ᠮᠥᠯᠬᠥᠭᠡ ᠤᠯᠠᠭᠠᠨ ᠲᠣᠯᠣᠭᠠᠢМөлхөө улаан толгой ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠥᠯᠬᠥᠭᠡ ᠤᠯᠠᠭᠠᠨ ᠲᠣᠯᠣᠭᠠᠢМөлхөө улаан толгой

ᠮᠥᠯᠬᠥᠭᠡ ᠤᠯᠠᠭᠠᠨ ᠲᠣᠯᠣᠭᠠᠢМөлхөө улаан толгой

2024-05-07

241

                   ᠦᠶᠡᠲᠦ ᠤᠷᠭᠤᠮᠠᠯ ᠤ᠋ᠨ ᠢᠵᠠᠭᠤᠷ 
             ᠣᠯᠠᠨ ᠨᠠᠰᠤᠲᠤ ᠡᠪᠡᠰᠦᠯᠢᠭ ᠤᠷᠭᠤᠮᠠᠯ᠂ ᠦᠨᠳᠦᠰᠦᠯᠢᠭ ᠡᠰᠢ ᠦᠭᠡᠢ᠃ ᠰᠦᠷᠡᠯ  ᠦ᠋ᠨ ᠣᠵᠣᠭᠣᠷ ᠬᠡᠰᠡᠭ ᠨᠢ ᠭᠠᠵᠠᠷ ᠳᠡᠭᠡᠷ᠎ᠡ ᠬᠡᠪᠲᠡᠭᠡ ᠪᠡᠷ 8cm  ᠣᠷᠴᠢᠮ ᠤᠷᠲᠤ ᠤᠷᠭᠤᠨ᠎ᠠ᠂ 3—6 ᠦᠶ᠎ᠡ ᠲᠡᠢ᠂ ᠬᠥᠷᠥᠰᠥ ᠲᠡᠢ ᠤᠴᠠᠷᠠᠭᠰᠠᠨ ᠦᠶ᠎ᠡ ᠡᠴᠡ ᠨᠢ ᠦᠨᠳᠦᠰᠦ ᠬᠠᠳᠬᠤᠨ᠎ᠠ᠂ ᠲᠠᠰᠢᠭᠤᠯᠠᠨ ᠤᠷᠭᠤᠭᠰᠠᠨ ᠬᠡᠰᠡᠭ ᠨᠢ 30—45cm  ᠥᠨᠳᠥᠷ ᠪᠠᠢᠳᠠᠭ ᠪᠠ2—3 ᠦᠶ᠎ᠡ ᠲᠡᠢ᠃ ᠨᠠᠪᠴᠢᠨ ᠤ᠋ ᠲᠣᠭᠳᠣᠢ ᠨᠢ ᠦᠰᠦ ᠦᠭᠡᠢ᠂ ᠪᠣᠷᠣᠪᠲᠤᠷ ᠥᠩᠭᠡᠲᠡᠢ ; ᠨᠠᠪᠴᠢ ᠨᠢ ᠲᠡᠭᠰᠢᠬᠡᠨ ᠬᠠᠪᠲᠠᠭᠠᠢ᠂ ᠪᠦᠰᠡ ᠬᠡᠯᠪᠡᠷᠢ ᠲᠡᠢ᠂ᠱᠣᠪᠲᠣᠭᠤᠷ ᠦᠵᠦᠭᠦᠷ ᠲᠡᠢ᠂ 5.5—8.5cm ᠤᠷᠲᠤ᠂ 3—4 (5)mm ᠥᠷᠭᠡᠨ᠂ ᠬᠣᠶᠠᠷ ᠲᠠᠯ᠎ᠠ ᠳ᠋ᠤᠨᠢ ᠪᠦᠷ ᠵᠢᠵᠢᠭ ᠥᠷᠭᠡᠰᠦ ᠦᠰᠦ ᠲᠡᠢ ᠪᠣᠯᠬᠣᠷ ᠠᠷᠵᠠᠭᠠᠷ᠃ ᠱᠣᠷᠣᠯᠵᠢᠨ ᠬᠡᠯᠪᠡᠷᠢᠲᠦ ᠪᠠᠭ ᠴᠡᠴᠡᠭ ᠨᠢ ᠥᠨᠳᠡᠭᠡᠯᠵᠢᠨ᠂ ᠨᠣᠭᠣᠪᠲᠤᠷ ᠪᠣᠷᠣ᠂ ᠰᠡᠭᠦᠯ ᠳ᠋ᠦ᠍ ᠪᠡᠨ ᠪᠣᠷᠣᠪᠲᠤᠷ ᠵᠡᠰ ᠦ᠋ᠨ ᠥᠩᠭᠡᠲᠡᠢ ᠪᠣᠯᠵᠤ ᠬᠤᠪᠢᠷᠠᠨ᠎ᠠ᠂ 11—20cm ᠤᠷᠲᠤ᠂2—5cm ᠥᠷᠭᠡᠨ᠂ ᠦᠶ᠎ᠡ ᠪᠦᠷᠢ ᠡᠴᠡ ᠨᠢ ᠲᠠᠪᠤᠨ ᠰᠠᠯᠠᠭ᠎ᠠ ᠭᠠᠷᠤᠨ᠎ᠠ ; ᠰᠠᠯᠠᠭ᠎ᠠ ᠨᠢ ᠲᠠᠰᠢᠭᠤᠯᠠᠨ ᠤᠷᠭᠤᠬᠤ ᠪᠥᠭᠡᠳ ᠳᠤᠮᠳᠠ ᠠ᠋ᠴᠠ ᠳᠣᠭᠣᠭᠰᠢ ᠬᠡᠰᠡᠭ ᠲᠦ᠍ ᠨᠢ ᠶᠡᠷᠦ ᠳ᠋ᠦ᠍ ᠪᠡᠨ ᠴᠡᠴᠡᠭ ᠦᠭᠡᠢ ; ᠵᠢᠵᠢᠭ ᠲᠦᠷᠦᠭᠦᠦ ᠨᠢ2—2.2mm ᠤᠷᠲᠤ᠂ ᠪᠠᠬᠠᠨ ᠠᠷᠵᠠᠭᠠᠷ ᠪᠠᠷᠢᠭᠤᠯ ᠲᠠᠢ ;  ᠬᠣᠶᠠᠷ ᠬᠠᠯᠢᠰᠤ ᠨᠢ ᠱᠣᠪᠣᠭᠣᠷ ᠦᠵᠦᠭᠦᠷ ᠲᠡᠢ᠂ ᠠᠷᠤ ᠳ᠋ᠤᠨᠢ ᠭᠦᠷᠡᠢᠭᠰᠡᠨ ᠨᠢᠭᠡ ᠯᠡ ᠰᠤᠳᠠᠯ ᠲᠠᠢ᠂ ᠪᠠᠷᠤᠭ ᠢᠵᠢᠯ ᠤᠷᠲᠤ ᠪᠤᠶᠤ ᠨᠢᠭᠡᠳᠦᠭᠡᠷ ᠬᠠᠯᠢᠰᠤ ᠨᠢ ᠪᠠᠬᠠᠨ ᠤᠷᠲᠤ ; ᠭᠠᠳᠠᠷ ᠬᠡᠪᠡᠭ ᠨᠢ 1.6—1.8 (2)mm ᠤᠷᠲᠤ᠂ ᠮᠤᠬᠤᠷ ᠣᠷᠣᠢ ᠲᠠᠢ᠂ ᠰᠤᠷ ᠦᠭᠡᠢ᠃ ᠳᠣᠲᠣᠷ ᠬᠡᠪᠡᠭ ᠨᠢ ᠭᠠᠳᠠᠷ ᠬᠡᠪᠡᠭ ᠦ᠋ᠨ ᠢ᠋ᠶ᠋ᠡᠨ 2/3 ᠤ᠋ ᠴᠢᠨᠡᠭᠡ ᠤᠷᠲᠤ᠂  ᠬᠣᠶᠠᠷ ᠰᠤᠳᠠᠯ ᠲᠠᠢ ;᠂ ᠲᠣᠭᠣᠰᠣᠪᠴᠢ ᠨᠢ 1—1.2mm ᠤᠷᠲᠤ᠃ 
         ᠭᠣᠣᠯ ᠮᠥᠷᠡᠨ ᠦ᠌ ᠬᠥᠪᠡᠭᠡ᠂ ᠴᠢᠭᠢᠭᠲᠡᠢ ᠭᠠᠵᠠᠷ ᠲᠤ ᠤᠷᠭᠤᠨ᠎ᠠ᠃
          ᠮᠠᠨ ᠤ᠋ ᠤᠯᠤᠰ ᠤ᠋ᠨ ᠥᠪᠥᠷ ᠮᠣᠩᠭᠣᠯ᠂ ᠭᠠᠨᠰᠦ᠂ ᠾᠧᠪᠧᠢ᠂ ᠾᠧᠨᠠᠨ᠂ ᠵᠧᠵᠢᠶᠠᠩ᠂ ᠵᠢᠶᠠᠩᠰᠢ ᠵᠡᠷᠭᠡ ᠮᠣᠵᠢ ᠣᠷᠣᠨ ᠳ᠋ᠤ᠌ ᠤᠷᠭᠤᠳᠠᠭ᠃   
        ᠬᠢᠲᠠᠳ ᠨᠡᠷ᠎ᠡ᠄匍茎翦股
       ᠠᠩᠭ᠌ᠯᠢ ᠨᠡᠷ᠎ᠡ᠄ Agrosis stolonifera L.   
    ᠦᠰᠦᠭ ᠠᠮᠢᠯᠠᠭᠤᠯᠤᠭᠴᠢ᠄ ᠳ᠂ ᠡᠷᠬᠢᠮᠪᠠᠭᠠᠲᠤᠷ                                 
    ᠬᠢᠨᠠᠭᠴᠢ᠄ ᠫᠣ· ᠴᠠᠭᠠᠨ ᠲᠤᠶᠠᠭ᠎ᠠ