ᠪᠣᠭᠳᠠ ᠯᠣᠣᠶᠠ ᠶ᠋ᠢᠨ ᠪᠦᠷᠢᠨ ᠲᠥᠯᠭᠡ  41~50 Богд лууяны бүрэн төлөг 41~50 ᠵᠠᠩ ᠦᠢᠯᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠣᠭᠳᠠ ᠯᠣᠣᠶᠠ ᠶ᠋ᠢᠨ ᠪᠦᠷᠢᠨ ᠲᠥᠯᠭᠡ  41~50 Богд лууяны бүрэн төлөг 41~50

ᠪᠣᠭᠳᠠ ᠯᠣᠣᠶᠠ ᠶ᠋ᠢᠨ ᠪᠦᠷᠢᠨ ᠲᠥᠯᠭᠡ  41~50 Богд лууяны бүрэн төлөг 41~50

ᠠᠩᠭᠢᠯᠠᠯ:ᠵᠠᠩ ᠦᠢᠯᠡ
2024-05-06

243


      ᠳᠥᠴᠢᠨ ᠨᠢᠭᠡᠳᠦᠭᠡᠷ ᠲᠥᠯᠭᠡ : ᠰᠢᠷ᠎ᠠ ᠬᠥᠬᠡ᠂ ᠳᠤᠮᠳᠠ ᠲᠡᠭᠰᠢ᠂ ᠲᠥᠯᠭᠡ ᠶ᠋ᠢᠨ ᠪᠡᠯᠭᠡ ᠠᠨᠤ : ᠯᠢᠦ ᠸᠧᠨ ᠯᠦᠩ ᠲᠦᠰᠢᠮᠡᠯ ᠢ ᠬᠦᠰᠡᠭᠰᠡᠨ : ᠳᠣᠷᠣᠨ᠎ᠠ ᠡᠮᠦᠨ᠎ᠡ ᠥᠷᠥᠨ᠎ᠡ ᠤᠮᠠᠷ᠎ᠠ ᠳᠥᠷᠪᠡᠨ ᠵᠦᠭ ᠡᠴᠡ ᠲᠡᠭᠷᠢ ᠶ᠋ᠢᠨ ᠬᠢᠵᠠᠭᠠᠷ ᠲᠤᠷ ᠤᠳᠰᠤᠭᠠᠢ ᠬᠡᠮᠡᠪᠡᠰᠦ ᠬᠡᠨ ᠱᠠᠲᠤ ᠲᠠᠯᠪᠢᠮᠤ᠂ ᠬᠤᠯᠤᠭᠠᠨ᠎ᠠ ᠦᠬᠡᠷ ᠲᠣᠷ ᠤᠴᠠᠷᠠᠵᠤ ᠪᠢᠯᠠᠷ ᠭᠤᠷᠪᠠᠨᠲᠠ ᠦᠯᠢᠶᠡᠮᠦᠢ᠂ ᠨᠡᠷ᠎ᠡ ᠣᠪᠣᠭ ᠢ᠋ ᠲᠤᠩᠬᠠᠭ ᠤ᠋ᠨ ᠡᠬᠢᠨ ᠳ᠋ᠦ᠍ ᠪᠢᠴᠢᠬᠦᠢ ᠳ᠋ᠦ᠍ ᠰᠠᠢᠨ᠃   
      ᠪᠣᠭᠳᠠ ᠶ᠋ᠢᠨ ᠲᠠᠭᠠᠯᠠᠯ᠄ ᠵᠠᠷᠭᠤ ᠲᠣᠭᠲᠠᠪᠤᠷᠢ ᠦᠭᠡᠢ : ᠡᠴᠦᠰ ᠲᠦ᠍ᠷ ᠤᠴᠠᠷᠠᠯᠲᠠᠢ᠂ ᠡᠪᠡᠳᠴᠢᠲᠡᠨ ᠵᠣᠪᠠᠭᠤᠷᠢ ᠲᠠᠢ ᠪᠣᠯᠪᠠᠴᠤ ᠰᠠᠢᠨ ᠡᠮᠴᠢ ᠲᠤᠰᠠᠯᠠᠷ᠎ᠠ ᠢᠷᠡᠮᠦᠢ᠂ ᠤᠷᠤᠭ ᠨᠠᠰᠤᠳᠠ ᠰᠠᠢᠨ᠂ ᠠᠯᠢᠪᠠ ᠬᠡᠷᠡᠭ ᠲᠦ᠍ᠷ ᠡᠰᠡ ᠶᠠᠭᠠᠷᠠᠪᠠᠰᠤ ᠰᠠᠢᠨ᠃  
      ᠲᠠᠢᠯᠪᠤᠷᠢ ᠥᠭᠦᠯᠡᠯ : ᠡᠨᠡ ᠲᠥᠯᠭᠡ ᠳ᠋ᠦ᠍ᠷ ᠰᠠᠨᠠᠭᠠᠨ ᠤ ᠳᠤᠷ᠎ᠠ ᠪᠠᠷ ᠬᠡᠷᠡᠭ ᠢ ᠰᠢᠭᠦᠮᠵᠢᠯᠡᠪᠡᠰᠦ ᠪᠤᠯᠲᠤ ᠲᠣᠭᠲᠠᠪᠤᠷᠢ ᠦᠭᠡᠢ᠂ ᠬᠠᠷᠢᠨ ᠪᠤᠰᠤᠳ ᠢ ᠭᠣᠶᠣᠪᠠᠰᠤ ᠪᠦᠲᠦᠬᠦ ᠪᠣᠢ᠂ ᠵᠠᠭᠠᠯᠳᠤᠪᠠᠰᠤ ᠬᠡᠷᠡᠭ ᠬᠤᠪᠢᠰᠬᠠᠯ ᠲᠠᠢ᠂ ᠤᠷᠤᠭ ᠬᠡᠯᠡᠯᠴᠡᠬᠦᠢ ᠳ᠋ᠦ᠍ᠷ ᠭᠤᠷᠪᠠᠨ ᠤᠳᠠᠭ᠎ᠠ ᠬᠤᠪᠢᠰᠬᠤ ᠬᠡᠮᠡᠵᠦᠬᠦᠢ᠂ ᠬᠤᠯᠤᠭᠠᠨ᠎ᠠ ᠦᠬᠡᠷ ᠲᠣᠷ ᠲᠣᠬᠢᠶᠠᠯᠳᠤᠪᠠᠰᠤ ᠰᠢᠶᠣᠤ ᠣᠪᠣᠭᠲᠤ ᠬᠥᠮᠦᠨ ᠰᠠᠶᠢ ᠪᠦᠲᠦᠭᠡᠮᠦ᠂ ᠨᠡᠷ᠎ᠡ ᠠᠰᠢᠭ ᠠᠩᠬ᠎ᠠ ᠵᠢᠯ ᠳ᠋ᠦ᠍ᠷ ᠪᠦᠲᠦᠬᠦᠶ᠎ᠡ ᠪᠡᠷᠬᠡ᠂ ᠡᠪᠡᠳᠴᠢᠨ ᠪᠣᠯᠪᠠᠰᠤ ᠮᠠᠭᠤ᠂ ᠮᠡᠳᠡᠭᠡ ᠪᠣᠯᠪᠠᠰᠤ ᠢᠷᠡᠮᠦᠢ᠂ ᠤᠷᠤᠭ ᠨᠠᠢᠷᠠᠲᠠᠢ᠂ ᠨᠡᠷ᠎ᠡ ᠠᠰᠢᠭ ᠣᠯᠤᠮᠤ᠂ ᠬᠤᠯᠤᠭᠠᠨ᠎ᠠ ᠦᠬᠡᠷ ᠵᠢᠯ ᠰᠠᠷ᠎ᠠ ᠮᠠᠰᠢ ᠳᠡᠯᠭᠡᠷᠡᠬᠦ ᠪᠣᠢ᠃  
      ᠰᠠᠨᠠᠭ᠎ᠠ ᠲᠠᠢᠯᠤᠭᠰᠠᠨ : ᠬᠥᠮᠦᠨ ᠤ ᠰᠠᠨᠠᠭ᠎ᠠ ᠳᠥᠷᠪᠡᠨ ᠵᠦᠭ ᠦ᠋ᠨ ᠲᠡᠭᠷᠢ ᠶ᠋ᠢᠨ ᠬᠢᠵᠠᠭᠠᠷ ᠲᠤᠷ ᠬᠦᠷᠬᠦᠢ ᠬᠦᠰᠡᠪᠡᠰᠦ ᠪᠤᠰᠤᠳ ᠤ᠋ᠨ ᠵᠢᠭᠠᠬᠤ ᠤᠳᠤᠷᠢᠳᠬᠤ ᠠᠨᠤ ᠦᠭᠡᠢ ᠲᠤᠯᠠ ᠨᠡᠷ᠎ᠡ ᠠᠰᠢᠭ ᠲᠤᠷ ᠰᠠᠭᠠᠳ ᠲᠠᠢ᠂ ᠬᠤᠯᠤᠭᠠᠨ᠎ᠠ ᠪᠠᠷ ᠦᠬᠡᠷ ᠲᠦ᠍ ᠤᠴᠠᠷᠠᠵᠤ ᠪᠢᠯᠠᠷ ᠭᠤᠷᠪᠠᠭᠲᠠ ᠥᠯᠢᠶᠡᠮᠦᠢ ᠶ᠎ᠠ ᠬᠡᠮᠡᠭᠰᠡᠨ ᠠᠨᠤ ᠬᠤᠯᠤᠭᠠᠨ᠎ᠠ ᠦᠬᠡᠷ ᠵᠢᠯ ᠰᠠᠷ᠎ᠠ ᠡᠳᠦᠷ ᠥᠪᠡᠷ ᠢ᠋ᠶ᠋ᠡᠨ ᠪᠤᠶᠠᠨᠲᠤ ᠬᠥᠮᠦᠨ ᠳ᠋ᠦ᠍ᠷ ᠲᠡᠳᠬᠦᠭᠳᠡᠵᠦ ᠠᠯᠳᠠᠷ ᠠᠨᠤ ᠶᠡᠬᠡ ᠪᠣᠯᠵᠤ ᠨᠡᠷ᠎ᠡ ᠠᠨᠤ ᠠᠯᠲᠠᠨ ᠲᠤᠩᠬᠠᠭ ᠲᠤᠷ ᠭᠠᠷᠤᠮᠤᠢ : ᠤᠷᠤᠭ ᠪᠣᠯᠪᠠᠰᠤ ᠬᠸ ᠣᠪᠣᠭᠲᠤ ᠬᠥᠮᠦᠨ ᠪᠦᠲᠦᠭᠡᠮᠦ᠂ ᠡᠪᠡᠳᠴᠢᠨ ᠪᠥᠭᠡᠰᠦ ᠦᠬᠦᠯ ᠦ᠋ᠨ ᠢᠷᠣ᠎ᠠ ᠪᠣᠢ᠂ ᠠᠯᠢᠪᠠ ᠬᠡᠷᠡᠭ ᠬᠤᠯᠤᠭᠠᠨ᠎ᠠ ᠦᠬᠡᠷ ᠢ ᠬᠦᠯᠢᠶᠡᠪᠡᠰᠦ ᠰᠠᠨᠠᠭᠠᠨ ᠳ᠋ᠤᠷ ᠭᠥᠷᠥᠮᠦ᠂ ᠶᠡᠬᠡ ᠲᠥᠯᠥᠪ ᠠᠨᠤ ᠡᠬᠢᠨ ᠳ᠋ᠦ᠍ᠷ ᠮᠠᠭᠤ᠂ ᠰᠡᠭᠦᠯ ᠳ᠋ᠦ᠍ᠷ ᠰᠠᠢᠨ ᠪᠣᠯᠠᠢ᠃  
      ᠪᠡᠯᠭᠡ ᠶ᠋ᠢᠨ ᠲᠣᠬᠢᠶᠠᠯᠳᠤᠪᠤᠷᠢ : ᠨᠢᠭᠡᠨ ᠪᠢᠴᠢᠭ ᠦ᠋ᠨ ᠬᠥᠮᠦᠨ ᠬᠥᠬᠡ ᠬᠤᠯᠤᠭᠠᠨ᠎ᠠ ᠵᠢᠯ ᠰᠢᠯᠭᠠᠬᠤᠢ ᠳ᠋ᠤᠷ ᠦᠵᠡᠭᠦᠯᠪᠡᠰᠦ ᠡᠨᠡ ᠲᠥᠯᠭᠡ ᠪᠠᠭᠤᠵᠤᠬᠤᠢ᠂ ᠵᠢᠦᠢ ᠷᠸᠡ ᠰᠢᠯᠭᠠᠬᠤᠢ ᠳ᠋ᠤᠷ ᠳᠠᠷᠠᠭ᠎ᠠ ᠪᠠᠷ ᠲᠠᠪᠰᠢᠵᠤ ᠬᠤᠯᠤᠭᠠᠨ᠎ᠠ ᠦᠬᠡᠷ ᠯᠦᠭᠡ ᠲᠣᠬᠢᠶᠠᠯᠳᠤᠵᠤᠬᠤᠢ᠃
      ᠳᠥᠴᠢᠨ ᠬᠣᠶᠠᠳᠤᠭᠠᠷ ᠲᠥᠯᠭᠡ : ᠰᠢᠷ᠎ᠠ ᠬᠥᠬᠡᠭᠴᠢᠨ᠂ ᠳᠤᠮᠳᠠ ᠲᠡᠭᠰᠢ᠂ ᠲᠥᠯᠭᠡ ᠶ᠋ᠢᠨ ᠪᠡᠯᠭᠡ ᠠᠨᠤ᠂ ᠳ᠋ᠦᠩ ᠶᠦᠩ ᠪᠡᠶ᠎ᠡ ᠪᠡᠨ ᠬᠤᠳᠠᠯᠳᠤᠭᠰᠠᠨ : ᠪᠢ ᠪᠡᠷ ᠴᠢᠨᠦ ᠬᠡᠷᠡᠭ ᠢ ᠪᠦᠲᠦᠭᠡᠮᠦ ᠭᠡᠮᠡᠨ ᠴᠢᠮᠠᠳᠣᠷ ᠰᠤᠪᠢᠭᠰᠠᠨ ᠪᠢᠯᠡ᠂ ᠴᠢ ᠥᠪᠡᠷ ᠢ᠋ᠶ᠋ᠡᠨ ᠵᠠᠰᠠᠯ ᠦᠢᠯᠡᠳᠬᠦᠢ ᠳ᠋ᠦ᠍ᠷ ᠡᠪᠳᠡᠭᠰᠡᠨ ᠢ ᠬᠡᠨ ᠮᠡᠳᠡᠮᠦᠢ᠂ ᠬᠠᠭᠤᠴᠢᠨ ᠠᠭᠠᠯᠢ ᠪᠠᠨ ᠰᠢᠨᠡᠳᠬᠡᠨ ᠲᠤᠭᠤᠷᠪᠢᠪᠠᠰᠤ ᠡᠯ᠎ᠡ ᠪᠣᠳᠣᠭᠰᠠᠨ ᠦᠯᠡᠳᠦᠭᠰᠡᠨ ᠪᠦᠭᠦᠳᠡ ᠬᠦᠰᠡᠯ ᠢ ᠴᠢᠨᠦ ᠬᠠᠩᠭᠠᠮᠤᠢ᠃  
      ᠪᠣᠭᠳᠠ ᠶ᠋ᠢᠨ ᠲᠠᠭᠠᠯᠠᠯ : ᠡᠪᠡᠳᠴᠢᠲᠡᠨ ᠡᠮᠴᠢ ᠶ᠋ᠢ ᠬᠠᠯᠠ ᠵᠠᠷᠭᠤ ᠥᠪᠡᠷᠮᠢᠴᠡ ᠵᠦᠭᠯᠡᠭᠦᠯ᠂ ᠨᠡᠷ᠎ᠡ ᠠᠰᠢᠭ ᠤᠭ ᠪᠣᠳᠣᠯ ᠢ ᠬᠠᠯᠠ ᠤᠷᠤᠭ ᠬᠠᠯᠠᠵᠤ ᠬᠡᠯᠡᠯᠴᠡ ᠶᠠᠪᠤᠳᠠᠯ ᠤ᠋ᠨ ᠬᠥᠮᠦᠨ ᠤᠳᠠᠭᠠᠨ ᠪᠤᠶᠠᠨᠲᠤ ᠦᠢᠯᠡ ᠶ᠋ᠢ ᠬᠢᠴᠢᠶᠡᠪᠡᠰᠦ ᠰᠠᠬᠢᠭᠤᠯᠰᠤᠨ ᠢᠪᠡᠭᠡᠮᠦᠢ᠃  
      ᠲᠠᠢᠯᠪᠤᠷᠢ ᠥᠭᠦᠯᠡᠯ : ᠡᠨᠡ ᠲᠥᠯᠭᠡ ᠳ᠋ᠦ᠍ᠷ ᠬᠡᠷᠡᠭ ᠪᠣᠯᠪᠠᠰᠤ ᠬᠠᠯᠠᠵᠤ ᠶᠠᠪᠤ᠂ ᠤᠷᠤᠭ ᠤ᠋ᠨ ᠤᠴᠢᠷ ᠢ ᠠᠰᠠᠭᠤᠪᠠᠰᠤ ᠳᠠᠬᠢᠵᠤ ᠨᠡᠢᠯᠡᠬᠦ ᠰᠠᠨᠠᠭᠠᠨ ᠪᠣᠢ᠂ ᠵᠠᠷᠭᠤ ᠵᠣᠬᠢᠯᠳᠤᠲᠤᠭᠠᠢ᠂ ᠵᠢᠷᠮᠦᠰᠦᠨ ᠪᠥᠭᠡᠰᠦ ᠬᠥᠪᠡᠭᠦᠨ ᠬᠥᠩᠭᠡᠵᠢᠮᠦᠢ᠂ ᠠᠰᠢᠭ ᠢ ᠬᠦᠰᠡᠪᠡᠰᠦ ᠬᠠᠯᠠᠵᠤ ᠡᠷᠢ᠂ ᠡᠪᠡᠳᠴᠢᠲᠡᠨ ᠡᠮᠴᠢ ᠶ᠋ᠢ ᠠᠷᠢᠯᠵᠢ᠂ ᠨᠡᠷ᠎ᠡ ᠭᠠᠪᠢᠶ᠎ᠠ ᠰᠠᠨᠠᠭᠠᠨ ᠳ᠋ᠤᠷ ᠬᠦᠷᠬᠦ ᠦᠭᠡᠢ᠃ ᠠᠯᠢᠪᠠ ᠬᠡᠷᠡᠭ ᠲᠦ᠍ᠷ ᠬᠠᠯᠠᠵᠤ ᠶᠠᠪᠤᠪᠠᠰᠤ ᠰᠠᠶᠢ ᠰᠠᠨᠠᠭᠠᠨ ᠳ᠋ᠤᠷ ᠭᠥᠷᠥᠮᠦ᠃  
      ᠰᠠᠨᠠᠭ᠎ᠠ ᠲᠠᠢᠯᠤᠭᠰᠠᠨ : ᠠᠯᠢᠪᠠ ᠬᠡᠷᠡᠭ ᠲᠦ᠍ᠷ ᠥᠪᠡᠷ ᠦ᠋ᠨ ᠵᠣᠷᠢᠭ ᠢ᠋ᠶ᠋ᠠᠷ ᠪᠣᠯᠵᠤ ᠠᠷᠭ᠎ᠠ ᠬᠥᠲᠥᠯᠪᠦᠷᠢ ᠶ᠋ᠢ ᠮᠡᠳᠡᠬᠦ ᠦᠭᠡᠢ ᠪᠣᠯᠪᠠᠰᠤ ᠨᠡᠷ᠎ᠡ ᠠᠰᠢᠭ ᠰᠠᠨᠠᠭᠠᠨ ᠳ᠋ᠤᠷ ᠬᠦᠷᠬᠦ ᠦᠭᠡᠢ᠂ ᠶᠡᠬᠡ ᠲᠥᠯᠥᠪ ᠬᠠᠯᠠᠵᠤ ᠶᠠᠪᠤᠪᠠᠰᠤ ᠲᠤᠰᠠᠯᠠᠬᠤ ᠬᠥᠮᠦᠨ ᠯᠦᠭᠡ ᠠᠭᠤᠯᠵᠠᠮᠤ᠃  
      ᠪᠡᠯᠭᠡ ᠶ᠋ᠢᠨ ᠲᠣᠬᠢᠶᠠᠯᠳᠤᠪᠤᠷᠢ : ᠨᠢᠭᠡᠨ ᠪᠢᠴᠢᠭ ᠦ᠋ᠨ ᠬᠥᠮᠦᠨ ᠣᠯᠠᠨ ᠤᠳᠠᠭ᠎ᠠ ᠰᠢᠯᠭᠠᠪᠠᠰᠤ ᠣᠯᠳᠠᠪᠤᠷᠢ ᠦᠭᠡᠢ ᠪᠣᠯᠵᠤ ᠴᠡᠷᠢᠭ ᠦ᠋ᠨ ᠰᠤᠷᠭᠠᠭᠤᠯᠢ ᠳ᠋ᠤ᠌ ᠣᠷᠣᠭᠰᠠᠨ ᠬᠣᠢᠨ᠎ᠠ ᠵᠠᠷᠯᠢᠭ ᠢ᠋ᠶ᠋ᠠᠷ ᠴᠡᠷᠢᠭ ᠦ᠋ᠨ ᠰᠤᠷᠭᠠᠭᠤᠯᠢ ᠶ᠋ᠢᠨ ᠬᠥᠮᠦᠨ ᠢ ᠪᠢᠴᠢᠭ ᠰᠢᠯᠭᠠᠬᠤᠢ ᠳ᠋ᠤᠷ ᠣᠷᠣᠵᠤ ᠪᠣᠯᠤᠮᠤ ᠭᠡᠮᠡᠨ ᠰᠣᠶᠣᠷᠬᠠᠪᠠ᠂ ᠲᠡᠨᠳᠡᠴᠡ ᠳᠠᠬᠢᠵᠤ ᠪᠢᠴᠢᠭ ᠰᠢᠯᠭᠠᠭᠠᠳ ᠬᠠᠷᠢᠨ ᠵᠢᠨ ᠰᠢ ᠪᠣᠯᠵᠤᠬᠤᠢ᠂ ᠡᠨᠡ ᠠᠨᠤ ᠬᠠᠯᠠᠵᠤ ᠶᠠᠪᠤᠪᠠᠰᠤ ᠰᠠᠢᠨ ᠬᠡᠮᠡᠭᠰᠡᠨ ᠯᠦᠭᠡ ᠲᠣᠬᠢᠶᠠᠯᠳᠤᠵᠤᠬᠤᠢ᠃  
      ᠳᠥᠴᠢᠨ ᠭᠤᠷᠪᠠᠳᠤᠭᠠᠷ ᠲᠥᠯᠭᠡ ᠂ ᠰᠢᠷ᠎ᠠ ᠤᠯᠠᠭᠠᠨ᠂ ᠳᠤᠮᠳᠠ ᠲᠡᠭᠰᠢ᠂ ᠲᠥᠯᠭᠡ ᠶ᠋ᠢᠨ ᠪᠡᠯᠭᠡ ᠠᠨᠤ : ᠰᠢᠦᠸᠠᠨ ᠳᠧ ᠬᠤᠸᠠᠩᠬᠡᠦ ᠯᠦ᠍ ᠳ᠋ᠦ᠍ᠷ ᠬᠤᠷᠢᠮᠠᠯᠠᠭᠰᠠᠨ : ᠨᠢᠭᠡᠨ ᠬᠠᠭᠤᠳᠠᠰᠤ ᠵᠠᠬᠢᠶ᠎ᠠ ᠪᠢᠴᠢᠭ ᠭᠠᠯ ᠮᠡᠲᠦ ᠱᠠᠭᠠᠷᠳᠠᠭᠤᠯᠤᠮᠤᠢ᠂ ᠭᠠᠨᠠᠴᠠ ᠣᠩᠭᠣᠴᠠ ᠪᠠᠷ ᠲᠦᠷᠭᠡᠨ ᠪᠠᠭᠤᠬᠤᠢ ᠳ᠋ᠤᠷ ᠳᠣᠯᠭᠢᠶᠠᠨ ᠠᠶᠤᠩᠭ᠎ᠠ ᠮᠡᠲᠦ᠂ ᠨᠢᠳᠦᠨ ᠤ ᠡᠮᠦᠨ᠎ᠡ ᠬᠡᠳᠦᠢ ᠠᠶᠤᠯᠲᠠᠢ ᠮᠡᠲᠦ ᠪᠣᠯᠪᠠᠴᠤ᠂  ᠴᠢᠮᠠᠶ᠋ᠢ ᠠᠮᠤᠷ ᠮᠡᠨᠳᠦ ᠪᠡᠷ ᠣᠳᠴᠤ ᠢᠷᠡᠬᠦ ᠶ᠋ᠢ ᠪᠠᠲᠤᠯᠠᠮᠤᠢ᠃  
      ᠪᠣᠭᠳᠠ ᠶ᠋ᠢᠨ ᠲᠠᠭᠠᠯᠠᠯ : ᠭᠠᠪᠢᠶ᠎ᠠ ᠣᠯᠤᠮᠤ ᠨᠡᠷ᠎ᠡ ᠪᠦᠲᠦᠮᠦ᠂ ᠡᠪᠡᠳᠴᠢᠲᠡᠨ ᠪᠠ ᠵᠠᠷᠭᠤ ᠠᠶᠤᠯᠲᠠᠢ᠂ ᠡᠴᠦᠰ ᠲᠡᠭᠡᠨ ᠲᠡᠭᠰᠢᠷᠡᠮᠦ᠂ ᠠᠯᠳᠠᠭᠰᠠᠨ ᠡᠳ᠋᠎ ᠢ ᠣᠯᠤᠮᠤᠢ᠂ ᠶᠠᠪᠤᠳᠠᠯ ᠤ᠋ᠨ ᠬᠥᠮᠦᠨ ᠡᠷᠭᠢᠮᠦ᠂ ᠤᠷᠤᠭ ᠬᠣᠯᠠ ᠰᠠᠢᠨ᠂ ᠠᠰᠢᠭ ᠪᠡᠷᠬᠡᠰᠢᠶᠡᠯ ᠦᠭᠡᠢ᠃  
      ᠲᠠᠢᠯᠪᠤᠷᠢ ᠥᠭᠦᠯᠡᠯ : ᠡᠨᠡ ᠲᠥᠯᠭᠡ ᠳ᠋ᠦ᠍ᠷ ᠤᠷᠢᠳᠠ ᠮᠠᠭᠤ ᠬᠣᠢᠨ᠎ᠠ ᠰᠠᠢᠨ᠂ ᠰᠠᠨᠠᠭᠰᠠᠨ ᠬᠡᠷᠡᠭ ᠢ ᠠᠰᠠᠭᠤᠪᠠᠰᠤ ᠡᠴᠦᠰ ᠬᠣᠪᠢᠨ ᠳ᠋ᠠᠭᠠᠨ ᠰᠠᠢᠨ ᠪᠣᠯᠠᠢ᠃ ᠡᠪᠡᠳᠴᠢᠲᠡᠨ ᠪᠡᠷᠬᠡ ᠪᠣᠯᠪᠠᠰᠤ ᠠᠯᠭᠤᠷ ᠲᠠᠭᠠᠨ ᠠᠮᠤᠷᠵᠢᠮᠤᠢ᠂ ᠶᠡᠬᠡ ᠬᠡᠷᠡᠭ ᠪᠠᠭ᠎ᠠ ᠪᠣᠯᠤᠮᠤ᠂ ᠲᠦᠰᠢᠮᠡᠯ ᠢ ᠬᠦᠰᠡᠬᠦ᠂ ᠵᠠᠷᠭᠤ ᠶ᠋ᠢ ᠠᠰᠠᠭᠤᠬᠤᠢ ᠳ᠋ᠤᠷ ᠴᠥᠮ ᠰᠠᠢᠨ᠂ ᠠᠰᠢᠭ ᠪᠡᠷᠬᠡᠰᠢᠶᠡᠯ ᠦᠭᠡᠢ᠂ ᠠᠯᠳᠠᠭᠰᠠᠨ ᠡᠳ᠋ ᠢ ᠣᠯᠤᠮᠤᠢ᠂ ᠶᠠᠪᠤᠳᠠᠯ ᠤ᠋ᠨ ᠬᠥᠮᠦᠨ ᠬᠦᠷᠴᠦ ᠢᠷᠡᠮᠦᠢ᠂ ᠠᠯᠢᠪᠠ ᠬᠡᠷᠡᠭ ᠶᠡᠬᠡᠳᠡ ᠰᠠᠢᠨ᠃  
      ᠰᠠᠨᠠᠭ᠎ᠠ ᠲᠠᠢᠯᠤᠭᠰᠠᠨ : ᠭᠠᠯ ᠮᠡᠲᠦ ᠱᠠᠭᠠᠷᠳᠠᠭᠤᠯᠤᠮᠤᠢ ᠬᠡᠮᠡᠭᠰᠡᠨ ᠠᠨᠤ ᠴᠢᠬᠤᠯᠳᠠᠬᠤ ᠮᠡᠲᠦ ᠬᠡᠯᠡ ᠠᠮᠠ ᠪᠣᠢ᠂ ᠦᠵᠡᠭᠦᠯᠦᠭᠴᠢᠳ ᠨᠢᠳᠦᠨ ᠤ ᠡᠮᠦᠨ᠎ᠡ ᠠᠶᠤᠨ ᠰᠣᠴᠢᠬᠤ ᠪᠣᠯᠪᠠᠴᠤ ᠬᠣᠢᠰᠢ ᠡᠳᠦᠷ ᠭᠡᠮ ᠦᠭᠡᠢ ᠪᠣᠯᠤᠮᠤᠢ᠃ ᠰᠢᠨ᠎ᠡ ᠡᠪᠡᠳᠴᠢᠲᠡᠨ ᠠᠯᠭᠤᠷ ᠢᠶᠠᠷ ᠡᠳᠡᠭᠡᠮᠦᠢ᠂ ᠬᠠᠭᠤᠴᠢᠨ ᠡᠪᠡᠳᠴᠡᠲᠡᠨ ᠪᠥᠭᠡᠰᠦ ᠪᠡᠷᠬᠡ ᠲᠡᠢ᠂ ᠮᠠᠭᠤ ᠬᠡᠷᠡᠭ ᠪᠦᠭᠦᠳᠡ ᠤᠰᠠᠳᠤᠭᠠᠳ ᠰᠠᠢᠨ ᠢ ᠣᠯᠤᠮᠤᠢ᠂ ᠶᠡᠬᠡ ᠬᠡᠷᠡᠭ ᠪᠠᠭ᠎ᠠ ᠪᠣᠯᠤᠮᠤ᠂ ᠨᠡᠷ᠎ᠡ ᠠᠰᠢᠭ ᠬᠦᠰᠡᠭᠴᠢᠳ ᠡᠪᠡᠳᠴᠢᠨ ᠪᠠ ᠬᠡᠯᠡ ᠠᠮᠠ ᠪᠣᠯᠪᠠᠰᠤ ᠰᠠᠶᠢ ᠣᠯᠤᠮᠤᠢ᠃  
      ᠪᠡᠯᠭᠡ ᠶ᠋ᠢᠨ ᠲᠣᠬᠢᠶᠠᠯᠳᠤᠪᠤᠷᠢ ᠄ ᠨᠢᠭᠡᠨ ᠪᠢᠴᠢᠭ ᠦ᠋ᠨ ᠬᠥᠮᠦᠨ ᠰᠢᠯᠭᠠᠭᠤᠢ ᠳ᠋ᠤᠷ ᠲᠣᠬᠢᠶᠠᠯᠳᠤᠭᠠᠳ ᠠᠮᠢᠨ ᠤ᠋ ᠬᠡᠷᠡᠭ ᠲᠦ᠍ ᠨᠣᠴᠣᠭᠳᠠᠵᠤ ᠰᠠᠭᠠᠲᠤᠭᠠᠳ ᠦᠵᠡᠭᠦᠯᠪᠡᠰᠦ ᠡᠨᠡ ᠲᠥᠯᠭᠡ ᠪᠠᠭᠤᠵᠤᠬᠤᠢ᠂ ᠬᠣᠵᠢᠮ ᠰᠢᠭᠦᠭᠴᠢ ᠲᠦᠰᠢᠮᠡᠯ ᠲᠦᠷ ᠬᠣᠢᠰᠢᠯᠠᠭᠠᠳ ᠰᠢᠯᠭᠠᠵᠤ ᠬᠠᠷᠢᠨ ᠬᠠᠪᠤᠷ ᠴᠠᠭ ᠲᠤᠩᠬᠠᠭ ᠲᠤᠷ ᠨᠡᠷ᠎ᠡ ᠭᠠᠷᠤᠵᠤᠬᠤᠢ᠂ ᠡᠨᠡ ᠢᠨᠤ ᠪᠦᠬᠦᠯᠢ ᠰᠢᠯᠦᠭ ᠦ᠋ᠨ ᠦᠭᠡᠰ ᠯᠦᠭᠡ ᠲᠣᠬᠢᠶᠠᠯᠳᠤᠵᠤᠬᠤᠢ᠃  
      ᠳᠥᠴᠢᠨ ᠳᠥᠲᠥᠭᠡᠷ ᠲᠥᠯᠭᠡ : ᠰᠢᠷ᠎ᠠ ᠤᠯᠠᠭᠴᠢᠨ᠂ ᠳᠤᠮᠳᠠ ᠲᠡᠭᠰᠢ᠂ ᠲᠥᠯᠭᠡ ᠶ᠋ᠢᠨ ᠪᠡᠯᠭᠡ ᠠᠨᠤ : ᠸᠠᠩ ᠮᠡᠩ ᠰᠠᠭᠤᠷᠢᠨ ᠢ ᠪᠤᠯᠢᠶᠠᠭᠰᠠᠨ : ᠴᠢ ᠪᠡᠷ ᠬᠥᠮᠦᠨ ᠤ ᠳᠣᠲᠣᠷ᠎ᠠ ᠮᠠᠰᠢ ᠪᠤᠶᠠᠨ ᠲᠠᠢ ᠪᠣᠯᠵᠤ᠂ ᠡᠨᠳᠡᠭᠦᠦ ᠦᠢᠯᠡᠳᠴᠦ ᠴᠣᠭ ᠵᠣᠯᠢ ᠪᠠᠭᠤᠷᠠᠪᠠᠢ᠂ ᠨᠢᠭᠡᠨ ᠰᠡᠳᠬᠢᠯ ᠢᠶᠠᠷ ᠠᠮᠠᠯᠠᠭᠰᠠᠨ ᠢ᠋ᠶ᠋ᠠᠨ ᠰᠠᠢᠲᠤᠷ ᠪᠦᠲᠦᠭᠡᠪᠡᠰᠦ᠂ ᠪᠠᠶᠠᠨ ᠰᠠᠢᠨ ᠥᠩᠭᠡ ᠬᠦᠴᠦᠨ ᠴᠢᠮᠡᠳᠤᠷ ᠴᠤᠭᠯᠠᠨ ᠬᠤᠷᠠᠮᠤᠢ᠃
      ᠪᠣᠭᠳᠠ ᠶ᠋ᠢᠨ ᠲᠠᠭᠠᠯᠠᠯ : ᠬᠡᠷᠡᠭ ᠣᠯᠠᠨ ᠡᠨᠳᠡᠭᠦᠦ ᠵᠠᠷᠭᠤ ᠪᠤᠤ ᠡᠭᠦᠰᠬᠡ᠂ ᠡᠪᠡᠳᠴᠢᠲᠡᠨ ᠪᠤᠷᠬᠠᠨ᠎ᠡ ᠵᠠᠯᠪᠠᠷᠢ ᠡᠮ ᠢ ᠲᠦᠷ ᠴᠡᠭᠡᠷᠯᠡ᠂ ᠤᠷᠤᠭ ᠪᠤᠤ ᠭᠣᠶᠣ ᠶᠠᠪᠤᠳᠠᠯ ᠤ᠋ᠨ ᠬᠥᠮᠦᠨ ᠢᠷᠡᠮᠦᠢ᠂ ᠠᠯᠳᠠᠯ ᠢ ᠭᠡᠮᠰᠢᠨ ᠨᠠᠮᠠᠨᠴᠢᠯᠠᠪᠠᠰᠤ ᠨᠡᠷ᠎ᠡ ᠠᠰᠢᠭ ᠪᠦᠷᠢᠳᠦᠮᠦᠢ᠃  
      ᠲᠠᠢᠯᠪᠤᠷᠢ ᠥᠭᠦᠯᠡᠯ ᠄ ᠡᠨᠡ ᠲᠥᠯᠭᠡ ᠳ᠋ᠦ᠍ᠷ ᠬᠥᠨᠳᠡᠯᠡᠨ ᠡᠴᠡ ᠵᠣᠪᠠᠯᠠᠩ ᠪᠣᠯᠬᠤ ᠶ᠋ᠢ ᠰᠡᠷᠡᠮᠵᠢᠯᠡ ᠡᠨᠳᠡᠭᠦᠦ ᠶ᠋ᠢ ᠬᠠᠯᠠᠵᠤ ᠠᠯᠢᠪᠠ ᠦᠢᠯᠡ ᠳ᠋ᠦ᠍ᠷ ᠬᠦᠯᠢᠴᠡᠭᠡᠳ ᠡᠰᠡ ᠶᠠᠭᠠᠷᠠᠪᠠᠰᠤ ᠰᠠᠢᠨ : ᠵᠠᠷᠭᠤ ᠶ᠋ᠢ ᠪᠢᠲᠡᠭᠡᠢ ᠡᠭᠦᠰᠭᠡ᠂ ᠠᠰᠢᠭ ᠡᠷᠬᠡᠪᠰᠢ ᠪᠣᠢ᠂ ᠤᠷᠤᠭ ᠢ ᠪᠢᠲᠡᠭᠡᠢ ᠭᠤᠶᠤᠭᠲᠤᠨ᠂ ᠡᠪᠡᠳᠴᠢᠲᠡᠨ ᠰᠠᠬᠢᠭᠤᠯᠰᠤᠨ᠎ᠡ ᠵᠠᠯᠪᠠᠷᠢ᠂ ᠶᠠᠪᠤᠳᠠᠯ ᠤ᠋ᠨ ᠬᠥᠮᠦᠨ ᠪᠤᠴᠠᠭᠠᠳᠤᠢ᠂ ᠭᠡᠮ ᠢ᠋ᠶ᠋ᠡᠨ ᠬᠠᠯᠠᠨ ᠴᠢᠳᠠᠪᠠᠰᠤ ᠨᠡᠷ᠎ᠡ ᠠᠰᠢᠭ ᠪᠦᠷᠢᠨ ᠢ᠋ᠶ᠋ᠡᠷ ᠢᠷᠡᠮᠦᠢ᠃  
      ᠰᠠᠨᠠᠭ᠎ᠠ ᠲᠠᠢᠯᠤᠭᠰᠠᠨ᠄ ᠪᠤᠶᠠᠨᠲᠤ ᠬᠥᠮᠦᠨ ᠬᠡᠮᠡᠭᠴᠢ ᠰᠠᠢᠨ ᠬᠥᠮᠦᠨ ᠪᠣᠯᠠᠢ᠂ ᠬᠥᠮᠦᠨ ᠬᠡᠳᠦᠢ ᠪᠤᠶᠠᠨ ᠲᠠᠢ ᠪᠣᠯᠪᠠᠴᠤ ᠶᠠᠪᠤᠳᠠᠯ ᠦᠵᠡᠯ ᠮᠤᠰᠬᠢᠭᠤ ᠪᠥᠭᠡᠳ ᠮᠠᠭᠤ ᠬᠥᠮᠦᠨ ᠯᠦᠭᠡ ᠨᠥᠬᠥᠷᠯᠡᠪᠡᠰᠦ ᠡᠪᠳᠡᠷᠡᠬᠦ ᠪᠣᠯᠠᠢ᠂ ᠵᠢᠴᠢ ᠪᠤᠶᠠᠨ ᠵᠦᠭ ᠲᠦ᠍ ᠪᠠᠲᠤ ᠪᠣᠯᠤᠭᠠᠳ ᠶᠠᠪᠤᠳᠠᠯ ᠬᠡᠴᠢᠶᠡᠩᠭᠦᠢ ᠪᠣᠯᠪᠠᠰᠤ ᠪᠤᠶᠠᠨ ᠰᠠᠢᠨ ᠢ ᠣᠯᠤᠮᠤ᠂ ᠥᠩᠭᠡ ᠬᠦᠴᠦᠨ ᠨᠡᠮᠡᠬᠦ ᠪᠣᠯᠠᠢ᠂ ᠦᠵᠡᠭᠦᠯᠦᠭᠴᠢᠳ ᠪᠤᠰᠤᠳ ᠢ ᠳᠣᠷᠣᠮᠵᠢᠯᠠᠬᠤ ᠬᠥᠩᠭᠡᠮᠰᠦᠭ ᠳᠣᠯᠭᠢᠨ ᠢ ᠲᠡᠪᠴᠢᠵᠦ ᠥᠪᠡᠷ ᠢ᠋ᠶ᠋ᠡᠨ ᠴᠡᠭᠡᠷᠯᠡᠬᠦ ᠶ᠋ᠢ ᠮᠡᠳᠡᠪᠡᠰᠦ ᠵᠣᠪᠠᠯᠠᠩ ᠠᠷᠢᠯᠤᠮᠤᠢ᠃ 
      ᠪᠡᠯᠭᠡ ᠶ᠋ᠢᠨ ᠲᠤᠬᠢᠶᠠᠯᠳᠤᠪᠤᠷᠢ: ᠨᠢᠭᠡᠨ ᠪᠢᠴᠢᠭ ᠦ᠋ᠨ ᠬᠥᠮᠦᠨ ᠪᠠᠶᠠᠯᠢᠭ ᠬᠥᠮᠦᠨ ᠤ ᠬᠥᠪᠡᠭᠦᠨ ᠪᠥᠯᠥᠭᠡ᠂ ᠠᠭᠠᠯᠢ ᠵᠠᠩ ᠠᠨᠤ ᠳᠡᠭᠡᠷᠡᠩᠭᠦᠢ ᠥᠪᠡᠷ ᠦ᠋ᠨ ᠡᠴᠢᠭᠡ ᠪᠡᠨ ᠦᠯᠦ ᠬᠦᠨᠳᠦᠯᠡᠬᠦ ᠠᠵᠤᠭᠤ᠂ ᠢᠮᠠᠭᠲᠠ ᠰᠢᠯᠭᠠᠬᠤᠢ ᠳ᠋ᠤᠷ ᠳᠠᠷᠠᠭ᠎ᠠ ᠳ᠋ᠤ᠌ ᠣᠷᠣᠮᠤᠢ᠂ ᠲᠡᠭᠦᠪᠡᠷ ᠦᠵᠡᠭᠦᠯᠪᠡᠰᠦ ᠡᠨᠡ ᠲᠥᠯᠭᠡ ᠪᠠᠭᠤᠵᠤᠬᠤᠢ᠂ ᠲᠥᠯᠭᠡ ᠶ᠋ᠢᠨ ᠦᠭᠡᠰ ᠢ ᠪᠣᠳᠣᠵᠤ ᠥᠪᠡᠷ ᠦ᠋ᠨ ᠵᠣᠬᠢᠰ ᠦᠭᠡᠢ ᠶᠠᠪᠤᠳᠠᠯ ᠢ᠋ᠶ᠋ᠠᠨ ᠬᠠᠯᠠᠭᠠᠳ ᠡᠴᠢᠭᠡ ᠬᠥᠪᠡᠭᠦᠨ ᠯᠦ᠍ᠭᠡ ᠪᠡᠨ ᠬᠠᠮᠲᠤ ᠨᠠᠰᠤᠨ ᠪᠤᠶᠠᠨ ᠢ ᠣᠯᠵᠤᠬᠤᠢ᠂ ᠬᠡᠷᠪᠡ ᠬᠠᠯᠠᠨ ᠡᠰᠡ ᠴᠢᠳᠠᠪᠠᠰᠤ ᠰᠢᠯᠭᠠᠵᠤ ᠣᠯᠬᠤ ᠦᠭᠡᠢ ᠪᠥᠭᠡᠳ ᠪᠡᠶ᠎ᠡ ᠳ᠋ᠦ᠍ᠷ ᠵᠣᠪᠠᠯᠠᠩ ᠪᠣᠯᠬᠤ ᠠᠨᠤ ᠮᠠᠭᠠᠳ ᠪᠣᠯᠠᠢ᠃ 
      ᠳᠥᠴᠢᠨ ᠲᠠᠪᠤᠳᠤᠭᠠᠷ ᠲᠥᠯᠭᠡ : ᠰᠢᠷ᠎ᠠ ᠰᠢᠷ᠎ᠠ᠂ ᠳᠤᠮᠳᠠ ᠲᠡᠭᠰᠢ᠂ ᠲᠥᠯᠭᠡ ᠶ᠋ᠢᠨ ᠪᠡᠯᠭᠡ ᠠᠨᠤ : ᠺᠡᠸᠤ ᠱᠤ᠌ ᠳ᠋ᠢᠩ ᠬᠦᠩ ᠳ᠋ᠦ᠍ᠷ ᠤᠴᠠᠷᠠᠭᠰᠠᠨ : ᠰᠡᠳᠬᠢᠯ ᠦ᠋ᠨ ᠲᠠᠷᠢᠶᠠᠯᠠᠩ ᠢ ᠠᠷᠴᠢᠨ ᠠᠷᠢᠯᠭᠠᠪᠠᠰᠤ ᠥᠪᠡᠷ ᠪᠤᠰᠤᠳ ᠤ᠋ᠨ ᠬᠡᠭᠦᠷ ᠰᠠᠢᠨ ᠠᠨᠤ ᠶᠠᠭᠤᠨ ᠬᠡᠷᠡᠭ᠂ ᠦᠬᠦᠭᠰᠡᠳ ᠦ᠋ᠨ ᠭᠠᠵᠠᠷ ᠰᠡᠳᠬᠢᠯ ᠦ᠋ᠨ ᠭᠠᠵᠠᠷ ᠲᠤᠷ ᠦᠯᠦ ᠬᠦᠷᠬᠦ ᠵᠠᠰᠠᠨ ᠦᠢᠯᠡᠳᠪᠡᠰᠦ ᠡᠴᠦᠰ ᠲᠦ᠍ ᠴᠢᠮᠠᠳᠤᠷ ᠳᠡᠢᠯᠦᠭᠳᠡᠮᠦ᠃  
      ᠪᠣᠭᠳᠠ ᠶ᠋ᠢᠨ ᠲᠠᠭᠠᠯᠠᠯ : ᠰᠡᠳᠬᠢᠯ ᠰᠠᠢᠨ ᠪᠥᠭᠡᠰᠦ ᠭᠠᠵᠠᠷ ᠮᠥᠨ ᠭᠠᠢᠬᠠᠮᠰᠢᠭ᠂ ᠡᠪᠡᠳᠴᠢᠲᠡᠨ ᠠᠮᠤᠷᠵᠢᠮᠤᠢ᠂ ᠵᠠᠷᠭᠤ ᠣᠯᠤᠮᠤ᠂ ᠡᠳ᠋ ᠪᠢᠲᠡᠭᠡᠢ ᠡᠷᠢ᠂ ᠳᠣᠢ᠍ᠷ ᠥᠪᠡᠷ ᠢ ᠰᠠᠬᠢ᠂ ᠶᠠᠪᠤᠳᠠᠯ ᠤ᠋ᠨ ᠬᠥᠮᠦᠨ ᠢᠷᠡᠮᠦᠢ᠂ ᠡᠴᠦᠰ ᠲᠡᠭᠡᠨ ᠪᠠᠶᠠᠷ ᠪᠣᠢ᠃  
     ᠲᠠᠢᠯᠪᠤᠷᠢ ᠥᠭᠦᠯᠡᠯ : ᠡᠨᠡ ᠲᠥᠯᠭᠡ ᠲᠦᠷ ᠥᠪᠡᠷ ᠦ᠋ᠨ ᠳᠤᠷ᠎ᠠ ᠪᠠᠷ ᠪᠡᠲᠡᠭᠡᠢ ᠬᠦᠰᠡᠭᠲᠦᠨ᠂ ᠭᠠᠭᠴᠠ ᠤᠭ ᠬᠤᠪᠢ ᠪᠠᠨ ᠰᠠᠬᠢᠪᠠᠰᠤ ᠲᠡᠭᠷᠢ ᠰᠠᠶᠢ ᠢᠪᠡᠭᠡᠮᠦ᠂ ᠭᠠᠵᠠᠷ ᠤ᠋ᠨ ᠰᠤᠳᠠᠯ ᠲᠠᠮᠢᠷ ᠢ ᠠᠰᠠᠭᠤᠪᠠᠰᠤ᠂ ᠨᠡᠭᠦᠯᠭᠡᠬᠦ ᠳ᠋ᠦ᠍ ᠵᠣᠬᠢᠮᠤᠢ᠂ ᠶᠠᠪᠤᠳᠠᠯ ᠤ᠋ᠨ ᠬᠥᠮᠦᠨ ᠬᠦᠷᠴᠦ ᠢᠷᠡᠮᠦᠢ᠂ ᠡᠪᠡᠳᠴᠢᠲᠡᠨ ᠪᠣᠯᠪᠠᠰᠤ ᠠᠮᠤᠷᠵᠢᠮᠤᠢ᠂ ᠡᠳ᠋ ᠢ ᠡᠷᠢᠪᠡᠰᠦ ᠦᠭᠡᠢ᠂ ᠬᠠᠭᠤᠴᠢᠨ ᠬᠡᠪ ᠢᠶᠠᠨ ᠰᠠᠬᠢᠲᠤᠭᠠᠢ᠂ ᠵᠠᠷᠭᠤ ᠪᠣᠯᠪᠠᠰᠤ ᠮᠠᠭᠤ᠂ ᠵᠣᠬᠢᠯᠳᠤᠪᠠᠰᠤ ᠪᠣᠯᠤᠮᠤ᠂ ᠠᠯᠢᠪᠠ ᠬᠡᠷᠡᠭ ᠭᠠᠭᠴᠠ ᠰᠡᠳᠬᠢᠯ ᠢ ᠵᠠᠰᠠᠵᠤ ᠪᠤᠶᠠᠨ ᠢ ᠬᠤᠷᠢᠶᠠᠪᠠᠰᠤ ᠵᠣᠪᠠᠯᠠᠩ ᠠ᠋ᠴᠠ ᠬᠡᠯᠲᠦᠷᠢᠮᠦᠢ᠃  
      ᠰᠠᠨᠠᠭ᠎ᠠ ᠲᠠᠢᠯᠤᠭᠰᠠᠨ : ᠬᠥᠮᠦᠨ ᠤ ᠬᠦᠴᠦᠨ ᠴᠢᠳᠠᠯ ᠳ᠋ᠤᠷ ᠳᠠᠷᠤᠯᠠᠭᠳᠠᠪᠠᠰᠤ ᠥᠪᠡᠷ ᠢ᠋ᠶ᠋ᠡᠨ ᠬᠦᠯᠢᠴᠡᠭᠡᠳ ᠵᠠᠰᠠᠨ ᠦᠢᠯᠡᠳᠬᠦ ᠶ᠋ᠢ ᠬᠡᠴᠢᠶᠡᠪᠡᠰᠦ ᠲᠡᠭᠷᠢ ᠢᠪᠡᠭᠡᠬᠦ ᠬᠠᠷᠢᠨ ᠴᠢᠮᠠᠳᠦᠷ ᠳᠡᠢᠯᠦᠭᠳᠡᠮᠦ ᠬᠡᠮᠡᠵᠦᠬᠦᠢ᠂ ᠦᠵᠡᠭᠦᠯᠦᠭᠴᠢᠳ ᠠᠯᠢᠪᠠ ᠬᠡᠷᠡᠭ ᠲᠦ᠍ᠷ ᠪᠤᠯᠢᠶᠠᠯᠳᠤᠯ ᠢ ᠲᠡᠪᠴᠢᠵᠦ ᠬᠦᠯᠢᠴᠡᠭᠭᠦᠢ ᠶ᠋ᠢ ᠡᠷᠬᠢᠯᠡᠪᠡᠰᠦ ᠮᠠᠰᠢ ᠰᠠᠢᠨ᠃ 
      ᠪᠡᠯᠭᠡ ᠶ᠋ᠢᠨ ᠳᠤᠬᠢᠶᠠᠯᠳᠤᠪᠤᠷᠢ : ᠨᠢᠭᠡᠨ ᠬᠥᠮᠦᠨ ᠤᠭ ᠠ᠋ᠴᠠ ᠵᠢᠶᠠᠩ ᠨᠠᠨ ᠭᠠᠵᠠᠷ ᠤ᠋ᠨ ᠬᠥᠮᠦᠨ ᠪᠥᠯᠥᠭᠡ᠂ ᠵᠢᠶᠠᠩ ᠢᠦ ᠬᠡᠮᠡᠬᠦ ᠵᠡᠷᠭᠡ ᠶ᠋ᠢᠨ ᠭᠠᠵᠠᠷ ᠰᠢᠯᠭᠠᠷ᠎ᠠ ᠣᠳᠪᠠᠰᠤ ᠭᠠᠵᠠᠷ ᠤ᠋ᠨ ᠬᠥᠮᠦᠨ ᠬᠦᠯᠢᠶᠡᠬᠦ ᠦᠭᠡᠢ ᠳ᠋ᠦ᠍ᠷ ᠦᠵᠡᠭᠦᠯᠪᠡᠰᠦ ᠡᠨᠡ ᠲᠥᠯᠭᠡ ᠪᠠᠭᠤᠵᠤᠬᠤᠢ᠂ ᠲᠡᠨᠳᠡᠴᠡ ᠥᠪᠡᠷ ᠦ᠋ᠨ ᠭᠠᠵᠠᠷ ᠲᠤᠷ ᠣᠳᠴᠤ ᠰᠢᠯᠭᠠᠭᠠᠳ ᠲᠡᠷᠢᠭᠦᠨ ᠳ᠋ᠦ᠍ ᠣᠷᠣᠵᠤᠬᠤᠢ᠂ ᠡᠨᠡ ᠠᠨᠤ ᠰᠢᠯᠦᠭ ᠦ᠋ᠨ ᠬᠣᠶᠠᠳᠤᠭᠠᠷ ᠬᠤᠲᠠᠭᠠᠷ ᠦᠭᠡᠰ ᠯᠦ᠍ᠭᠡ ᠨᠡᠢᠯᠡᠵᠡᠬᠦᠢ᠃  
      ᠳᠥᠴᠢᠨ ᠵᠢᠷᠭᠤᠳᠤᠭᠠᠷ ᠲᠥᠯᠭᠡ ᠂ ᠰᠢᠷ᠎ᠠ ᠰᠢᠷᠠᠭᠴᠢᠨ᠂ ᠳᠤᠮᠳᠠ ᠲᠡᠭᠰᠢ᠂ ᠲᠥᠯᠭᠡ ᠶ᠋ᠢᠨ ᠪᠡᠯᠭᠡ ᠠᠨᠤ : ᠥᠨᠥᠴᠢᠨ ᠬᠥᠪᠡᠭᠦᠨ ᠥᠰᠢᠶ᠎ᠡ ᠠᠪᠤᠭᠰᠠᠨ : ᠴᠢ ᠪᠡᠷ ᠠᠭᠤᠯᠠᠨ ᠳᠣᠲᠣᠷᠠᠬᠢ ᠲᠦᠮᠡᠨ ᠡᠷᠦᠬᠡ ᠶ᠋ᠢᠨ ᠨᠣᠶᠠᠨ ᠪᠤᠶᠤ᠂ ᠮᠣᠷᠢᠨ ᠤᠨᠤᠭᠰᠠᠨ ᠠᠨᠤ ᠦᠬᠡᠷ ᠤᠨᠤᠭᠰᠠᠨ ᠠ᠋ᠴᠠ ᠢᠯᠡᠭᠦᠦ ᠶ᠋ᠢ ᠮᠡᠳᠡᠭᠰᠡᠭᠡᠷ ᠪᠣᠯᠪᠠᠴᠤ᠂ ᠡᠨᠡ ᠡᠳᠦᠷ ᠮᠣᠷᠢᠨ ᠦ ᠳᠡᠭᠡᠷ᠎ᠡ ᠡᠴᠡ ᠠᠭᠤᠯᠠᠨ ᠤ ᠥᠩᠭᠡ ᠶ᠋ᠢ ᠬᠠᠷᠠᠮᠤᠢ᠂ ᠬᠡᠷᠬᠢᠵᠦ ᠦᠬᠡᠷ ᠤᠨᠤᠭᠰᠠᠨ ᠮᠡᠲᠦ ᠳᠤᠷ᠎ᠠ ᠪᠠᠷ ᠶᠠᠪᠤᠮᠤᠢ᠃  
      ᠪᠣᠭᠳᠠ ᠶ᠋ᠢᠨ ᠲᠠᠭᠠᠯᠠᠯ: ᠨᠡᠷ᠎ᠡ ᠪᠠ ᠠᠰᠢᠭ ᠢ ᠪᠢᠲᠡᠭᠡᠢ ᠡᠭᠦᠰᠭᠡ᠂ ᠴᠢᠳᠬᠥᠷ ᠣᠯᠠᠨ ᠪᠠᠢᠨᠠᠮ᠂ ᠶᠠᠪᠤᠳᠠᠯ ᠤ᠋ᠨ ᠬᠥᠮᠦᠨ ᠰᠠᠭᠠᠳ ᠲᠠᠢ᠂ ᠤᠷᠤᠭ ᠢ ᠪᠢᠲᠡᠭᠡᠢ ᠬᠦᠯᠢᠶᠡᠭᠲᠦᠨ᠂ ᠭᠠᠭᠴᠠ ᠪᠡᠶ᠎ᠡ ᠪᠡᠨ ᠰᠠᠬᠢᠲᠤᠭᠠᠢ᠂ ᠨᠠᠮ ᠭᠠᠵᠠᠷ ᠰᠠᠭᠤᠭᠳᠠᠬᠤᠢ᠃ 
      ᠲᠠᠢᠯᠪᠤᠷᠢ ᠥᠭᠦᠯᠡᠯ : ᠡᠨᠡ ᠲᠥᠯᠭᠡ ᠳ᠋ᠦ᠍ᠷ ᠤᠭ ᠬᠤᠪᠢ ᠪᠠᠨ ᠰᠠᠬᠢᠲᠤᠭᠠᠢ᠂ ᠪᠢᠲᠡᠭᠡᠢ ᠳᠤᠷ᠎ᠠ ᠪᠠᠷ ᠦᠢᠯᠡᠳ᠂ ᠬᠣᠯᠠ ᠣᠳᠤᠭᠰᠠᠳ ᠡᠷᠬᠡᠪᠰᠢ ᠰᠠᠭᠠᠳ ᠲᠠᠢ ᠪᠠᠢᠨᠠᠮ᠂ ᠵᠠᠷᠭᠤ ᠪᠣᠯᠪᠠᠰᠤ ᠮᠠᠭᠤ᠂ ᠡᠪᠡᠳᠴᠢᠲᠡᠨ ᠪᠡᠷᠬᠡ᠂ ᠤᠷᠤᠭ ᠪᠣᠯᠪᠠᠰᠤ ᠬᠡᠯᠡ ᠠᠮᠠ ᠪᠣᠢ᠂ ᠨᠡᠷ᠎ᠡ ᠠᠰᠢᠭ ᠢ ᠪᠢᠲᠡᠭᠡᠢ ᠠᠰᠠᠭᠤ᠂ ᠠᠯᠢᠪᠠ ᠬᠡᠷᠡᠭ ᠲᠦ᠍ᠷ ᠰᠠᠢᠨ ᠦᠭᠡᠢ᠂ ᠭᠠᠭᠴᠠ ᠬᠤᠪᠢ ᠪᠠᠨ ᠰᠠᠬᠢᠪᠠᠰᠤ ᠡᠩᠬᠡ ᠠᠮᠤᠷ ᠪᠣᠯᠤᠮᠤ᠂ ᠬᠥᠮᠦᠨ ᠴᠢ ᠠᠭᠯᠠᠭ ᠲᠤᠷ ᠳᠠᠯᠳᠠᠯᠠᠪᠠᠰᠤ ᠵᠣᠪᠠᠯᠠᠩ ᠠ᠋ᠴᠠ ᠬᠡᠯᠲᠦᠷᠢᠬᠦ ᠶ᠋ᠢ ᠪᠠᠲᠤᠯᠠᠰᠤᠭᠠᠢ᠃ 
      ᠰᠠᠨᠠᠭ᠎ᠠ ᠲᠠᠢᠯᠤᠭᠰᠠᠨ : ᠲᠦᠮᠡᠨ ᠡᠷᠦᠬᠡ ᠶ᠋ᠢᠨ ᠨᠣᠶᠠᠨ ᠬᠡᠮᠡᠭᠰᠡᠨ ᠢᠨᠤ ᠪᠠᠶᠠᠨ ᠡᠷᠬᠢᠮ ᠬᠥᠮᠦᠨ ᠪᠣᠯᠠᠢ᠂ ᠰᠠᠬᠢᠭᠤᠯᠰᠤᠨ ᠤ ᠵᠠᠷᠯᠢᠭ ᠴᠢ ᠥᠲᠡᠯ᠎ᠡ ᠠᠷᠠᠳ ᠠ᠋ᠴᠠ ᠢᠯᠡᠭᠦᠦ ᠪᠣᠯᠪᠠᠴᠤ ᠡᠨᠡ ᠡᠳᠦᠷ ᠮᠣᠷᠢᠨ ᠤ ᠳᠡᠭᠡᠷ᠎ᠡ ᠡᠴᠡ ᠠᠭᠤᠯᠠᠨ ᠤ᠋ ᠥᠩᠭᠡ ᠶ᠋ᠢ ᠬᠠᠷᠠᠮᠤ ᠬᠡᠮᠡᠰᠡᠨ ᠪᠣᠢ᠂ ᠡᠨᠡ ᠨᠢ ᠪᠡᠷᠬᠡ ᠬᠠᠯᠢᠯ ᠳ᠋ᠤ᠌ ᠣᠷᠣᠵᠤ ᠭᠣᠣᠯ ᠰᠡᠳᠬᠢᠯ ᠰᠠᠮᠠᠭᠤᠷᠠᠬᠤ ᠲᠤᠯᠠ ᠬᠡᠷᠬᠢᠵᠦ ᠦᠬᠡᠷ ᠤᠨᠤᠭᠰᠠᠨ ᠮᠡᠲᠦ ᠳᠤᠷ᠎ᠠ ᠪᠠᠷ ᠶᠠᠪᠤᠮᠤᠢ᠂ ᠬᠤᠪᠢ ᠪᠠᠨ ᠰᠠᠬᠢᠨ ᠶᠠᠪᠤᠪᠠᠰᠤ ᠬᠡᠯᠡ ᠠᠮᠠᠨ ᠬᠠᠯᠳᠠᠬᠤ ᠦᠭᠡᠢ ᠢᠴᠢᠭᠦᠷᠢ ᠰᠤᠨᠵᠢᠭᠤᠷᠢ ᠠ᠋ᠴᠠ ᠵᠠᠢᠯᠠᠮᠤ ᠂ ᠨᠡᠷ᠎ᠡ ᠠᠰᠢᠭ ᠤᠷᠤᠭ ᠪᠠᠷᠢᠯᠳᠤᠬᠤ ᠠᠯᠢᠪᠠ ᠬᠡᠷᠡᠭ ᠮᠣᠷᠢᠨ ᠲᠣᠬᠢᠶᠠᠯᠳᠤᠪᠠᠰᠤ ᠪᠣᠯᠤᠯᠲᠠᠢ ᠂ ᠦᠬᠡᠷ ᠲᠣᠬᠢᠶᠠᠯᠳᠤᠪᠠᠰᠤ ᠶᠡᠬᠡᠳᠡ ᠰᠠᠢᠨ᠃ 
      ᠪᠡᠯᠭᠡ ᠶ᠋ᠢᠨ ᠲᠣᠬᠢᠶᠠᠯᠳᠤᠪᠤᠷᠢ : ᠨᠢᠭᠡᠨ ᠪᠢᠴᠢᠭ ᠦ᠋ᠨ ᠬᠥᠮᠦᠨ ᠰᠢᠯᠭᠠᠬᠤ ᠶ᠋ᠢᠨ ᠲᠤᠯᠠ ᠦᠵᠡᠭᠦᠯᠪᠡᠰᠦ ᠡᠨᠡ ᠲᠥᠯᠭᠡ ᠪᠠᠭᠤᠵᠤᠬᠤᠢ᠂ ᠦᠬᠡᠷ ᠵᠢᠯ ᠦ᠋ᠨ ᠪᠠᠭ᠎ᠠ ᠰᠢᠯᠭᠠᠯᠬᠤᠢ ᠳ᠋ᠤᠷ ᠭᠤᠲᠠᠭᠠᠷ ᠲᠤ᠌ ᠣᠷᠣᠭᠠᠳ ᠮᠣᠷᠢᠨ ᠵᠢᠯ ᠰᠢᠤᠽᠠᠢ ᠰᠢᠯᠭᠠᠬᠤᠢ ᠳ᠋ᠤᠷ ᠲᠡᠷᠢᠭᠦᠨ ᠳ᠋ᠦ᠍ᠷ ᠣᠷᠣᠵᠤ᠂ ᠲᠡᠨᠳᠡᠴᠡ ᠨᠡᠢᠰᠯᠡᠯ ᠬᠣᠳᠠᠨ᠎ᠠ ᠵᠢᠦᠢ ᠷᠸᠨ ᠰᠢᠯᠭᠠᠷ᠎ᠠ ᠤᠳᠤᠭᠠᠳ ᠣᠯᠤᠭᠰᠠᠨ ᠦᠭᠡᠢ᠂ ᠡᠷᠭᠢᠬᠦ ᠴᠠᠭ ᠲᠠᠭᠠᠨ ᠵᠠᠮ ᠳ᠋ᠤᠷ ᠬᠦᠨᠡᠰᠦᠨ ᠲᠠᠰᠤᠷᠠᠵᠤ ᠮᠠᠰᠢ ᠵᠣᠪᠠᠵᠤᠬᠤᠢ᠂ ᠡᠨᠡ ᠠᠨᠤ ᠦᠬᠡᠷ ᠣᠯᠤᠭᠰᠠᠨ ᠠᠮᠤᠷ ᠬᠡᠮᠡᠭᠰᠡᠨ ᠯᠦ᠍ᠭᠡ ᠲᠣᠬᠢᠶᠠᠯᠳᠤᠵᠤᠬᠤᠢ᠃  
       ᠳᠥᠴᠢᠨ ᠳᠣᠯᠣᠳᠤᠭᠠᠷ ᠲᠥᠯᠭᠡ: ᠰᠢᠷ᠎ᠠ ᠴᠠᠭᠠᠨ᠂ ᠳᠣᠣᠷ᠎ᠠ ᠶ᠋ᠢᠨ ᠳᠣᠣᠷ᠎ᠠ᠂ ᠲᠥᠯᠭᠡ ᠶ᠋ᠢᠨ ᠪᠡᠯᠭᠡ ᠠᠨᠤ :ᠴᠦ ᠬᠠᠭᠠᠨ ᠬᠤᠷᠴᠠ ᠶ᠋ᠢ ᠲᠡᠮᠡᠴᠡᠭᠰᠡᠨ : ᠴᠢᠮᠠᠳᠤᠷ ᠲᠦᠮᠡᠨ ᠦᠭᠡᠰ ᠮᠢᠩᠭᠠᠨ ᠥᠭᠦᠯᠡᠯ ᠥᠭᠦᠯᠡᠪᠡᠰᠦ᠂ ᠭᠠᠭᠴᠠ ᠲᠡᠭᠰᠢ ᠨᠠᠢᠷᠠᠲᠠᠢ ᠪᠠᠷ ᠴᠢᠨᠦ ᠬᠢᠯᠢᠰ ᠢ ᠠᠷᠭᠠᠯᠠᠶ᠎ᠠ ᠭᠡᠮᠡᠨ ᠲᠤᠷᠰᠢᠶᠠᠮᠤ᠂ ᠵᠠᠷᠭᠤᠯᠪᠠᠰᠤ ᠡᠴᠦᠰ ᠲᠦ᠍ᠷ ᠮᠠᠭᠤ ᠶ᠋ᠢ ᠬᠥᠮᠦᠨ ᠴᠢ ᠰᠠᠢᠲᠤᠷ ᠲᠡᠮᠳᠡᠭᠯᠡᠭᠡᠳ᠂ ᠲᠤᠩᠭᠠᠯᠠᠭ ᠰᠥᠨᠢ ᠥᠪᠡᠷ ᠦ᠋ᠨ ᠰᠡᠳᠬᠢᠯ ᠢ᠋ᠶ᠋ᠡᠨ ᠲᠡᠩᠰᠡᠵᠦ ᠰᠢᠨᠵᠢᠯᠡᠲᠦᠭᠡᠢ᠃ 
      ᠪᠣᠭᠳᠠ ᠶ᠋ᠢᠨ ᠲᠠᠭᠠᠯᠠᠯ : ᠵᠠᠷᠭᠤ ᠪᠢᠲᠡᠭᠡᠢ ᠡᠭᠦᠰᠭᠡ ᠡᠷᠡᠭᠦᠦ ᠪᠣᠯᠬᠤ ᠪᠣᠯᠭᠤᠵᠠᠢ᠂ ᠡᠳ᠋ ᠲᠣᠷ ᠪᠢᠲᠡᠭᠡᠢ ᠳᠤᠷᠠᠯᠠ᠂ ᠡᠪᠡᠳᠴᠢᠨ ᠲᠡᠩᠬᠡᠷᠡᠭᠡᠳᠦᠢ᠂ ᠶᠠᠪᠤᠳᠠᠯ ᠤ᠋ᠨ ᠬᠥᠮᠦᠨ ᠰᠠᠭᠠᠳ ᠲᠠᠢ᠂ ᠤᠷᠤᠭ ᠪᠦᠲᠦᠬᠦᠶ᠎ᠡ ᠪᠡᠷᠬᠡ᠂ ᠭᠣᠣᠯ ᠢ ᠪᠠᠷᠢᠪᠠᠰᠤ ᠠᠮᠤᠷ ᠲᠡᠭᠰᠢ ᠪᠣᠯᠤᠮᠤ᠃ 
      ᠲᠡᠠᠢᠯᠪᠤᠷᠢ ᠥᠭᠦᠯᠡᠯ : ᠡᠨᠡ ᠲᠥᠯᠭᠡ ᠳ᠋ᠦ᠍ᠷ ᠪᠢᠲᠡᠭᠡᠢ ᠳᠤᠷ᠎ᠠ ᠪᠠᠷ ᠦᠢᠯᠡᠳ ᠠᠰᠢᠭ ᠡᠷᠢᠪᠡᠰᠦ ᠦᠭᠡᠢ᠂ ᠲᠡᠭᠰᠢ᠂ ᠨᠠᠢᠷᠠᠮᠳᠠᠭᠤ ᠪᠣᠯᠪᠠᠰᠤ ᠡᠷᠡᠮᠦ᠂ ᠰᠠᠨᠠᠭᠰᠠᠨ ᠬᠡᠷᠡᠭ ᠲᠣᠭᠲᠠᠪᠤᠷᠢ ᠦᠭᠡᠢ ᠤᠷᠤᠭ ᠪᠡᠷᠬᠡ ᠪᠣᠯᠪᠠᠴᠤ ᠤᠳᠠᠭᠠᠨ ᠳ᠋ᠠᠭᠠᠨ ᠪᠦᠲᠦᠮᠦ᠂ ᠡᠳ᠋ ᠢ ᠪᠢᠲᠡᠭᠡᠢ ᠬᠦᠰᠡᠭᠲᠦᠨ᠂ ᠡᠪᠡᠳᠴᠢᠲᠡᠨ ᠠᠮᠤᠷᠵᠢᠭᠠᠳᠤᠢ᠂ ᠵᠠᠷᠭᠤᠯᠪᠠᠰᠤ ᠮᠠᠭᠤ᠂ ᠬᠥᠮᠦᠨ ᠢ ᠬᠣᠣᠷᠯᠠᠪᠠᠰᠤ ᠪᠡᠶ᠎ᠡ ᠳ᠋ᠦ᠍ᠷ ᠨᠢᠴᠤᠬᠤ ᠪᠣᠯᠠᠢ᠃  
      ᠰᠠᠨᠠᠭ᠎ᠠ ᠲᠠᠢᠯᠤᠭᠰᠠᠨ : ᠵᠠᠷᠭᠤ ᠡᠭᠦᠰᠬᠡᠬᠦ ᠶ᠋ᠢ ᠴᠡᠭᠡᠷᠯᠡᠲᠦᠭᠡᠢ᠂ ᠲᠡᠭᠰᠢ ᠨᠠᠢᠷᠠᠮᠳᠠᠬᠤ ᠪᠠᠷ ᠶᠠᠪᠤᠪᠠᠰᠤ ᠵᠣᠪᠠᠯᠠᠩ ᠤ᠋ᠨ ᠵᠦᠢᠯ ᠥᠪᠡᠷ ᠢ᠋ᠶ᠋ᠡᠨ ᠲᠠᠰᠤᠷᠠᠭᠠᠳ ᠬᠢᠯᠢᠰ ᠪᠦᠭᠦᠳᠡ ᠠᠷᠢᠯᠬᠤ ᠪᠣᠯᠠᠢ᠂ ᠦᠵᠡᠭᠦᠯᠦᠭᠴᠢᠳ ᠠᠯᠢᠪᠠ ᠬᠡᠷᠡᠭ ᠲᠦ᠍ᠷ ᠰᠢᠨᠤᠬᠤ ᠬᠡᠷᠡᠭ ᠦᠭᠡᠢ᠂ ᠬᠡᠷᠪᠡ ᠮᠠᠭᠤ ᠰᠡᠳᠬᠢᠯ ᠡᠭᠦᠰᠦᠮᠡᠭᠴᠡ ᠰᠠᠬᠢᠭᠤᠯᠰᠤᠨ ᠴᠢᠳᠬᠥᠷ ᠬᠢᠯᠢᠩᠩᠨᠡᠬᠦ ᠲᠤᠯᠠ ᠰᠡᠷᠡᠮᠵᠢᠯᠡᠬᠦ ᠦᠭᠡᠢ ᠪᠥᠭᠡᠰᠦ ᠪᠤᠯᠤᠮᠤᠶᠤ᠃  
      ᠪᠡᠯᠭᠡ ᠶ᠋ᠢᠨ ᠲᠣᠬᠢᠶᠶᠠᠯᠳᠤᠪᠦᠷᠢ : ᠨᠢᠭᠡᠨ ᠪᠠᠶᠠᠯᠢᠭ ᠬᠥᠮᠦᠨ ᠮᠠᠭᠤ ᠵᠠᠯᠠᠭᠤᠰ ᠲᠤᠷ ᠬᠠᠭᠤᠷᠲᠠᠵᠤ ᠵᠠᠭᠤᠨ ᠯᠠᠩ ᠢᠯᠡᠭᠦᠦ ᠡᠳ᠋ ᠠᠯᠳᠠᠭᠠᠳ ᠵᠠᠭᠠᠯᠲᠤᠰᠤᠭᠠᠢ ᠭᠡᠮᠡᠨ ᠦᠵᠡᠭᠦᠯᠪᠡᠰᠦ ᠡᠨᠡ ᠲᠥᠯᠭᠡ ᠪᠠᠭᠤᠵᠤᠬᠤᠢ᠂ ᠲᠤᠩᠭᠠᠯᠠᠭ ᠰᠥᠨᠢ ᠥᠪᠡᠷ ᠦ᠋ᠨ ᠰᠡᠳᠬᠢᠯ ᠢ᠋ᠶ᠋ᠡᠨ ᠳᠠᠩᠰᠠᠨ ᠰᠢᠨᠵᠢᠯᠡᠲᠦᠭᠡᠢ ᠬᠡᠮᠡᠭᠰᠡᠨ ᠦᠭᠡᠰ ᠢ ᠪᠣᠳᠣᠭᠰᠠᠭᠠᠷ ᠣᠷᠣᠭᠰᠢ ᠡᠳ᠋ ᠮᠡᠬᠦᠰ ᠴᠠᠭ ᠲᠠᠭᠠᠨ ᠨᠢᠭᠡᠨ ᠬᠥᠮᠦᠨ ᠡᠴᠡ ᠠᠷᠪᠠᠨ ᠯᠠᠩ ᠮᠥᠩᠭᠥ ᠠᠪᠴᠤ ᠬᠡᠷᠡᠭᠯᠡᠭᠡᠳ ᠥᠭᠴᠦ ᠵᠠᠪᠳᠤᠭᠰᠠᠨ ᠦᠭᠡᠢ ᠪᠡᠷ ᠲᠡᠷᠡ ᠬᠥᠮᠦᠨ ᠤ ᠪᠡᠶ᠎ᠡ ᠨᠥᠭᠴᠢᠪᠡ᠂ ᠪᠣᠳᠣᠪᠠᠰᠤ ᠲᠡᠷᠡ ᠬᠥᠮᠦᠨ ᠤ ᠦᠬᠦᠭᠰᠡᠨ ᠡᠳᠦᠷ ᠮᠥᠨ ᠬᠦ᠌ ᠡᠨᠡ ᠵᠠᠯᠠᠭᠤᠰ ᠤ᠋ᠨ ᠲᠥᠷᠥᠭᠰᠡᠨ ᠡᠳᠦᠷ ᠯᠦᠭᠡ ᠵᠣᠬᠢᠯᠳᠤᠬᠤ ᠲᠤᠯᠠ ᠬᠡᠷᠬᠢᠪᠡᠴᠦ ᠥᠷᠢ ᠲᠥᠯᠥᠭᠡᠰᠦᠨ ᠮᠥᠨ ᠭᠡᠮᠡᠨ ᠵᠢᠴᠢ ᠠᠷᠪᠠᠨ ᠯᠠᠩ ᠮᠥᠩᠭᠥ ᠶ᠋ᠢ ᠥᠭᠭᠦᠭᠰᠡᠨ ᠡᠴᠡ ᠬᠣᠢᠰᠢ ᠳᠠᠬᠢᠵᠤ ᠲᠡᠭᠦᠨ ᠤ ᠢᠷᠡᠬᠦ ᠢᠨᠤ ᠲᠠᠰᠤᠷᠠᠪᠠ᠃ 
      ᠳᠥᠴᠢᠨ ᠨᠠᠢ᠍ᠮᠠᠳᠤᠭᠠᠷ ᠲᠥᠯᠭᠡ᠄ ᠰᠢᠷ᠎ᠠ ᠴᠠᠭᠠᠭᠴᠢᠨ᠂ ᠳᠤᠮᠳᠠ ᠲᠡᠭᠰᠢ᠂ ᠲᠥᠯᠭᠡ ᠶ᠋ᠢᠨ ᠪᠡᠯᠭᠡ ᠠᠨᠤ᠄ ᠵᠣᠣ ᠡᠤ ᠨᠢᠶᠠᠩ ᠡᠷ᠎ᠡ ᠪᠡᠨ ᠡᠷᠢᠭᠰᠡᠨ : ᠠᠭᠤᠯᠠ ᠳᠠᠪᠠᠨ ᠤᠰᠤ ᠭᠡᠲᠦᠯᠬᠦ ᠭᠦᠢᠳᠡᠨ᠎ᠡ ᠲᠣᠬᠢᠶᠠᠯᠳᠤᠪᠠᠢ ᠠᠬ᠎ᠠ ᠳᠡᠭᠦᠦ ᠤᠷᠤᠭ ᠰᠠᠨᠳᠦᠨ ᠬᠡᠷᠬᠢᠵᠦ ᠠᠮᠤᠷ ᠠᠮᠤᠢ᠂ ᠪᠠᠷᠰ ᠲᠡᠷᠢᠭᠦᠨᠲᠦ ᠬᠥᠮᠦᠨ ᠢ ᠳᠠᠭᠤᠳᠠᠬᠤᠢ ᠡᠰᠡ ᠤᠴᠠᠷᠠᠪᠠᠰᠤ ᠭᠡᠷ ᠪᠦᠭᠦᠳᠡ ᠴᠢᠮᠠᠶ᠋ᠢ ᠳᠠᠭᠠᠨ ᠪᠠᠶᠠᠰᠤᠯᠴᠠᠮᠤᠢ᠃ 
      ᠪᠣᠭᠳᠠ ᠶ᠋ᠢᠨ ᠲᠠᠭᠠᠯᠠᠯ : ᠡᠷᠬᠢᠮ ᠬᠥᠮᠦᠨ ᠠᠭᠤᠯᠵᠠᠪᠠᠰᠤ ᠵᠠᠷᠭᠤ ᠨᠠᠢᠷᠠᠨ ᠲᠡᠭᠰᠢᠷᠡᠬᠦ᠂ ᠡᠪᠡᠳᠴᠢᠲᠡᠨ ᠮᠠᠰᠢ ᠠᠶᠤᠯᠲᠠᠢ᠂ ᠨᠡᠷ᠎ᠡ ᠬᠦᠰᠡᠬᠦ ᠶ᠋ᠢ ᠪᠠᠢᠲᠤᠭᠠᠢ᠂ ᠡᠳ᠋ ᠠᠭᠤᠷᠠᠰᠤᠨ᠎᠎ ᠢ ᠰᠦᠢᠳᠬᠡᠮᠦᠢ᠃ ᠤᠷᠤᠭ ᠪᠣᠯᠬᠤ ᠶ᠋ᠢ ᠵᠣᠭᠰᠣᠮᠤ᠂ ᠪᠠᠷᠰ ᠬᠡᠮᠡᠬᠦ ᠦᠰᠦᠭ ᠲᠣᠷ ᠤᠴᠠᠷᠠᠪᠠᠰᠤ ᠤᠯᠠᠮ ᠲᠣᠭᠠᠯᠠᠵᠤ ᠨᠠᠪᠲᠠᠷᠠᠮᠤᠢ᠃ 
      ᠲᠠᠢᠯᠪᠤᠷᠢ ᠥᠭᠦᠯᠡᠯ : ᠡᠨᠡ ᠲᠥᠯᠭᠡ ᠭᠡᠷ ᠲᠦ᠍ᠷ ᠠᠮᠤᠷ ᠦᠭᠡᠢ ᠦᠬᠦᠯ ᠵᠣᠪᠠᠯᠠᠩ ᠢ ᠰᠡᠷᠡᠮᠵᠢᠯᠡ᠂ ᠡᠳ᠋ ᠭᠠᠷᠤᠵᠠ ᠲᠠᠢ᠂ ᠪᠤᠶᠠᠨᠲᠤ ᠬᠥᠮᠦᠨ ᠳ᠋ᠦ᠍ᠷ ᠤᠴᠠᠷᠠᠭᠰᠠᠨ ᠴᠠᠭ ᠲᠤᠷ ᠰᠠᠶᠢ ᠤᠯᠠᠮ ᠤᠯᠠᠮ ᠳᠡᠯᠭᠡᠷᠡᠮᠦᠢ᠃ ᠵᠠᠷᠭᠤ ᠲᠡᠭᠰᠢ᠂ ᠡᠪᠡᠳᠴᠢᠨ ᠬᠠᠲᠠᠭᠤ᠂ ᠡᠳ᠋ ᠲᠠᠸᠠᠷ ᠪᠠᠭᠤᠷᠠᠮᠤ᠂ ᠨᠡᠷ᠎ᠡ ᠬᠣᠭᠣᠰᠣᠨ᠂ ᠬᠣᠯᠠ ᠭᠠᠵᠠᠷ ᠪᠢᠲᠡᠭᠡᠢ ᠤᠳᠤᠭᠲᠤᠨ᠂ ᠢᠨᠠᠭ ᠠᠮᠠᠷᠠᠭ ᠬᠣᠣᠷᠯᠠᠬᠤ ᠶ᠋ᠢ ᠰᠡᠷᠡᠮᠵᠢᠯᠡ᠃ 
      ᠰᠠᠨᠠᠭ᠎ᠠ ᠲᠠᠢᠯᠤᠭᠰᠠᠨ : ᠠᠭᠤᠯᠠ ᠳᠠᠪᠠᠬᠤ ᠤᠰᠤᠨ ᠭᠡᠲᠦᠯᠬᠦ ᠬᠡᠮᠡᠭᠰᠡᠨ ᠨᠢ ᠭᠠᠴᠢᠭ ᠪᠡᠷᠬᠡ ᠶ᠋ᠢ ᠥᠭᠦᠯᠡᠭᠰᠡᠨ ᠪᠣᠯᠠᠢ᠂ ᠤᠷᠤᠭ ᠰᠠᠳᠤᠨ ᠬᠡᠷᠬᠢᠵᠦ ᠠᠮᠤᠷ ᠠᠬᠤ ᠬᠡᠮᠡᠭᠰᠡᠨ ᠨᠢ ᠭᠡᠷ ᠦ᠋ᠨ ᠬᠣᠲᠠᠯᠠᠭᠠᠷ ᠴᠢᠳᠠᠯ ᠮᠡᠬᠦᠰ ᠬᠡᠮᠡᠭᠰᠡᠨ ᠪᠣᠯᠠᠢ᠂ ᠪᠠᠷᠰ ᠲᠡᠷᠢᠭᠦᠲᠦ ᠬᠥᠮᠦᠨ ᠬᠡᠮᠡᠭᠰᠡᠨ ᠨᠢ ᠬᠢᠲᠠᠳ ᠣᠪᠣᠭ ᠤ᠋ᠨ ᠯᠦ᠍ ᠢᠦᠢ ᠬᠤ᠌ ᠬᠡᠮᠡᠭᠰᠡᠨ ᠦᠰᠦᠭ ᠪᠣᠯᠠᠢ᠂ ᠡᠨᠡ ᠭᠤᠷᠪᠠᠨ ᠣᠪᠣᠭᠲᠤ ᠬᠥᠮᠦᠨ ᠲᠣᠬᠢᠶᠠᠯᠳᠤᠭᠠᠳ ᠲᠡᠳᠬᠦᠮᠵᠢᠯᠡᠭᠳᠡᠵᠦ ᠨᠡᠷ᠎ᠡ ᠠᠰᠢᠭ ᠰᠠᠶᠢ ᠰᠠᠨᠠᠭᠠᠨ ᠳ᠋ᠤᠷ ᠭᠥᠷᠥᠮᠦ᠂  ᠴᠢᠮᠠᠶ᠋ᠢ ᠳᠠᠭᠠᠨ ᠪᠠᠶᠠᠰᠤᠯᠴᠠᠮᠤᠢ ᠬᠡᠮᠡᠭᠰᠡᠨ ᠨᠢ ᠠᠯᠳᠠᠭᠰᠠᠨ ᠡᠳ᠋᠎ ᠢ ᠣᠯᠤᠭᠠᠳ ᠰᠠᠯᠤᠭᠰᠠᠨ ᠨᠡᠢᠯᠡᠬᠦ ᠂ ᠤᠯᠠᠮ ᠡᠩᠬᠡ ᠲᠦᠪᠰᠢᠨ ᠤ ᠣᠷᠣᠨ ᠳ᠋ᠤᠷ ᠬᠦᠷᠬᠦ ᠪᠣᠯᠠᠢ᠂ ᠭᠠᠪᠢᠶ᠎ᠠ ᠨᠡᠷ᠎ᠡ ᠨᠢᠳᠦᠨ ᠡᠮᠦᠨ᠎ᠡ ᠰᠠᠭᠠᠳ ᠲᠠᠢ ᠪᠣᠯᠪᠠᠴᠤ ᠬᠣᠵᠢᠮ ᠳ᠋ᠠᠭᠠᠨ ᠨᠡᠪᠲᠡᠷᠡᠨ ᠳᠡᠯᠭᠡᠷᠡᠬᠦ᠂ ᠤᠷᠤᠭ ᠤ᠋ᠨ ᠬᠡᠷᠡᠭ ᠪᠡᠷᠢ ᠪᠡᠷᠭᠡᠨ ᠦᠯᠦ ᠲᠠᠭᠠᠷᠠᠯᠴᠠᠬᠤ ᠭᠡᠷ ᠦ᠋ᠨ ᠳᠣᠲᠣᠷ᠎ᠠ ᠠᠬ᠎ᠠ ᠳᠡᠭᠦᠦ ᠰᠠᠯᠤᠯᠴᠠᠬᠤ᠂ ᠵᠠᠷᠭᠤ ᠡᠭᠦᠰᠪᠡᠰᠦ ᠠᠶᠤᠬᠤ ᠰᠣᠴᠢᠬᠤ ᠬᠡᠷᠡᠭ ᠲᠦ᠍ᠷ ᠤᠴᠠᠷᠠᠬᠤ᠂ ᠡᠳ᠋ ᠪᠠᠭᠤᠷᠠᠯᠲᠠᠢ᠃ 
      ᠪᠡᠯᠭᠡ ᠶ᠋ᠢᠨ ᠲᠣᠬᠢᠶᠠᠯᠳᠤᠪᠤᠷᠢ : ᠵᠢᠶᠠᠨ ᠵᠢᠩ ᠬᠠᠭᠠᠨ ᠤ᠋ ᠦᠶ᠎ᠡ ᠱᠠᠩ ᠬᠠᠢ ᠴᠧᠩ ᠬᠤᠳᠠᠨ᠎ᠠ ᠬᠤᠯᠠᠭᠠᠢ ᠶ᠋ᠢᠨ ᠴᠡᠷᠢᠭ ᠪᠦᠰᠡᠯᠡᠵᠦ ᠱᠠᠭᠠᠷᠳᠠᠭᠤᠯᠵᠤ ᠪᠠᠢᠬᠤ ᠳ᠋ᠤᠷ ᠦᠵᠡᠭᠦᠯᠪᠡᠰᠦ ᠡᠨᠡ ᠲᠥᠯᠭᠡ ᠪᠠᠭᠤᠵᠤᠬᠤᠢ᠂ ᠬᠡᠳᠦᠨ ᠡᠳᠦᠷ ᠪᠣᠯᠤᠭᠰᠠᠨ ᠦᠭᠡᠢ ᠯᠦ᠍ ᠣᠪᠣᠭᠲᠤ ᠱᠠᠨ ᠵᠢᠩ ᠴᠡᠷᠢᠭ ᠠᠪᠴᠤ ᠢᠷᠡᠭᠡᠳ ᠬᠤᠯᠠᠭᠠᠢ ᠶ᠋ᠢ ᠬᠥᠭᠡᠭᠡᠪᠡ᠂ ᠨᠢᠭᠡᠨ ᠬᠥᠮᠦᠨ ᠬᠣᠲᠠᠨ ᠪᠠᠷᠢᠬᠤ ᠤᠴᠢᠷ ᠲᠤᠷ ᠠᠮᠠᠯᠳᠠᠭᠠᠳ ᠬᠤ᠌ ᠣᠪᠣᠭᠲᠤ ᠨᠢᠭᠡᠨ ᠪᠠᠶᠠᠯᠢᠭ ᠬᠥᠮᠦᠨ ᠢ᠋ᠶ᠋ᠡᠷ ᠭᠣᠶᠣᠯᠭᠠᠵᠤ ᠭᠠᠷᠪᠠ᠂ ᠪᠠᠷᠰ ᠲᠡᠷᠢᠭᠦᠲᠦ ᠬᠥᠮᠦᠨ ᠬᠡᠮᠡᠭᠰᠡᠨ ᠯᠦ᠍ᠭᠡ ᠨᠡᠢᠯᠡᠵᠦᠬᠦᠢ᠃
      ᠳᠥᠴᠢ ᠶᠢᠰᠦᠳᠦᠭᠡᠷ ᠲᠥᠯᠭᠡ : ᠰᠢᠷ᠎ᠠ ᠬᠠᠷ᠎ᠠ᠂ ᠳᠣᠣᠷ᠎ᠠ ᠶ᠋ᠢᠨ ᠳᠣᠣᠷ᠎ᠠ᠂ ᠲᠥᠯᠭᠡ ᠶ᠋ᠢᠨ ᠪᠡᠯᠭᠡ ᠠᠨᠤ : ᠵᠠᠩ ᠼᠢ ᠸᠠᠩ ᠮᠥᠷ ᠢ᠋ᠶ᠋ᠡᠨ ᠨᠢᠭᠤᠭᠰᠠᠨ : ᠬᠠᠷᠢᠯᠴᠠᠨ ᠣᠷᠣᠰᠢᠨ ᠰᠠᠭᠤᠬᠤ ᠠᠨᠤ ᠨᠢᠭᠡᠨ ᠠᠭᠤᠯᠠᠨ ᠤ᠋ ᠴᠢᠨᠠᠭᠰᠢ ᠪᠥᠭᠡᠲᠡᠯ᠎ᠡ᠂ ᠬᠡᠷᠬᠢᠵᠦ ᠡᠷᠯᠢᠭ ᠦ᠋ᠨ ᠣᠷᠣᠨ ᠮᠡᠲᠦ ᠬᠣᠯᠠᠳᠠ ᠠᠭᠯᠠᠭᠳᠠᠬᠤ ᠠᠮᠤᠢ ᠶ᠎ᠠ ᠂ ᠨᠠᠷᠠᠨ ᠰᠠᠷᠠᠨ ᠡᠷᠭᠢᠬᠦ ᠶ᠋ᠢᠨ ᠲᠠᠰᠢᠷᠠᠮ ᠳ᠋ᠤᠷ ᠬᠥᠮᠦᠨ ᠥᠲᠡᠯᠬᠦᠶ᠎ᠡ ᠬᠢᠯᠪᠠᠷ᠂ ᠬᠡᠳᠦᠢᠴᠢᠨᠡᠭᠡᠨ ᠵᠣᠪᠠᠨ ᠵᠦᠳᠠᠭ᠌ᠴᠢᠳ ᠰᠤᠯᠠ ᠠᠬᠤᠢ ᠳ᠋ᠤᠷ ᠬᠡᠷᠬᠢᠵᠦ ᠭᠦᠷᠦᠮᠦ᠃ 
      ᠪᠣᠭᠳᠠ ᠶ᠋ᠢᠨ ᠲᠠᠭᠠᠯᠠᠯ : ᠨᠡᠷ᠎ᠡ ᠠᠰᠢᠭ ᠰᠠᠭᠠᠳ ᠲᠠᠢ᠂ ᠵᠠᠷᠭᠤ ᠪᠣᠯᠪᠠᠰᠤ ᠨᠠᠢᠷᠠᠲᠤᠭᠠᠢ᠂ ᠡᠪᠡᠳᠴᠢᠨ ᠠᠮᠠᠯᠠᠭᠰᠠᠨ ᠰᠢᠯᠲᠠᠭᠠᠨ ᠪᠣᠢ᠂ ᠤᠷᠤᠭ ᠪᠠᠷᠢᠯᠳᠤᠬᠤᠢ ᠤᠳᠠᠭᠠᠨ᠂ ᠶᠠᠪᠤᠳᠠᠯ ᠤ᠋ᠨ ᠬᠥᠮᠦᠨ ᠬᠣᠯᠠ᠂ ᠰᠠᠢᠨ ᠢ ᠣᠯᠣᠰᠤᠭᠠᠢ ᠬᠡᠮᠡᠪᠡᠰᠦ ᠬᠡᠪ ᠶᠦ᠍ᠭᠡᠨ ᠰᠠᠬᠢᠲᠤᠭᠠᠢ᠃ 
      ᠲᠠᠢᠯᠪᠤᠷᠢ ᠥᠭᠦᠯᠡᠯ : ᠡᠨᠡ ᠲᠥᠯᠭᠡ ᠳ᠋ᠦ᠍ᠷ ᠠᠯᠢᠪᠠ ᠬᠡᠷᠡᠭ ᠰᠠᠭᠠᠳ ᠲᠠᠢ᠂ ᠲᠦᠷ ᠬᠤᠪᠢ ᠪᠠᠨ ᠰᠠᠬᠢ᠂ ᠵᠠᠷᠭᠤ ᠪᠣᠯᠪᠠᠰᠤ ᠵᠣᠬᠢᠯᠳᠤ᠂ ᠡᠪᠡᠳᠴᠢᠨ ᠴᠢᠳᠬᠥᠷ ᠲᠡᠢ᠂ ᠨᠡᠷ᠎ᠡ ᠠᠰᠢᠭ ᠰᠠᠭᠠᠳ ᠲᠠᠢ᠂ ᠤᠷᠤᠭ ᠪᠣᠯᠪᠠᠰᠤ ᠪᠦᠲᠦᠬᠦ ᠦᠭᠡᠢ᠂ ᠭᠡᠷ ᠦ᠋ᠨ ᠬᠣᠪᠢᠨ ᠳ᠋ᠤ᠌ ᠠᠶᠤᠯ ᠪᠣᠢ᠂ ᠡᠬᠡᠨᠡᠷ ᠲᠦ᠍ ᠭᠡᠮ ᠪᠣᠢ᠂ ᠠᠯᠢᠪᠠ ᠬᠡᠷᠡᠭ ᠲᠦ᠍ᠷ ᠮᠠᠭᠤ᠂ ᠬᠥᠮᠦᠨ ᠬᠣᠣᠷᠯᠠᠬᠤ ᠶ᠋ᠢ ᠰᠡᠷᠡᠮᠵᠢᠯᠡ᠃ 
      ᠰᠠᠨᠠᠭ᠎ᠠ ᠲᠠᠢᠯᠤᠭᠰᠠᠨ : ᠬᠠᠷᠢᠯᠴᠠᠨ ᠣᠷᠣᠰᠢᠨ ᠰᠠᠭᠤᠬᠤ ᠠᠨᠤ ᠨᠢᠭᠡᠨ ᠠᠭᠤᠯᠠᠨ ᠤ᠋ ᠴᠢᠨᠠᠭᠰᠢ ᠬᠡᠮᠡᠭᠰᠡᠨ ᠠᠨᠤ ᠬᠢᠯᠪᠠᠷ ᠠᠭᠤᠯᠵᠠᠬᠤ ᠶ᠋ᠢ ᠥᠭᠦᠯᠡᠭᠰᠡᠨ ᠮᠥᠨ ᠪᠥᠭᠡᠲᠡᠯ᠎ᠡ ᠡᠷᠯᠢᠭ ᠦ᠋ᠨ ᠣᠷᠣᠨ ᠮᠡᠲᠦ ᠠᠭᠯᠠᠭᠳᠠ ᠬᠡᠮᠡᠭᠰᠡᠨ ᠠᠨᠤ ᠰᠠᠭᠠᠳ ᠪᠣᠢ ᠲᠤᠯᠠ ᠦᠢᠯᠡ ᠦᠯᠡᠳᠦᠭᠦᠢ 85 ᠳ᠋ᠤᠷ ᠵᠣᠬᠢᠰ ᠦᠭᠡᠢ ᠶ᠋ᠢ ᠥᠭᠦᠯᠡᠭᠰᠡᠨ ᠪᠣᠯᠠᠢ᠃ ᠨᠠᠷᠠᠨ ᠰᠠᠷᠠᠨ ᠡᠷᠭᠢᠬᠦ ᠶ᠋ᠢᠨ ᠲᠠᠰᠢᠷᠠᠮ ᠳ᠋ᠤᠷ ᠬᠥᠮᠦᠨ ᠦᠳᠡᠯᠡᠮᠦ ᠬᠡᠮᠡᠭᠰᠡᠨ ᠠᠨᠤ ᠵᠣᠪᠠᠨ ᠵᠦᠳᠡᠪᠡᠰᠦ ᠡᠴᠦᠰ ᠲᠦ᠍ᠷ ᠰᠢᠮ᠎ᠡ ᠦᠭᠡᠢ ᠲᠤᠯᠠ ᠰᠤᠯᠠ ᠠᠬᠤᠢ ᠳ᠋ᠤᠷ ᠬᠡᠷᠬᠢᠨ ᠬᠥᠷᠥᠮᠦᠢ ᠬᠡᠮᠡᠭᠰᠡᠨ ᠦᠭᠡᠨ ᠪᠣᠯᠠᠢ᠃ ᠨᠡᠷ᠎ᠡ ᠠᠰᠢᠭ ᠪᠤᠯᠲᠤ ᠰᠠᠭᠠᠳ ᠲᠠᠢ ᠲᠤᠯᠠ ᠴᠠᠭ ᠢ ᠦᠵᠡᠵᠦ ᠵᠢᠳᠬᠦ᠂ ᠤᠷᠤᠭ ᠪᠠᠷᠯᠳᠤᠬᠤ ᠪᠠ ᠭᠡᠷ ᠦ᠋ᠨ ᠬᠤᠪᠢᠨ᠎ᠠ ᠨᠭᠡᠨᠡᠷ ᠬᠥᠮᠦᠨ ᠤ ᠬᠣᠣᠷᠯᠠᠯ ᠪᠣᠢ᠃ ᠦᠵᠡᠭᠦᠯᠦᠭᠴᠢᠳ ᠠᠯᠢᠪᠠ ᠬᠡᠷᠡᠭ ᠲᠦ᠍ᠷ ᠬᠠᠭᠤᠴᠢᠨ ᠬᠡᠪ ᠢ᠋ᠶ᠋ᠡᠨ ᠰᠠᠬᠢᠪᠠᠰᠤ ᠳᠡᠭᠡᠳᠦ ᠪᠣᠳᠣᠯᠭ᠎ᠠ ᠮᠥᠨ᠃  
      ᠪᠡᠯᠭᠡ ᠶ᠋ᠢᠨ ᠲᠣᠬᠢᠶᠠᠯᠳᠤᠪᠤᠷᠢ : ᠨᠢᠭᠡᠨ ᠬᠥᠮᠦᠨ ᠭᠠᠳᠠᠭᠰᠢ ᠭᠠᠷᠴᠤ ᠬᠤᠳᠠᠯᠳᠤᠭ᠎ᠠ ᠭᠢᠰᠦᠭᠡᠢ ᠭᠡᠮᠡᠨ ᠦᠵᠡᠭᠦᠯᠪᠡᠰᠦ ᠡᠨᠡ ᠲᠥᠯᠭᠡ ᠪᠠᠭᠤᠵᠤᠬᠤᠢ᠂ ᠪᠤᠰᠤᠳ ᠲᠥᠯᠭᠡ ᠮᠠᠭᠤ ᠭᠡᠮᠡᠨ ᠬᠣᠷᠢᠭᠯᠠᠪᠠᠰᠤ ᠪᠠᠰᠠ ᠪᠣᠯᠤᠭᠰᠠᠨ ᠦᠭᠡᠢ ᠭᠠᠷᠴᠤ ᠶᠠᠪᠤᠭᠠᠳ ᠭᠡᠷ ᠡᠴᠡ ᠪᠡᠨ ᠳᠥᠴᠢᠨ ᠭᠠᠵᠠᠷ ᠤ᠋ᠨ ᠦᠵᠦᠭᠦᠷ᠎ᠡ ᠬᠤᠳᠠᠯᠳᠤᠭᠠᠨ ᠤ᠋ ᠬᠡᠷᠡᠭ ᠲᠦ᠍ᠷ ᠶᠠᠭᠠᠷᠠᠨ ᠮᠡᠩᠳᠡᠨ ᠶᠠᠪᠤᠭᠰᠠᠭᠠᠷ ᠭᠤᠷᠪᠠᠨ ᠵᠢᠯ ᠪᠣᠯᠵᠤ ᠡᠷᠭᠢᠭᠰᠡᠨ ᠦᠭᠡᠢ ᠪᠡᠷ ᠪᠡᠶ᠎ᠡ ᠨᠥᠭᠴᠢᠪᠡᠢ᠃ ᠡᠨᠡ ᠠᠨᠤ ᠰᠢᠯᠦᠭ ᠦ᠋ᠨ ᠠᠩᠬ᠎ᠠ ᠬᠣᠶᠠᠷ ᠦᠭᠡᠨ ᠯᠦᠭᠡ ᠲᠣᠬᠢᠶᠠᠯᠳᠤᠵᠤᠬᠤᠢ᠃  
      ᠲᠠᠪᠢᠳᠤᠭᠠᠷ ᠲᠥᠯᠭᠡ᠄ ᠰᠢᠷ᠎ᠠ ᠬᠠᠷᠠᠭᠴᠢᠨ᠂ ᠳᠡᠭᠡᠳᠦ ᠰᠠᠢᠨ᠂ ᠲᠥᠯᠭᠡ ᠶ᠋ᠢᠨ ᠪᠡᠯᠭᠡ ᠠᠨᠤ : ᠰᠦ ᠳ᠋ᠦᠩ ᠫᠦᠸᠧ ᠢᠷᠭᠡᠳ ᠢ ᠤᠬᠠᠭᠤᠯᠤᠭᠰᠠᠨ : ᠬᠥᠮᠦᠨ ᠤ ᠦᠭᠡᠨ ᠳ᠋ᠦ᠍ᠷ ᠡᠨᠡ ᠵᠢᠯ ᠢ ᠨᠢᠳᠤᠨᠤᠨ ᠠ᠋ᠴᠠ ᠦᠯᠡᠮᠵᠢ ᠬᠡᠮᠡᠮᠦ ᠂ ᠲᠡᠢᠮᠦ ᠪᠣᠯᠪᠠᠴᠤ ᠠᠯᠬᠤᠬᠤ ᠪᠦᠷᠢ ᠶᠠᠪᠤᠳᠠᠯ ᠢ᠋ᠶ᠋ᠠᠨ ᠬᠡᠴᠢᠶᠡᠬᠦ ᠬᠡᠷᠡᠭᠲᠡᠢ᠂ ᠭᠡᠷ ᠳᠣᠲᠣᠷ᠎ᠠ ᠪᠠᠨ ᠨᠠᠢᠷᠠᠮᠳᠠᠭᠤ ᠪᠣᠯᠪᠠᠰᠤ ᠪᠤᠶᠠᠨ ᠮᠠᠰᠢ ᠠᠷᠪᠢᠳᠤᠮᠤᠢ᠂ ᠢᠬᠢᠷ ᠰᠢᠬᠢᠷ ᠬᠣᠪ ᠰᠢᠪ ᠦᠭᠡᠨ ᠢ ᠡᠰᠡ ᠰᠣᠨᠣᠰᠪᠠᠰᠤ ᠮᠠᠰᠢ ᠰᠠᠢᠨ᠃  
      ᠪᠣᠭᠳᠠ ᠶ᠋ᠢᠨ ᠲᠠᠭᠠᠯᠠᠯ᠂ ᠭᠠᠷᠬᠤ ᠣᠷᠣᠬᠤᠢ ᠳ᠋ᠤᠷ ᠰᠠᠢᠨ᠂ ᠡᠳ᠋ ᠲᠠᠸᠠᠷ ᠡᠯᠪᠡᠭ᠂ ᠵᠢᠷᠮᠦᠰᠦᠨ ᠠᠶᠤᠯ ᠦᠭᠡᠢ᠂ ᠡᠪᠡᠳᠴᠢᠨ ᠳᠠᠷᠤᠢ ᠨᠠᠮᠤᠷᠵᠢᠮᠤᠢ᠂ ᠤᠷᠤᠭ ᠪᠣᠯᠪᠠᠰᠤ ᠰᠠᠢᠨ᠂ ᠵᠠᠷᠭᠤ ᠡᠪᠰᠡᠪᠡᠰᠦ ᠰᠠᠢᠨ᠂ ᠶᠠᠪᠤᠳᠠᠯ ᠤ᠋ᠨ ᠬᠥᠮᠦᠨ ᠣᠯᠵᠠ ᠲᠠᠢ ᠡᠢᠷᠡᠮᠦ᠃  
      ᠲᠠᠢᠯᠪᠤᠷᠢ ᠥᠭᠦᠯᠡᠯ : ᠡᠨᠡ ᠲᠥᠯᠭᠡ ᠮᠠᠰᠢ ᠰᠠᠢᠨ᠂ ᠪᠠᠶᠠᠨ ᠡᠷᠭᠢᠨ ᠪᠣᠯᠤᠨ ᠳᠡᠯᠭᠡᠷᠴᠦ ᠡᠭᠦᠳᠡ ᠡᠷᠦᠬᠡ ᠮᠠᠨᠳᠤᠨ ᠪᠠᠳᠠᠷᠠᠮᠤ᠂ ᠪᠠᠶᠠᠷ ᠢ ᠦᠵᠡᠭᠡᠳ ᠠᠮᠠᠨ ᠨᠡᠮᠡᠮᠦ᠂ ᠭᠠᠭᠴᠠ ᠦᠢᠯᠡ ᠦᠢᠯᠡᠳᠬᠦᠢ ᠳ᠋ᠦ᠍ᠷ ᠡᠶᠡᠪᠡᠷᠭᠦᠦ ᠬᠡᠷᠡᠭᠲᠡᠢ ᠪᠤᠰᠤᠳ ᠤ᠋ᠨ ᠬᠣᠪ ᠦᠭᠡᠨ ᠢ ᠡᠰᠡ ᠬᠡᠷᠡᠭᠰᠡᠪᠡᠰᠦ ᠰᠠᠶᠢ ᠠᠮᠤᠷ ᠵᠢᠷᠭᠠᠯ ᠢ ᠣᠯᠤᠮᠤ᠂ ᠭᠠᠷᠬᠤ ᠣᠷᠣᠬᠤᠢ ᠳ᠋ᠤᠷ ᠥᠯᠵᠡᠢ ᠲᠡᠢ᠂ ᠠᠰᠢᠭ ᠡᠷᠢᠪᠡᠰᠦ ᠣᠯᠳᠠᠮᠤᠢ᠂ ᠤᠷᠤᠭ ᠪᠠᠷᠢᠯᠳᠤᠵᠤ ᠪᠣᠯᠤᠮᠤ᠂ ᠶᠠᠪᠤᠳᠠᠯ ᠤ᠋ᠨ ᠬᠥᠮᠦᠨ ᠢᠷᠠᠮᠤ᠂ ᠡᠪᠡᠳᠴᠢᠨ ᠠᠮᠤᠷᠵᠢᠮᠤ᠂ ᠠᠯᠢᠪᠠ ᠬᠡᠷᠡᠭ ᠲᠦ᠍ᠷ ᠰᠠᠢᠨ᠃  
      ᠰᠠᠨᠠᠭ᠎ᠠ ᠲᠠᠢᠯᠤᠭᠰᠠᠨ : ᠨᠡᠷ᠎ᠡ ᠠᠰᠢᠭ ᠪᠥᠭᠡᠰᠦ ᠰᠡᠳᠬᠢᠯᠴᠢᠯᠡᠨ ᠳᠡᠯᠭᠡᠷᠡᠭᠡᠳᠦᠢ᠂ ᠪᠤᠰᠤ ᠬᠡᠷᠡᠭ ᠪᠥᠭᠡᠰᠦ ᠡᠨᠡ ᠬᠠᠪᠤᠷ ᠰᠠᠢᠨ᠂ ᠬᠡᠷᠪᠡ ᠨᠠᠷᠢᠪᠴᠢᠯᠠᠵᠤ ᠡᠰᠡ ᠭᠦᠢᠴᠡᠳᠬᠡᠨ ᠬᠡᠮᠡᠭᠰᠡᠨ ᠠᠨᠤ᠂ ᠣᠷᠣᠵᠤ ᠦᠢᠯᠡᠳᠦᠭᠡᠳᠦᠢ ᠬᠡᠮᠡᠭᠰᠡᠨ ᠦᠭᠡᠰ᠂ ᠲᠡᠢᠮᠦ ᠶ᠋ᠢᠨ ᠲᠤᠯᠠ ᠠᠯᠢᠪᠠ ᠬᠡᠷᠡᠭ ᠲᠦ᠍ᠷ ᠨᠠᠷᠢᠪᠴᠢᠯᠠᠨ ᠭᠦᠢᠴᠡᠳᠬᠡᠬᠦ ᠬᠡᠮᠡᠭᠰᠡᠨ ᠪᠣᠯᠠᠢ᠂ ᠦᠵᠡᠭᠦᠯᠦᠭᠴᠢᠳ ᠨᠠᠷᠢᠪᠴᠢᠯᠠᠨ ᠭᠦᠢᠴᠡᠳᠬᠡᠬᠦ ᠶ᠋ᠢ ᠴᠢᠳᠠᠪᠠᠰᠤ᠂ ᠭᠡᠷ ᠬᠣᠲᠠᠯᠠᠭᠠᠷ ᠵᠣᠪᠠᠯᠠᠩ ᠤᠰᠠᠳᠴᠤ᠂ ᠨᠠᠢᠷᠠᠮᠳᠠᠬᠤ ᠶ᠋ᠢᠨ ᠠᠭᠤᠷ ᠥᠪᠡᠷ ᠢ᠋ᠶ᠋ᠡᠨ ᠲᠡᠩᠵᠢᠮᠦᠢ᠃  
      ᠪᠡᠯᠭᠡ ᠶ᠋ᠢᠨ ᠳᠣᠬᠢᠶᠠᠯᠳᠤᠪᠤᠷᠢ : ᠨᠢᠭᠡᠨ ᠬᠥᠮᠦᠨ ᠥᠪᠡᠷ ᠦ᠋ᠨ ᠭᠡᠷᠭᠡᠢ ᠶ᠋ᠢᠨ ᠦᠭᠡᠨ ᠳ᠋ᠦ᠍ᠷ ᠣᠷᠣᠵᠤ ᠳᠡᠭᠦᠦ ᠯᠦ᠍ᠭᠡ ᠬᠤᠪᠢᠶᠠᠨ ᠭᠠᠷᠰᠤᠭᠠᠢ ᠬᠡᠮᠡᠭᠡᠳ ᠦᠵᠡᠭᠦᠯᠪᠡᠰᠦ ᠡᠨᠡ ᠲᠥᠯᠭᠡ ᠪᠠᠭᠤᠵᠤᠬᠤᠢ᠂ ᠲᠡᠭᠦᠪᠡᠷ ᠰᠠᠨᠠᠭ᠎ᠠ ᠪᠠᠨ ᠬᠠᠯᠠᠵᠤ ᠬᠠᠮᠲᠤ ᠰᠠᠭᠤᠪᠠ᠂ ᠬᠣᠵᠢᠮ ᠳᠡᠭᠦᠦ ᠠᠨᠤ ᠬᠤᠳᠠᠯᠳᠤᠭᠠᠨ ᠳ᠋ᠤᠷ ᠭᠠᠷᠴᠤ ᠠᠰᠢᠭ ᠦᠯᠡᠮᠵᠢ ᠣᠯᠵᠤ ᠠᠬ᠎ᠠ ᠯᠤᠭ᠎ᠠ ᠪᠠᠨ ᠬᠡᠳᠦᠨ ᠦᠶ᠎ᠡ ᠬᠦᠷᠲᠡᠯ᠎ᠡ ᠠᠮᠤᠷ ᠡᠳ᠋ᠯᠡᠪᠡᠢ᠂ ᠡᠨᠡ ᠠᠨᠤ ᠭᠡᠷ ᠦ᠋ᠨ ᠳᠣᠲᠣᠷ᠎ᠠ ᠨᠠᠢᠷᠠᠮᠳᠠᠭᠤ ᠪᠣᠯᠪᠠᠰᠤ ᠪᠤᠶᠠᠨ ᠮᠠᠰᠢ ᠠᠷᠪᠢᠳᠤᠮᠤ᠂ ᠬᠡᠮᠡᠭᠰᠡᠨ ᠦᠭᠡ ᠲᠣᠬᠢᠶᠠᠯᠳᠤᠵᠤᠬᠤᠢ᠃