᠌ ᠨᠢᠭᠡᠬᠡᠨ ᠬᠥᠮᠦᠨ ᠢ᠋ ᠡᠷᠬᠢᠮᠯᠡᠨ ᠬᠦᠨᠳᠦᠯᠡᠵᠦ ᠡᠷᠢᠨ ᠬᠦᠰᠡᠯᠴᠡᠭᠰᠡᠨ ᠰᠠᠨᠠᠭᠠᠨ ᠪᠤᠶᠤ᠃
ᠡᠭᠦᠨᠴᠡ ᠭᠠᠳᠠᠨ᠎ᠠ ᠳᠥᠷᠪᠡᠨ ᠵᠦᠭ ᠳᠥᠷᠪᠡᠨ ᠵᠠᠭᠤᠨ ᠭᠠᠵᠠᠷ ᠤ᠋ᠨ ᠳᠣᠲᠣᠷ᠎ᠠ᠂ ᠶᠢᠰᠦᠨ ᠡᠩ ᠦ᠋ᠨ ᠥᠩᠭᠡ ᠪᠡᠷ ᠥᠩᠭᠡᠯᠡᠭᠰᠡᠨ ᠳᠠᠯᠠᠨ ᠲᠠᠪᠤᠨ ᠠᠢᠮᠠᠭ ᠢ᠋ ᠳᠠᠯᠠᠨ ᠬᠣᠶᠠᠷ ᠬᠤᠪᠢ ᠶ᠋ᠢᠨ ᠬᠣᠷᠣᠭ᠎ᠠ ᠪᠠᠭᠤᠷᠢ ᠪᠣᠯᠭᠠᠨ ᠬᠤᠪᠢᠶᠠᠵᠤ᠂ ᠳᠠᠯᠠᠨ ᠬᠣᠶᠠᠷ ᠭᠠᠵᠠᠷ ᠤ᠋ᠨ ᠭᠠᠷᠠᠭ ᠪᠣᠯᠭᠠᠨ ᠣᠷᠣᠰᠢᠭᠤᠯᠤᠨ ᠵᠣᠬᠢᠶᠠᠭᠰᠠᠨ ᠵᠠᠭᠤᠨ ᠲᠦᠮᠡᠨ ᠨᠡᠢᠭᠡᠮ ᠦ᠋ᠨ ᠤᠯᠤᠰ ᠤ᠋ᠨ ᠴᠡᠷᠢᠭ ᠢ ᠮᠥᠨ ᠬᠦ᠌ ᠶᠢᠰᠦᠨ ᠡᠩ ᠦ᠋ᠨ ᠶᠢᠰᠦᠨ ᠥᠩᠭᠡ ᠶ᠋ᠢᠨ ᠳᠣᠲᠣᠷ᠎ᠠ ᠬᠣᠷᠢᠶᠠᠨ ᠪᠠᠭᠲᠠᠭᠠᠵᠤᠬᠤᠢ᠃ ᠬᠣᠯᠠ ᠠ᠋ᠴᠠ ᠦᠵᠡᠪᠡᠰᠦ᠂ ᠶᠢᠰᠦᠨ ᠲᠠᠯᠠᠲᠤ ᠶᠢᠰᠦᠨ ᠥᠩᠭᠡ ᠶ᠋ᠢᠨ ᠴᠣᠭᠴᠠᠯᠠᠭᠰᠠᠨ ᠰᠦᠮᠪᠦᠷ ᠠᠭᠤᠯᠠ ᠮᠡᠲᠦ᠃ ᠳᠤᠮᠳᠠᠳᠤ ᠬᠦᠢᠰᠦ ᠶ᠋ᠢᠨ ᠸᠴᠢᠷ ᠮᠠᠨᠳᠠᠯ ᠤ᠋ᠨ ᠪᠠᠷᠠᠭᠤᠨ ᠬᠣᠢᠲᠤ᠂ ᠮᠥᠨ ᠬᠦ᠌ ᠬᠦᠢᠰᠦ ᠬᠣᠲᠠ ᠶ᠋ᠢᠨ ᠳᠣᠲᠣᠷ᠎ᠠ ᠥᠵᠢᠨ ᠡᠮᠡᠭᠡ ᠶ᠋ᠢᠨ ᠮᠠᠨᠳᠠᠯ ᠤ᠋ᠨ ᠣᠢᠷ᠎ᠠ᠂ ᠲᠠᠢᠽᠦ ᠶ᠋ᠢᠨ ᠶᠡᠷᠦ ᠶ᠋ᠢᠨ ᠡᠳᠦᠷ ᠦ᠋ᠨ ᠰᠤᠯᠠ ᠰᠡᠯᠭᠦᠬᠦ ᠶᠢᠰᠦᠨ ᠥᠩᠭᠡᠲᠦ ᠰᠣᠯᠣᠩᠭ᠎ᠠ ᠶ᠋ᠢᠨ ᠣᠷᠳᠣᠨ ᠪᠠᠭᠤᠳᠠᠯ᠃ ᠵᠠᠷᠢᠮ ᠡᠷᠭᠢᠭᠦᠦ ᠭᠡᠷ ᠦ᠋ᠨ ᠵᠠᠪᠰᠠᠷ ᠵᠠᠪᠰᠠᠷ᠎ᠠ ᠶ᠋ᠢᠨ ᠥᠪᠡᠷ ᠢ᠋ᠶ᠋ᠡᠨ ᠳᠡᠪᠠᠯᠭᠢᠯᠠᠬᠤ ᠪᠤᠯᠠᠭ ᠴᠥᠭᠥᠷᠥᠮ᠂ ᠲᠠᠯ᠎ᠠ ᠶ᠋ᠢᠨ ᠪᠤᠷᠭᠠᠰᠤ᠂ ᠬᠥᠭᠰᠢᠨ ᠠᠪᠤᠷᠭᠤ ᠨᠠᠷᠠᠰᠤ ᠲᠣᠬᠢᠶᠠᠯᠳᠤᠭᠰᠠᠨ ᠢ᠋ ᠠᠪᠤᠭᠤᠯᠤᠭᠰᠠᠨ ᠦᠭᠡᠢ ᠦᠯᠡᠳᠡᠭᠡᠵᠦ᠂ ᠵᠤᠨ ᠤ᠋ ᠬᠠᠯᠠᠭᠤᠨ᠎ᠠ ᠰᠡᠷᠢᠭᠦᠴᠡᠬᠦ᠂ ᠱᠠ ᠱᠣ ᠶ᠋ᠢᠨ ᠪᠦᠷᠬᠦᠮᠡᠯᠲᠦ ᠰᠡᠷᠢᠭᠦᠨ ᠥᠷᠭᠥᠭᠡ ᠶ᠋ᠢ ᠲᠠᠪᠤ ᠭᠤᠷᠪᠠᠨ ᠢ᠋ᠶ᠋ᠠᠷ ᠬᠦᠷᠢᠶᠡᠯᠡᠨ ᠲᠣᠭᠣᠷᠢᠭᠤᠯᠤᠨ ᠪᠠᠷᠢᠭᠰᠠᠨ ᠢ᠋ᠶ᠋ᠠᠷ ᠡᠮᠦᠨᠡᠲᠦ ᠭᠠᠵᠠᠷ ᠤ᠋ᠨ ᠴᠢᠯᠠᠭᠤ ᠲᠣᠭᠣᠰᠬ᠎ᠠ᠂ ᠵᠦᠩ ᠸᠠᠭᠠᠷ ᠤ᠋ᠨ ᠬᠦᠷᠢᠶᠡᠯᠡᠩ ᠡᠴᠡ ᠥᠪᠡᠷ᠎ᠡ ᠨᠢᠭᠡᠨ ᠵᠦᠢᠯ ᠦ᠋ᠨ ᠰᠢᠮ᠎ᠡ ᠠᠮᠲᠠᠲᠠᠢ ᠪᠥᠭᠡᠳ ᠠᠮᠢᠳᠤ ᠠᠮᠢᠰᠬᠤᠯ ᠶᠠᠷᠠᠨᠳᠠᠭᠠᠨ ᠢᠷᠡᠬᠦ ᠰᠢᠷᠣᠢ ᠡᠪᠡᠰᠦ ᠂ ᠪᠤᠯᠠᠭ ᠳᠡᠪᠡᠯᠦᠯ ᠦ᠋ᠨ ᠲᠤᠩᠭᠠᠯᠠᠭ ᠰᠠᠢᠬᠠᠨ ᠠᠩᠬᠢᠯᠤᠮᠠᠯ ᠲᠠᠭᠠᠯᠠᠮᠵᠢᠲᠤ ᠦᠨᠦᠷ ᠰᠦ᠋ᠷᠴᠢᠯᠲᠡᠲᠡᠢ᠃
ᠵᠢᠴᠢ ᠤᠯᠤᠰ ᠤ᠋ᠨ ᠡᠮᠡᠭᠡ ᠪᠠ ᠤᠯᠤᠰ ᠤ᠋ᠨ ᠡᠬᠡ ᠶ᠋ᠢᠨ ᠣᠷᠳᠣᠨ ᠬᠦᠷᠢᠶᠡᠯᠡᠩ ᠲᠡᠢ ᠵᠢᠷᠭᠤᠭᠠᠨ ᠮᠠᠨᠳᠠᠯ ᠤ᠋ᠨ ᠭᠤᠷᠪᠠᠨ ᠳᠡᠭᠲᠡᠷ ᠭᠤᠷᠪᠠᠨ ᠳᠠᠪᠬᠤᠷ ᠭᠣᠣᠯ ᠥᠷᠭᠥᠭᠡ᠂ ᠨᠣᠢᠷᠰᠤᠬᠤ ᠥᠷᠭᠥᠭᠡ᠂ ᠴᠠᠪ ᠵᠣᠭᠣᠭ ᠠᠪᠬᠤ ᠥᠷᠭᠥᠭᠡ ᠳ᠋ᠦ᠍ᠷ ᠬᠦᠷᠲᠡᠯ᠎ᠡ ᠴᠥᠮ ᠢ᠋ᠶ᠋ᠡᠷ ᠠᠯᠳᠠᠮᠠᠯ ᠣᠷᠣᠢ᠂ ᠰᠤᠪᠤᠳ ᠰᠢᠭᠢᠳᠬᠡᠮᠡᠯ᠂ ᠤᠰᠤᠨ ᠪᠣᠯᠣᠷ᠂ ᠠᠯᠮᠠᠰ ᠡᠷᠳᠡᠨᠢ ᠶ᠋ᠢᠨ ᠸᠴᠢᠷ ᠦᠵᠦᠭᠦᠷᠲᠦ ᠰᠢᠷ᠎ᠠ ᠯᠤᠤᠲᠤ ᠮᠠᠩᠨᠤᠭ᠂ ᠳᠣᠲᠣᠷ᠎ᠠ ᠭᠠᠳᠠᠷ ᠠᠨᠤ ᠬᠠᠭᠠᠨ ᠥᠷᠭᠥᠭᠡ ᠶ᠋ᠢᠨ ᠦᠢᠯᠡᠳᠦᠯ ᠯᠦ᠍ᠭᠡ ᠨᠢᠭᠡᠨ ᠠᠳᠠᠯᠢ ᠪᠣᠯᠪᠠᠴᠤ᠂ ᠥᠷᠭᠥᠭᠡ ᠶ᠋ᠢᠨ ᠥᠨᠳᠥᠷ ᠪᠠ ᠠᠭᠤᠳᠠᠮ ᠠᠨᠤ ᠲᠡᠢᠮᠦ ᠶᠡᠬᠡ᠂ ᠲᠡᠢᠮᠦ ᠭᠦᠨ ᠪᠤᠰᠤ᠃ ᠰᠤᠯᠠ ᠥᠷᠭᠥᠭᠡ᠂ ᠴᠠᠴᠠᠷ᠂ ᠲᠠᠭᠲᠤ᠂ ᠳᠠᠪᠬᠤᠷᠯᠢᠭ ᠠᠨᠤ ᠮᠥᠨ ᠬᠦ᠌ ᠲᠠᠢᠽᠦ ᠶ᠋ᠢᠨ ᠰᠤᠯᠠ ᠰᠡᠯᠭᠦᠬᠦ ᠬᠦᠷᠢᠶ᠎ᠡ ᠯᠦ᠍ᠭᠡ ᠨᠢᠭᠡᠨ ᠠᠳᠠᠯᠢ᠃ ᠡᠨᠡ ᠵᠢᠷᠭᠤᠭᠠᠨ ᠠᠩᠭᠢ ᠶ᠋ᠢᠨ ᠳᠣᠲᠣᠷ᠎ᠠ ᠭᠦᠩᠵᠦ ᠶ᠋ᠢᠨ ᠣᠷᠳᠣᠨ᠂ ᠤᠷᠤᠭ ᠬᠣᠯᠪᠣᠬᠤ ᠣᠷᠳᠣᠨ᠂ ᠬᠥᠩᠭᠡᠵᠢᠨ ᠪᠠᠶᠠᠷᠯᠠᠬᠤᠢ ᠶ᠋ᠢᠨ ᠣᠷᠳᠣᠨ᠂ ᠬᠠᠭᠤᠴᠢᠨ ᠤᠭᠰᠠᠭ᠎ᠠ ᠤᠷᠤᠭ ᠤ᠋ᠳ ᠢ᠋ ᠡᠷᠭᠦᠮᠵᠢᠯᠡᠨ ᠪᠠᠭᠤᠯᠭᠠᠬᠤᠢ ᠶ᠋ᠢᠨ ᠣᠷᠳᠣᠨ – ᠡᠨᠡ ᠳᠥᠷᠪᠡᠨ ᠣᠷᠳᠣᠨ᠂ ᠲᠡᠷᠡ ᠵᠢᠷᠭᠤᠭᠠᠨ ᠤᠷᠲᠣᠨ᠎ᠠ ᠪᠠᠰᠠ ᠣᠷᠣᠬᠤ ᠦᠭᠡᠢ᠂ ᠲᠡᠷᠡ ᠵᠢᠷᠭᠤᠭᠠᠨ ᠣᠷᠳᠣᠨ᠂ ᠳᠡᠭᠡᠳᠦ ᠲᠥᠪ ᠦ᠋ᠨ ᠭᠤᠷᠪᠠᠨ ᠲᠩᠷᠢᠯᠢᠭ ᠣᠷᠳᠣᠨ᠂ ᠪᠠᠰᠠ ᠸᠴᠢᠷ ᠮᠠᠨᠳᠠᠯ ᠤ᠋ᠨ ᠬᠠᠭᠠᠨ ᠤᠷᠲᠤ ᠳ᠋ᠤᠷ ᠮᠥᠨ ᠣᠷᠣᠬᠤ ᠦᠭᠡᠢ ᠪᠤᠶᠤ᠃ ᠡᠨᠡ ᠢᠨᠤ ᠲᠡᠭᠷᠢ ᠶ᠋ᠢᠨ ᠬᠥᠪᠡᠭᠦᠨ ᠦ᠌ ᠪᠡᠶ᠎ᠡ ᠴᠥᠮ ᠬᠦᠷᠴᠦ ᠪᠣᠯᠤᠮᠤᠢ᠃ ᠡᠨᠡ ᠠᠷᠪᠠᠨ ᠨᠠᠢ᠍ᠮᠠᠨ ᠠᠩᠭᠢ ᠶ᠋ᠢ ᠲᠣᠪᠴᠢᠯᠠᠨ ᠲᠣᠭᠠᠴᠢᠵᠤ ᠶᠡᠬᠡ ᠲᠥᠯᠥᠪ ᠲᠢᠭ ᠢ ᠣᠷᠣ ᠶ᠋ᠢᠨ ᠲᠡᠳᠦᠢ ᠳᠤᠷᠠᠳᠴᠤ ᠲᠤᠭᠤᠷᠪᠢᠨ ᠪᠦᠷᠢᠳᠬᠡᠨ ᠬᠡᠯᠡᠭᠰᠡᠨ ᠪᠤᠶᠤ᠃ ᠡᠭᠦᠨᠴᠡ ᠭᠠᠳᠠᠨ᠎ᠠ᠂ ᠲᠠᠪᠤᠨ ᠠᠩᠭᠢ ᠶ᠋ᠢᠨ ᠲᠠᠢᠽᠢ᠂ ᠲᠠᠢᠪᠤᠤ᠂ ᠭᠤᠷᠪᠠᠨ ᠳᠡᠰ ᠦ᠋ᠨ ᠲᠠᠢᠹᠦ᠋ ᠲᠦᠰᠢᠮᠡᠳ᠂ ᠠᠷᠪᠠᠨ ᠬᠣᠶᠠᠷ ᠬᠣᠷᠢᠶ᠎ᠠ ᠶ᠋ᠢᠨ ᠬᠣᠷᠢᠨ ᠳᠥᠷᠪᠡᠨ ᠭᠤᠯᠳᠤᠩ᠂ ᠬᠣᠷᠢᠨ ᠨᠠᠢ᠍ᠮᠠᠨ ᠠᠰᠠᠷᠲᠤ ᠬᠣᠷᠣᠭ᠎ᠠ ᠭᠤᠴᠢᠨ ᠵᠢᠷᠭᠤᠭᠠᠨ ᠪᠠᠭᠠᠲᠤᠳ ᠤ᠋ᠨ ᠭᠡᠷ ᠬᠣᠲᠠ᠃ ᠳᠠᠯᠠᠨ ᠬᠣᠶᠠᠷ ᠠᠢᠮᠠᠭ ᠤ᠋ᠨ ᠡᠵᠡᠳ ᠦ᠋ᠨ ᠰᠢᠬᠦᠷᠲᠦ ᠪᠠᠭᠤᠳᠠᠯ ᠠ᠋ᠴᠠ ᠳᠠᠷᠠᠭᠠᠯᠠᠨ ᠨᠡᠢᠲᠡ ᠪᠦᠭᠦᠳᠡᠭᠡᠷ ᠦ᠋ᠨ ᠨᠡᠷᠡᠲᠦ ᠶᠡᠬᠡ ᠲᠤᠭᠲᠤ ᠭᠠᠳᠠᠭᠠᠳᠤ ᠬᠡᠴᠡ ᠵᠠᠭᠠᠭ ᠤ᠋ᠨ ᠳᠣᠲᠣᠷ᠎ᠠ ᠤᠯᠤᠰ ᠤ᠋ᠨ ᠬᠣᠲᠠᠯᠠᠭᠠᠷ ᠤ᠋ᠨ ᠬᠣᠷᠣᠭ᠎ᠠ᠂ ᠬᠤᠲᠠᠯᠢᠭ᠋ ᠬᠣᠷᠢᠶ᠎ᠠ ᠬᠦᠷᠢᠶ᠎ᠡ᠂ ᠪᠠᠭᠤᠳᠠᠯ ᠨᠡᠭᠦᠳᠡᠯ᠂ ᠰᠠᠭᠤᠷᠢ ᠪᠠᠭᠤᠷᠢ ᠲᠠᠢ ᠶᠡᠬᠡ ᠪᠠᠭ᠎ᠠ ᠪᠦᠬᠦᠨ ᠢ᠋ ᠨᠡᠢᠯᠡᠭᠦᠯᠦᠭᠡᠳ᠂ ᠶᠢᠰᠦᠨ ᠲᠦᠮᠡᠨ ᠶᠢᠰᠦᠨ ᠮᠢᠩᠭᠠᠨ ᠶᠢᠰᠦᠨ ᠵᠠᠭᠤᠨ ᠶᠡᠷᠡᠨ ᠶᠢᠰᠦᠨ ᠲᠤᠭ ᠢ ᠲᠣᠭᠣᠷᠢᠭᠤᠯᠵᠤ ᠵᠣᠬᠢᠶᠠᠭᠰᠠᠨ ᠠᠨᠤ ᠪᠠᠰᠠ ᠬᠦ᠌ ᠨᠢᠭᠡᠬᠡᠨ ᠡᠵᠡᠨ ᠦ᠌ ᠬᠣᠲᠠ ᠬᠦᠷᠢᠶᠡᠯᠡᠩ ᠦ᠋ᠨ ᠨᠢᠭᠡᠬᠡᠨ ᠢ᠋ ᠡᠷᠬᠢᠯᠡᠨ ᠬᠦᠰᠡᠵᠦ᠂ ᠡᠷᠭᠦᠨ ᠬᠦᠨᠳᠦᠯᠡᠬᠦᠢ ᠶ᠋ᠢᠨ ᠲᠣᠪᠴᠢᠶ᠎ᠠ ᠲᠡᠮᠳᠡᠭ ᠦ᠋ᠨ ᠲᠣᠭ᠎ᠠ ᠪᠣᠢ ᠢ᠎ᠡ ᠂ ᠦᠨᠡᠬᠡᠷ ᠡᠷᠦᠬᠡ ᠪᠠᠭᠤᠳᠠᠯ ᠤ᠋ᠨ ᠦᠨᠡᠨ ᠲᠣᠭ᠎ᠠ ᠶ᠋ᠢ ᠠᠪᠤᠪᠠᠰᠤ ᠤᠭ ᠠ᠋ᠴᠠ ᠪᠠᠢᠭᠰᠠᠨ ᠨᠢᠭᠡᠨ ᠶᠡᠬᠡ ᠪᠸᠲ᠋ᠠ᠋ ᠤᠯᠤᠰ᠂ ᠪᠠᠰᠠ ᠳᠥᠴᠢᠨ ᠵᠢᠯ ᠪᠠᠢᠯᠳᠤᠵᠤ ᠬᠤᠷᠢᠶᠠᠭᠰᠠᠨ᠂ ᠳᠠᠯᠠᠨ ᠲᠠᠪᠤᠨ ᠠᠢᠮᠠᠭ ᠤᠯᠤᠰ ᠤ᠋ᠳ ᠤ᠋ᠨ ᠬᠦᠷᠢᠶ᠎ᠡ ᠪᠠᠭᠤᠳᠠᠯ ᠤ᠋ᠨ ᠲᠣᠭ᠎ᠠ ᠬᠡᠮᠵᠢᠶ᠎ᠡ ᠶ᠋ᠢ ᠠᠪᠤᠪᠠᠰᠤ᠂ ᠣᠷᠴᠢᠨ ᠲᠣᠭᠣᠷᠢᠨ ᠲᠦᠮᠡ ᠰᠢᠬᠠᠮ ᠭᠠᠵᠠᠷ ᠤ᠋ᠨ ᠳᠣᠲᠣᠷᠠᠬᠢ ᠶ᠋ᠢ ᠲᠣᠭ᠎ᠠ ᠠᠪᠤᠪᠠᠰᠤ᠂ ᠬᠡᠳᠦᠢᠴᠢᠨᠡᠭᠡᠨ ᠵᠠᠭᠤᠨ ᠵᠠᠭᠤᠨ ᠤ᠋ ᠲᠦᠮᠡᠨ ᠢ᠋ᠶ᠋ᠡᠷ ᠬᠡᠯᠡᠯᠴᠡᠬᠦ ᠪᠣᠢ ᠢ᠎ᠡ᠂ ᠶᠢᠰᠦᠬᠡᠨ ᠲᠦᠮᠡᠨ ᠢ᠋ᠶ᠋ᠡᠷ ᠬᠡᠯᠡᠪᠡᠰᠦ ᠶᠠᠮᠪᠠᠷ ᠤᠯᠤᠰ ᠬᠡᠮᠡᠬᠦ ᠠᠵᠢ? ᠵᠡᠭᠦᠨ ᠡᠮᠦᠨ᠎ᠡ ᠵᠠᠬ᠎ᠠ ᠶ᠋ᠢᠨ ᠭᠠᠤᠯᠢ ᠤᠯᠤᠰ ᠢ᠋ ᠲᠡᠷᠡ ᠦᠶ᠎ᠡ ᠳ᠋ᠦ᠍ᠷ ᠰᠣᠯᠣᠩᠭ᠎ᠠ ᠤᠯᠤᠰ ᠬᠡᠮᠡᠮᠦᠢ᠃ ᠴᠢᠬᠡ ᠵᠡᠭᠦᠨ ᠢᠨᠤ ᠬᠠᠷ᠎ᠠ ᠮᠥᠷᠡᠨ᠂ ᠵᠡᠭᠦᠨ ᠬᠣᠢᠲᠤ ᠢᠨᠤ ᠬᠣᠢᠲᠤ ᠳᠠᠯᠠᠢ᠂ ᠴᠢᠬᠡ ᠬᠣᠢᠲᠤ ᠠᠨᠤ ᠣᠷᠣᠰ ᠤᠯᠤᠰ᠂ ᠪᠠᠷᠠᠭᠤᠨ ᠬᠣᠢᠲᠤ ᠢᠨᠤ ᠪᠠᠰᠠ ᠣᠷᠣᠰ ᠤᠯᠤᠰ᠂ ᠴᠢᠬᠡ ᠪᠠᠷᠠᠭᠤᠨ ᠠᠨᠤ ᠲᠥᠪᠡᠳ ᠦ᠋ᠨ ᠬᠣᠢᠲᠤ ᠠᠬᠤ ᠬᠠᠰᠠᠭ ᠤᠯᠤᠰ᠂ ᠪᠣᠷᠤᠢᠳ ᠤᠯᠤᠰ᠂ ᠤᠢᠭᠤᠷ ᠤᠯᠤᠰ᠂ ᠪᠠᠷᠠᠭᠤᠨ ᠡᠮᠦᠨ᠎ᠡ ᠢᠨᠤ ᠲᠥᠪᠡᠳ ᠦ᠋ᠨ ᠮᠥᠩᠬᠡ ᠵᠣᠣ ᠬᠢᠭᠡᠳ ᠷᠠᠰᠢᠯᠾᠥ᠋ᠮᠪᠤ᠂ ᠶᠠᠷᠯᠥ᠋ᠩᠰᠠᠩᠪᠤ ᠮᠥᠷᠡᠨ᠂ ᠡᠮᠦᠨ᠎ᠡ ᠪᠡᠶ᠎ᠡ ᠭᠠᠨ ᠰᠦ᠍ ᠶ᠋ᠢᠨ ᠴᠠᠭᠠᠨ ᠬᠡᠷᠡᠮ᠂ ᠵᠡᠭᠦᠨ ᠡᠮᠦᠨ᠎ᠡ ᠱᠠᠨ ᠰᠢ᠂ ᡁᠢ ᠯᠢ ᠶ᠋ᠢᠨ ᠴᠠᠭᠠᠨ ᠬᠡᠷᠡᠮ᠂ ᠡᠭᠦᠨᠦ ᠳᠣᠲᠣᠷᠠᠬᠢ ᠭᠠᠵᠠᠷ ᠢ᠋ ᠪᠦᠬᠦᠯᠢ ᠪᠡᠷ ᠡᠵᠡᠯᠡᠭᠰᠡᠨ ᠢ᠋ ᠪᠢᠴᠢᠭ ᠠᠢᠯᠠᠳᠬᠤ ᠮᠡᠷᠭᠡᠳ ᠢ᠋ᠶ᠋ᠡᠷ ᠥᠪᠡᠷ ᠢ᠋ᠶ᠋ᠡᠨ ᠶᠡᠬᠡ ᠪᠠᠷᠤᠭ ᠢ᠋ ᠪᠠᠷᠤᠭᠯᠠᠨ ᠮᠡᠳᠡᠵᠦ᠂ ᠬᠢᠷᠢ ᠬᠡᠮᠵᠢᠶ᠎ᠡ ᠶ᠋ᠢ ᠲᠣᠲᠣᠷᠬᠠᠶᠠ ᠠᠢᠯᠠᠳᠬᠠᠪᠠᠰᠤ ᠪᠣᠯᠬᠤ ᠪᠣᠯᠠᠢ᠃
ᠵᠢᠴᠢ ᠡᠳᠦᠭᠡᠬᠢ ᠴᠢᠭᠤᠯᠤᠯᠲᠤ ᠬᠠᠭᠠᠯᠭ᠎ᠠ ᠬᠡᠮᠡᠭᠴᠢ ᠵᠠᠩ ᠵᠢᠶᠠ ᠺᠧᠦ ᠶ᠋ᠢ ᠬᠡᠯᠡᠮᠦᠢ᠂ ᠡᠨᠡ ᠵᠠᠩ ᠵᠢᠶᠠ ᠺᠧᠦ ᠡᠴᠡ ᠵᠡᠭᠦᠨᠰᠢ ᠴᠠᠭᠠᠨ ᠬᠡᠷᠡᠮ ᠱᠠᠨ ᠬᠠᠢ ᠭᠤᠸᠠᠨ ᠬᠦᠷᠴᠦ ᠳᠠᠯᠠᠢ ᠳ᠋ᠤᠷ ᠣᠷᠣᠭᠠᠳ᠂ ᠵᠡᠭᠦᠨᠰᠢ ᠭᠠᠤᠯᠢ ᠤᠯᠤᠰ ᠲᠤᠷ ᠬᠦᠷᠲᠡᠯ᠎ᠡ ᠡᠨᠡ ᠲᠠᠪᠤᠨ ᠮᠢᠩᠭᠠᠨ ᠢᠯᠡᠭᠦᠦ ᠤᠷᠲᠤ᠂ ᠬᠣᠶᠠᠷ ᠮᠢᠩᠭᠠᠨ ᠬᠢᠷᠢᠲᠡᠢ ᠥᠷᠭᠡᠨ ᠭᠠᠵᠠᠷ ᠢ᠋ ᠲᠡᠷᠡ ᠦᠶ᠎ᠡ ᠳ᠋ᠦ᠍ᠷ ᠯᠢᠶᠣᠣ ᠾᠧ ᠭᠣᠣᠯ ᠤ᠋ᠨ ᠵᠡᠭᠦᠨ ᠢ᠋ ᠢᠨᠤ ᠯᠢᠶᠣᠣ ᠳ᠋ᠦᠩ ᠭᠡᠮᠡᠨ᠂ ᠯᠢᠶᠣᠣ ᠾᠧ ᠭᠣᠣᠯ ᠤ᠋ᠨ ᠪᠠᠷᠠᠭᠤᠨ ᠢ᠋ ᠠᠨᠤ ᠯᠢᠶᠣᠣ ᠰᠢ ᠭᠡᠮᠡᠨ ᠳᠠᠭᠤᠳᠠᠮᠤᠢ᠃ ᠵᠡᠭᠦᠨ ᠪᠠᠷᠠᠭᠤᠨ ᠬᠣᠶᠠᠷ ᠭᠠᠵᠠᠷ ᠢ᠋ ᠨᠡᠢᠯᠡᠭᠦᠯᠦᠨ ᠬᠡᠯᠡᠪᠡᠰᠦ᠂ ᠡᠦ ᠬᠤᠸᠠᠨ ᠤ᠋ ᠭᠠᠵᠠᠷ ᠭᠡᠮᠡᠨ ᠳᠠᠭᠤᠳᠠᠮᠤᠢ᠃ ᠯᠢᠶᠣᠣ ᠾᠧ ᠬᠡᠮᠡᠭᠴᠢ ᠡᠳᠦᠭᠡ ᠲᠠᠪᠤᠨ ᠬᠠᠷᠠᠴᠢᠨ ᠤ᠋ ᠬᠣᠢᠭᠤᠷ ᠤᠷᠤᠰᠤᠨ ᠵᠣᠣ ᠤᠳᠠ ᠶ᠋ᠢᠨ ᠴᠢᠭᠤᠯᠭᠠᠨ ᠢ᠋ ᠨᠡᠪᠲᠡᠯᠦᠨ ᠵᠡᠭᠦᠨᠰᠢ ᠭᠠᠷᠴᠤ᠂ ᠵᠢᠷᠢᠮ ᠦ᠋ᠨ ᠴᠢᠭᠤᠯᠭᠠᠨ ᠤ᠋ ᠠᠷᠪᠠᠨ ᠬᠣᠰᠢᠭᠤᠨ᠎ᠠ ᠣᠷᠣᠵᠤ᠂ ᠳᠠᠬᠢᠨ ᠡᠷᠭᠢᠵᠦ ᠪᠠᠷᠠᠭᠤᠨ ᠡᠮᠦᠨᠡᠰᠢ ᠤᠷᠤᠰᠤᠨ᠂ ᠮᠦᠭᠳᠡᠨ ᠬᠣᠲᠠ ᠶ᠋ᠢᠨ ᠪᠠᠷᠠᠭᠤᠨ᠂ ᠵᠠᠭᠤᠨ ᠭᠠᠵᠠᠷ ᠤ᠋ᠨ ᠦᠵᠦᠭᠦᠷ ᠢ᠋ᠶ᠋ᠡᠷ ᠥᠩᠭᠡᠷᠡᠨ᠂ ᠪᠠᠰᠠ ᠵᠡᠭᠦᠨ ᠡᠮᠦᠨᠡᠰᠢ ᠮᠤᠰᠬᠢᠨ᠂ ᠮᠦ᠍ ᠭᠧᠦ ᠢᠩ ᠬᠡᠮᠡᠬᠦ ᠳᠠᠯᠠᠢ ᠶ᠋ᠢᠨ ᠨᠠᠯᠠᠷᠬᠠᠢ ᠶ᠋ᠢᠨ ᠶᠡᠬᠡ ᠮᠠ ᠲᠧᠦ ᠪᠡᠷ ᠳᠠᠯᠠᠢ ᠳ᠋ᠤᠷ ᠴᠢᠳᠬᠤᠬᠤ᠂ ᠲᠡᠷᠡ ᠬᠦ᠌ ᠯᠤᠤᠬ᠎ᠠ ᠶ᠋ᠢᠨ ᠭᠣᠣᠯ ᠮᠥᠨ ᠪᠤᠶᠤ᠃ ᠤᠭ ᠠ᠋ᠴᠠ ᠯᠢᠶᠣᠣ ᠤᠯᠤᠰ ᠤ᠋ᠨ ᠭᠣᠣᠯ ᠭᠡᠮᠡᠨ 《ᠯᠢᠶᠣᠣ ᠾᠧ 》ᠬᠡᠮᠡᠭᠰᠡᠨ ᠢ᠋ ᠡᠳᠦᠭᠡ ᠮᠠᠨ ᠤ᠋ ᠮᠣᠩᠭᠣᠯ ᠤ᠋ᠨ ᠮᠤᠬᠤᠷ ᠬᠡᠯᠡᠨ ᠢ᠋ᠶ᠋ᠡᠷ ᠯᠢᠶᠣᠣ ᠾᠧ ᠬᠡᠮᠡᠭᠰᠡᠨ ᠢ᠋ ᠯᠤᠤᠬ᠎ᠠ ᠬᠡᠮᠡᠵᠦᠬᠦᠢ᠃ ᠲᠠᠢᠽᠦ ᠶ᠋ᠢᠨ ᠡᠨᠡ ᠦᠶ᠎ᠡ᠂ ᠯᠢᠶᠣᠣ ᠾᠧ ᠭᠣᠣᠯ ᠤ᠋ᠨ ᠬᠣᠢᠲᠤ ᠢᠷᠮᠡᠭ ᠬᠦᠷᠲᠡᠯ᠎ᠡ ᠡᠵᠡᠯᠡᠭᠰᠡᠨ ᠢ᠋ᠶ᠋ᠡᠷ ᠦᠵᠡᠪᠡᠴᠦ᠂ ᠡᠨᠡ ᠤᠯᠤᠰ ᠤ᠋ᠨ ᠬᠡᠳᠦᠢᠴᠢᠨᠡᠭᠡᠨ ᠮᠣᠵᠢ ᠬᠣᠰᠢᠭᠤ ᠶ᠋ᠢ ᠡᠵᠡᠯᠡᠭᠰᠡᠨ ᠢ᠋ ᠮᠡᠳᠡᠪᠡᠰᠦ ᠪᠣᠯᠬᠤ ᠪᠢᠰᠢᠦ ? ᠲᠠᠢᠽᠦ ᠶ᠋ᠢᠨ ᠮᠡᠨᠳᠦᠯᠡᠭᠰᠡᠨ ᠪᠸᠲ᠋ᠠ᠋ ᠤᠯᠤᠰ ᠤ᠋ᠨ ᠪᠠᠯᠲᠤ ᠠᠷᠠᠯ ᠤ᠋ᠨ ᠲᠦᠬᠢᠯᠠ ᠮᠥᠷᠡᠨ ᠦ᠌ ᠳᠡᠯᠢᠭᠦᠨ ᠪᠣᠯᠳᠣᠭ᠂ ᠪᠠᠯᠤ ᠬᠣᠷᠣᠭ᠎ᠠ ᠬᠡᠮᠡᠭᠰᠡᠨ ᠪᠠ ᠪᠠᠰᠠ ᠪᠣᠭᠳᠠ ᠶ᠋ᠢᠨ ᠪᠣᠯᠵᠤ ᠪᠦᠲᠦᠭᠰᠡᠨ ᠪᠤᠷᠬᠠᠨ ᠬᠠᠯᠲᠤᠨ᠎ᠠ ᠶ᠋ᠢᠨ ᠨᠤᠲᠤᠭ ᠬᠣᠷᠣᠭ᠎ᠠ᠂ ᠡᠳᠦᠭᠡ ᠡᠨᠡ ᠬᠠᠭᠠᠨ ᠰᠠᠭᠤᠭᠰᠠᠨ ᠬᠡᠷᠦᠯᠦᠨ ᠮᠥᠷᠡᠨ ᠦ᠌ ᠬᠡᠭᠡᠷ᠎ᠡ᠂ ᠤᠨᠤᠨ ᠮᠥᠷᠡᠨ ᠦ᠌ ᠠᠭᠤᠯᠵᠠᠭᠤᠷ᠂ ᠮᠤᠩ ᠬᠡᠮᠡᠬᠦ ᠨᠡᠷᠡᠲᠦ ᠭᠣᠣᠯ ᠤ᠋ᠨ ᠠᠮᠠᠨ᠎ᠠ ᠶᠡᠬᠡ ᠮᠠᠨᠳᠠᠯ ᠡᠭᠦᠳᠴᠦ᠂ ᠮᠣᠩᠭᠣᠯ ᠤ᠋ᠨ ᠬᠠᠭᠠᠨ ᠰᠠᠭᠤᠭᠰᠠᠨ ᠴᠢᠩᠭᠢᠰ ᠪᠣᠭᠳᠠ ᠶ᠋ᠢᠨ ᠡᠳᠡᠭᠡᠷ ᠭᠠᠵᠠᠷ ᠡᠳᠦᠭᠡᠬᠢ ᠦᠶ᠎ᠡ ᠶ᠋ᠢᠨ ᠠᠷᠤ ᠭᠠᠵᠠᠷ ᠤ᠋ᠨ ᠳᠥᠷᠪᠡᠨ ᠬᠠᠯᠬ᠎ᠠ ᠶ᠋ᠢᠨ ᠬᠠᠮᠤᠭ ᠤ᠋ᠨ ᠪᠠᠷᠠᠭᠤᠨ ᠵᠠᠬ᠎ᠠ ᠶ᠋ᠢᠨ ᠵᠠᠰᠠᠭᠲᠤ ᠬᠠᠯᠬ᠎ᠠ ᠬᠡᠮᠡᠬᠦ ᠴᠢᠭᠤᠯᠭᠠᠨ᠎ᠠ ᠪᠣᠢ ᠠᠮᠤᠢ᠂ ᠲᠡᠨᠳᠡᠬᠢ ᠬᠥᠮᠦᠨ ᠡᠴᠡ ᠯᠠᠪᠯᠠᠮᠤ᠃
ᠡᠳᠦᠭᠡ ᠡᠨᠡ ᠤᠯᠤᠰ ᠠᠢᠮᠠᠭ᠂ ᠴᠡᠷᠢᠭ ᠢᠷᠭᠡᠨ᠂ ᠬᠣᠲᠠ ᠬᠦᠷᠢᠶ᠎ᠡ ᠪᠠᠭᠤᠳᠠᠯ ᠨᠡᠭᠦᠳᠡᠯ ᠢ᠋ ᠲᠣᠭᠠᠴᠢᠭᠰᠠᠨ ᠠᠨᠤ᠂ ᠮᠣᠩᠭᠣᠯ ᠤ᠋ᠨ ᠡᠩ ᠲᠡᠷᠢᠭᠦᠨ ᠡᠵᠡᠨ ᠬᠠᠭᠠᠨ ᠴᠢᠩᠭᠢᠰ ᠲᠠᠢᠽᠦ ᠶ᠋ᠢᠨ ᠳᠥᠴᠢᠨ ᠲᠠᠪᠤᠨ ᠨᠠᠰᠤᠨ ᠰᠡᠭᠦᠳᠡᠷᠡ ᠳᠡᠭᠡᠳᠦᠰ ᠬᠠᠪᠤᠯ ᠬᠠᠭᠠᠨ ᠢ᠋ᠶ᠋ᠠᠨ ᠰᠠᠭᠤᠷᠢᠨ ᠢ᠋ ᠵᠠᠯᠭᠠᠮᠵᠢᠯᠠᠨ ᠬᠠᠭᠠᠨ ᠰᠠᠭᠤᠬᠤᠢ ᠳ᠋ᠤᠷ ᠤᠯᠠᠭᠠᠨ ᠪᠠᠷᠰ ᠵᠢᠯ ᠦ᠋ᠨ ᠮᠤᠩ ᠭᠣᠣᠯ ᠤ᠋ᠨ ᠠᠮᠠᠨ᠎ᠠ ᠶᠡᠬᠡ ᠴᠢᠭᠤᠯᠭᠠᠨ ᠨᠡᠢᠯᠡᠭᠦᠯᠦᠨ ᠴᠢᠭᠤᠯᠤᠭᠰᠠᠨ᠂ ᠨᠢᠭᠡᠬᠡᠨ ᠬᠡᠰᠡᠭ ᠭᠠᠵᠠᠷ ᠤ᠋ᠨ ᠬᠤᠷᠠᠯᠳᠤᠭᠰᠠᠨ ᠣᠯᠠᠨ ᠤ᠋ ᠬᠤᠷᠠᠯ ᠴᠢᠭᠤᠯᠭᠠᠨ ᠤ᠋ ᠲᠣᠭ᠎ᠠ ᠬᠡᠮᠵᠢᠶ᠎ᠡ ᠶ᠋ᠢᠨ ᠶᠡᠬᠡ ᠪᠠᠷᠤᠭ ᠢ᠋ ᠣᠷᠣ ᠶ᠋ᠢᠨ ᠲᠡᠳᠦᠢ ᠲᠣᠪᠬᠢᠨ ᠭᠠᠷᠭᠠᠵᠤ ᠡᠨᠳᠡ ᠵᠦᠩ ᠸᠠᠭᠠᠷ᠂ ᠴᠢᠯᠠᠭᠤ ᠲᠣᠭᠣᠰᠬ᠎ᠠ ᠶ᠋ᠢᠨ ᠤᠷᠲᠤ ᠬᠠᠷᠰᠢ᠂ ᠠᠰᠠᠷ ᠲᠠᠭᠲᠤ ᠦᠭᠡᠢ᠂ ᠡᠯᠡᠰᠦ ᠮᠠᠩᠬᠠᠨ ᠤ᠋ ᠭᠠᠵᠠᠷ᠎ᠠ ᠬᠠᠭᠠᠨ ᠰᠠᠭᠤᠬᠤᠢ ᠳ᠋ᠤᠷ ᠶᠠᠭᠠᠬᠢᠨ ᠰᠠᠭᠤᠬᠤ᠂ ᠠᠷᠤ ᠡᠯᠡᠰᠦᠨ ᠦ᠌ ᠵᠠᠩ ᠠᠪᠢᠶᠠᠰ ᠢ᠋ ᠮᠡᠳᠡᠬᠦᠢ ᠳ᠋ᠦ᠍ᠷ ᠬᠢᠯᠪᠠᠷ ᠭᠡᠮᠡᠨ᠂ ᠳᠣᠯᠣᠭᠠᠨ ᠵᠠᠭᠤᠨ ᠣᠨ ᠤ᠋ ᠡᠮᠦᠨᠡᠬᠢ ᠬᠡᠷᠡᠭ ᠢ᠋ ᠲᠡᠮᠳᠡᠭᠯᠡᠭᠰᠡᠨ《ᠬᠥᠬᠡ ᠰᠤᠳᠤᠷ 》 ᠤ᠋ᠨ ᠠᠷᠪᠠᠨ ᠭᠤᠷᠪᠠᠨ ᠠᠩᠭᠢ ᠶ᠋ᠢᠨ ᠬᠠᠷᠢᠶᠠᠲᠤ ᠰᠤᠳᠤᠷ ᠤ᠋ᠨ ᠬᠡᠯᠡᠭᠡᠢ ᠮᠡᠯᠡᠬᠡᠢ ᠬᠠᠭᠤᠴᠢᠨ ᠬᠡᠯᠡᠨ ᠦ᠌ ᠮᠣᠩᠭᠣᠯ ᠦᠰᠦᠭ ᠦ᠋ᠨ ᠠᠭᠤᠯᠠ ᠣᠪᠣᠭ᠎ᠠ ᠶ᠋ᠢᠨ ᠲᠡᠳᠦᠢ ᠰᠤᠳᠤᠷ ᠤ᠋ᠳ ᠢ᠋ ᠤᠷᠪᠠᠭᠤᠯᠤᠨ ᠪᠠᠢᠵᠤ᠂ ᠣᠨᠴᠠ ᠡᠨᠡ ᠤᠯᠠᠭᠠᠨ ᠪᠠᠷᠰ ᠣᠨ ᠤ᠋ ᠴᠠᠭᠠᠨ ᠰᠠᠷ᠎ᠠ ᠠ᠋ᠴᠠ ᠠᠨᠤ ᠵᠠᠬ᠎ᠠ ᠳᠠᠷᠠᠭᠠᠯᠠᠨ ᠦᠰᠦᠭ ᠳᠠᠷᠤᠨ ᠪᠠᠢᠴᠠᠭᠠᠨ ᠪᠠᠢᠵᠤ᠂ ᠬᠡᠷᠡᠭ ᠲᠡᠢ ᠴᠢᠬᠤᠯᠠ ᠵᠦᠢᠯ ᠢ᠋ ᠤᠯᠠᠭᠠᠨ ᠰᠢᠩᠬᠤᠲᠤ ᠪᠢᠷ ᠢ᠋ᠶ᠋ᠡᠷ ᠪᠢᠨᠳᠦ ᠲᠠᠯᠪᠢᠨ ᠪᠠᠢᠵᠤ᠂ ᠭᠡᠭᠡᠭᠳᠡᠭᠦᠯᠦᠯ ᠦᠭᠡᠢ ᠣᠷᠬᠢᠭᠳᠠᠭᠤᠯᠤᠯ ᠦᠭᠡᠢ ᠪᠡᠷ ᠭᠠᠷᠭᠠᠭᠰᠠᠨ ᠪᠤᠶᠤ᠃ ᠬᠡᠷᠡᠭ ᠦᠭᠡᠢ ᠬᠣᠯᠪᠣᠭ᠎ᠠ ᠦᠭᠡᠰ ᠢ᠋ ᠪᠠᠬᠠᠨ ᠬᠤᠷᠢᠶᠠᠪᠠᠢ ᠊ᠶ᠎ᠠ᠂ ᠭᠣᠣᠯ ᠤᠴᠢᠷ ᠢ᠋ ᠬᠠᠷᠢᠨ ᠣᠭᠲᠣᠬᠠᠨ ᠴᠤ᠌ ᠡᠰᠡ ᠬᠣᠴᠣᠷᠤᠭᠤᠯᠵᠤᠬᠤᠢ᠃
ᠵᠠᠭᠤᠨ ᠲᠦᠮᠡᠨ ᠦ᠌ ᠤᠯᠤᠰ ᠠᠢᠮᠠᠭ ᠤ᠋ᠨ ᠵᠠᠭᠤᠨ ᠲᠦᠮᠡᠨ ᠬᠡᠷᠡᠭ ᠦᠢᠯᠡ ᠶ᠋ᠢ ᠬᠤᠷᠢᠶᠠᠷᠤᠨ
ᠵᠢᠯᠡᠮᠡᠨ ᠲᠡᠳᠦᠢ ᠶ᠋ᠢᠨ ᠰᠤᠳᠤᠷ ᠳᠠᠪᠲᠠᠷᠠ ᠵᠢᠯ ᠵᠢᠯᠡᠮᠡᠨ ᠵᠠᠬ᠎ᠠ ᠦᠵᠦᠭᠦᠷ ᠢ᠋ ᠲᠣᠭᠠᠴᠢᠮᠤᠢ᠃
ᠵᠠᠰᠠᠭ ᠴᠠᠭᠠᠵᠠ ᠪᠠ ᠵᠠᠷ ᠵᠠᠷᠯᠠᠯ ᠤ᠋ᠨ ᠲᠦᠭ ᠲᠦᠮᠡᠨ ᠶᠠᠷᠰᠢᠭ ᠲᠦᠪᠡᠭᠲᠦ ᠬᠡᠷᠡᠭ ᠦ᠋ᠳ ᠦ᠋ᠨ
ᠵᠢᠭᠤᠷᠠᠯᠳᠤᠨ ᠵᠠᠩᠭᠠᠢᠯᠳᠤᠭᠰᠠᠨ ᠢ ᠵᠠᠬᠠᠴᠢᠯᠠᠨ ᠡᠬᠢᠯᠡᠵᠦ ᠮᠡᠳᠡᠬᠦᠶ᠎ᠡ ᠳᠥᠭᠥᠮ ᠪᠣᠯᠭᠠᠮᠤᠢ᠃
