ᠮᠥᠷᠥᠭᠡᠳᠦᠯ ᠦᠨ ᠠᠢ - ᠶᠣᠨᠳᠣᠨ ᠤ ᠪᠢᠯᠢᠭ᠌ - ᠪᠠᠭᠠᠲᠤᠷ Мөрөөдлийн ай - Ёндоны Билиг - Баатар
ᠮᠥᠷᠥᠭᠡᠳᠦᠯ ᠦᠨ ᠠᠢ
ᠲᠠ ᠲᠡᠳᠦᠢ ᠦᠨᠳᠦᠷ ᠲᠦ ᠲᠡᠭᠦᠯᠢᠬᠦ ᠪᠣᠯᠣᠨ᠎ᠠ
ᠬᠣᠯᠠ ᠪᠣᠯ ᠴᠡᠩᠬᠡᠷ ᠥᠩᠭᠡᠲᠡᠢ
ᠣᠢᠷ᠎ᠠ ᠪᠣᠯ ᠰᠦᠨ ᠥᠩᠭᠡᠲᠡᠶ
ᠬᠥᠩᠭᠡᠨ ᠠᠨᠤ ᠶᠠᠭᠠᠨ ᠥᠩᠭᠡᠲᠡᠢ
ᠬᠦᠨᠳᠦ ᠠᠨᠤ ᠠᠯᠲᠠᠨ ᠥᠩᠭᠡᠲᠡᠢ
ᠬᠤᠳᠠᠯ ᠠᠨᠤ ᠠᠯᠠᠭ ᠥᠩᠭᠡᠲᠡᠢ
ᠨᠢᠴᠦᠭᠦᠨ ᠦᠨᠡᠨ ᠯᠡ ᠥᠩᠭᠡ ᠦᠭᠡᠢ
ᠨᠢᠭᠦᠯ ᠪᠣᠯᠪᠠᠰᠤ ᠫᠠᠳ ᠬᠠᠷ᠎ᠠ ᠥᠩᠭᠡᠲᠡᠶ
ᠮᠥᠩᠭᠥ ᠴᠠᠭᠠᠨ ᠨᠢᠳᠦ ᠤᠯᠠᠭᠠᠨ
ᠮᠥᠷᠥᠭᠡᠳᠦᠯ ᠴᠡᠩᠬᠡᠷ ᠥᠩᠭᠡᠲᠡᠶ
ᠭᠠᠳᠠᠭᠠᠲᠤ ᠳᠠᠯᠠᠢ ᠶ᠋ᠢᠨ ᠡᠷᠭᠢ ᠶ᠋ᠢ
ᠳᠣᠲᠣᠭᠠᠳᠤ ᠰᠡᠳᠬᠢᠯ ᠳ᠋ᠠᠭᠡᠨ
ᠭᠠᠢᠬᠠᠮ᠎ᠠ ᠭᠣᠶᠣ ᠮᠥᠷᠥᠭᠡᠳᠦᠪᠡᠰᠦ
ᠳᠡᠷᠡᠰᠦᠨ ᠬᠣᠩᠬᠣᠷ ᠠ᠋ᠴᠠ ᠪᠠᠨ ᠬᠣᠯᠠᠳᠤᠨᠠᠮ
ᠣᠷᠴᠢᠯᠠᠩ ᠤᠨ ᠴᠡᠩᠬᠡᠷ ᠨᠠᠷᠠ ᠶ᠋ᠢ
ᠣᠢ ᠲᠠᠷᠢᠬᠢᠨ ᠳ᠋ᠠᠭᠠᠨ ᠮᠡᠰᠢᠳᠡ ᠬᠦᠰᠡᠪᠡᠰᠦ
ᠮᠤᠩᠬᠠᠭ ᠤᠨ ᠬᠠᠷᠠᠩᠭᠤᠢ ᠨᠢᠴᠦᠭᠦᠨ ᠭᠣᠪᠢ ᠶ᠋ᠢ
ᠮᠣᠷᠢᠲᠠᠢ ᠭᠡᠲᠦᠯᠦᠨ ᠰᠠᠨᠰᠠᠷᠯᠢᠭ ᠠᠢ ᠪᠢᠯᠬᠠᠨᠠᠮ
ᠶᠠᠮᠠᠷᠴᠤ ᠮᠥᠷᠥᠭᠡᠳᠦᠯ ᠦᠭᠡᠢ ᠦᠨᠳᠦᠰᠦᠲᠡᠨ
ᠶᠠᠭᠠᠬᠢᠬᠤ ᠠᠷᠭ᠎ᠠ ᠦᠭᠡᠢ ᠰᠢᠭᠤᠳ ᠮᠥᠬᠥᠨᠡᠮ
ᠬᠢᠮᠤᠰᠤᠨ ᠲᠣᠯᠢᠨ ᠴᠢᠨᠡᠭᠡᠨ
ᠬᠢᠮᠳᠠᠬᠠᠨ ᠪᠢᠴᠠᠯ ᠮᠥᠷᠥᠭᠡᠳᠦᠯ ᠲᠠᠶ
ᠶᠠᠳᠠᠮᠠᠭ ᠳᠤᠯᠢᠮᠠᠭ ᠪᠡᠷᠲᠡᠭᠴᠢᠳ
ᠶᠠᠰᠤ ᠨᠢ ᠬᠠᠷᠠᠯᠠᠨ ᠳᠡᠯᠪᠡᠷᠡᠵᠦ ᠰᠥᠨᠥᠮᠦᠢ
ᠭᠡᠷᠡᠯᠳᠡᠶ ᠰᠠᠢᠨ ᠡᠷᠡᠰ ᠪᠦᠭᠦᠳᠡᠭᠡᠷ ᠢᠶᠠᠨ
ᠭᠡᠭᠡᠨ ᠠᠯᠤᠰ ᠮᠥᠷᠥᠭᠡᠳᠦᠯ ᠢ᠋ᠶ᠋ᠡᠨ
ᠬᠠᠮᠢᠭ᠎ᠠ ᠶᠠᠪᠤᠪᠠᠴᠤ ᠬᠥᠲᠥᠯᠦᠳᠡᠭ
ᠬᠠᠮᠢᠭ᠎ᠠ ᠴᠤ᠌ ᠲᠡᠭᠡᠭᠡᠳ ᠬᠦᠷᠲᠡᠭ
ᠭᠡᠮ ᠦᠭᠡᠢ ᠮᠥᠩᠬᠡ ᠮᠥᠷᠥᠭᠡᠳᠦᠯ ᠢᠶᠡᠨ
ᠭᠡᠭᠡᠨ ᠰᠤᠭᠤᠨᠠᠭ ᠲᠠᠲᠠᠭᠤᠯᠤᠨ ᠬᠥᠲᠥᠯᠦᠳᠡᠭ
ᠭᠡᠮᠰᠢᠯ ᠦᠭᠡᠢ ᠮᠥᠷᠥᠭᠡᠳᠦᠯ ᠪᠦᠬᠦᠨ ᠳ᠋ᠡᠭᠡᠨ
ᠭᠠᠷᠠᠭ ᠣᠳᠣᠳ ᠲᠠᠢ ᠴᠣᠭ ᠬᠥᠲᠥᠯᠦᠭᠳᠡᠳᠡᠭ
ᠠᠶ᠎ᠠ ᠂ ᠮᠥᠷᠥᠭᠡᠳᠦᠯ ᠶᠠᠭᠤᠲᠠᠢ ᠰᠠᠢᠬᠠᠨ
ᠠᠮᠢ ᠠᠮᠢᠨ ᠮᠥᠷᠥᠭᠡᠳᠦᠯ ᠶᠠᠭᠤᠲᠠᠢ ᠰᠠᠢᠬᠠᠨ
ᠲᠤᠭᠤᠯ ᠤᠨ ᠪᠡᠯᠴᠢᠭᠡᠷ ᠡᠴᠡ ᠪᠠᠨ ᠯᠠ
ᠲᠣᠮᠣᠭ᠎ᠠ ᠦᠭᠡᠢ ᠮᠢᠨᠦ ᠮᠥᠷᠥᠭᠡᠳᠦᠯ ᠡᠬᠢᠯᠡᠨ
ᠠᠯᠠᠭ᠎ᠠ ᠳᠠᠷᠤᠮ ᠠᠳᠢᠷᠭᠠᠨ ᠠᠢᠯ ᠠ᠋ᠴᠠ ᠪᠠᠨ
ᠠᠷᠠᠪ ᠠᠮᠧᠷᠢᠺᠠ ᠶ᠋ᠢᠨ ᠲᠡᠭᠷᠢ ᠥᠭᠡᠳᠡ
ᠠᠯᠳᠠᠷᠲᠤ ᠢᠵᠠᠭᠤᠷᠲᠠᠨ ᠶᠣᠨᠳᠣᠨ ᠤ ᠬᠦᠦ ᠶ᠋ᠢ
ᠠᠯᠲᠠᠢ ᠶ᠋ᠢᠨ ᠪᠦᠷᠭᠦᠳ ᠰᠢᠭ᠌ ᠳᠡᠪᠲᠡᠷᠢᠭᠦᠯᠵᠡᠢ
ᠰᠠᠨᠰᠠᠷ ᠠᠭᠤᠳᠠᠮ ᠠ᠋ᠴᠠ ᠳᠡᠯᠡᠬᠡᠢ ᠶ᠋ᠢ ᠬᠠᠷᠠᠪᠠᠯ
ᠰᠢᠪᠠᠭᠤᠨ ᠤ ᠥᠨᠳᠡᠭᠡ ᠰᠢᠭ᠌ ᠵᠢᠵᠢᠭᠬᠡᠨ
ᠳᠠᠩᠴᠤ ᠬᠥᠭᠡᠷᠦᠬᠦᠨ ᠲᠡᠷᠡ ᠥᠨᠳᠡᠭᠡ ᠶ᠋ᠢ
ᠳᠠᠩᠽᠠᠨᠷᠠᠪᠵᠠᠢ ᠪᠢᠳᠡ ᠬᠣᠶᠠᠷ ᠨᠡᠪᠴᠢᠭᠦᠯᠦᠨᠡᠮ
ᠳᠠᠷᠠᠭ᠎ᠠ ᠳᠠᠷᠠᠭᠠᠴᠢ ᠶ᠋ᠢᠨ ᠠᠩᠭᠠᠬᠠᠢ ᠨᠠᠷ ᠤᠨ
ᠳᠠᠯᠠᠪᠴᠢ ᠵᠢᠭᠦᠷ ᠨᠢ ᠠᠭᠠᠷ ᠲᠤ ᠪᠦᠲᠦᠨᠡᠮ
ᠪᠢᠳᠡᠨ ᠬᠣᠶᠠᠭᠤᠯᠠ ᠶ᠋ᠢ ᠮᠠᠷᠲᠠᠬᠤ ᠬᠥᠮᠦᠰ
ᠪᠢᠲᠡᠭᠦᠦ ᠬᠠᠯᠢᠰᠤᠨ ᠳ᠋ᠠᠭᠠᠨ ᠦᠨᠡᠭᠡᠴᠢᠯᠡᠨᠡᠮ
ᠪᠢ ᠴᠤ᠌ ᠶᠠᠭᠠᠬᠢᠬᠤᠪ ᠳ᠋ᠠ᠂ ᠬᠣᠢᠴᠢᠰ ᠮᠢᠨᠢ
ᠪᠢᠲᠡᠭᠡᠢ ᠯᠡ ᠨᠣᠶᠠᠨ ᠬᠤᠲᠤᠭᠲᠤ ᠶ᠋ᠢ ᠮᠠᠷᠲᠠ
ᠪᠢᠨᠳᠠᠷᠢᠶᠠᠨ ᠮᠥᠩᠬᠡ ᠬᠥᠬᠡ ᠲᠡᠭᠷᠢ ᠴᠢᠨᠢ
ᠪᠢᠯᠢᠭᠦᠨ ᠤᠬᠠᠭᠠᠨ ᠢ᠋ᠶ᠋ᠠᠨ ᠬᠤᠷᠢᠶᠠᠵᠤ ᠮᠠᠭᠠᠳ
ᠨᠠᠮ᠎ᠠ ᠶ᠋ᠢ ᠥᠨᠢ ᠮᠠᠷᠲᠠᠭᠰᠠᠨ ᠲᠠᠨᠠᠷ ᠲᠤ
ᠨᠠᠷᠠ ᠮᠢᠨᠦ ᠡᠮᠦᠨ᠎ᠡ ᠡᠴᠡ ᠲᠠᠯᠠᠷᠬᠠᠨ᠎ᠠ
ᠨᠠᠮ᠎ᠠ ᠶ᠋ᠢ ᠮᠠᠷᠲᠠᠬᠤ ᠶᠠᠭᠤ ᠴᠤ᠌ ᠪᠢᠰᠢ ᠡ
ᠨᠠᠢᠷᠠᠭ ᠰᠢᠯᠦᠭ ᠢ ᠮᠢᠨᠢ ᠯᠡ ᠤᠩᠰᠢᠵᠤ ᠪᠡᠶ
ᠨᠠᠰᠤ ᠬᠤᠲᠤᠭ ᠲᠠᠨᠢ ᠵᠢᠷᠭᠤᠭᠠᠲᠠᠢ ᠲᠠᠶᠢᠭ᠋ ᠲᠠᠢ
ᠨᠠᠷᠮᠠᠢ ᠮᠣᠩᠭᠣᠯ ᠲᠠᠨᠢ ᠬᠡᠢᠮᠣᠷᠢᠲᠠᠢ ᠶᠠᠪᠤᠨᠠᠮ
2024 . 5 . 5 ᠦᠳᠡ ᠶ᠋ᠢᠨ ᠬᠣᠢᠨ᠎ᠠ
ᠵᠤᠨ ᠤ ᠠᠭᠤᠷ ᠣᠷᠣᠭᠰᠠᠨ ᠥᠯᠵᠡᠢᠲᠦ ᠰᠠᠢᠨ ᠡᠳᠦᠷ
ᠰᠢᠯᠦᠭ ᠪᠦᠲᠦᠭᠡᠳᠡᠭ ᠰᠢᠷᠭᠠᠯ ᠬᠠᠳᠠᠨ ᠪᠢᠴᠢᠭ᠌ ᠦᠨ
ᠰᠢᠷᠡᠭᠡᠨ ᠳᠡᠭᠡᠷ᠎ᠡ ᠪᠡᠨ ᠭᠢᠯᠠᠰ ᠪᠦᠲᠦᠭᠡᠪᠡᠢ᠃
ᠬᠦᠬᠡᠬᠣᠲᠠᠨ᠎ᠠ᠃

