ᠪᠣᠭᠳᠠ ᠯᠣᠣᠶᠠ ᠶ᠋ᠢᠨ ᠪᠦᠷᠢᠨ ᠲᠥᠯᠭᠡ 31~40 Богд лууяны бүрэн төлөг 31~40
ᠪᠣᠭᠳᠠ ᠶ᠋ᠢᠨ ᠲᠠᠭᠠᠯᠠᠯ : ᠵᠠᠷᠭᠤ ᠢᠯᠭᠠᠷᠠᠬᠤ᠂ ᠡᠪᠡᠳᠴᠢᠲᠡᠨ ᠤᠯᠠᠮ ᠠᠮᠤᠷᠵᠢᠬᠤ᠂ ᠡᠳ᠋ ᠰᠠᠢᠨ ᠠᠷᠪᠢᠳᠬᠤ ᠂ ᠪᠠᠶᠠᠨ ᠰᠠᠢᠨ ᠪᠠᠳᠠᠷᠠᠬᠤ᠂ ᠶᠠᠪᠤᠳᠠᠯ ᠤ᠋ᠨ ᠬᠥᠮᠦᠨ ᠣᠢᠷ᠎ᠠ᠂ ᠤᠷᠤᠭ ᠪᠣᠯᠪᠠᠰᠤ ᠰᠠᠢᠨ᠂ ᠭᠡᠷ ᠦ᠋ᠨ ᠬᠤᠪᠢᠨ᠎ᠠ ᠥᠯᠵᠡᠢ ᠲᠡᠢ᠂ ᠪᠤᠶᠠᠨ ᠬᠡᠰᠢᠭ ᠳᠡᠯᠭᠡᠷᠡᠮᠦᠢ᠃
ᠲᠠᠢᠯᠪᠤᠷᠢ ᠥᠭᠦᠯᠡᠯ : ᠡᠨᠡ ᠲᠥᠯᠭᠡ ᠳ᠋ᠦ᠍ᠷ ᠨᠠᠮᠤᠷ ᠡᠪᠦᠯ ᠬᠣᠶᠠᠷ ᠴᠠᠭ ᠲᠤ᠌ ᠪᠠᠶᠠᠷ ᠲᠤᠷ ᠠᠭᠤᠯᠵᠠᠮᠤᠢ᠂ ᠭᠠᠭᠴᠠ ᠠᠰᠢᠭ ᠡᠷᠢᠬᠦ ᠬᠡᠷᠡᠭ ᠦᠢᠯᠡᠳᠬᠦ ᠶ᠋ᠢ ᠪᠢᠲᠡᠭᠡᠢ ᠶᠠᠭᠠᠷᠠ ᠂ ᠶᠠᠪᠤᠳᠠᠯ ᠤ᠋ᠨ ᠬᠥᠮᠦᠨ ᠳᠠᠷᠤᠢ ᠢᠷᠡᠮᠦᠢ᠂ ᠵᠠᠷᠭᠤ ᠪᠣᠯᠪᠠᠴᠤ ᠣᠯᠬᠤ᠂ ᠡᠪᠠᠳᠴᠢᠲᠠᠨ ᠤᠯᠠᠮ ᠠᠮᠤᠷᠵᠢᠮᠤᠢ ᠂ ᠤᠷᠤᠭ ᠤᠳᠠᠭᠠᠨ ᠳ᠋ᠠᠭᠠᠨ ᠪᠦᠲᠦᠮᠦᠢ᠂ ᠠᠯᠢᠪᠠ ᠬᠡᠷᠡᠭ ᠤᠳᠠᠭᠠᠨ ᠳ᠋ᠠᠭᠠᠨ ᠮᠠᠰᠢ ᠰᠠᠢᠨ᠃
ᠰᠠᠨᠠᠭ᠎ᠠ ᠲᠠᠢᠯᠤᠭᠰᠠᠨ : ᠠᠯᠢᠪᠠ ᠰᠠᠨᠠᠭᠰᠠᠨ ᠬᠡᠷᠡᠭ ᠨᠠᠮᠤᠷ ᠡᠪᠦᠯ ᠡᠳᠦᠢ ᠲᠡᠳᠦᠢ ᠬᠠᠪᠤᠷ ᠤ᠋ᠨ ᠴᠠᠭ ᠰᠠᠶᠢ ᠪᠣᠯᠤᠯᠲᠠᠢ᠂ ᠨᠠᠮᠤᠷ ᠰᠢᠯᠭᠠᠪᠠᠰᠤ ᠪᠦᠲᠦᠬᠦ ᠦᠭᠡᠢ ᠬᠠᠪᠤᠷ ᠰᠢᠯᠭᠠᠪᠠᠰᠤ ᠣᠯᠤᠮᠤᠢ᠂ ᠮᠢᠩᠭᠠᠨ ᠭᠠᠵᠠᠷ ᠤ᠋ᠨ ᠮᠡᠳᠡᠭᠡ ᠬᠡᠮᠡᠭᠰᠡᠨ ᠨᠢ ᠬᠣᠯᠠ ᠰᠠᠢᠨ ᠣᠢᠷ᠎ᠠ ᠮᠠᠭᠤ ᠤᠳᠠᠭᠠᠨ ᠰᠠᠢᠨ ᠲᠦᠷᠭᠡᠨ ᠮᠠᠭᠤ ᠪᠣᠯᠠᠢ ᠂ ᠶᠠᠭᠠᠷᠠᠪᠠᠰᠤ ᠭᠡᠮ ᠪᠣᠢ᠂ ᠠᠴᠢᠲᠤ ᠡᠬᠡ ᠠᠮᠤᠷ ᠢ᠋ᠶ᠋ᠠᠷ ᠵᠢᠷᠭᠠᠬᠤ ᠬᠡᠮᠡᠭᠰᠡᠨ ᠢ ᠦᠵᠡᠪᠡᠰᠦ ᠶᠡᠬᠡ ᠲᠥᠯᠥᠪ ᠭᠡᠷ ᠦ᠋ᠨ ᠬᠡᠷᠡᠭ ᠥᠯᠵᠡᠢ ᠲᠡᠢ ᠪᠣᠯᠬᠤ ᠪᠠ ᠬᠣᠯᠠ ᠶ᠋ᠢᠨ ᠬᠡᠯᠡ ᠠᠮᠠ ᠶ᠋ᠢ ᠰᠡᠷᠡᠮᠵᠢᠯᠡᠲᠦᠭᠡᠢ᠃
ᠪᠡᠯᠭᠡ ᠶ᠋ᠢᠨ ᠲᠣᠬᠢᠶᠠᠯᠳᠤᠪᠦᠷᠢ : ᠨᠢᠭᠡᠨ ᠪᠢᠴᠢᠭ ᠦ᠋ᠨ ᠬᠥᠮᠦᠨ ᠰᠢᠯᠭᠠᠬᠤ ᠶ᠋ᠢᠨ ᠲᠤᠯᠠ ᠦᠵᠡᠭᠦᠯᠪᠡᠰᠦ ᠡᠨᠡ ᠲᠥᠯᠭᠡ ᠪᠠᠭᠤᠵᠤᠬᠤᠢ᠂ ᠨᠠᠮᠤᠷ ᠰᠢᠯᠭᠠᠵᠤ ᠣᠷᠣᠭᠰᠠᠨ ᠦᠭᠡᠢ᠂ ᠡᠨᠡ ᠨᠢ ᠨᠠᠮᠤᠷ ᠡᠪᠦᠯ ᠡᠳᠦᠢ ᠲᠡᠳᠦᠢ ᠬᠡᠮᠡᠭᠰᠡᠨ ᠯᠦ᠍ᠭᠡ ᠲᠣᠬᠢᠶᠠᠯᠳᠤᠵᠤᠬᠤᠢ᠃
ᠭᠤᠴᠢᠨ ᠬᠣᠶᠠᠳᠤᠭᠠᠷ ᠲᠥᠯᠭᠡ : ᠣᠯᠠᠭᠴᠢᠨ ᠬᠥᠬᠡᠭᠴᠢᠨ᠂ ᠳᠣᠣᠷ᠎ᠠ ᠶ᠋ᠢᠨ ᠳᠣᠣᠷ᠎ᠠ᠂ ᠲᠥᠯᠭᠡ ᠶ᠋ᠢᠨ ᠪᠡᠯᠭᠡ ᠠᠨᠤ : ᠵᠧᠦ ᠬᠦᠩ ᠵᠡᠭᠦᠳᠦ ᠪᠡᠨ ᠲᠠᠢᠯᠤᠭᠰᠠᠨ : ᠰᠡᠳᠬᠢᠯ ᠢ᠋ᠶ᠋ᠡᠨ ᠵᠣᠪᠠᠭᠠᠵᠤ ᠴᠢᠷᠮᠠᠢᠵᠤ ᠬᠠᠮᠢᠭ᠎ᠠ ᠣᠷᠣᠰᠢᠮᠤᠢ᠂ ᠡᠪᠡᠳᠴᠢᠨ ᠲᠠᠬᠤᠯ ᠣᠯᠠᠨ ᠬᠡᠯᠡ ᠠᠮᠠᠨ ᠦᠯᠡᠮᠵᠢ᠂ ᠬᠡᠷᠡᠭ ᠡᠴᠦᠰ ᠲᠦ᠍ᠷ ᠢᠮᠠᠭᠲᠠ ᠵᠡᠭᠦᠳᠦ ᠮᠡᠲᠦ᠂ ᠰᠠᠨᠠᠭᠠᠨ ᠤ᠋ ᠳᠤᠷ᠎ᠠ ᠪᠠᠷ ᠠᠷᠭ᠎ᠠ ᠶ᠋ᠢ ᠬᠡᠷᠡᠭᠯᠡᠵᠦ ᠶᠠᠭᠤᠨ ᠬᠢᠮᠦᠢ᠃
ᠪᠣᠭᠳᠠ ᠶ᠋ᠢᠨ ᠲᠠᠭᠠᠯᠠᠯ : ᠵᠠᠷᠭᠤ ᠡᠴᠦᠰ ᠲᠦ᠍ᠷ ᠮᠠᠭᠤ᠂ ᠨᠡᠷ᠎ᠡ ᠳᠡᠯᠭᠡᠷᠡᠭᠡᠳᠦᠢ ᠡᠪᠡᠳᠴᠢᠨ ᠠᠶᠤᠯᠲᠠᠢ᠂ ᠡᠳ᠋ ᠬᠣᠭᠣᠰᠣᠨ ᠪᠣᠯᠬᠤ᠂ ᠤᠷᠤᠭ ᠨᠡᠢᠯᠡᠬᠦ ᠦᠭᠡᠢ ᠤᠷᠰᠢᠭ ᠲᠦᠪᠡᠭ ᠳᠠᠪᠬᠤᠴᠠᠮᠤᠢ᠂ ᠶᠠᠪᠤᠳᠠᠯ ᠤ᠋ᠨ ᠬᠥᠮᠦᠨ ᠰᠠᠭᠠᠳ ᠲᠠᠢ ᠬᠡᠷᠡᠭ ᠳᠠᠭᠤᠰᠪᠤᠷᠢ ᠦᠭᠡᠢ᠃
ᠲᠠᠢᠯᠪᠤᠷᠢ ᠥᠭᠦᠯᠡᠯ : ᠡᠨᠡ ᠲᠥᠯᠭᠡ ᠳ᠋ᠦ᠍ᠷ ᠡᠪᠡᠳᠴᠢᠨ ᠪᠣᠯᠪᠠᠰᠤ ᠥᠯᠵᠡᠢ ᠦᠭᠡᠢ᠂ ᠵᠠᠷᠭᠤ ᠪᠣᠯᠪᠠᠰᠤ ᠰᠠᠢᠨ ᠦᠭᠡᠢ ᠂ ᠰᠠᠨᠠᠭᠰᠠᠨ ᠬᠡᠷᠡᠭ ᠰᠠᠨᠠᠭᠰᠠᠨ ᠳ᠋ᠤᠷ ᠬᠦᠷᠬᠦ ᠦᠭᠡᠢ᠂ ᠬᠡᠯᠡ ᠠᠮᠠ ᠪᠠᠰᠠ ᠪᠣᠢ ᠂ ᠬᠡᠷᠡᠭ ᠬᠡᠳᠦᠢ ᠪᠦᠲᠦᠪᠡᠴᠦ ᠬᠣᠵᠢᠮ ᠳ᠋ᠠᠭᠠᠨ ᠡᠪᠳᠡᠷᠡᠯᠲᠡᠢ᠃
ᠰᠠᠨᠠᠭ᠎ᠠ ᠲᠠᠢᠯᠤᠭᠰᠠᠨ : ᠠᠯᠢᠪᠠ ᠦᠢᠯᠡᠳᠬᠦ ᠬᠡᠷᠡᠭ ᠵᠥᠪ ᠪᠤᠷᠤᠭᠤ ᠵᠠᠭᠤᠷᠠᠯᠳᠤᠵᠤ ᠰᠠᠨᠠᠭ᠎ᠠ ᠬᠦᠴᠦᠨ ᠢ ᠰᠦᠢᠳᠬᠡᠪᠡᠰᠦ ᠥᠪᠡᠷ ᠲᠦ᠍ᠷ ᠲᠤᠰᠠ ᠦᠭᠡᠢ᠂ ᠵᠢᠴᠢ ᠬᠡᠷᠡᠭ ᠲᠦ᠍ᠷ ᠪᠦᠲᠦᠬᠦ ᠠᠨᠤ ᠪᠣᠢ᠂ ᠡᠪᠳᠡᠷᠡᠬᠦ ᠠᠨᠤ ᠮᠥᠨ ᠪᠣᠢ᠂ ᠡᠴᠦᠰ ᠲᠡᠭᠡᠨ ᠬᠠᠪᠤᠷ ᠤ᠋ᠨ ᠵᠡᠭᠦᠳᠦᠨ᠎ᠡ ᠠᠳᠠᠯᠢ᠂ ᠦᠵᠡᠭᠦᠯᠦᠭᠴᠢᠳ ᠦᠢᠯᠡ ᠦᠢᠯᠡᠳᠬᠦ ᠳ᠋ᠦ᠍ᠷ ᠪᠠᠢᠨ ᠴᠢᠳᠠᠪᠠᠰᠤ ᠪᠠᠢᠲᠤᠭᠠᠢ ᠂ ᠪᠠᠢᠵᠤ ᠴᠢᠳᠠᠬᠤ ᠦᠭᠡᠢ ᠪᠣᠯᠪᠠᠰᠤ ᠠᠯᠢᠨ ᠵᠣᠬᠢᠰᠲᠠᠢ ᠶ᠋ᠢ ᠦᠵᠡᠵᠦ ᠶᠠᠪᠤᠲᠤᠭᠠᠢ᠂ ᠰᠠᠨᠠᠭᠠᠨ ᠤ᠋ ᠳᠤᠷ᠎ᠠ ᠪᠠᠷ ᠬᠦᠴᠦᠯᠡᠨ ᠦᠢᠯᠡᠳᠪᠡᠴᠦ ᠬᠣᠵᠢᠮ ᠳ᠋ᠠᠭᠠᠨ ᠡᠷᠬᠡᠪᠰᠢ ᠵᠣᠪᠠᠯᠠᠩ ᠪᠣᠢ᠂ ᠴᠠᠭᠠᠨ ᠰᠠᠷ᠎ᠠ ᠵᠢᠷᠭᠤᠭᠠᠨ ᠰᠠᠷ᠎ᠠ ᠳ᠋ᠤᠷ ᠡᠪᠡᠳᠴᠢᠨ ᠢ ᠰᠠᠷᠮᠵᠢᠯᠠᠨ᠂ ᠬᠥᠭᠰᠢᠨ ᠪᠣᠯᠪᠠᠰᠤ ᠶᠡᠬᠡ ᠪᠡᠷᠬᠡ ᠲᠡᠢ᠃
ᠪᠡᠯᠭᠡ ᠶ᠋ᠢᠨ ᠲᠣᠬᠢᠶᠠᠯᠳᠤᠪᠤᠷᠢ : ᠠᠯᠢᠪᠠ ᠬᠡᠷᠡᠭ ᠴᠥᠮ ᠥᠯᠵᠡᠢ ᠪᠤᠰᠤ᠂ ᠰᠢᠯᠦᠭ ᠦ᠋ᠨ ᠦᠭᠡᠰ ᠨᠢᠭᠡᠨ ᠰᠠᠢᠨ ᠴᠤ᠌ ᠦᠭᠡᠢ᠂ ᠲᠢᠶᠠᠨ ᠶ᠋ᠢ ᠬᠠᠭᠠᠨ ᠤ᠋ ᠴᠠᠭ ᠲᠤᠷ ᠭᠤᠷᠪᠠᠨ ᠬᠥᠮᠦᠨ ᠰᠢᠯᠭᠠᠬᠤ ᠳ᠋ᠠᠭᠠᠨ ᠦᠵᠡᠭᠦᠯᠪᠡᠰᠦ ᠡᠨᠡ ᠲᠥᠯᠭᠡ ᠪᠠᠭᠤᠵᠤᠬᠤᠢ᠂ ᠲᠠᠲᠠᠴᠠ ᠭᠤᠷᠪᠠᠭᠤᠯᠠ ᠪᠤᠯᠲᠤ ᠵᠢᠦᠢ ᠷᠸᠡ ᠣᠯᠵᠤᠬᠤᠢ᠂ ᠵᠢᠦᠢ ᠷᠸᠡ ᠤ ᠲᠡᠷᠢᠭᠦᠨ ᠨᠡᠷ᠎ᠡ ᠠᠨᠤ ᠳ᠋ᠢᠩ ᠢ᠂ ᠡᠨᠡ ᠲᠥᠯᠭᠡ ᠶ᠋ᠢ ᠰᠢᠨᠵᠢᠯᠡᠪᠡᠰᠦ ᠲᠣᠭᠠᠨ ᠤ᠋ ᠨᠡᠷ᠎ᠡ ᠳ᠋ᠢᠩ ᠢ ᠲᠤᠯᠠ᠂ ᠡᠨᠡ ᠭᠤᠷᠪᠠᠨ ᠬᠥᠮᠦᠨ ᠳ᠋ᠢᠩ ᠢ ᠶ᠋ᠢᠨ ᠨᠡᠷ᠎ᠡ ᠶ᠋ᠢᠨ ᠳᠣᠣᠷ᠎ᠠ ᠵᠢᠦᠢ ᠷᠸᠡ ᠪᠣᠯᠤᠭᠰᠠᠨ ᠠᠨᠤ ᠵᠣᠬᠢᠯᠳᠤᠨ ᠲᠣᠬᠢᠷᠠᠯᠳᠤᠵᠤᠬᠤᠢ᠂ ᠳ᠋ᠢᠩ ᠢ ᠬᠡᠮᠡᠭᠴᠢ ᠤᠯᠠᠭᠴᠢᠨ ᠬᠥᠬᠡᠭᠴᠢᠨ ᠬᠡᠮᠡᠭᠰᠡᠨ ᠦᠭᠡ ᠪᠣᠯᠠᠢ᠃
ᠭᠤᠴᠢᠨ ᠭᠤᠷᠪᠠᠳᠤᠭᠠᠷ ᠲᠥᠯᠭᠡ᠂ ᠤᠯᠠᠭᠴᠢᠨ ᠤᠯᠠᠭᠠᠨ᠂ ᠳᠤᠮᠳᠠ ᠲᠡᠭᠰᠢ᠂ ᠲᠥᠯᠭᠡ ᠶ᠋ᠢᠨ ᠪᠡᠯᠭᠡ ᠠᠨᠤ : ᠵᠤᠸᠠᠩ ᠰᠢ ᠪᠢᠰᠢᠯᠭᠠᠯ ᠬᠢᠭᠰᠡᠨ : ᠳᠣᠷᠣᠨ᠎ᠠ ᠥᠷᠥᠨ᠎ᠡ ᠡᠮᠦᠨ᠎ᠡ ᠤᠮᠠᠷ᠎ᠠ ᠢᠯᠭᠠᠯ ᠦᠭᠡᠢ᠂ ᠨᠢᠳᠦᠨ ᠤ ᠳᠣᠣᠷ᠎ᠠ ᠪᠦᠷᠬᠦᠯᠵᠡᠨ ᠴᠢᠬᠢᠨ ᠳᠦᠯᠡᠢᠷᠡᠭᠰᠡᠨ ᠮᠡᠲᠦ᠂ ᠨᠢᠭᠡᠨ ᠳᠠᠪᠬᠤᠷ ᠬᠤᠸᠠᠩ ᠳ᠋ᠢᠩ ᠨᠡᠷᠡᠲᠦ ᠨᠣᠮ ᠨᠢ ᠰᠠᠢᠲᠤᠷ ᠪᠣᠯᠪᠠᠰᠤᠷᠠᠭᠤᠯᠤᠨ ᠤᠩᠰᠢᠵᠤ᠂ ᠰᠠᠢᠨ ᠮᠠᠭᠤ ᠮᠠᠨᠳᠤᠬᠤ ᠳᠣᠷᠣᠢᠲᠠᠬᠤ ᠶ᠋ᠢ ᠬᠡᠯᠡᠯᠴᠡᠬᠦ ᠬᠡᠷᠡᠭ ᠦᠭᠡᠢ᠃
ᠪᠣᠭᠳᠠ ᠶ᠋ᠢᠨ ᠲᠠᠭᠠᠯᠠᠯ᠂ ᠵᠠᠷᠭᠤ ᠶ᠋ᠢ ᠲᠡᠮᠡᠴᠡᠵᠦ ᠪᠣᠯᠬᠤ ᠦᠭᠡᠢ᠂ ᠡᠪᠡᠳᠴᠢᠲᠡᠨ ᠠᠮᠤᠷᠵᠢᠬᠤᠢ ᠳ᠋ᠤᠷ ᠪᠡᠷᠬᠡ᠂ ᠨᠡᠷ᠎ᠡ ᠪᠠ ᠠᠰᠢᠭ ᠢ ᠬᠣᠮᠣᠭᠤᠯᠵᠠᠨ ᠠᠪᠴᠤ ᠪᠣᠯᠬᠤ ᠦᠭᠡᠢ᠂ ᠶᠠᠪᠤᠳᠠᠯ ᠤ᠋ᠨ ᠬᠥᠮᠦᠨ ᠢ ᠠᠰᠠᠭᠤᠪᠠᠰᠤ ᠮᠡᠳᠡᠭᠡ ᠰᠠᠭᠠᠳ ᠲᠠᠢ ᠪᠠᠢᠨᠠᠮ᠂ ᠪᠤᠶᠠᠨ ᠦᠢᠦᠯᠡᠳᠴᠦ ᠴᠢᠳᠠᠪᠠᠰᠤ ᠪᠤᠷᠬᠠᠨ ᠲᠡᠭᠷᠢ ᠢᠪᠡᠭᠡᠮᠦᠢ᠃
ᠲᠠᠢᠯᠪᠤᠷᠢ ᠥᠭᠦᠯᠡᠯ : ᠡᠨᠡ ᠲᠥᠯᠭᠡ ᠳ᠋ᠦ᠍ᠷ ᠢᠯᠡᠭᠦᠦ ᠰᠠᠨᠠᠯ ᠬᠡᠷᠡᠭ ᠦᠭᠡᠢ᠂ ᠭᠠᠭᠴᠠ ᠬᠠᠭᠤᠴᠢᠨ ᠬᠡᠪ ᠢ᠋ᠶ᠋ᠡᠨ ᠰᠠᠬᠢᠪᠠᠰᠤ ᠥᠪᠡᠷ ᠢ᠋ᠶ᠋ᠡᠨ ᠪᠦᠲᠦᠬᠦ ᠣᠷᠣᠨ ᠪᠣᠢ᠂ ᠰᠠᠨᠠᠮᠰᠠᠷ ᠦᠭᠡᠢ ᠡᠴᠡ ᠰᠠᠨᠠᠭᠠᠨ ᠳ᠋ᠤᠷ ᠭᠥᠷᠥᠮᠦᠢ᠂ ᠭᠣᠷᠢ ᠦᠭᠡᠢ ᠡᠴᠡ ᠭᠣᠷᠢ ᠲᠠᠢ ᠪᠣᠯᠬᠤ᠂ ᠵᠠᠷᠭᠤ ᠶ᠋ᠢ ᠪᠢᠲᠡᠭᠡᠢ ᠡᠭᠦᠰᠭᠡ ᠂ ᠡᠪᠡᠳᠴᠢᠨ ᠳ᠋ᠦ᠍ᠷ ᠭᠦᠷᠢᠮ ᠬᠡᠷᠡᠭᠲᠡᠢ᠂ ᠡᠳ᠋ ᠢ᠋ ᠪᠡᠲᠡᠭᠡᠢ ᠭᠣᠷᠢᠯᠠᠨ ᠡᠷᠢ᠂ ᠶᠠᠪᠤᠳᠠᠯ ᠤ᠋ᠨ ᠬᠥᠮᠦᠨ ᠰᠠᠭᠠᠳ ᠲᠠᠢ ᠬᠡᠷᠪᠡᠷ ᠪᠤᠶᠠᠨ ᠨᠣᠮ ᠢ ᠦᠢᠯᠡᠳᠪᠡᠰᠦ ᠪᠤᠷᠬᠠᠨ ᠲᠡᠭᠷᠢ ᠢᠪᠡᠭᠡᠮᠦᠢ᠃
ᠰᠠᠨᠠᠭ᠎ᠠ ᠲᠠᠢᠯᠤᠭᠰᠠᠨ : ᠪᠢᠲᠡᠭᠡᠢ ᠳᠤᠷ᠎ᠠ ᠪᠠᠷ ᠦᠢᠯᠡᠳ᠂ ᠳᠦᠯᠡᠢ ᠪᠠᠯᠠᠢ ᠪᠣᠯᠵᠤ ᠵᠥᠪ ᠪᠤᠷᠤᠭᠤ ᠳ᠋ᠤᠷ ᠪᠢᠲᠡᠭᠡᠢ ᠬᠠᠮᠢᠶᠠᠷᠠᠲᠤᠭᠠᠢ᠂ ᠱᠤᠸᠠᠩ ᠳ᠋ᠢᠩ ᠬᠡᠮᠡᠭᠴᠢ ᠳ᠋ᠤᠤᠰᠢ ᠠᠷᠠᠳ ᠤ᠋ᠨ ᠨᠣᠮ ᠪᠣᠯᠠᠢ᠂ ᠪᠢᠴᠢᠭ ᠦ᠋ᠨ ᠬᠥᠮᠦᠨ ᠦᠵᠡᠭᠦᠯᠪᠡᠰᠦ ᠭᠠᠭᠴᠠ ᠵᠥᠪ ᠶᠣᠰᠣᠨ ᠢ ᠰᠤᠳᠤᠯᠬᠤ ᠠ᠋ᠴᠠ ᠪᠤᠰᠤ ᠭᠠᠪᠢᠶ᠎ᠠ ᠨᠡᠷ᠎ᠡ ᠳ᠋ᠦ᠍ᠷ ᠲᠠᠴᠢᠶᠠᠬᠤ ᠬᠡᠷᠡᠭ ᠦᠭᠡᠢ᠂ ᠶᠠᠭᠤᠨ ᠬᠡᠮᠡᠪᠡᠰᠦ ᠡᠷᠭᠢᠨ ᠳᠣᠣᠷᠠᠳᠤᠰ ᠪᠠᠶᠠᠨ ᠦᠭᠡᠢᠭᠦᠦ ᠵᠠᠶᠠᠭᠠᠨ ᠳ᠋ᠠᠭᠠᠨ ᠢᠲᠡᠭᠡᠮᠵᠢᠯᠡᠨ ᠳᠠᠭᠠᠳᠬᠠᠪᠠᠰᠤ ᠲᠡᠭᠷᠢ ᠢᠪᠡᠭᠡᠮᠦᠢ᠃
ᠪᠡᠯᠭᠡ ᠶ᠋ᠢᠨ ᠲᠣᠬᠢᠶᠠᠯᠳᠤᠪᠤᠷᠢ : ᠨᠢᠭᠡᠨ ᠪᠢᠴᠢᠭ ᠦ᠋ᠨ ᠬᠥᠮᠦᠨ ᠦᠵᠡᠭᠦᠯᠪᠡᠰᠦ ᠡᠨᠡ ᠲᠥᠯᠭᠡ ᠪᠠᠭᠤᠵᠤᠬᠤᠢ᠂ ᠲᠡᠷᠡ ᠬᠥᠮᠦᠨ ᠣᠯᠤᠭᠰᠠᠨ ᠦᠭᠡᠢ᠂ ᠪᠠᠰᠠ ᠨᠢᠭᠡᠨ ᠬᠥᠮᠦᠨ ᠨᠢᠭᠡᠨ ᠨᠠᠰᠤᠨ ᠤ ᠬᠡᠷᠡᠭ ᠢ ᠦᠵᠡᠭᠦᠯᠦᠭᠡᠳ ᠨᠠᠰᠤᠨ ᠤ ᠳᠤᠮᠳᠠ ᠬᠦᠷᠴᠦ ᠨᠢᠳᠦ ᠪᠡᠨ ᠠᠯᠳᠠᠵᠤᠬᠤᠢ᠂ ᠬᠣᠵᠢᠮ ᠡᠮ᠎ᠡ ᠠᠨᠤ ᠦᠬᠦᠭᠰᠡᠨ ᠳ᠋ᠦ᠍ᠷ ᠳ᠋ᠤᠤᠰᠢ ᠶ᠋ᠢᠨ ᠬᠦᠷᠢᠶᠡᠨ ᠳ᠋ᠦ᠍ᠷ ᠨᠡᠭᠦᠵᠦ ᠰᠠᠭᠤᠭᠠᠳ ᠠᠮᠤᠷ ᠢ᠋ᠶ᠋ᠠᠷ ᠨᠠᠰᠤᠨ ᠢ ᠣᠯᠤᠭᠠᠳ ᠳᠠᠬᠢᠵᠤ ᠨᠢᠳᠦᠨ ᠣᠷᠣᠪᠠ᠂ ᠡᠨᠡ ᠠᠨᠤ ᠱᠤᠸᠠᠩ ᠳ᠋ᠢᠩ ᠦ᠋ᠨ ᠰᠤᠳᠤᠷ ᠣᠯᠠᠭᠲᠠ ᠤᠩᠰᠢᠭᠰᠠᠨ ᠠᠴᠢ ᠪᠣᠯᠠᠢ᠃
ᠭᠤᠴᠢᠨ ᠳᠥᠲᠥᠭᠡᠷ ᠲᠥᠯᠭᠡ ᠂ ᠤᠯᠠᠭᠴᠢᠨ ᠤᠯᠠᠭᠴᠢᠨ᠂ ᠳᠤᠮᠳᠠ ᠲᠡᠭᠰᠢ᠂ ᠲᠥᠯᠭᠡ ᠶ᠋ᠢᠨ ᠪᠡᠯᠭᠡ ᠠᠨᠤ᠄ ᠰᠢᠶᠣᠤ ᠬᠡ᠂ ᠬᠠᠨ ᠰᠢᠨ ᠢ ᠡᠷᠭᠢᠭᠦᠯᠦᠭᠰᠡᠨ : ᠬᠠᠪᠤᠷ ᠵᠤᠨ ᠭᠠᠷᠤᠭᠠᠳ ᠨᠠᠮᠤᠷ ᠡᠪᠦᠯ ᠪᠣᠯᠪᠠᠢ ᠡᠭᠡᠳᠡᠷᠡᠭᠰᠡᠨ ᠰᠠᠮᠠᠭᠤᠨ ᠰᠡᠳᠬᠢᠯ ᠴᠢᠭᠴᠢ ᠵᠢᠷᠦᠬᠡᠨ ᠢ ᠪᠤᠯᠢᠯᠠᠮᠤᠢ᠂ ᠦᠪᠡᠳᠡᠭᠰᠢ ᠬᠥᠮᠦᠨ ᠭᠠᠷ ᠰᠤᠩᠭᠠᠵᠤ ᠲᠠᠲᠠᠷᠠ ᠢᠷᠡᠮᠦᠢ ᠥᠪᠡᠷ ᠦ᠋ᠨ ᠬᠦᠰᠡᠯ ᠦ᠋ᠨ ᠬᠦᠴᠦᠲᠡᠢ ᠵᠣᠷᠢᠭ ᠢ ᠳᠡᠪᠴᠢᠭᠳᠡᠬᠦᠢ᠃
ᠪᠣᠭᠳᠠ ᠶ᠋ᠢᠨ ᠲᠠᠭᠠᠯᠠᠯ᠄ ᠵᠠᠷᠭᠤ ᠵᠣᠪᠠᠨᠢᠯᠲᠠᠢ᠂ ᠡᠪᠡᠳᠴᠢᠲᠡᠨ ᠠᠨᠠᠭᠠᠳᠤᠢ ᠡᠳ᠋ ᠲᠠᠸᠠᠷ ᠲᠠᠷᠬᠠᠮᠤᠢ᠂ ᠬᠣᠯᠠ ᠪᠣᠳᠣᠬᠤ ᠶ᠋ᠢ ᠴᠡᠭᠡᠷᠯᠡᠮᠦᠢ᠂ ᠶᠠᠪᠤᠳᠠᠯ ᠤ᠋ᠨ ᠬᠥᠮᠦᠨ ᠬᠥᠳᠡᠯᠵᠦ ᠭᠠᠷᠪᠠᠢ᠂ ᠤᠷᠤᠭ ᠪᠣᠯᠬᠤ ᠶ᠋ᠢ ᠬᠡᠯᠡᠯᠴᠡᠬᠦ ᠬᠡᠷᠡᠭ ᠦᠭᠡᠢ᠂ ᠬᠡᠯᠡ ᠠᠮᠠ ᠶ᠋ᠢ ᠰᠡᠷᠡᠭᠳᠡᠬᠦᠢ᠂ ᠵᠣᠪᠠᠬᠤ ᠤᠢᠳᠬᠤ ᠠᠮᠤᠷᠯᠢᠮᠤᠢ᠃
ᠲᠠᠢᠯᠪᠤᠷᠢ ᠥᠭᠦᠯᠡᠯ : ᠡᠨᠡ ᠲᠥᠯᠭᠡ ᠳ᠋ᠦ᠍ᠷ ᠬᠦᠰᠡᠭᠰᠡᠨ ᠬᠡᠷᠡᠭ ᠪᠦᠲᠦᠬᠦᠶ᠎ᠡ ᠪᠡᠷᠬᠡ᠂ ᠰᠠᠨᠠᠭᠠᠨ ᠤ ᠬᠦᠴᠦᠨ ᠢ ᠳᠡᠮᠡᠢ ᠰᠦᠢᠳᠬᠡᠬᠦ ᠬᠡᠷᠡᠭ ᠦᠭᠡᠢ᠂ ᠬᠡᠵᠢᠶ᠎ᠡ ᠦᠪᠡᠳᠡᠭᠰᠢ ᠳᠡᠭᠡᠭᠰᠢ ᠲᠠᠲᠠᠪᠠᠰᠤ ᠤᠯᠠᠮ ᠤᠯᠠᠮ ᠳᠡᠯᠭᠡᠷᠡᠮᠦᠢ᠂ ᠢᠮᠠᠭᠲᠠ ᠬᠣᠪ ᠰᠢᠪ ᠦᠭᠡ ᠶ᠋ᠢ ᠡᠰᠡ ᠰᠣᠨᠣᠰᠪᠠᠰᠤ ᠮᠠᠰᠢ ᠰᠠᠢᠨ᠃
ᠰᠠᠨᠠᠭ᠎ᠠ ᠲᠠᠢᠯᠤᠭᠰᠠᠨ : ᠨᠢᠭᠡᠨ ᠵᠢᠯ ᠦ᠋ᠨ ᠳᠣᠲᠣᠷ᠎ᠠ ᠬᠦᠰᠡᠭᠰᠡᠨ ᠦᠢᠯᠡ ᠣᠯᠠᠨ ᠪᠣᠯᠪᠠᠴᠤ ᠥᠪᠡᠷ ᠢ᠋ᠶ᠋ᠡᠨ ᠳᠡᠮᠡᠢ ᠵᠣᠪᠠᠮᠤ᠂ ᠦᠪᠡᠳᠡᠭᠰᠢ ᠬᠥᠮᠦᠨ ᠳᠡᠭᠡᠭᠰᠢ ᠲᠠᠲᠠᠪᠠᠰᠤ ᠥᠪᠡᠷ ᠦ᠋ᠨ ᠵᠣᠷᠢᠭᠰᠠᠨ ᠢ᠋ᠶ᠋ᠠᠨ ᠣᠷᠬᠢᠵᠤ ᠲᠡᠭᠦᠨ ᠢ ᠰᠢᠲᠦᠪᠡᠰᠦ ᠰᠠᠶᠢ ᠳᠡᠯᠭᠡᠷᠡᠮᠦᠢ᠂ ᠡᠬᠡᠨᠡᠷ ᠦ᠋ᠨ ᠦᠭᠡᠰ ᠲᠣᠷ ᠬᠠᠭᠤᠷᠲᠠᠬᠤ ᠪᠠ ᠡᠰᠡ ᠪᠥᠭᠡᠰᠦ ᠪᠤᠰᠤ ᠬᠡᠷᠡᠭ ᠲᠦ᠍ᠷ ᠴᠢᠷᠦᠭᠳᠡᠨ ᠬᠠᠷᠢᠯᠴᠠᠨ ᠰᠡᠵᠢᠭ ᠣᠷᠣᠪᠠᠰᠤ ᠬᠡᠷᠡᠭ ᠲᠦ᠍ᠷ ᠨᠡᠩ ᠲᠤᠰᠠ ᠦᠭᠡᠢ᠂ ᠡᠨᠡ ᠲᠥᠯᠭᠡ ᠪᠠᠭᠤᠪᠠᠰᠤ ᠬᠡᠯᠡ ᠠᠮᠠ ᠶ᠋ᠢ ᠰᠡᠷᠡᠮᠵᠢᠯᠡᠭᠲᠦᠨ᠂ ᠨᠡᠷ᠎ᠡ ᠠᠰᠢᠭ ᠢ ᠪᠢᠲᠡᠭᠡᠢ ᠠᠰᠠᠭᠤ᠃
ᠪᠡᠯᠭᠡ ᠶ᠋ᠢᠨ ᠲᠣᠬᠢᠶᠠᠯᠳᠤᠪᠤᠷᠢ᠂ ᠨᠢᠭᠡᠨ ᠬᠥᠮᠦᠨ ᠡᠳ᠋ ᠣᠯᠤᠷᠠ ᠭᠠᠷᠤᠭᠰᠠᠨ ᠬᠣᠢᠨ᠎ᠠ ᠡᠴᠢᠭᠡ ᠠᠨᠤ ᠦᠵᠡᠭᠦᠯᠪᠡᠰᠦ ᠡᠨᠡ ᠲᠥᠯᠭᠡ ᠪᠠᠭᠤᠵᠤᠬᠤᠢ᠂ ᠬᠣᠵᠢᠮ ᠬᠥᠪᠡᠭᠦᠨ ᠠᠨᠤ ᠬᠡᠳᠦᠨ ᠵᠢᠯ ᠦ᠋ᠨ ᠡᠴᠦᠰ ᠲᠦ᠍ᠷ ᠣᠯᠤᠭᠰᠠᠨ ᠡᠳ᠋ ᠢ᠋ᠶ᠋ᠡᠨ ᠪᠤᠯᠲᠤ ᠰᠠᠳᠤᠷ ᠡᠬᠡᠨᠡᠷ ᠲᠣᠷ ᠰᠦᠢᠳᠬᠡᠭᠡᠳ ᠭᠠᠷ ᠬᠣᠭᠣᠰᠣᠨ ᠭᠡᠷ ᠲᠦ᠍ᠷ ᠡᠷᠭᠢᠵᠦᠬᠦᠢ᠃
ᠭᠤᠴᠢᠨ ᠲᠠᠪᠤᠳᠤᠭᠠᠷ ᠲᠥᠯᠭᠡ᠂ ᠤᠯᠠᠭᠴᠢᠨ ᠰᠢᠷ᠎ᠠ᠂ ᠳᠣᠣᠷ᠎ᠠ ᠶ᠋ᠢᠨ ᠳᠣᠣᠷ᠎ᠠ᠂ ᠲᠥᠯᠭᠡ ᠶ᠋ᠢᠨ ᠪᠡᠯᠭᠡ ᠠᠨᠤ : ᠸᠠᠩ ᠵᠣᠣ ᠵᠢᠶᠦ᠋ᠨ ᠮᠣᠩᠭᠣᠯ ᠢ ᠡᠪᠰᠡᠭᠦᠯᠦᠭᠰᠡᠨ : ᠨᠢᠭᠡᠨ ᠠᠭᠤᠯᠠ ᠵᠢᠷᠤᠭᠰᠠᠨ ᠮᠡᠲᠦ ᠲᠤᠩᠭᠠᠯᠠᠭ ᠮᠥᠷᠡᠨ ᠢ ᠬᠠᠨᠳᠤᠪᠠᠢ᠂ ᠡᠭᠦᠳᠡᠨ ᠦ᠌ ᠳᠣᠲᠣᠷ᠎ᠠ ᠪᠦᠷᠢᠨ ᠮᠡᠨᠳᠦ ᠬᠡᠷᠡᠭ ᠪᠦᠷᠢ ᠲᠡᠭᠦᠰ ᠪᠥᠯᠥᠭᠡ᠂ ᠲᠡᠷᠭᠡᠭᠦᠷ ᠦ᠋ᠨ ᠵᠠᠮ ᠤ᠋ᠨ ᠳᠤᠮᠳᠠ ᠠ᠋ᠴᠠ ᠰᠠᠯᠭᠠᠵᠤ ᠠᠪᠠᠴᠢᠬᠤ ᠶ᠋ᠢ ᠬᠡᠨ ᠮᠡᠳᠡᠮᠦᠢ᠂ ᠬᠣᠭᠣᠰᠣᠨ ᠬᠥᠰᠢᠭᠡᠨᠡ ᠳᠠᠭᠤᠨ ᠥᠭᠭᠦᠶ᠎ᠡ ᠮᠥᠩᠭᠥᠨ ᠵᠤᠯᠠ ᠭᠠᠷᠤᠮᠤᠢ᠃
ᠪᠣᠭᠳᠠ ᠶ᠋ᠢᠨ ᠲᠣᠭᠠᠯᠠᠯ᠄ ᠵᠠᠷᠭᠤ ᠡᠴᠦᠰ ᠲᠦ᠍ᠷ ᠮᠠᠭᠤ᠂ ᠬᠢᠴᠢᠶᠡᠬᠦ ᠬᠡᠷᠡᠭᠲᠡᠢ᠂ ᠡᠪᠡᠳᠴᠢᠲᠡᠨ ᠠᠶᠤᠯᠲᠠᠢ᠂ ᠳᠠᠪᠬᠤᠷ ᠪᠡᠯᠪᠡᠰᠦᠷᠡᠯ ᠪᠣᠯᠬᠤ᠂ ᠶᠠᠪᠤᠳᠠᠯ ᠤ᠋ᠨ ᠬᠥᠮᠦᠨ ᠰᠠᠭᠠᠳ ᠲᠠᠢ᠂ ᠡᠳ᠋ ᠲᠠᠸᠠᠷ ᠬᠣᠬᠢᠷᠠᠮᠤᠢ᠂ ᠤᠷᠤᠭ ᠪᠦᠲᠦᠬᠦ ᠦᠭᠡᠢ᠂ ᠶᠠᠪᠤᠳᠠᠯ ᠢ᠋ᠶ᠋ᠠᠨ ᠬᠢᠴᠢᠶᠡᠭᠳᠡᠭᠦᠢ᠃
ᠲᠠᠢᠯᠪᠤᠷᠢ ᠥᠭᠦᠯᠡᠯ : ᠡᠨᠡ ᠲᠥᠯᠭᠡ ᠳ᠋ᠦ᠍ᠷ ᠬᠡᠭᠦᠷ ᠦ᠋ᠨ ᠭᠠᠵᠠᠷ ᠬᠡᠳᠦᠢ ᠰᠠᠢᠨ ᠪᠣᠯᠪᠠᠴᠤ ᠬᠡᠢ ᠮᠣᠷᠢᠨ ᠳᠡᠯᠭᠡᠷᠡᠭᠡᠳᠦᠢ ᠰᠠᠨᠠᠭᠰᠠᠨ ᠬᠡᠷᠡᠭ ᠡᠴᠦᠰ ᠲᠡᠭᠡᠨ ᠬᠣᠭᠣᠰᠣᠨ ᠣᠳᠤᠮᠤᠢ᠂ ᠤᠷᠢᠳᠠ ᠰᠠᠢᠨ ᠬᠣᠵᠢᠮ ᠮᠠᠭᠤ᠂ ᠡᠭᠦᠰᠬᠡᠯ ᠪᠣᠢ ᠲᠡᠭᠦᠰᠬᠡᠯ ᠦᠭᠡᠢ᠂ ᠦᠬᠦᠬᠦ ᠰᠥᠨᠥᠬᠦ ᠶ᠋ᠢ ᠰᠡᠷᠡᠮᠵᠢᠯᠡ᠂ ᠵᠠᠷᠭᠤᠯᠪᠠᠰᠤ ᠮᠠᠭᠤ᠂ ᠡᠪᠡᠳᠴᠢᠨ ᠬᠠᠲᠠᠭᠤ᠂ ᠶᠠᠪᠤᠳᠠᠯ ᠤ᠋ᠨ ᠬᠥᠮᠦᠨ ᠰᠠᠭᠠᠳ ᠲᠠᠢ᠂ ᠡᠳ᠋ ᠪᠡᠷᠬᠡ᠃
ᠰᠠᠨᠠᠭ᠎ᠠ ᠲᠠᠢᠯᠤᠭᠰᠠᠨ: ᠨᠢᠭᠡᠨ ᠠᠭᠤᠯᠠ ᠲᠤᠩᠭᠠᠯᠠᠭ ᠮᠥᠷᠡᠨ ᠢ᠋ ᠬᠠᠨᠳᠤᠭᠰᠠᠨ ᠬᠡᠮᠡᠭᠰᠡᠨ ᠠᠨᠤ᠄ ᠭᠠᠵᠠᠷ ᠤ᠋ᠨ ᠰᠤᠳᠠᠯ ᠲᠠᠮᠢᠷ ᠬᠡᠳᠦᠢ ᠨᠡᠢᠯᠡᠭᠰᠡᠨ ᠪᠣᠯᠪᠠᠴᠤ ᠭᠠᠭᠴᠠ ᠵᠠᠶᠠᠭᠠᠨ ᠤ᠋ ᠬᠡᠢ ᠮᠣᠷᠢᠨ ᠳᠡᠯᠭᠡᠷᠡᠭᠡᠳᠦᠢ ᠲᠤᠯᠠ ᠪᠣᠯᠠᠢ᠂ ᠡᠭᠦᠳᠡᠨ ᠦ᠌ ᠳᠣᠲᠣᠷ᠎ᠠ ᠪᠦᠷᠢᠨ ᠬᠡᠷᠡᠭ ᠪᠦᠷᠢ ᠲᠡᠭᠦᠰ ᠬᠡᠮᠡᠪᠡᠰᠦ ᠵᠠᠮ ᠳᠤᠮᠳᠠ ᠠ᠋ᠴᠠ ᠰᠠᠯᠤᠭᠰᠠ ᠠᠨᠤ ᠢᠨᠠᠭ ᠠᠮᠠᠷᠠᠭ ᠠ᠋ᠴᠠ ᠰᠠᠯᠤᠭᠰᠠᠨ ᠦᠭᠡᠰ᠂ ᠨᠡᠷ᠎ᠡ ᠪᠦᠲᠦᠪᠡᠴᠦ ᠡᠷᠬᠡᠪᠰᠢ ᠡᠪᠳᠡᠷᠡᠯ ᠪᠣᠢ᠂ ᠠᠰᠢᠭ ᠣᠯᠪᠠᠴᠤ ᠡᠷᠬᠡᠪᠰᠢ ᠠᠯᠳᠠᠰᠢ ᠪᠣᠢ᠂ ᠬᠡᠷᠪᠡ ᠤᠭᠲᠤᠵᠤ ᠮᠡᠳᠡᠬᠦ ᠤᠬᠠᠭᠠᠨᠲᠠᠨ ᠪᠣᠯᠪᠠᠰᠤ ᠴᠠᠭ ᠥᠩᠭᠡᠷᠡᠬᠦ ᠶ᠋ᠢ ᠪᠣᠯᠪᠠᠰᠣᠷᠠᠭᠤᠯᠤᠯ ᠦᠭᠡᠢ ᠬᠡᠢ ᠮᠣᠷᠢᠨ ᠮᠠᠰᠢ ᠳᠡᠯᠭᠡᠷᠡᠬᠦ ᠴᠠᠭ ᠠ᠋ᠴᠠ ᠤᠷᠢᠳᠴᠤ ᠵᠠᠢᠯᠠᠬᠤ ᠳᠠᠯᠳᠠᠯᠠᠬᠤ ᠠᠷᠭ᠎ᠠ ᠶ᠋ᠢ ᠦᠢᠯᠡᠳᠪᠡᠰᠦ ᠨᠠᠰᠤᠵᠢᠬᠤ ᠴᠠᠭ ᠠ᠋ᠴᠠ ᠬᠣᠢᠴᠢ ᠮᠥᠷᠦᠨ ᠵᠣᠪᠠᠯᠠᠩ ᠠ᠋ᠴᠠ ᠬᠡᠯᠲᠦᠷᠢᠮᠦᠢ᠂ ᠦᠵᠡᠭᠦᠯᠦᠭᠴᠢᠳ ᠡᠴᠢᠭᠡ ᠡᠬᠡ ᠳ᠋ᠦ᠍ᠷ ᠡᠪᠡᠳᠴᠢᠨ ᠪᠣᠢ ᠶᠠᠪᠤᠳᠠᠯ ᠤ᠋ᠨ ᠬᠥᠮᠦᠨ ᠰᠠᠭᠠᠳ ᠪᠣᠢ᠂ ᠠᠯᠢᠪᠠ ᠬᠡᠷᠡᠭ ᠲᠦ᠍ᠷ ᠪᠦᠲᠦᠮᠵᠢ ᠦᠭᠡᠢ᠃
ᠪᠡᠯᠭᠡ ᠶ᠋ᠢᠨ ᠳᠣᠬᠢᠶᠠᠯᠳᠤᠪᠦᠷᠢ : ᠨᠢᠭᠡᠨ ᠬᠥᠮᠦᠨ ᠤ ᠡᠮ᠎ᠡ ᠡᠪᠡᠳᠴᠦ ᠦᠵᠡᠭᠦᠯᠪᠡᠰᠦ ᠡᠨᠡ ᠲᠥᠯᠭᠡ ᠪᠠᠭᠤᠵᠤᠬᠤᠢ᠂ ᠲᠡᠭᠦᠪᠡᠷ ᠦᠬᠦᠪᠡ᠂ ᠡᠨᠡ ᠠᠨᠤ ᠵᠠᠮ ᠳᠤᠮᠳᠠ ᠠ᠋ᠴᠠ ᠬᠡᠮᠡᠭᠰᠡᠨ ᠯᠦᠭᠡ ᠲᠣᠬᠢᠶᠠᠯᠳᠤᠵᠤᠬᠤᠢ᠂ ᠪᠠᠰᠠ ᠨᠢᠭᠡᠨ ᠤᠷᠠᠴᠤᠳ ᠢ᠋ᠶ᠋ᠠᠷ ᠪᠤᠰᠤᠳ ᠭᠤᠶᠤᠵᠤ ᠨᠢᠭᠡᠨ ᠪᠠᠶᠠᠯᠢᠭ ᠤ᠋ᠨ ᠭᠡᠷ ᠲᠦ᠍ᠷ ᠦᠯᠡ ᠦᠢᠯᠡᠳᠰᠦᠭᠡᠢ ᠬᠡᠮᠡᠪᠡᠰᠦ ᠪᠤᠰᠤᠳ ᠲᠡᠭᠦᠨᠴᠡ ᠤᠷᠢᠲᠠᠪᠠᠢ᠂ ᠡᠨᠡ ᠠᠨᠤ ᠡᠭᠦᠳᠡᠨ ᠳᠣᠲᠣᠷ᠎ᠠ ᠬᠡᠮᠡᠭᠰᠡᠨ ᠯᠦᠭᠡ ᠲᠣᠬᠢᠶᠠᠯᠳᠤᠵᠤᠬᠤᠢ᠃
ᠭᠤᠴᠢᠨ ᠵᠢᠷᠭᠤᠳᠤᠭᠠᠷ ᠲᠥᠯᠭᠡ᠂ ᠤᠯᠠᠭᠴᠢᠨ ᠰᠢᠷᠬᠠᠴᠢᠨ᠂ ᠳᠡᠭᠡᠳᠦ ᠰᠠᠢᠨ᠂ ᠲᠥᠯᠭᠡ ᠶ᠋ᠢᠨ ᠪᠡᠯᠭᠡ ᠠᠨᠤ: ᠡᠤ ᠶ᠋ᠢᠨ ᠲᠦᠰᠢᠮᠡᠯ ᠢ᠋ ᠬᠦᠰᠡᠭᠰᠡᠨ : ᠭᠠᠪᠢᠶ᠎ᠠ ᠨᠡᠷ᠎ᠡ ᠪᠠᠶᠠᠨ ᠰᠠᠢᠨ ᠢ ᠥᠪᠡᠰᠦᠪᠡᠨ ᠴᠢᠳᠠᠬᠤ ᠪᠣᠯᠤᠭᠠᠳ᠂ ᠬᠠᠮᠢᠭ᠎ᠠ ᠨᠢᠭᠡᠨ ᠬᠥᠮᠦᠨ ᠤᠴᠠᠷᠠᠪᠠᠰᠤ ᠠᠰᠠᠭᠤᠬᠤ ᠬᠡᠷᠡᠭ ᠦᠭᠡᠢ᠂ ᠲᠦᠮᠡᠨ ᠪᠠᠷ᠎ᠠ ᠶ᠋ᠢᠨ ᠭᠠᠷᠤᠳᠢ ᠶ᠋ᠢᠨ ᠮᠥᠷ ᠴᠦ᠍ ᠴᠢᠮᠠᠳᠤᠷ ᠬᠤᠪᠢ ᠪᠣᠢ᠂ ᠡᠤ ᠱᠠᠨ ᠠᠭᠤᠯᠠ ᠶ᠋ᠢᠨ ᠣᠷᠭᠢᠯ ᠳᠡᠭᠡᠷ᠎ᠡ ᠲᠥᠯᠭᠡ ᠪᠠᠭᠤᠯᠭᠠᠵᠤ ᠪᠣᠯᠤᠮᠤᠢ᠃
ᠪᠣᠭᠳᠠ ᠶ᠋ᠢᠨ ᠳᠠᠭ᠋ᠭᠠᠯᠠᠯ : ᠨᠡᠷ᠎ᠡ ᠪᠠ ᠠᠰᠢᠭ ᠤᠷᠤᠭ ᠬᠣᠵᠢᠮ ᠪᠦᠲᠦᠮᠦᠢ᠂ ᠵᠠᠷᠭᠤ ᠠᠪᠤᠮᠤᠢ᠂ ᠡᠪᠡᠳᠴᠢᠲᠡᠨ ᠠᠮᠤᠷᠵᠢᠮᠤᠢ᠂ ᠶᠠᠪᠤᠳᠠᠯ ᠤ᠋ᠨ ᠬᠥᠮᠦᠨ ᠢ ᠠᠰᠠᠭᠤᠪᠠᠰᠤ ᠵᠠᠮ ᠭᠣᠳᠣᠰ ᠰᠠᠭᠠᠳ ᠲᠠᠢ᠂ ᠤᠷᠤᠭ ᠪᠣᠯᠪᠠᠰᠤ ᠵᠣᠬᠢᠯᠲᠠᠢ᠂ ᠵᠢᠷᠮᠦᠰᠦᠨ ᠳᠠᠷᠤᠢ ᠬᠥᠩᠭᠡᠵᠢᠮᠦᠢ᠃
ᠲᠠᠢᠯᠪᠤᠷᠢ ᠥᠭᠦᠯᠡᠯ : ᠡᠨᠡ ᠲᠥᠯᠭᠡ ᠳ᠋ᠦ᠍ᠷ ᠰᠢᠮᠳᠠᠨ ᠦᠢᠯᠡᠳᠬᠦ ᠬᠡᠷᠡᠭ ᠦᠭᠡᠢ᠂ ᠲᠦᠷᠭᠡᠨ ᠬᠦᠰᠡᠪᠡᠰᠦ ᠪᠦᠲᠦᠮᠵᠢ ᠦᠭᠡᠢ᠂ ᠪᠠᠶᠠᠨ ᠡᠷᠭᠢᠨ ᠤᠳᠠᠭᠠᠨ ᠬᠤᠷᠳᠤᠨ ᠤ᠋ ᠴᠠᠭ ᠪᠣᠢ ᠂ ᠭᠡᠷ ᠲᠦ᠍ᠷ ᠪᠣᠯᠪᠠᠰᠤ ᠮᠣᠬᠣᠭᠠᠨᠳᠠᠮᠤ᠂ ᠭᠠᠷᠪᠠᠰᠤ ᠳᠡᠯᠭᠡᠷᠡᠮᠦ᠂ ᠬᠠᠭᠤᠴᠢᠨ ᠵᠠᠩ ᠢ᠋ᠶ᠋ᠠᠨ ᠤᠷᠪᠠᠭᠤᠯ᠂ ᠵᠠᠷᠭᠤ ᠣᠯᠬᠤ᠂ ᠨᠡᠷ᠎ᠡ ᠠᠰᠢᠭ ᠤᠳᠠᠭᠠᠨ᠂ ᠶᠠᠪᠤᠳᠠᠯ ᠤ᠋ᠨ ᠬᠥᠮᠦᠨ ᠰᠠᠭᠠᠳ ᠲᠠᠢ᠂ ᠤᠷᠤᠭ ᠤ᠋ᠨ ᠬᠡᠷᠡᠭ ᠪᠦᠲᠦᠮᠦ ᠡᠪᠡᠳᠴᠢᠨ ᠤᠯᠠᠮ ᠠᠮᠤᠷᠵᠢᠮᠤ᠂ ᠠᠯᠢᠪᠠ ᠦᠢᠯᠡ ᠤᠷᠢᠳᠠ ᠮᠠᠭᠤ ᠬᠣᠵᠢᠮ ᠰᠠᠢᠨ ᠪᠣᠯᠠᠢ᠃
ᠰᠠᠨᠠᠭ᠎ᠠ ᠲᠠᠢᠯᠤᠭᠰᠠᠨ : ᠬᠥᠮᠦᠨ ᠤ ᠳᠡᠯᠭᠡᠷᠡᠬᠦ ᠪᠠᠭᠤᠷᠠᠬᠤ ᠣᠯᠬᠤ ᠠᠯᠳᠠᠬᠤ ᠭᠡᠨᠡᠳᠲᠡ ᠲᠣᠬᠢᠶᠠᠯᠳᠤᠪᠠᠰᠤ ᠴᠠᠨᠳᠤᠷ ᠬᠤᠪᠢᠶᠠᠭᠳᠠᠬᠤ ᠪᠣᠯᠠᠢ᠂ ᠠᠯᠢᠪᠠ ᠬᠡᠷᠡᠭ ᠪᠦᠲᠦᠬᠦ ᠠᠨᠤ ᠠᠳᠠᠪᠠᠰᠢ ᠬᠣᠵᠢᠮ᠃ ᠭᠠᠷᠤᠲᠠᠢ ᠶ᠋ᠢᠨ ᠮᠥᠷ ᠬᠡᠮᠡᠭᠰᠡᠨ ᠠᠨᠤ ᠨᠡᠷ᠎ᠡ ᠠᠰᠢᠭ ᠤ᠋ᠨ ᠮᠥᠷ ᠪᠣᠯᠠᠢ ᠡᠤ ᠱᠠᠨ ᠠᠭᠤᠯᠠ ᠠᠨᠤ ᠡᠤ ᠶᠤᠸᠠᠢ ᠭᠠᠵᠠᠷ ᠤ᠋ᠨ ᠠᠭᠤᠯᠠ ᠪᠣᠯᠠᠢ᠂ ᠺᠡᠸᠤ ᠰᠥᠩ ᠬᠠᠭᠠᠨ ᠰᠠᠭᠤᠷᠢᠨ ᠳ᠋ᠤᠷ ᠰᠠᠭᠤᠭᠠᠳ ᠤᠯᠤᠰ ᠤ᠋ᠨ ᠭᠠᠵᠠᠷ ᠲᠤᠷ ᠬᠦᠷᠦᠭᠰᠡᠨ ᠬᠣᠢᠨ᠎ᠠ ᠨᠡᠷ᠎ᠡ ᠭᠠᠪᠢᠶ᠎ᠠ ᠡᠷᠢᠭᠴᠢᠳ ᠴᠤᠭᠯᠠᠨ ᠢᠷᠡᠵᠦ ᠰᠣᠩᠭᠣᠯᠭᠠᠨ ᠳ᠋ᠤ᠌ ᠣᠷᠣᠪᠠᠢ᠂ ᠲᠡᠢᠮᠦ ᠡᠢᠨ ᠲᠤᠯᠠ ᠦᠵᠡᠭᠦᠯᠦᠭᠴᠢᠳ ᠨᠡᠷ᠎ᠡ ᠭᠠᠪᠢᠶ᠎ᠠ ᠳ᠋ᠤᠷ ᠵᠢᠳᠬᠦᠬᠦ ᠴᠠᠭ ᠮᠥᠨ᠂ ᠲᠥᠯᠭᠡ ᠪᠠᠭᠤᠯᠭᠠᠨ ᠬᠡᠮᠡᠭᠰᠡᠨ ᠠᠨᠤ ᠰᠠᠢᠨ ᠮᠠᠭᠤ ᠶ᠋ᠢ ᠪᠡᠯᠭᠡᠳᠡᠭᠰᠡᠨ ᠪᠣᠯᠠᠢ᠂ ᠥᠪᠡᠰᠦᠪᠡᠨ ᠴᠢᠳᠠᠬᠤ ᠬᠡᠮᠡᠭᠰᠡᠨ ᠠᠨᠤ ᠬᠡᠴᠢᠶᠡᠨ ᠦᠢᠯᠡᠳᠬᠦ ᠴᠠᠭ ᠮᠥᠨ ᠲᠤᠯᠠ ᠳᠡᠯᠭᠡᠷᠡᠭᠡᠳᠦᠢ ᠭᠡᠮᠡᠨ ᠭᠠᠰᠠᠯᠬᠤ ᠬᠡᠷᠡᠭ ᠦᠭᠡᠢ᠂ ᠠᠰᠢᠭ ᠬᠦᠰᠡᠪᠡᠰᠦ ᠡᠮᠦᠨ᠎ᠡ ᠵᠦᠭ ᠲᠦ᠍ᠷ ᠣᠯᠵᠠ ᠲᠠᠢ᠂ ᠬᠣᠢᠲᠤ ᠵᠦᠭ ᠲᠣᠷ ᠲᠣᠭᠲᠠᠪᠤᠷᠢ ᠦᠭᠡᠢ᠃
ᠪᠡᠯᠭᠡ ᠶ᠋ᠢᠨ ᠲᠣᠬᠢᠶᠠᠯᠳᠤᠪᠤᠷᠢ : ᠨᠢᠭᠡᠨ ᠬᠥᠮᠦᠨ ᠡᠴᠢᠭᠡ ᠬᠥᠪᠡᠭᠦᠨ ᠴᠡᠷᠢᠭ ᠲᠦ᠍ᠷ ᠪᠤᠲᠠᠷᠠᠭᠠᠳ ᠦᠵᠡᠭᠦᠯᠪᠡᠰᠦ ᠡᠨᠡ ᠲᠥᠯᠭᠡ ᠪᠠᠭᠤᠵᠤᠬᠤᠢ᠂ ᠲᠡᠨᠳᠡ ᠡᠤ ᠱᠠᠨ ᠤ᠋ ᠣᠷᠣᠢ ᠳᠡᠭᠡᠷ᠎ᠡ ᠲᠥᠯᠭᠡ ᠭᠣᠶᠣᠷ᠎ᠠ ᠣᠳᠪᠠᠰᠤ ᠰᠦᠮ᠎ᠡ ᠶ᠋ᠢᠨ ᠡᠭᠦᠳᠡᠨ᠎ᠡ ᠡᠴᠢᠭᠡ ᠨᠢ ᠬᠥᠪᠡᠭᠦᠨ ᠦ᠌ ᠪᠡᠨ ᠡᠷᠢᠬᠦ ᠪᠢᠴᠢᠭ ᠨᠠᠭᠠᠵᠤᠬᠤᠢ᠂ ᠲᠡᠭᠦᠪᠡᠷ ᠬᠥᠪᠡᠭᠦᠨ ᠡᠴᠢᠭᠡ ᠳ᠋ᠡᠭᠡᠨ ᠠᠭᠤᠯᠵᠠᠪᠠᠢ᠂ ᠲᠥᠯᠭᠡ ᠶ᠋ᠢᠨ ᠮᠡᠷᠭᠡᠨ ᠡᠨᠡ ᠪᠣᠯᠠᠢ᠃
ᠭᠤᠴᠢᠨ ᠳᠣᠯᠣᠳᠤᠭᠠᠷ ᠲᠥᠯᠭᠡ ᠂ ᠤᠯᠠᠭᠠᠴᠢᠨ ᠴᠠᠭᠠᠨ᠂ ᠳᠤᠯᠳᠠ ᠲᠡᠭᠰᠢ᠂ ᠲᠥᠯᠭᠡ ᠶ᠋ᠢᠨ ᠪᠡᠯᠭᠡ ᠠᠨᠤ: ᠱᠡᠦ ᠶᠠᠤ ᠡᠤ ᠬᠦᠵᠢ ᠡᠷᠭᠦᠵᠦ ᠵᠠᠯᠪᠠᠷᠢᠭᠰᠠᠨ : ᠨᠠᠳᠤᠷ ᠬᠦᠵᠢ ᠡᠷᠭᠦᠵᠦ ᠵᠠᠯᠪᠠᠷᠢᠬᠤ ᠴᠢᠨᠦ ᠶᠠᠭᠤᠨ ᠪᠣᠢ᠂ ᠰᠠᠢᠨ ᠮᠠᠭᠤ ᠳᠠᠩ ᠲᠡᠭᠰᠢ ᠶ᠋ᠢ ᠥᠪᠡᠷ ᠢ᠋ᠶ᠋ᠡᠨ ᠮᠡᠳᠡᠬᠦ᠂ ᠶᠣᠰᠣᠨ᠎ᠠ ᠦᠯᠦ ᠵᠣᠬᠢᠯᠳᠤᠬᠤ ᠰᠡᠳᠬᠢᠯ ᠦ᠋ᠨ ᠠᠳᠬᠠᠭ ᠢ ᠲᠡᠪᠴᠢᠪᠡᠰᠦ᠂ ᠡᠭᠦᠳᠡᠨ ᠡᠴᠡ ᠭᠠᠷᠪᠠᠰᠤ ᠮᠠᠭᠠᠳ ᠳᠡᠯᠭᠡᠷᠡᠬᠦ᠃ ᠪᠣᠭᠳᠠ ᠶ᠋ᠢᠨ ᠲᠠᠭᠠᠯᠠᠯ : ᠵᠠᠷᠭᠤ ᠨᠠᠢᠷᠠᠪᠠᠰᠤ ᠰᠠᠢᠨ ᠡᠪᠡᠳᠴᠢᠲᠡᠨ ᠵᠠᠯᠪᠠᠷᠢᠪᠠᠰᠤ ᠰᠠᠢᠨ ᠡᠳ᠋ ᠡᠷᠢᠪᠡᠰᠦ ᠲᠡᠳᠦᠢ᠂ ᠥᠴᠦᠬᠡᠨ ᠨᠡᠷ᠎ᠡ ᠣᠯᠬᠤᠶ᠎ᠠ ᠪᠡᠷᠬᠡ ᠤᠷᠤᠭ ᠪᠣᠯᠤᠯᠴᠠᠪᠠᠰᠤ ᠵᠣᠬᠢᠮᠤᠢ᠃ ᠶᠠᠪᠤᠳᠠᠯ ᠤ᠋ᠨ ᠬᠥᠮᠦᠨ ᠢᠷᠡᠮᠦᠢ ᠪᠤᠶᠠᠨ ᠢ ᠬᠢᠴᠢᠶᠡᠪᠡᠰᠦ ᠲᠡᠭᠦᠰ ᠵᠢᠷᠭᠠᠮᠤᠢ᠃
ᠲᠠᠢᠯᠪᠤᠷᠢ ᠥᠭᠦᠯᠡᠯ : ᠡᠨᠡ ᠲᠥᠯᠭᠡ ᠳ᠋ᠦ᠍ᠷ ᠦᠵᠡᠭᠦᠯᠦᠭᠴᠢᠳ ᠬᠥᠮᠦᠨ ᠢ ᠬᠥᠨᠥᠭᠡᠬᠦ ᠰᠡᠳᠬᠢᠯ ᠪᠣᠢ ᠲᠤᠯᠠ ᠬᠠᠷᠢᠨ ᠬᠥᠮᠦᠨ ᠳ᠋ᠦ᠍ ᠬᠥᠨᠥᠭᠡᠭᠳᠡᠵᠦᠬᠦᠢ᠂ ᠮᠠᠭᠤ ᠪᠠᠨ ᠬᠠᠯᠠᠪᠠᠰᠤ ᠰᠠᠢᠨ᠂ ᠵᠠᠷᠭᠤ ᠪᠣᠯᠪᠠᠰᠤ ᠵᠣᠬᠢᠯᠳᠤ᠂ ᠡᠪᠡᠳᠴᠢᠲᠡᠨ ᠪᠤᠶᠠᠨ ᠬᠤᠷᠢᠶᠠᠭᠲᠤᠨ᠂ ᠡᠳ᠋ ᠡᠷᠢᠪᠡᠰᠦ ᠲᠡᠳᠦᠢ᠂ ᠨᠡᠷ᠎ᠡ ᠠᠰᠢᠭ ᠵᠣᠪᠠᠭᠤᠷᠢ ᠲᠠᠢ᠂ ᠤᠷᠤᠭ ᠵᠣᠬᠢᠯᠳᠤᠪᠠᠰᠤ ᠪᠣᠯᠤᠮᠤᠢ᠂ ᠰᠡᠳᠬᠢᠯ ᠰᠢᠳᠤᠷᠭᠤ ᠪᠣᠯᠪᠠᠰᠤ ᠬᠡᠷᠡᠭ ᠪᠦᠬᠦᠨ᠎ᠡ ᠰᠠᠢᠨ᠃
ᠰᠠᠨᠠᠭ᠎ᠠ ᠲᠠᠢᠯᠤᠭᠰᠠᠨ : ᠬᠥᠮᠦᠨ ᠦ ᠰᠠᠢᠨ ᠮᠠᠭᠤ ᠶ᠋ᠢ ᠬᠥᠮᠦᠨ ᠬᠡᠳᠦᠢ ᠮᠡᠳᠡᠬᠦ ᠦᠭᠡᠢ ᠪᠣᠯᠪᠠᠴᠤ᠂ ᠮᠥᠨ ᠥᠪᠡᠷ ᠢ᠋ᠶ᠋ᠡᠨ ᠮᠡᠳᠡᠮᠦᠢ ᠬᠥᠮᠦᠨ ᠦᠯᠦ ᠮᠡᠳᠡᠮᠦ ᠭᠡᠮᠡᠨ ᠪᠠᠰᠤᠮᠵᠢᠯᠠᠵᠤ ᠬᠥᠨᠥᠭᠡᠬᠦ ᠠᠨᠤ ᠬᠥᠮᠦᠨ ᠳ᠋ᠦ᠍ᠷ ᠬᠣᠣᠷ ᠦᠯᠦ ᠪᠣᠯᠬᠤ ᠶ᠋ᠢ ᠪᠠᠢᠲᠤᠭᠠᠢ᠂ ᠬᠠᠷᠢᠨ ᠪᠤᠰᠤᠳ ᠤ᠋ᠨ ᠬᠥᠨᠥᠭᠡᠯ ᠪᠡᠶ᠎ᠡ ᠳ᠋ᠦ᠍ ᠨᠢᠴᠤᠮᠤ᠂ ᠲᠡᠢᠮᠦ ᠶ᠋ᠢᠨ ᠲᠤᠯᠠ ᠦᠵᠡᠭᠦᠯᠦᠭᠴᠢᠳ ᠰᠢᠳᠤᠷᠭᠤ ᠲᠠᠩᠰᠢ ᠪᠠᠷ ᠶᠠᠪᠤᠵᠤ ᠳᠠᠯᠳᠠᠭᠤᠷ ᠬᠣᠣᠷ ᠦᠢᠯᠡᠳᠬᠦ ᠶ᠋ᠢ ᠲᠡᠪᠴᠢᠪᠡᠰᠦ ᠲᠦᠢᠳᠬᠡᠷ ᠦᠭᠡᠢ ᠳᠡᠯᠭᠡᠷᠡᠬᠦ ᠬᠡᠮᠡᠵᠦᠬᠦᠢ᠂ ᠡᠨᠡ ᠲᠥᠯᠭᠡ ᠶ᠋ᠢᠨ ᠶᠡᠬᠡ ᠲᠥᠯᠥᠪ ᠠᠨᠤ ᠨᠢᠭᠦᠯ ᠦᠢᠯᠡᠳᠬᠦ ᠶ᠋ᠢ ᠴᠠᠭᠠᠵᠠᠯᠠᠵᠤ ᠪᠤᠶᠠᠨ ᠦᠢᠯᠡᠳᠬᠦ ᠶ᠋ᠢ ᠬᠡᠴᠢᠶᠡᠲᠦᠭᠡᠢ ᠬᠡᠮᠡᠭᠰᠡᠨ ᠪᠣᠯᠠᠢ᠃
ᠪᠡᠯᠭᠡ ᠶ᠋ᠢᠨ ᠲᠣᠬᠢᠶᠠᠯᠳᠤᠪᠤᠷᠢ : ᠨᠢᠭᠡᠨ ᠬᠥᠮᠦᠨ ᠶᠠᠮᠦᠨᠠ ᠶᠠᠪᠤᠵᠤ ᠠᠰᠢᠭ ᠦᠭᠡᠢ ᠳ᠋ᠦ᠍ᠷ ᠦᠵᠡᠭᠦᠯᠪᠡᠰᠦ ᠡᠨᠡ ᠲᠥᠯᠭᠡ ᠪᠠᠭᠤᠵᠤᠬᠤᠢ᠂ ᠬᠣᠵᠢᠮ ᠬᠤᠳᠠᠯᠳᠤᠭ᠎ᠠ ᠬᠢᠵᠦ ᠶᠡᠬᠡ ᠪᠠᠶᠠᠵᠢᠪᠠᠢ᠂ ᠰᠢᠯᠦᠭ ᠦ᠋ᠨ ᠭᠤᠲᠠᠭᠠᠷ ᠦᠭᠡ ᠯᠦᠭᠡ ᠲᠣᠬᠢᠶᠠᠯᠳᠤᠵᠤᠬᠤᠢ᠃
ᠭᠤᠴᠢᠨ ᠨᠠᠢ᠍ᠮᠠᠳᠤᠭᠠᠷ ᠲᠥᠯᠭᠡ : ᠤᠯᠠᠭᠴᠢᠨ ᠴᠠᠭᠠᠭᠴᠢᠨ᠂ ᠳᠣᠣᠷ᠎ᠠ ᠶ᠋ᠢᠨ ᠳᠣᠣᠷ᠎ᠠ᠂ ᠲᠥᠯᠭᠡ ᠶ᠋ᠢᠨ ᠪᠡᠯᠭᠡ ᠠᠨᠤ : ᠮᠧᠩ ᠵᠢᠶᠠᠩ ᠨᠢᠦᠢ ᠡᠷ᠎ᠡ ᠪᠡᠨ ᠰᠠᠨᠠᠭᠰᠠᠨ : ᠬᠦᠷᠭᠡᠯᠵᠡᠭᠡᠨᠡ ᠶ᠋ᠢᠨ ᠳᠠᠭᠤᠨ ᠭᠠᠷᠬᠤᠢ ᠳ᠋ᠤᠷ ᠥᠷᠥᠭᠡᠰᠦᠨ ᠬᠥᠰᠢᠭᠡ ᠶᠢ ᠰᠠᠬᠢᠮᠤᠢ ᠳᠡᠭᠦᠵᠢᠩ ᠰᠡᠳᠬᠢᠯ ᠢᠶᠡᠷ ᠮᠢᠩᠭᠠᠨ ᠭᠠᠵᠠᠷ ᠤ᠋ᠨ ᠮᠡᠳᠡᠭᠡ ᠶ᠋ᠢ ᠪᠠᠷᠠᠭᠠᠯᠠᠵᠤ᠂ ᠪᠠᠶᠠᠨ ᠰᠠᠢᠨ ᠨᠣᠶᠠᠨ ᠬᠥᠪᠡᠭᠦᠨ ᠢᠷᠡᠬᠦ ᠶ᠋ᠢ ᠬᠦᠯᠢᠶᠡᠪᠡᠴᠦ ᠨᠠᠮᠤᠷ ᠡᠪᠦᠯ ᠳ᠋ᠦ᠍ᠷ ᠲᠠᠴᠢᠭᠢᠨᠠᠨ ᠬᠤᠷ᠎ᠠ ᠤᠰᠤᠨ ᠴᠢᠳᠬᠤᠮᠤᠢ᠃
ᠪᠣᠭᠳᠠ ᠶ᠋ᠢᠨ ᠲᠠᠭᠠᠯᠠᠯ : ᠡᠳ᠋ ᠢ ᠪᠢᠲᠡᠭᠡᠢ ᠠᠰᠠᠭᠤ ᠵᠠᠷᠭᠤ ᠪᠢᠲᠡᠭᠡᠢ ᠡᠭᠦᠰᠬᠡ ᠶᠠᠪᠤᠳᠠᠯ ᠤ᠋ᠨ ᠬᠥᠮᠦᠨ ᠬᠣᠯᠠ ᠡᠪᠡᠳᠴᠢᠲᠡᠨ ᠬᠦᠨᠳᠦ ᠪᠠᠢᠨᠠᠮ᠂ ᠤᠷᠤᠭ ᠪᠦᠲᠦᠬᠦ ᠦᠭᠡᠢ ᠮᠠᠭᠤ ᠵᠡᠭᠦᠳᠦᠨ ᠳᠠᠪᠬᠤᠷᠴᠠᠮᠤᠢ ᠪᠤᠷᠬᠠᠨ ᠲᠡᠭᠷᠢ ᠳ᠋ᠦ᠍ᠷ ᠵᠠᠯᠪᠠᠷᠢ᠂ ᠳᠡᠮᠡᠢ ᠪᠢᠲᠡᠭᠡᠢ ᠬᠥᠳᠡᠯᠲᠦᠭᠡᠢ᠃
ᠲᠠᠢᠯᠪᠤᠷᠢ ᠥᠭᠦᠯᠡᠯ : ᠡᠨᠡ ᠲᠥᠯᠭᠡ ᠳ᠋ᠦ᠍ᠷ ᠦᠬᠦᠬᠦ ᠰᠥᠨᠥᠬᠦ ᠵᠣᠪᠠᠯᠠᠩ ᠪᠣᠢ᠂ ᠤᠬᠢᠯᠠᠬᠤ ᠭᠡᠮᠰᠢᠬᠦ ᠶ᠋ᠢᠨ ᠢᠷᠸ᠎ᠠ ᠪᠣᠢ᠂ ᠵᠠᠷᠭᠤ ᠪᠣᠯᠪᠠᠰᠤ ᠪᠢᠲᠡᠭᠡᠢ ᠠᠰᠠᠭᠤ᠂ ᠡᠪᠡᠳᠴᠢᠲᠡᠨ ᠪᠡᠷᠬᠡ ᠲᠡᠢ᠂ ᠡᠳ᠋ ᠢ ᠪᠢᠲᠡᠭᠡᠢ ᠡᠷᠢ᠂ ᠤᠷᠤᠭ ᠪᠦᠲᠦᠬᠦᠶ᠎ᠡ ᠪᠡᠷᠬᠡ᠂ ᠶᠠᠪᠤᠳᠠᠯ ᠤ᠋ᠨ ᠬᠥᠮᠦᠨ ᠢᠷᠡᠬᠦ ᠪᠣᠯᠤᠭᠠᠳᠤᠢ᠂ ᠰᠠᠨᠠᠭᠰᠠᠨ ᠬᠡᠷᠡᠭ ᠰᠠᠢᠨ ᠴᠥᠭᠡᠨ ᠮᠠᠭᠤ ᠦᠯᠡᠮᠵᠢ: ᠨᠠᠮᠤᠷ ᠡᠪᠦᠯ ᠦᠵᠡᠭᠦᠯᠪᠡᠰᠦ ᠶᠡᠬᠡᠳᠡ ᠮᠠᠭᠤ ᠬᠡᠰᠡᠭ ᠪᠠᠶᠠᠷᠯᠠᠪᠠᠴᠤ ᠬᠣᠭᠣᠰᠣᠨ ᠂ ᠡᠴᠦᠰ ᠲᠡᠭᠡᠨ ᠵᠣᠪᠠᠯᠠᠩ ᠶᠡᠬᠡ ᠪᠣᠢ᠃
ᠰᠠᠨᠠᠭ᠎ᠠ ᠲᠠᠢᠯᠤᠭᠰᠠᠨ : ᠬᠦᠷᠡᠯᠵᠡᠭᠡᠨᠡ ᠶ᠋ᠢᠨ ᠳᠠᠭᠤᠨ ᠭᠠᠷᠬᠤᠢ ᠳ᠋ᠤᠷ ᠥᠷᠥᠭᠡᠰᠦᠨ ᠬᠥᠰᠢᠭᠡ ᠰᠠᠬᠢᠮᠤᠢ ᠬᠡᠮᠡᠭᠰᠡᠨ ᠠᠨᠤ ᠭᠡᠮᠰᠢᠭᠦᠯᠡᠩ ᠭᠠᠰᠠᠯᠠᠭ᠌ᠲᠦ ᠰᠡᠳᠬᠢᠯ ᠢ ᠢᠯᠡᠳᠬᠡᠰᠡᠨ ᠮᠥᠨ᠂ ᠮᠢᠩᠭᠠᠨ ᠭᠠᠵᠠᠷ ᠤ᠋ᠨ ᠳᠡᠭᠦᠵᠢᠩ ᠰᠡᠳᠬᠢᠯ ᠬᠡᠮᠡᠭᠰᠡᠨ ᠠᠨᠤ ᠨᠢᠳᠦᠨ ᠡᠮᠦᠨ᠎ᠡ ᠰᠠᠨᠠᠭᠠᠨ ᠳ᠋ᠤᠷ ᠬᠦᠷᠬᠦ ᠦᠭᠡᠢ ᠶ᠋ᠢ ᠥᠭᠦᠯᠡᠭᠰᠡᠨ᠂ ᠪᠠᠶᠠᠨ ᠰᠠᠢᠨ ᠨᠣᠶᠠᠨ ᠬᠥᠪᠡᠭᠦᠨ ᠬᠡᠮᠡᠭᠰᠡᠨ ᠠᠨᠤ ᠬᠣᠭᠣᠰᠣᠨ ᠨᠡᠷ᠎ᠡ ᠶ᠋ᠢ ᠬᠦᠰᠡᠭᠰᠡᠨ᠂ ᠬᠤᠷ᠎ᠠ ᠤᠰᠤᠨ ᠲᠠᠵᠢᠭᠢᠨᠠᠨ ᠪᠠᠭᠤᠮᠤᠢ᠂ ᠬᠡᠮᠡᠭᠰᠡᠨ ᠠᠨᠤ ᠬᠡᠯᠡ ᠠᠮᠠ ᠦᠬᠦᠯ ᠵᠣᠪᠠᠯᠠᠩ ᠤ᠋ᠨ ᠬᠡᠷᠡᠭ ᠪᠣᠢ᠃
ᠪᠡᠯᠭᠡ ᠶ᠋ᠢᠨ ᠲᠣᠬᠢᠶᠠᠯᠳᠤᠪᠤᠷᠢ : ᠨᠢᠭᠡᠨ ᠬᠥᠮᠦᠨ ᠭᠠᠪᠢᠶ᠎ᠠ ᠨᠡᠷ᠎ᠡ ᠶ᠋ᠢᠨ ᠲᠤᠯᠠ ᠦᠵᠡᠭᠦᠯᠪᠡᠰᠦ ᠡᠨᠡ ᠲᠥᠯᠭᠡ ᠪᠠᠭᠤᠵᠤᠬᠤᠢ᠂ ᠬᠡᠳᠦᠢ ᠨᠡᠷ᠎ᠡ ᠶ᠋ᠢ ᠣᠯᠪᠠᠴᠤ ᠵᠣᠪᠠᠯᠠᠩ ᠪᠣᠯᠬᠤ ᠪᠣᠢ᠂ ᠪᠠᠰᠠ ᠨᠢᠭᠡᠨ ᠪᠢᠴᠢᠭ ᠦ᠋ᠨ ᠬᠥᠮᠦᠨ ᠰᠢᠯᠭᠠᠵᠤ ᠣᠯᠤᠭᠠᠳ ᠬᠠᠷᠢᠪᠠᠰᠤ ᠭᠡᠷᠭᠡᠢ ᠥᠩᠭᠡᠷᠡᠵᠦᠬᠦᠢ᠂ ᠪᠢᠴᠢᠭ ᠦ᠋ᠨ ᠬᠥᠮᠦᠨ ᠰᠢᠯᠭᠠᠵᠤ ᠣᠯᠤᠭᠠᠳ ᠬᠠᠷᠢᠬᠤ ᠵᠠᠮ ᠤ᠋ᠨ ᠭᠣᠳᠣᠰ ᠪᠣᠷᠣᠭᠠᠨ ᠳ᠋ᠤᠷ ᠳᠠᠭᠠᠷᠢᠭᠳᠠᠪᠠᠢ᠃
ᠭᠤᠴᠢᠨ ᠶᠢᠰᠦᠳᠦᠭᠡᠷ ᠲᠥᠯᠭᠡ᠂ ᠤᠯᠠᠭᠴᠢᠨ ᠬᠠᠷ᠎ᠠ᠂ ᠳᠣᠣᠷ᠎ᠠ ᠶ᠋ᠢᠨ ᠳᠣᠣᠷ᠎ᠠ᠂ ᠲᠥᠯᠭᠡ ᠶ᠋ᠢᠨ ᠪᠡᠯᠭᠡ ᠠᠨᠤ: ᠲᠤᠤ ᠶᠤᠸᠠᠨ ᠮᠢᠩ ᠵᠢᠦᠢ ᠴᠡᠴᠡᠭ ᠲᠡᠵᠢᠭᠡᠭᠰᠡᠨ : ᠤᠮᠠᠷᠠᠲᠤ ᠠᠭᠤᠯᠠ ᠶ᠋ᠢᠨ ᠬᠠᠭᠠᠯᠭ᠎ᠠ ᠳ᠋ᠤ᠌ ᠠᠮᠤᠷ ᠣᠷᠣᠰᠢᠯᠲᠠᠢ᠂ ᠡᠴᠦᠰ ᠢ ᠠᠰᠠᠭᠤᠪᠠᠰᠤ ᠡᠯ᠎ᠡ ᠲᠡᠷᠢᠭᠦᠨ ᠢ ᠬᠡᠴᠢᠶᠡᠬᠦ ᠬᠡᠷᠡᠭᠲᠡᠢ᠂ ᠣᠯᠠᠨ ᠬᠡᠷᠡᠭ ᠦ᠋ᠳ ᠢ ᠰᠠᠨᠠᠭᠠᠨ ᠳ᠋ᠠᠭᠠᠨ ᠨᠢᠭᠤᠭᠰᠠᠨ ᠠᠨᠤ ᠢᠨᠢᠶᠡᠯᠲᠡᠢ᠂ ᠵᠢᠭᠠᠰᠤᠨ ᠭᠠᠯᠠᠭᠤᠨ ᠤ᠋ ᠲᠠᠰᠢᠷᠠᠮ ᠪᠣᠢ ᠪᠣᠯᠪᠠᠴᠤ ᠪᠢᠴᠢᠭ ᠵᠠᠬᠢᠬᠤ ᠶ᠋ᠢ ᠪᠠᠢᠲᠤᠭᠠᠢ᠃
ᠪᠣᠭᠳᠠ ᠶ᠋ᠢᠨ ᠲᠠᠭᠠᠯᠠᠯ : ᠡᠪᠡᠳᠴᠢᠲᠡᠨ ᠡᠮᠴᠢ ᠰᠣᠩᠭᠣᠭᠳᠠᠬᠤᠢ᠂ ᠵᠠᠷᠭᠤ ᠡᠪᠰᠡᠪᠡᠰᠦ ᠰᠠᠢᠨ᠂ ᠡᠳ᠋ ᠨᠡᠷ᠎ᠡ ᠬᠦᠰᠡᠪᠡᠰᠦ ᠦᠭᠡᠢ ᠤᠷᠤᠭ ᠪᠣᠯᠬᠤᠢ ᠶ᠋ᠢ ᠭᠢᠨᠠᠭᠳᠠᠬᠤᠢ᠂ ᠶᠠᠪᠤᠳᠠᠯ ᠤ᠋ᠨ ᠬᠥᠮᠦᠨ ᠢ ᠲᠦᠷ ᠬᠦᠯᠢᠶᠡ᠂ ᠶᠠᠪᠤᠳᠠᠯ ᠢ᠋ᠶ᠋ᠠᠨ ᠵᠠᠰᠠᠵᠤ᠂ ᠡᠨᠳᠡᠭᠦᠦ ᠪᠡᠨ ᠬᠠᠯᠠ᠃
ᠲᠠᠢᠯᠪᠤᠷᠢ ᠥᠭᠦᠯᠡᠯ : ᠡᠨᠡ ᠲᠥᠯᠭᠡ ᠳ᠋ᠦ᠍ᠷ ᠬᠡᠪ ᠢ᠋ᠶ᠋ᠡᠨ ᠰᠠᠬᠢᠭᠠᠳ ᠪᠢᠲᠡᠭᠡᠢ ᠳᠤᠷ᠎ᠠ ᠪᠠᠷ ᠦᠢᠯᠡᠳ᠂ ᠰᠠᠨᠠᠭᠰᠠᠨ ᠬᠡᠷᠡᠭ ᠤᠳᠠᠭᠠᠨ ᠢᠷᠡᠬᠦ ᠴᠠᠭ ᠢ ᠬᠦᠯᠢᠶᠡ᠂ ᠬᠢᠴᠢᠶᠡᠪᠡᠰᠦ ᠰᠠᠶᠢ ᠠᠮᠤᠷ ᠵᠢᠷᠭᠠᠯ ᠢ ᠣᠯᠤᠮᠤᠢ᠂ ᠡᠪᠡᠳᠴᠢᠲᠡᠨ ᠡᠮᠴᠢ ᠰᠣᠩᠭᠣ᠂ ᠵᠠᠷᠭᠤ ᠡᠪᠰᠡᠪᠡᠰᠦ ᠵᠣᠬᠢᠮᠤ ᠠᠰᠢᠭ ᠡᠷᠢᠪᠡᠰᠦ ᠦᠭᠡᠢ᠂ ᠤᠷᠤᠭ ᠢ ᠰᠢᠭᠦᠮᠵᠢᠯᠡ᠂ ᠶᠠᠪᠤᠳᠠᠯ ᠤ᠋ᠨ ᠬᠥᠮᠦᠨ ᠰᠠᠭᠠᠳ ᠲᠠᠢ᠂ ᠶᠠᠪᠤᠳᠠᠯ ᠢ ᠬᠢᠴᠢᠶᠡ᠃
ᠰᠠᠨᠠᠭ᠎ᠠ ᠲᠠᠢᠯᠤᠭᠰᠠᠨ : ᠤᠮᠠᠷᠠᠲᠤ ᠠᠭᠤᠯᠠ ᠶ᠋ᠢᠨ ᠬᠠᠭᠠᠯᠭ᠎ᠠ ᠳ᠋ᠤᠷ ᠠᠮᠤᠷ ᠣᠷᠣᠰᠢᠯᠲᠠᠢ ᠬᠡᠮᠡᠭᠰᠡᠨ ᠠᠨᠤ᠂ ᠨᠠᠢᠷᠠᠨ ᠬᠠᠨᠢᠯᠠᠬᠤ ᠶ᠋ᠢ ᠬᠢᠴᠢᠶᠡᠨ ᠰᠣᠩᠭᠣᠵᠤ᠂ ᠬᠤᠳᠠᠯᠴᠢ ᠬᠠᠭᠤᠷᠮᠠᠭ ᠢ ᠰᠡᠷᠡᠮᠵᠢᠯᠡ᠂ ᠵᠠᠢᠯᠠᠬᠤ ᠬᠡᠮᠡᠭᠰᠡᠮ ᠦᠭᠡᠰ ᠠᠨᠤ ᠪᠤᠰᠤᠳ ᠤ᠋ᠨ ᠨᠢᠭᠦᠯᠲᠦ ᠰᠡᠳᠬᠢᠯ ᠬᠠᠳᠠᠭᠠᠯᠠᠵᠤ ᠥᠪᠡᠷ ᠲᠣᠷ ᠬᠣᠣᠷ ᠬᠦᠷᠭᠡᠬᠦ ᠶ᠋ᠢ ᠢᠨᠢᠶᠡᠳᠦᠮ ᠢᠶᠠᠷ ᠥᠩᠭᠡᠷᠡᠭᠦᠯᠬᠦ ᠬᠡᠷᠡᠭᠲᠡᠢ᠂ ᠭᠠᠭᠴᠠ ᠡᠴᠦᠰ ᠢ ᠬᠡᠮᠡᠭᠰᠡᠨ ᠠᠨᠤ᠂ ᠬᠢᠴᠢᠶᠡᠯ ᠡᠮᠢᠶᠡᠯ ᠢᠶᠠᠷ ᠶᠠᠪᠤᠪᠠᠰᠤ ᠵᠣᠪᠠᠯᠠᠩ ᠦᠯᠦ ᠪᠣᠯᠬᠤ᠂ ᠪᠢᠴᠢᠭ ᠵᠠᠬᠢᠬᠤ ᠶ᠋ᠢ ᠪᠠᠢᠲᠤᠭᠠᠢ ᠬᠡᠮᠡᠭᠰᠡᠨ ᠠᠨᠤ᠂ ᠡᠨᠳᠡᠭᠦᠯᠬᠦ ᠬᠠᠭᠤᠷᠮᠠᠭ ᠢ ᠪᠢᠲᠡᠭᠡᠢ ᠦᠢᠯᠡᠳ ᠬᠡᠮᠡᠭᠰᠡᠨ ᠦᠭᠡᠰ ᠪᠣᠯᠠᠢ᠂ ᠵᠠᠷᠭᠤ ᠪᠥᠭᠡᠰᠦ ᠵᠣᠬᠢᠯᠳᠤ᠂ ᠡᠳ᠋ ᠡᠷᠢᠬᠦ ᠶ᠋ᠢ ᠪᠠᠲᠤ ᠬᠡᠷᠡᠭᠲᠡᠢ᠂ ᠡᠪᠡᠳᠴᠢᠲᠡᠨ ᠬᠢᠴᠢᠶᠡᠨ ᠡᠰᠡ ᠲᠠᠵᠢᠶᠡᠪᠡᠰᠤ ᠡᠷᠬᠡᠪᠰᠢ ᠦᠬᠦᠯ ᠢᠷᠡᠮᠦᠢ᠃
ᠪᠡᠯᠭᠡ ᠶ᠋ᠢᠨ ᠲᠣᠬᠢᠶᠠᠯᠳᠤᠪᠦᠷᠢ : ᠮᠥᠷᠡᠨ ᠦ᠌ ᠪᠠᠷᠠᠭᠤᠨ ᠪᠡᠶ᠎ᠡ ᠶ᠋ᠢᠨ ᠨᠢᠭᠡᠨ ᠬᠥᠮᠦᠨ ᠵᠢᠩ ᠯᠢᠩ ᠬᠣᠲᠠᠨ᠎ᠠ ᠪᠠᠭᠤᠭᠠᠳ ᠡᠴᠢᠭᠡ ᠶ᠋ᠢᠨ ᠬᠡᠭᠦᠷ ᠢ ᠣᠷᠣᠰᠢᠭᠤᠯᠬᠤ ᠭᠠᠵᠠᠷ ᠢ ᠦᠵᠡᠭᠦᠯᠪᠡᠰᠦ ᠡᠨᠡ ᠲᠥᠯᠭᠡ ᠪᠠᠭᠤᠵᠤᠬᠤᠢ᠂ ᠲᠡᠭᠦᠨᠴᠢᠯᠡᠨ ᠣᠯᠠᠨᠲᠠ ᠰᠣᠩᠭᠣᠵᠤ ᠰᠠᠨᠠᠭᠠᠨ ᠳ᠋ᠤᠷ ᠬᠦᠷᠦᠭᠰᠡᠨ ᠦᠭᠡᠢ᠂ ᠨᠢᠭᠡᠨ ᠡᠳᠦᠷ ᠴᠢ ᠯᠡ ᠨᠡᠷᠡᠲᠦ ᠬᠠᠭᠠᠯᠭ᠎ᠠ ᠶ᠋ᠢ ᠭᠠᠷᠪᠠᠰᠤ ᠭᠡᠨᠡᠳᠲᠡ ᠨᠢᠭᠡᠨ ᠠᠭᠤᠯᠠ ᠪᠣᠢ ᠭᠠᠵᠠᠷ ᠤ᠋ᠨ ᠬᠥᠮᠦᠨ ᠡᠴᠡ ᠡᠨᠡ ᠠᠭᠤᠯᠠ ᠶ᠋ᠢᠨ ᠨᠡᠷ᠎ᠡ ᠶᠠᠭᠤᠨ ᠪᠣᠢ ᠬᠡᠮᠡᠪᠡᠰᠦ ᠤᠮᠠᠷᠠᠲᠤ ᠠᠭᠤᠯᠠ ᠬᠡᠮᠡᠪᠡ᠂ ᠦᠵᠡᠪᠡᠰᠦ ᠰᠠᠢᠨ ᠭᠠᠵᠠᠷ ᠪᠣᠢ᠂ ᠡᠨᠡ ᠠᠨᠤ ᠰᠢᠯᠦᠭ ᠦ᠋ᠨ ᠠᠩᠬ᠎ᠠ ᠪᠠᠳᠠᠭ ᠯᠤᠭ᠎ᠠ ᠨᠠᠢᠯᠠᠵᠤᠬᠤᠢ᠃
ᠳᠥᠴᠢᠳᠦᠭᠡᠷ ᠲᠥᠯᠭᠡ : ᠤᠯᠠᠭᠴᠢᠨ ᠬᠠᠷᠠᠭᠴᠢᠨ᠂ ᠳᠡᠭᠡᠳᠦ ᠰᠠᠢᠨ᠂ ᠲᠥᠯᠭᠡ ᠶ᠋ᠢᠨ ᠪᠡᠯᠭᠡ ᠠᠨᠤ : ᠬᠠᠨ ᠬᠦᠩ ᠡᠤ ᠭᠦᠨ ᠶᠠᠩ ᠳ᠋ᠤᠷ ᠬᠣᠷᠢᠭᠳᠠᠭᠰᠠᠨ : ᠰᠠᠢᠨ ᠳᠦᠷᠢ ᠶ᠋ᠢ ᠰᠢᠨᠡᠳᠬᠡᠨ ᠠᠷᠢᠯᠵᠢᠵᠤ ᠣᠯᠪᠠᠢ᠂ ᠬᠥᠯ ᠦ᠋ᠨ ᠲᠣᠭᠣᠰᠣᠨ ᠢ ᠳᠠᠭᠠᠬᠤ ᠶᠠᠭᠤᠨ ᠬᠡᠷᠡᠭ᠂ ᠴᠢᠬᠢ ᠶ᠋ᠢᠨ ᠳᠡᠷᠭᠡᠳᠡ ᠴᠢᠮᠡᠭᠡ ᠢᠷᠡᠪᠡ ᠭᠡᠮᠡᠨ ᠰᠣᠨᠣᠰᠤᠭᠠᠳ᠂ ᠪᠡᠷᠬᠡ ᠶ᠋ᠢ ᠲᠤᠭᠤᠯᠵᠤ ᠲᠣᠭᠣᠰᠣᠨ ᠠᠮᠤᠷ ᠲᠡᠷᠭᠡᠭᠦᠷ ᠢ ᠦᠵᠡᠮᠦᠢ᠃
ᠪᠣᠭᠳᠠ ᠶ᠋ᠢᠨ ᠲᠠᠭᠠᠯᠠᠯ : ᠨᠡᠷ᠎ᠡ ᠡᠴᠦᠰ ᠲᠦ᠍ᠷ ᠪᠦᠲᠦᠮᠦᠢ᠂ ᠵᠠᠷᠭᠤ ᠵᠠᠭᠠᠯᠢ ᠢᠯᠭᠤᠮᠤᠢ᠂ ᠵᠢᠷᠮᠦᠰᠦᠨ ᠪᠥᠭᠡᠰᠦ ᠬᠥᠪᠡᠭᠦᠨ ᠬᠥᠩᠭᠡᠮᠵᠢᠮᠦᠢ᠂ ᠡᠪᠡᠳᠴᠢᠨ ᠢ ᠰᠠᠬᠢᠰᠤᠭᠠᠢ᠂ ᠶᠠᠪᠤᠳᠠᠯ ᠤ᠋ᠨ ᠬᠥᠮᠦᠰ ᠢᠷᠡᠮᠦᠢ᠂ ᠤᠷᠤᠭ ᠪᠣᠯᠪᠠᠰᠤ ᠲᠣᠭᠲᠠᠮᠤᠢ᠂ ᠬᠡᠷᠡᠭ ᠤᠳᠠᠭᠠᠨ᠂ ᠭᠡᠷ ᠨᠤᠲᠤᠭ ᠰᠠᠢᠨ ᠦᠯᠡᠮᠵᠢ ᠪᠠᠶᠠᠷ ᠴᠡᠩᠭᠡᠯ ᠪᠣᠢ᠃
ᠲᠠᠢᠯᠪᠤᠷᠢ ᠥᠭᠦᠯᠡᠯ: ᠡᠨᠡ ᠲᠥᠯᠭᠡ ᠳ᠋ᠦ᠍ᠷ ᠰᠠᠨᠠᠭᠰᠠᠨ ᠬᠡᠷᠡᠭ ᠬᠤᠪᠢᠯᠪᠠᠰᠤ ᠰᠠᠢᠨ ᠪᠤᠰᠤᠳ ᠤ᠋ᠨ ᠬᠢ ᠶ᠋ᠢ ᠪᠢᠲᠡᠭᠡᠢ ᠰᠣᠨᠣᠰᠤᠭᠲᠤᠨ᠂ ᠨᠡᠷ᠎ᠡ ᠤᠳᠠᠭᠠᠨ ᠪᠦᠲᠦᠬᠦ ᠵᠠᠷᠭᠤᠯᠪᠠᠰᠤ ᠣᠯᠤᠮᠤᠢ᠂ ᠵᠢᠷᠮᠦᠰᠦᠨ ᠬᠥᠪᠡᠭᠦᠨ ᠬᠥᠩᠭᠡᠵᠢᠮᠦᠢ᠂ ᠡᠪᠡᠳᠴᠢᠨ ᠦᠭᠡᠢ ᠶ᠋ᠢ ᠪᠠᠲᠤᠯᠠᠮᠤ᠂ ᠶᠠᠪᠤᠳᠠᠯ ᠤ᠋ᠨ ᠬᠥᠮᠦᠨ ᠪᠤᠴᠠᠪᠠ᠃ ᠤᠷᠤᠭ ᠲᠣᠭᠲᠠᠪᠠᠰᠤ ᠵᠣᠬᠢᠮᠤ᠂ ᠠᠯᠢᠪᠠ ᠬᠡᠷᠡᠭ ᠤᠳᠠᠭᠠᠨ ᠳ᠋ᠠᠭᠠᠨ ᠦᠯᠡᠮᠵᠢ ᠪᠠᠶᠠᠷ ᠪᠣᠢ᠃
ᠰᠠᠨᠠᠭ᠎ᠠ ᠲᠠᠢᠯᠤᠭᠰᠠᠨ : ᠵᠠᠭᠤᠨ ᠵᠦᠢᠯ ᠦ᠋ᠨ ᠬᠡᠷᠡᠭ ᠦ᠋ᠨ ᠳᠦᠷᠢᠮ ᠡᠭᠡᠨᠡᠭᠲᠡ ᠬᠤᠪᠢᠯᠪᠠᠰᠤ ᠰᠠᠢᠨ᠂ ᠨᠡᠷ᠎ᠡ ᠠᠰᠢᠭ ᠤᠳᠠᠭᠠᠨ ᠠᠯᠢᠪᠠ ᠬᠡᠷᠡᠭ ᠪᠡᠷᠬᠡ ᠬᠠᠲᠠᠭᠤᠵᠢᠯ ᠢ ᠠᠮᠰᠠᠪᠠᠰᠤ ᠡᠷᠬᠡᠪᠰᠢ ᠪᠠᠲᠤᠯᠠᠨ ᠰᠣᠩᠭᠣᠭᠳᠠᠬᠤ᠂ ᠬᠣᠭᠣᠰᠣᠨ ᠣᠭᠲᠠᠷᠭᠤᠢ ᠳ᠋ᠤ᠌ ᠳᠡᠭᠡᠭᠰᠢ ᠳᠡᠭᠳᠡᠭᠰᠡᠨ ᠮᠡᠲᠦ᠂ ᠲᠡᠪᠰᠢᠬᠦ ᠵᠠᠷᠯᠢᠭ ᠢ ᠣᠯᠬᠤ᠂ ᠬᠢᠯᠪᠠᠷ ᠵᠠᠮ ᠢᠶᠠᠷ ᠶᠠᠪᠤᠬᠤ ᠮᠡᠲᠦ ᠦᠵᠡᠭᠦᠯᠦᠭᠴᠢᠳ ᠬᠤᠪᠢ ᠪᠠᠨ ᠰᠠᠬᠢᠬᠤ ᠠ᠋ᠴᠠ ᠪᠤᠰᠤ ᠪᠤᠰᠤᠳ ᠤ᠋ᠨ ᠰᠠᠢᠨ ᠮᠠᠭᠤ ᠭᠡᠮ ᠢ ᠰᠣᠨᠣᠰᠪᠠᠰᠤ ᠬᠠᠷᠢᠨ ᠴᠤ᠌ ᠵᠣᠪᠠᠯᠠᠩ ᠢ ᠠᠮᠰᠠᠮᠤᠢ᠂ ᠠᠩᠬᠠᠨ ᠳ᠋ᠤᠷ ᠥᠬᠢᠨ ᠳᠠᠷᠠᠭ᠎ᠠ ᠬᠥᠪᠡᠭᠦᠨ ᠬᠥᠩᠭᠡᠵᠢᠮᠦ᠂ ᠥᠪᠡᠷ ᠢ ᠢᠳᠡᠭᠡᠪᠰᠦ ᠥᠯᠵᠡᠢ ᠲᠡᠢ᠂ ᠪᠤᠰᠤᠳ ᠢ ᠬᠡᠷᠡᠭᠯᠡᠪᠡᠰᠦ ᠮᠠᠭᠤ᠃
ᠪᠡᠯᠭᠡ ᠶ᠋ᠢᠨ ᠳᠣᠬᠢᠶᠠᠯᠳᠤᠪᠤᠷᠢ᠄ ᠨᠢᠭᠡᠨ ᠪᠢᠴᠢᠭ ᠦ᠋ᠨ ᠬᠥᠮᠦᠨ ᠨᠠᠨᠵᠢᠩ ᠬᠤᠲᠠᠨ᠎ᠠ ᠲᠦᠰᠢᠮᠡᠯ ᠳ᠋ᠦ᠍ᠷ ᠭᠣᠷᠢᠳᠠᠨ ᠤᠳᠤᠭᠠᠳ ᠦᠵᠡᠭᠦᠯᠪᠡᠰᠦ ᠡᠨᠡ ᠲᠥᠯᠭᠡ ᠪᠠᠭᠤᠵᠤᠬᠤᠢ᠂ ᠲᠡᠨᠳᠡᠴᠡ ᠰᠠᠳᠤᠷ ᠡᠬᠡᠨᠡᠷ ᠲᠣᠷ ᠶᠠᠪᠤᠭᠰᠠᠭᠠᠷ ᠬᠠᠮᠤᠭ ᠡᠳ᠋ ᠢ᠋ᠶ᠋ᠡᠨ ᠰᠦᠢᠳᠬᠡᠵᠦ ᠬᠡᠷᠡᠭ ᠠᠨᠤ ᠪᠦᠲᠦᠭᠰᠡᠨ ᠦᠭᠡᠢ᠂ ᠬᠣᠵᠢᠮ ᠬᠸᠡᠭ ᠣᠣᠪᠣᠭᠲᠤ ᠬᠥᠮᠦᠨ ᠳ᠋ᠦ᠍ ᠤᠴᠠᠷᠠᠵᠤ ᠥᠴᠦᠬᠡᠨ ᠬᠠᠷᠠᠭᠠᠯᠵᠠᠨ ᠰᠢᠦᠽᠠᠢ ᠶ᠋ᠢᠨ ᠵᠡᠷᠭᠡ ᠪᠡᠷ ᠰᠢᠯᠭᠠᠵᠤ ᠵᠢᠦᠢ ᠷᠸᠠ ᠣᠯᠪᠠ᠂ ᠡᠨᠡ ᠠᠨᠤ ᠰᠢᠯᠦᠭ ᠦ᠋ᠨ ᠬᠣᠢᠲᠤ ᠭᠤᠷᠪᠠᠨ ᠦᠭᠡᠰ ᠯᠤᠭ᠎ᠠ ᠲᠣᠬᠢᠶᠠᠯᠳᠤᠵᠤᠬᠤᠢ᠃
