ᠤᠨᠤᠬᠤ ᠶ᠋ᠢᠨ ᠰᠢᠯᠦᠭ-ᠱ ᠂ ᠭᠦᠷᠦᠪᠠᠽᠠᠷОнохын шүлэг-Ш᠂ Гүрбазар
ᠤᠨᠤᠬᠤ ᠶ᠋ᠢᠨ ᠰᠢᠯᠦᠭ
ᠱ᠂ ᠭᠦᠷᠦᠪᠠᠽᠠᠷ
ᠴᠢ ᠨᠠᠮᠠᠶ᠋ᠢ ᠫᠤᠤᠳᠠᠶ᠎ᠠ ᠭᠡᠪᠡᠯ
ᠲᠠᠷᠢᠬᠢ ᠶ᠋ᠢ ᠮᠢᠨᠢ ᠤᠨᠤᠬᠤ ᠠ᠋ᠴᠠ
ᠵᠢᠷᠦᠬᠡ ᠶ᠋ᠢ ᠮᠢᠨᠢ ᠤᠨᠤᠬᠤ ᠦᠭᠡᠢ
ᠲᠠᠷᠢᠬᠢ᠂ ᠵᠢᠷᠦᠬᠡ ᠬᠣᠶᠠᠷ ᠤ᠋ᠨ ᠬᠣᠭᠣᠷᠣᠨᠳᠣ
ᠲᠠᠪᠤᠨ ᠪᠠᠷ᠎ᠠ ᠪᠠᠢᠳᠠᠭ ᠶᠤᠮ
ᠴᠢ ᠨᠠᠮᠠᠶ᠋ᠢ ᠬᠠᠭᠤᠷᠤᠶᠠ ᠭᠡᠪᠡᠯ
ᠲᠡᠨᠡᠭ ᠢ᠋ ᠮᠢᠨᠢ ᠤᠨᠤᠬᠤ ᠠ᠋ᠴᠠ
ᠦᠨᠡᠨ ᠢ᠋ ᠮᠢᠨᠢ ᠤᠨᠤᠬᠤ ᠦᠭᠡᠢ
ᠲᠡᠨᠡᠭ᠂ ᠦᠨᠡᠨ ᠬᠣᠶᠠᠷ ᠤ᠋ᠨ ᠳᠤᠮᠳᠠ
ᠲᠩᠷᠢ ᠪᠠᠭᠲᠠᠳᠠᠭ ᠶᠤᠮ
ᠴᠢ ᠨᠠᠮᠠᠶ᠋ᠢ ᠠᠳᠠᠯᠠᠯᠠ ᠭᠡᠳ
ᠰᠡᠭᠦᠳᠡᠷ ᠢ᠋ ᠮᠢᠨᠢ ᠦᠷᠭᠦᠭᠡᠬᠦ ᠡᠴᠡ
ᠰᠦᠨᠡᠰᠦ ᠶ᠋ᠢ ᠮᠢᠨᠢ ᠬᠥᠭᠡᠭᠡᠬᠦ ᠦᠭᠡᠢ
ᠰᠡᠭᠦᠳᠡᠷ᠂ ᠰᠦᠨᠡᠰᠦ ᠬᠣᠶᠠᠷ ᠤ᠋ᠨ ᠳᠤᠮᠳᠠ
ᠰᠦ ᠡᠭᠡᠳᠡᠳᠡᠭ ᠶᠦᠮ
ᠴᠢ ᠨᠠᠮᠠᠶ᠋ᠢ ᠦᠷᠦ ᠡᠪᠡᠳᠦᠯ᠎ᠡ ᠭᠡᠳ
ᠰᠡᠳᠬᠢᠯ ᠢ᠋ ᠮᠢᠨᠢ ᠨᠢᠮᠭᠡᠯᠡᠬᠦ ᠡᠴᠡ
ᠵᠣᠪᠠᠯᠠᠩ ᠢ᠋ ᠮᠢᠨᠢ ᠬᠤᠭᠤᠰᠯᠠᠬᠤ ᠦᠭᠡᠢ
ᠵᠣᠪᠠᠬᠤ᠂ ᠦᠷᠦ ᠡᠪᠡᠳᠬᠦ ᠶ᠋ᠢᠨ ᠳᠤᠮᠳᠠ
ᠵᠣᠷᠢᠭ ᠬᠥᠯᠥᠷᠡᠵᠦ ᠪᠠᠢᠳᠠᠭ ᠶᠤᠮ
ᠴᠢ ᠨᠠᠳᠠ ᠲᠠᠢ ᠬᠠᠨᠢᠯᠠᠯᠠ ᠭᠡᠳ
ᠪᠠᠷ᠎ᠠ ᠳ᠋ᠤ᠌ ᠮᠢᠨᠢ ᠪᠥᠷᠲᠥᠯᠵᠡᠬᠦ ᠡᠴᠡ
ᠪᠣᠳᠣᠯ ᠲᠠᠢ ᠮᠢᠨᠢ ᠨᠥᠬᠥᠴᠡᠬᠦ ᠦᠭᠡᠢ
ᠢᠯᠡ᠂ ᠳᠠᠯᠳᠠ ᠬᠣᠶᠠᠷ ᠤ᠋ᠨ ᠳᠤᠮᠳᠠ
ᠶᠡᠬᠡ ᠨᠢᠭᠦᠯ ᠪᠠᠢᠳᠠᠭ ᠶᠤᠮ
ᠴᠢ ᠨᠠᠳᠠ ᠳ᠋ᠤ᠌ ᠭᠣᠮᠣᠳᠠᠯᠠ ᠭᠡᠳ
ᠠᠶᠤᠮᠰᠢᠭ ᠢ᠋ ᠮᠢᠨᠢ ᠵᠦᠬᠡᠬᠦ ᠡᠴᠡ
ᠠᠮᠢᠳᠤ ᠶ᠋ᠢ ᠮᠢᠨᠢ ᠵᠥᠭᠡᠬᠦ ᠦᠭᠡᠢ
ᠠᠯᠳᠠᠭ᠎ᠠ᠂ ᠠᠮᠢ ᠬᠣᠶᠠᠷ ᠤ᠋ᠨ ᠳᠤᠮᠳᠠ
ᠠᠷᠠᠳ ᠤ᠋ᠨ ᠳᠠᠭᠤᠤ ᠬᠠᠷ᠎ᠠ ᠳᠠᠷᠤᠳᠠᠭ ᠶᠤᠮ
ᠴᠢ ᠮᠠᠨ ᠤ᠋ ᠬᠢ ᠶ᠋ᠢ ᠡᠷᠢᠯ᠎ᠡ ᠭᠡᠳ
ᠭᠡᠷ ᠢ᠋ ᠮᠢᠨᠢ ᠣᠯᠬᠤ ᠠ᠋ᠴᠠ
ᠭᠣᠯᠣᠮᠲᠠ ᠶ᠋ᠢ ᠮᠢᠨᠢ ᠣᠯᠬᠤ ᠦᠭᠡᠢ
ᠰᠢᠲᠦᠭᠡᠨ᠂ ᠥᠷᠥᠮᠵᠢ ᠬᠣᠶᠠᠷ ᠤ᠋ᠨ ᠳᠤᠮᠳᠠ
ᠰᠠᠷ᠎ᠠ ᠵᠢᠯ ᠨᠤᠲᠤᠭᠯᠠᠳᠠᠭ ᠶᠤᠮ
ᠦᠰᠦᠭ ᠠᠮᠢᠯᠠᠭᠤᠯᠤᠭᠴᠢ᠄ ᠡᠩᠬᠡᠪᠠᠲᠤ
ᠬᠢᠨᠠᠭᠴᠢ᠄ ᠣᠳᠬᠠᠨᠰᠣ᠎ᠠ
