ᠡᠷᠳᠡᠮ᠎ ᠤᠨ ᠥᠯᠥᠭᠡᠢ - ᠴᠣ ᠂ ᠣᠷᠱᠤᠨ Эрдмийн өлгий – Чо ᠂ Оршин ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠷᠳᠡᠮ᠎ ᠤᠨ ᠥᠯᠥᠭᠡᠢ - ᠴᠣ ᠂ ᠣᠷᠱᠤᠨ Эрдмийн өлгий – Чо ᠂ Оршин

ᠡᠷᠳᠡᠮ᠎ ᠤᠨ ᠥᠯᠥᠭᠡᠢ - ᠴᠣ ᠂ ᠣᠷᠱᠤᠨ Эрдмийн өлгий – Чо ᠂ Оршин

2024-05-06

317

ᠡᠷᠳᠡᠮ ᠦᠨ ᠥᠯᠥᠭᠡᠢ


            — ᠠᠮᠤᠭᠤᠯᠠᠩ ᠳᠤᠮᠳᠠᠳᠤ ᠰᠤᠷᠭᠠᠭᠤᠯᠢ ᠳ᠋ᠠᠭᠠᠨ  
                   ᠴᠣ· ᠣᠷᠱᠤᠨ 

 ᠡᠷ᠎ᠡ ᠶ᠋ᠢᠨ ᠴᠡᠭᠡᠯ ᠳ᠋ᠦ᠍ ᠬᠦᠷᠴᠦ 
 ᠠᠢᠯ ᠭᠡᠷ ᠪᠣᠯᠤᠭᠠᠳ  
 ᠡᠩᠬᠡ ᠳᠡᠯᠡᠬᠡᠢ ᠶ᠋ᠢᠨ ᠬᠥᠷᠥᠰᠥᠨ ᠳ᠋ᠦ᠍ 
 ᠬᠥᠮᠦᠨ ᠭᠡᠵᠦ ᠶᠠᠪᠤᠬᠤ ᠳ᠋ᠠᠭᠠᠨ  
 ᠡᠬᠡ ᠣᠷᠣᠨ ᠤ᠋ ᠲᠥᠯᠥᠭᠡ 
 ᠬᠦᠴᠦᠨ ᠨᠢᠭᠡ ᠪᠣᠯᠵᠤ  
 ᠡᠭᠡᠯ ᠠᠷᠠᠳ ᠤ᠋ᠨ ᠬᠤᠪᠢ ᠪᠠᠷ 
 ᠵᠢᠳᠬᠦᠯ ᠡᠷᠭᠦᠵᠦ ᠪᠠᠢᠬᠤ ᠳ᠋ᠠᠭᠠᠨ  
    ᠲᠠᠯ᠎ᠠ ᠶ᠋ᠢᠨ ᠮᠠᠯᠴᠢᠨ ᠤ᠋ ᠦᠷᠡᠰ ᠲᠦ᠍ 
    ᠡᠷᠳᠡᠮ ᠦ᠋ᠨ ᠵᠢᠯᠣᠭᠣ ᠠᠳᠬᠤᠭᠤᠯᠤᠭᠰᠠᠨ  
    ᠲᠠᠩᠬᠢᠯ ᠨᠤᠲᠤᠭ ᠤ᠋ᠨ ᠢ᠋ᠶ᠋ᠠᠨ ᠡᠯᠢᠭᠡᠨ ᠳ᠋ᠦ᠍ 
    ᠡᠬᠡ ᠶ᠋ᠢᠨ ᠬᠠᠢᠷ᠎ᠠ ᠪᠠᠷ ᠰᠦᠨᠳᠡᠷᠯᠡᠭᠰᠡᠨ᠃  
    ᠡᠬᠡ ᠰᠤᠷᠭᠠᠭᠤᠯᠢ ᠮᠢᠨᠢ ᠲᠠᠨ ᠢ᠋ᠶ᠋ᠠᠨ 
    ᠪᠢᠳᠡ ᠮᠠᠷᠲᠠᠵᠤ ᠴᠢᠳᠠᠬᠤ ᠦᠭᠡᠢ  
    ᠡᠭᠡᠨᠡᠭᠲᠡ ᠪᠢᠳᠡ ᠳᠤᠷᠠᠰᠬᠠᠵᠤ 
    ᠳᠤᠷᠠᠳᠬᠠᠵᠤ ᠶᠠᠪᠤᠬᠤ ᠶᠣᠰᠣᠲᠠᠢ᠃  
 ᠣᠶᠤᠨᠲᠤ ᠪᠠᠭᠰᠢ ᠨᠠᠷ ᠤ᠋ᠨ ᠰᠤᠷᠭᠠᠯ ᠢ᠋ᠶ᠋ᠠᠷ 
 ᠪᠢᠯᠢᠭ ᠦ᠋ᠨ ᠨᠢᠳᠦ ᠮᠢᠨᠢ ᠨᠡᠭᠡᠭᠡᠭᠳᠡᠵᠦ  
 ᠣᠯᠠᠨ ᠨᠥᠬᠥᠳ ᠦ᠋ᠨ ᠬᠠᠮᠲᠤ 
 ᠰᠣᠶᠣᠯ ᠤ᠋ᠨ ᠰᠢᠮ᠎ᠡ ᠳ᠋ᠦ᠍ ᠮᠥᠷᠥᠢᠴᠡᠭᠰᠡᠨ ᠶᠦᠮ᠃  
 ᠰᠤᠷᠤᠯᠭ᠎ᠠ ᠪᠦᠲᠦᠮᠵᠢ ᠬᠣᠶᠠᠷ ᠢ᠋ᠶ᠋ᠠᠷ 
 ᠬᠢᠷᠢ ᠭᠡᠮ ᠢ᠋ᠶ᠋ᠡᠨ ᠰᠢᠯᠭᠠᠯᠴᠠᠵᠤ 
 ᠰᠤᠳᠤᠯᠭ᠎ᠠ ᠰᠤᠷᠤᠯᠴᠠᠯᠭ᠎ᠠ ᠶ᠋ᠢ ᠪᠡᠶᠡᠯᠡᠭᠦᠯᠵᠦ 
 ᠪᠦᠲᠦᠭᠡᠯ ᠦ᠋ᠨ ᠲᠠᠪᠴᠠᠩ ᠳ᠋ᠤ᠌ ᠰᠢᠯᠭᠠᠷᠠᠭᠰᠠᠨ ᠶᠤᠮ᠂  
    ᠲᠠᠯ᠎ᠠ ᠶ᠋ᠢᠨ ᠮᠠᠯᠴᠢᠨ ᠤ᠋ ᠦᠷᠡᠰ ᠲᠦ᠍ 
    ᠡᠷᠳᠡᠮ ᠦ᠋ᠨ ᠵᠢᠯᠣᠭᠣ ᠠᠳᠬᠤᠭᠤᠯᠤᠭᠰᠠᠨ  
    ᠲᠠᠩᠬᠢᠯ ᠨᠤᠲᠤᠭ ᠤ᠋ᠨ ᠡᠯᠢᠭᠡᠨ ᠳ᠋ᠦ᠍ 
    ᠡᠬᠡ ᠶ᠋ᠢᠨ ᠬᠠᠢᠷ᠎ᠠ ᠪᠠᠷ ᠡᠨᠡᠷᠢᠭᠰᠡᠨ 
    ᠡᠬᠡ ᠰᠤᠷᠭᠠᠭᠤᠯᠢ ᠮᠢᠨᠢ᠂ 
    ᠲᠠᠨ ᠢ᠋ᠶ᠋ᠠᠨ ᠪᠢᠳᠡ ᠮᠠᠷᠲᠠᠵᠤ ᠴᠢᠳᠠᠬᠤ ᠦᠭᠡᠢ  
    ᠡᠭᠡᠨᠡᠭᠲᠡ ᠪᠢᠳᠡ ᠳᠤᠷᠠᠰᠬᠠᠵᠤ 
    ᠳᠤᠷᠠᠳᠬᠠᠵᠤ ᠶᠠᠪᠤᠬᠤ ᠠᠵᠠ ᠲᠠᠢ᠃  
 ᠥᠯᠥᠭᠡᠢ ᠳ᠋ᠡᠭᠡᠨ ᠲᠣᠷᠨᠢᠭᠰᠠᠨ ᠬᠡᠦᠬᠡᠳ 
 ᠥᠰᠴᠦ ᠪᠣᠢᠵᠢᠭᠠᠳ ᠳᠡᠷᠪᠡᠳᠡᠭ ᠰᠢᠭ  
 ᠥᠨᠢᠷ ᠰᠤᠷᠭᠠᠭᠤᠯᠢ ᠠ᠋ᠴᠠ ᠪᠠᠨ ᠪᠢᠳᠡ 
 ᠰᠣᠶᠣᠯ ᠤ᠋ᠨ ᠬᠦᠯᠦᠭ ᠲᠦ᠍ ᠮᠣᠷᠳᠠᠭᠰᠠᠨ ᠶᠤᠮ᠂  
 ᠥᠷᠯᠥᠭ ᠣᠷᠣᠨ ᠤ᠋ ᠪᠠᠨ 
 ᠬᠡᠷᠡᠭᠴᠡᠭᠡ ᠪᠦᠬᠦᠨ ᠦ᠌ ᠱᠠᠭᠠᠷᠳᠠᠯᠭ᠎ᠠ ᠪᠠᠷ 
 ᠥᠷᠨᠢᠭᠦᠨ ᠶᠡᠬᠡ ᠦᠢᠯᠡᠰ ᠲᠡᠭᠡᠨ 
 ᠪᠠᠢᠯᠳᠤᠭᠴᠢ ᠪᠣᠯᠤᠨ ᠣᠷᠣᠯᠴᠠᠭᠰᠠᠨ ᠶᠤᠮ᠃ 
    ᠲᠠᠯ᠎ᠠ ᠶ᠋ᠢᠨ ᠮᠠᠯᠴᠢᠨ ᠤ᠋ ᠦᠷᠡᠰ ᠲᠦ᠍ 
    ᠡᠷᠳᠡᠮ ᠦ᠋ᠨ ᠵᠢᠯᠣᠭᠣ ᠰᠤᠩᠭᠠᠭᠤᠯᠤᠭᠰᠠᠨ 
    ᠲᠠᠩᠬᠢᠯ ᠨᠤᠲᠤᠭ ᠤ᠋ᠨ ᠡᠯᠢᠭᠡᠨ ᠳ᠋ᠦ᠍ 
    ᠡᠬᠡ ᠶ᠋ᠢᠨ ᠬᠠᠢᠷ᠎ᠠ ᠪᠠᠷ ᠰᠡᠬᠦᠢᠭᠰᠡᠨ 
    ᠡᠬᠡ ᠰᠤᠷᠭᠠᠭᠤᠯᠢ ᠮᠢᠨᠢ 
    ᠲᠠᠨ ᠢ᠋ᠶ᠋ᠠᠨ ᠪᠢᠳᠡ ᠮᠠᠷᠲᠠᠵᠤ ᠴᠢᠳᠠᠬᠤ ᠦᠭᠡᠢ  
    ᠡᠭᠡᠨᠡᠭᠲᠡ ᠪᠢᠳᠡ ᠳᠤᠷᠠᠰᠬᠠᠵᠤ 
    ᠳᠤᠷᠠᠳᠬᠠᠵᠤ ᠶᠠᠪᠤᠬᠤ ᠵᠠᠶᠠᠭᠠᠲᠠᠢ᠃ 
 ᠬᠥᠮᠦᠵᠢᠭᠦᠯᠵᠦ ᠰᠤᠷᠭᠠᠭᠰᠠᠨ ᠰᠤᠷᠤᠭᠴᠢ ᠴᠢᠨᠢ 
 ᠦᠢᠯᠡᠰ ᠦ᠋ᠨ ᠡᠵᠡᠨ ᠪᠣᠯᠵᠤ ᠪᠣᠢ  
 ᠬᠦᠷᠭᠡᠵᠦ ᠢᠷᠡᠭᠰᠡᠨ ᠬᠣᠢᠴᠢ ᠴᠢᠨᠢ 
 ᠲᠠᠨ ᠤ᠋ ᠬᠠᠯᠠᠮᠵᠢ ᠶ᠋ᠢ ᠬᠦᠷᠲᠡᠵᠦ ᠪᠣᠢ 
 ᠬᠦᠨᠳᠦᠲᠦ ᠰᠤᠷᠭᠠᠭᠤᠯᠢ ᠮᠢᠨᠢ 
 ᠦᠶ᠎ᠡ ᠶ᠋ᠢᠨ ᠦᠶ᠎ᠡ ᠮᠥᠩᠬᠡᠷᠡᠭ!  
 ᠬᠥᠭᠰᠢᠨ ᠪᠤᠭᠤᠷᠤᠯ ᠪᠠᠭᠰᠢ ᠮᠢᠨᠢ 
 ᠥᠨᠢ ᠶ᠋ᠢᠨ ᠥᠨᠢ ᠨᠠᠰᠤᠵᠢᠭ!  
    ᠲᠠᠯ᠎ᠠ ᠶ᠋ᠢᠨ ᠮᠠᠯᠴᠢᠨ ᠤ᠋ ᠦᠷᠡᠰ ᠲᠦ᠍ 
    ᠡᠷᠳᠡᠮ ᠦ᠋ᠨ ᠵᠢᠯᠣᠭᠣ ᠰᠤᠩᠭᠠᠭᠤᠯᠤᠭᠰᠠᠨ  
    ᠲᠠᠩᠬᠢᠯ ᠨᠤᠲᠤᠭ ᠤ᠋ᠨ ᠡᠯᠢᠭᠡᠨ ᠳ᠋ᠦ᠍ 
    ᠡᠬᠡ ᠶ᠋ᠢᠨ ᠬᠠᠢᠷ᠎ᠠ ᠪᠠᠷ ᠰᠦᠮᠪᠦᠷᠯᠡᠭᠰᠡᠨ  
    ᠡᠬᠡ ᠰᠤᠷᠭᠠᠭᠤᠯᠢ ᠮᠢᠨᠢ 
    ᠲᠠᠨ ᠢ᠋ᠶ᠋ᠠᠨ ᠪᠢᠳᠡ ᠮᠠᠷᠲᠠᠵᠤ ᠴᠢᠳᠠᠬᠤ ᠦᠭᠡᠢ  
    ᠡᠭᠡᠨᠡᠭᠲᠡ ᠪᠢᠳᠡ ᠳᠤᠷᠠᠰᠬᠠᠵᠤ 
    ᠳᠤᠷᠠᠳᠬᠠᠵᠤ ᠤᠴᠢᠷᠲᠠᠢ᠃ 

   ᠢᠷᠡᠯᠲᠡ᠄· ᠴᠣ· ᠣᠷᠱᠤᠨ ᠤ᠋《 ᠮᠠᠯᠴᠢᠨ ᠬᠥᠮᠦᠨ ᠦ᠌ ᠳᠠᠭᠤᠤ》 ᠨᠣᠮ ᠠ᠋ᠴᠠ ᠡᠰᠢᠯᠡᠪᠡ᠃
           ᠦᠰᠦᠭ ᠠᠮᠢᠯᠠᠭᠤᠯᠤᠭᠴᠢ᠄ ᠪᠠᠶᠠᠷᠴᠡᠴᠡᠭ 
               2024 04 28