ᠭᠡᠭᠡᠷᠡᠬᠦᠢ ᠶ᠋ᠢᠨ ᠴᠢᠨᠠᠳᠤᠬᠢ ᠭᠡᠷᠡᠯ ᠦᠨ ᠠᠮᠲᠠ - ᠶᠣᠨᠳᠣᠨ ᠤ ᠪᠢᠯᠢᠭ᠌ - ᠪᠠᠭᠠᠲᠤᠷ Гэгээрэхүйн чанадах гэрлийн амт - Ёндоны Билиг - Баатар
ᠬᠥᠮᠦᠨ ᠤ ᠠᠮᠢᠳᠤᠷᠠᠯ ᠤ᠋ᠨ ᠬᠠᠮᠤᠭ ᠡᠴᠦᠰ ᠤᠨ
ᠵᠢᠪ ᠵᠢᠩᠬᠢᠨᠢ ᠵᠣᠷᠢᠯᠭ᠎ᠠ ᠠᠨᠤ ᠵᠥᠪᠬᠡᠨ
ᠲᠤᠢᠯᠪᠤᠷᠢᠲᠠᠢ ᠲᠡᠢᠨ ᠭᠡᠭᠡᠷᠡᠬᠦ ᠯᠡ ᠪᠥᠯᠥᠬᠡ
ᠭᠠᠭᠴᠠᠬᠠᠨ ᠭᠠᠷᠴᠠ ᠨᠢ ᠴᠤ᠌ ᠭᠡᠭᠡᠷᠡᠯ ᠪᠥᠯᠥᠬᠡ
ᠭᠢᠰᠬᠢᠵᠦ ᠶᠠᠪᠤᠭ᠎ᠠ ᠭᠠᠵᠠᠷ ᠳᠡᠯᠡᠬᠡᠢ ᠪᠠᠨ ᠯᠠ
ᠭᠡᠷᠡᠯᠲᠦ ᠨᠠᠷᠠᠨ ᠤ ᠰᠠᠴᠤᠷᠠᠭ ᠢᠶᠠᠷ ᠱᠠᠭᠯᠠᠵᠤ ᠯᠠ
ᠭᠡᠮ ᠭᠠᠵᠢᠭᠤ ᠶ᠋ᠢ ᠬᠠᠪᠴᠢᠯ ᠤᠨ ᠭᠦᠨ ᠳ᠋ᠦ᠍ ᠯᠡ
ᠬᠡᠳᠦ ᠯᠤᠲᠤ ᠬᠦᠴᠦ ᠪᠡᠷ ᠨᠢᠴᠠ ᠭᠠᠪᠠᠯᠠᠵᠤ ᠯᠠ
᠁ ᠰᠠᠶ᠎ᠠ ᠵᠢᠸ᠎ᠠ ᠬᠤᠷᠳᠤᠴᠠ ᠪᠠᠷ ᠁
᠁ ᠰᠠᠢᠨ ᠰᠠᠢᠬᠠᠨ ᠦᠨᠡᠨ ᠢ ᠬᠠᠢᠨᠠᠮ ᠃
ᠨᠢᠭᠦᠯᠡᠰᠦᠩᠭᠦᠢ ᠬᠢᠴᠢᠶᠡᠩᠬᠦᠢ ᠶ᠋ᠢᠨ ᠳᠠᠯᠪᠠᠭ᠎ᠠ
ᠨᠢᠯᠬ᠎ᠠ ᠮᠡᠯᠮᠡᠢ ᠶ᠋ᠢᠨ ᠰᠠᠯᠬᠢᠨ ᠳ᠋ᠦ᠍ ᠨᠠᠮᠢᠷᠠᠨᠠᠮ
ᠨᠠᠨᠳᠢᠨ ᠠᠷᠢᠭᠤᠨ ᠴᠢᠨᠠᠷ ᠤᠨ ᠭᠡᠰᠢᠭ ᠲᠤᠭ
ᠨᠠᠷᠠ ᠰᠠᠷ᠎ᠠ ᠤᠳᠤᠨ ᠭᠡᠭᠡᠨ ᠳ᠋ᠦ᠍ ᠳᠠᠪᠬᠢᠨᠠᠮ
ᠭᠡᠭᠡᠷᠡᠬᠦᠢ ᠶ᠋ᠢᠨ ᠮᠦᠴᠡ ᠳ᠋ᠦ᠍ ᠠᠮᠲᠠᠲᠠᠢ ᠭᠡᠷᠡᠯ
ᠭᠡᠷ ᠦ᠋ᠨ ᠬᠣᠷᠯᠣ ᠲᠣᠭᠣᠨᠣ ᠪᠠᠷ ᠠᠰᠬᠠᠷᠠᠨᠠᠮ ᠡ
ᠮᠣᠭᠠᠢ ᠮᠣᠩᠬᠠᠭ ᠤᠨ ᠬᠡᠳᠦ ᠬᠠᠷᠠᠩᠭᠤᠢ ᠶ᠋ᠢ ᠴᠢᠨᠢ
ᠮᠣᠷᠠᠯ ᠰᠤᠷᠲᠠᠬᠤᠨ ᠤ᠋ ᠳᠣᠮᠣ ᠢᠲᠡᠭᠡᠯ ᠢ᠋ᠶ᠋ᠡᠷ ᠯᠡ
ᠮᠤᠩ ᠭᠣᠣᠯ ᠤ᠋ᠨ ᠯᠤᠲᠤ ᠢᠪᠡᠭᠡᠯ ᠢᠶᠠᠷ ᠯᠠ
ᠮᠣᠬᠣᠰᠢ ᠦᠭᠡᠢ ᠳᠡᠭᠡᠳᠦ ᠪᠢᠰᠢᠯᠭᠠᠯ ᠢ᠋ᠶ᠋ᠠᠷ ᠯᠠ
ᠮᠢᠲᠠᠷᠠᠰᠢ ᠦᠭᠡᠢ ᠲᠡᠭᠦᠰ ᠵᠢᠳᠬᠦᠯ ᠢ᠋ᠶ᠋ᠡᠷ ᠯᠡ
ᠮᠥᠩᠬᠡ ᠲᠡᠭᠷᠢ ᠶ᠋ᠢᠨ ᠬᠦᠴᠦᠨ ᠳ᠋ᠣᠷ ᠰᠠᠶᠢ
ᠮᠠᠩᠭᠤᠰ ᠢ ᠳᠠᠷᠤᠬᠤ ᠮᠡᠲᠦ ᠲᠠᠰᠤ ᠠᠷᠢᠯᠭᠠᠨᠠᠮ᠃
ᠪᠢᠳᠡᠨᠦᠰ ᠬᠡᠬᠡᠷᠡᠬᠦᠢ ᠡᠴᠡ ᠳᠤᠲᠠᠭᠠᠪᠠᠯ ᠬᠠᠷᠢᠨ
ᠪᠠᠯᠲᠤ ᠰᠠᠢᠬᠠᠨ ᠭᠡᠷᠡᠯ ᠦᠨ ᠠᠮᠲᠠ ᠶ᠋ᠢ ᠬᠠᠷᠢᠨ
ᠥᠨᠢ ᠡᠭᠦᠷᠢᠳᠡ ᠠᠮᠰᠠᠵᠤ ᠴᠢᠳᠠᠰᠢ ᠦᠭᠡᠢ
ᠡᠭᠦᠨ ᠡᠴᠡ ᠢᠯᠡᠭᠦᠦ ᠠᠯᠳᠡᠰᠢ ᠭᠡᠵᠦ ᠦᠭᠡᠢ
ᠴᠣᠬᠣᠮ ᠶᠣᠰᠣᠨ ᠤ᠋ ᠬᠡᠬᠡᠷᠡᠬᠦᠢ ᠶ᠋ᠢᠨ ᠴᠢᠨᠠᠳᠤᠬᠢ
ᠴᠢᠩ ᠰᠦᠨᠡᠰᠦᠨ ᠤ ᠭᠡᠷᠡᠯ ᠦᠨ ᠠᠮᠲᠠ ᠠᠨᠤ
ᠬᠢᠵᠠᠭᠠᠯᠠᠰᠢ ᠦᠭᠡᠢ ᠵᠢᠷᠭᠠᠯᠠᠩ ᠪᠠᠶᠠᠰᠬᠤᠯᠠᠩ ᠢ
ᠴᠢᠩᠭᠢᠰᠯᠢᠭ᠌ ᠡᠷᠴᠢᠰ ᠢ᠋ᠶ᠋ᠡᠷ ᠬᠦᠷᠲᠡᠭᠡᠬᠦᠢ ᠪᠣᠯᠤᠮᠤᠢ
ᠭᠡᠭᠡᠷᠡᠬᠦᠢ ᠶ᠋ᠢᠨ ᠭᠡᠷᠡᠯ ᠤᠨ ᠠᠮᠲᠠᠨ ᠳ᠋ᠦ᠍ ᠨᠢ
ᠭᠡᠭᠡᠷᠡᠬᠦ ᠥᠷ ᠢᠶᠡᠷ ᠱᠠᠯ ᠰᠣᠭᠲᠣᠬᠤ ᠰᠠᠢᠬᠠᠨ
ᠰᠠᠢᠬᠠᠨ ᠰᠣᠭᠲᠣᠭᠤ ᠠᠭᠠᠰᠢᠨ ᠳ᠋ᠦ᠍ ᠴᠢᠨᠢ ᠯᠠ
ᠰᠠᠷᠠᠨ ᠤ ᠬᠥᠬᠥ ᠴᠡᠨᠦᠷᠡᠩᠬᠡᠨ ᠪᠠᠢᠵᠤ ᠢᠪᠡᠯᠡᠬᠦᠢ
ᠰᠠᠳᠠᠭᠠᠨᠠᠭᠰᠠᠨ ᠰᠠᠷᠠᠨ ᠤ ᠰᠦᠨ ᠬᠤᠷ᠎ᠠ ᠳ᠋ᠦ᠍
ᠱᠠᠭᠵᠠᠮᠤᠨᠢ ᠭᠠᠯᠪᠠ ᠮᠥᠩᠬᠡᠷᠡᠬᠦ ᠨᠢ ᠤᠴᠢᠷᠲᠠᠢ
ᠭᠡᠭᠡᠷᠡᠬᠦᠢ ᠶ᠋ᠢᠨ ᠭᠡᠷᠡᠯ ᠦ᠋ᠨ ᠰᠦᠨ ᠦᠨᠦᠷ ᠯᠡ
ᠭᠡᠭᠡᠷᠡᠭᠡ ᠦᠭᠡᠢ ᠪᠦᠬᠦᠨ ᠢ ᠬᠤᠷᠤᠢᠯᠠᠨᠠᠮ
ᠭᠡᠭᠡᠷᠡᠯ ᠦ᠋ᠨ ᠭᠣᠢᠳᠠ ᠠᠮᠲᠡ ᠪᠡᠷ ᠮᠢᠯᠢᠶᠠᠨᠠᠮ
ᠭᠡᠨᠡᠲᠡᠢ ᠰᠠᠢᠬᠠᠨ ᠢᠶᠠᠷ ᠭᠡᠨᠡᠳᠲᠡ ᠭᠡᠭᠡᠷᠡᠲᠦᠭᠡᠢ
ᠭᠡᠭᠡᠷᠡᠭᠰᠡᠨ ᠭᠠᠢᠬᠠᠮᠰᠢᠭᠲᠤ ᠬᠣᠷᠣᠮᠬᠠᠨ ᠳ᠋ᠤ᠌ ᠯᠠ
ᠭᠡᠷᠡᠯᠲᠦ ᠴᠠᠭᠠᠷᠢᠭ ᠲᠠᠨ ᠢ ᠥᠪᠴᠢ ᠬᠤᠴᠠᠨᠠᠮ᠃
2024᠂ 5᠂ 6 ᠥᠦᠷ ᠢᠶᠡᠷ
ᠬᠥᠬᠡᠬᠣᠲᠠᠨ᠎ᠠ ᠪᠢᠰᠢᠯᠭᠠᠨ ᠪᠦᠲᠦᠭᠡᠪᠡᠢ᠃

