ᠠᠪᠤᠷᠭᠤ ᠤᠯᠠᠭᠠᠨ ᠲᠣᠯᠣᠭᠠᠢАварга улаан толгой ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠪᠤᠷᠭᠤ ᠤᠯᠠᠭᠠᠨ ᠲᠣᠯᠣᠭᠠᠢАварга улаан толгой

ᠠᠪᠤᠷᠭᠤ ᠤᠯᠠᠭᠠᠨ ᠲᠣᠯᠣᠭᠠᠢАварга улаан толгой

2024-05-06

238

ᠠᠪᠤᠷᠭᠤ ᠤᠯᠠᠭᠠᠨ ᠲᠣᠯᠣᠭᠠᠢ (ᠠᠭᠷᠤᠰᠤ ᠡᠪᠡᠰᠦ)

            ᠦᠶᠡᠲᠦ ᠤᠷᠭᠤᠮᠠᠯ ᠤ᠋ᠨ ᠢᠵᠠᠭᠤᠷ    
   ᠣᠯᠠᠨ ᠨᠠᠰᠤᠲᠤ ᠡᠪᠡᠰᠦᠯᠢᠭ ᠤᠷᠭᠤᠮᠠᠯ᠂ ᠨᠠᠷᠢᠬᠠᠨ ᠤᠷᠲᠤ ᠦᠨᠳᠦᠰᠦᠯᠢᠭ ᠡᠰᠢ ᠲᠡᠢ᠃ ᠰᠦᠷᠡᠯ ᠨᠢ ᠰᠢᠯᠤᠭᠤᠨ ᠪᠤᠶᠤ ᠣᠵᠣᠭᠣᠷ ᠤ᠋ᠨ ᠬᠡᠰᠡᠭ ᠦ᠋ᠨ ᠦᠶ᠎ᠡ ᠨᠢ ᠶᠡᠷᠦ ᠳ᠋ᠡᠭᠡᠨ ᠡᠪᠦᠳᠦᠭ ᠰᠢᠭ ᠮᠤᠷᠤᠢᠵᠤ ᠲᠠᠰᠢᠭᠤᠯᠠᠨ ᠳᠡᠭᠡᠭᠰᠢ ᠪᠡᠨ ᠤᠷᠭᠤᠬᠤ ᠶᠤᠮ᠂90—130cm ᠥᠨᠳᠥᠷ᠂5—6 ᠦᠶ᠎ᠡ ᠲᠡᠢ᠃ ᠨᠠᠪᠴᠢᠨ ᠤ᠋ ᠲᠣᠭᠳᠣᠢ ᠨᠢ ᠦᠰᠦ ᠥᠬᠡᠢ᠂ ᠣᠯᠠᠩᠬᠢ ᠳ᠋ᠠᠭᠠᠨ ᠦᠶ᠎ᠡ ᠶ᠋ᠢᠨ ᠵᠠᠢ ᠠ᠋ᠴᠠ  ᠪᠠᠨ ᠣᠬᠣᠷ; ᠨᠠᠪᠴᠢ ᠨᠢ ᠲᠡᠭᠰᠢᠬᠡᠨ ᠬᠠᠪᠲᠠᠭᠠᠢ᠂17—32cm ᠤᠷᠲᠤ᠂3—7mm ᠥᠷᠭᠡᠨ᠂ ᠳᠡᠭᠡᠳᠦ ᠲᠠᠯ᠎ᠠ ᠨᠢ ᠪᠠᠬᠠᠨ ᠠᠷᠵᠠᠭᠠᠢ ᠬᠥᠪᠡᠭᠡ ᠪᠣᠯᠤᠨ ᠠᠷᠤ ᠳ᠋ᠤᠨᠢ ᠵᠢᠵᠢᠭ ᠥᠷᠭᠡᠰᠦ ᠦᠰᠦ ᠲᠡᠢ ᠪᠣᠯᠬᠣᠷ ᠲᠤᠩ ᠠᠷᠵᠠᠭᠠᠷ᠃ ᠱᠣᠷᠣᠯᠵᠢᠨ ᠬᠡᠯᠪᠡᠷᠢᠲᠦ ᠪᠠᠭ ᠴᠡᠴᠡᠭ ᠨᠢ ᠰᠠᠭᠰᠠᠢᠵᠤ ᠳᠡᠯᠭᠡᠷᠡᠨ᠎ᠡ᠂14—27cm ᠤᠷᠲᠤ᠂6.5—10cm ᠥᠷᠭᠡᠨ᠂ ᠰᠢᠷᠠᠪᠲᠤᠷ ᠨᠣᠭᠣᠭᠠᠨ ᠪᠤᠶᠤ ᠪᠣᠷᠣᠪᠲᠤᠷ᠂ ᠰᠡᠭᠦᠯ ᠳ᠋ᠡᠭᠡᠨ ᠰᠢᠷᠠᠪᠲᠤᠷ ᠪᠣᠷᠣ ᠪᠣᠯᠤᠨ᠎ᠠ᠂ ᠦᠶ᠎ᠡ ᠪᠦᠷᠢ ᠳ᠋ᠦ᠍ᠨᠢ ᠣᠯᠠᠨ ᠰᠠᠯᠠᠭ᠎ᠠ ᠪᠠᠭᠯᠠᠷᠠᠵᠤ ᠤᠷᠭᠤᠬᠤ ᠪᠠ ᠰᠠᠯᠠᠭᠠᠨ ᠤ᠋ ᠤᠭ ᠲᠤᠨᠢ ᠪᠠᠰᠠ ᠵᠢᠵᠢᠭ ᠲᠦᠷᠦᠭᠦᠦ ᠪᠣᠢ; ᠵᠢᠵᠢᠭ ᠲᠦᠷᠦᠭᠦᠦ ᠨᠢ2—2.5mm ᠤᠷᠲᠤ᠂1—2mm ᠤᠷᠲᠤ ᠪᠠᠷᠢᠭᠤᠯ ᠲᠠᠢ; ᠬᠣᠶᠠᠷ ᠬᠠᠯᠢᠰᠤ ᠨᠢ ᠢᠵᠢᠯ ᠤᠷᠲᠤ ᠪᠤᠶᠤ ᠨᠢᠭᠡᠳᠦᠭᠡᠷ ᠬᠠᠯᠢᠰᠤ ᠨᠢ ᠪᠠᠬᠠᠨ ᠤᠷᠲᠤ᠂ ᠱᠣᠪᠬᠣ ᠦᠵᠦᠭᠦᠷ ᠲᠡᠢ᠂ ᠨᠢᠭᠡ ᠯᠡ ᠭᠦᠷᠡᠢᠭᠰᠡᠨ ᠰᠤᠳᠠᠯ ᠲᠠᠢ; ᠭᠠᠳᠠᠷ ᠬᠡᠪᠡᠭ ᠨᠢ1.8—2mm ᠤᠷᠲᠤ᠂ ᠰᠤᠷ ᠦᠭᠡᠢ᠂ ᠦᠵᠦᠭᠦᠷ ᠨᠢ ᠮᠤᠬᠤᠷ ᠪᠣᠯᠪᠠᠴᠤ ᠰᠤᠳᠠᠯ ᠤ᠋ᠳ ᠤ᠋ᠨ ᠭᠠᠳᠠᠭᠰᠢ ᠵᠢᠭᠠᠬᠠᠨ ᠴᠤᠬᠤᠢᠭᠰᠠᠨ ᠠ᠋ᠴᠠ ᠪᠣᠯᠤᠭᠰᠠᠨ ᠨᠠᠷᠢᠨ ᠰᠢᠲᠦ ᠲᠡᠢ ᠪᠠᠢᠳᠠᠭ; ᠰᠠᠭᠤᠷᠢ ᠲᠠᠪᠠᠭ ᠤ᠋ᠨ ᠬᠣᠶᠠᠷ ᠲᠠᠯ᠎ᠠ ᠳ᠋ᠤᠨᠢ0.4mm ᠤᠷᠲᠤ ᠦᠰᠦ ᠲᠡᠢ᠃ ᠳᠣᠲᠣᠷ ᠬᠡᠪᠡᠭ ᠨᠢ ᠭᠠᠳᠠᠷ ᠬᠡᠪᠡᠭ ᠦ᠋ᠨ ᠢ᠋ᠶ᠋ᠡᠨ2/3—3/4 ᠴᠢᠨᠡᠭᠡ ᠤᠷᠲᠤ᠃ ᠲᠣᠭᠣᠰᠣᠪᠴᠢ ᠨᠢ1—1.2mm ᠤᠷᠲᠤ᠃
    ᠴᠢᠭᠢᠭᠲᠡᠢ ᠠᠭᠤᠯᠠ ᠶ᠋ᠢᠨ ᠬᠠᠵᠠᠭᠤ ᠬᠢᠭᠡᠳ ᠠᠭᠤᠯᠠ ᠶ᠋ᠢᠨ ᠭᠣᠣ ᠵᠢᠯᠠᠭ᠎ᠠ ᠳ᠋ᠤ᠌ ᠤᠷᠭᠤᠨ᠎ᠠ᠃      
     ᠮᠠᠨ ᠤ᠋ ᠤᠯᠤᠰ ᠤ᠋ᠨ ᠥᠪᠥᠷ ᠮᠣᠩᠭᠣᠯ᠂ ᠾᠧᠪᠧᠢ᠂ ᠱᠠᠨ ᠰᠢ ᠬᠢᠭᠡᠳ ᠪᠠᠷᠠᠭᠤᠨ ᠡᠮᠦᠨᠡᠲᠦ ᠣᠷᠣᠨ ᠣᠷᠣᠨ᠂ ᠬᠥᠬᠡᠮᠥᠷᠡᠨ ᠦ᠌ ᠤᠷᠤᠰᠬᠠᠯ ᠳᠠᠭᠠᠤ ᠡᠯ᠎ᠡ ᠮᠣᠵᠢ ᠣᠷᠣᠨ  ᠳ᠋ᠤ᠌ ᠪᠦᠷ ᠤᠷᠭᠤᠳᠠᠭ᠃   
      ᠬᠢᠲᠠᠳ ᠨᠡᠷ᠎ᠡ᠄巨序剪股颖(小糠草.红顶草)  
     ᠠᠩᠭ᠌ᠯᠢ ᠨᠡᠷ᠎ᠡ᠄Agrostis   gigantea   Roth 
      ᠦᠰᠦᠭ ᠠᠮᠢᠯᠠᠭᠤᠯᠤᠭᠴᠢ᠄ ᠣ · ᠰᠡᠴᠡᠨᠲᠤ
      ᠬᠢᠨᠠᠭᠴᠢ᠄ ᠫᠤ· ᠴᠠᠭᠠᠨ