ᠪᠢ ᠪᠠᠭᠰᠢ ᠬᠥᠮᠦᠨ - ᠴᠣ ᠂ ᠣᠷᠱᠤᠨ Би багш хүн – Чо ᠂ Оршин ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠢ ᠪᠠᠭᠰᠢ ᠬᠥᠮᠦᠨ - ᠴᠣ ᠂ ᠣᠷᠱᠤᠨ Би багш хүн – Чо ᠂ Оршин

ᠪᠢ ᠪᠠᠭᠰᠢ ᠬᠥᠮᠦᠨ - ᠴᠣ ᠂ ᠣᠷᠱᠤᠨ Би багш хүн – Чо ᠂ Оршин

2024-05-05

299

ᠪᠢ ᠪᠠᠭᠰᠢ ᠬᠥᠮᠦᠨ


 ᠥᠰᠴᠦ ᠪᠣᠢᠵᠢᠬᠤ ᠳ᠋ᠠᠭᠠᠨ  
     ᠤᠷᠭ᠎ᠠ ᠲᠤᠯᠵᠤ 
 ᠥᠰᠪᠥᠷᠢ ᠨᠠᠰᠤᠨ ᠳ᠋ᠠᠭᠠᠨ 
     ᠦᠵᠦᠭ ᠪᠠᠷᠢᠵᠤ 
 ᠥᠷᠨᠢᠬᠦ ᠦᠶ᠎ᠡ ᠳ᠋ᠡᠭᠡᠨ 
     ᠪᠢᠴᠢᠭ ᠱᠠᠭᠠᠢᠭᠰᠠᠨ  
ᠪᠢ ᠶᠡᠷᠦ ᠨᠢ  
     ᠲᠠᠯ᠎ᠠ ᠶ᠋ᠢᠨ ᠮᠠᠯᠴᠢᠨ ᠤ᠋ ᠬᠥᠪᠡᠭᠦᠨ ᠦᠷ᠎ᠡ  
     ᠲᠠᠨᠢᠯ ᠨᠢᠭᠡᠨ  ᠪᠠᠭᠰᠢ ᠬᠥᠮᠦᠨ᠃  

 ᠡᠴᠢᠭᠡ ᠡᠬᠡ ᠨᠢ ᠲᠤᠰᠢᠶᠠᠭᠰᠠᠨ ᠬᠡᠦᠬᠡᠳ ᠲᠦ᠍ 
 ᠡᠬᠡᠰᠢᠭ ᠨᠢᠳᠦᠯᠡᠭᠦᠯᠬᠦ ᠭᠡᠵᠦ  
 ᠡᠷᠬᠡᠯᠡᠵᠦ ᠰᠠᠷᠪᠠᠢᠭᠰᠠᠨ ᠡᠷᠲᠡᠭᠡᠷ ᠬᠤᠷᠤᠭᠤᠳ ᠢ᠋ 
 ᠡᠪᠲᠡᠢ ᠪᠣᠯᠭᠠᠬᠤ ᠭᠡᠵᠦ 
 ᠠᠯᠮᠠᠢᠷᠠᠭᠰᠠᠨ ᠨᠢᠭᠡᠨ ᠳ᠋ᠦ᠍ᠨᠢ ᠠᠩᠬᠠᠷᠤᠯ ᠲᠠᠯᠪᠢᠵᠤ  
 ᠠᠭᠠᠯᠢᠭᠦᠢᠳᠡᠭᠰᠡᠨ ᠨᠥᠭᠦᠭᠡ ᠳ᠋ᠦ᠍ ᠠᠰᠠᠭᠤᠯᠲᠠ ᠣᠨᠣᠭᠠᠵᠤ 
 ᠴᠠᠭ ᠮᠥᠴᠡ ᠲᠡᠢ ᠣᠷᠣᠯᠳᠣᠳᠠᠭ ᠮᠢᠨᠢ ᠶᠠᠭᠤ?   
 ᠴᠠᠭᠠᠰᠤ ᠪᠢᠷ ᠲᠡᠢ ᠨᠥᠬᠥᠴᠡᠳᠡᠭ ᠮᠢᠨᠢ ᠶᠠᠭᠤᠨ?  

 ᠠᠪᠢᠶ᠎ᠠ ᠦᠰᠦᠭ ᠢ᠋ ᠠᠴᠤᠭ ᠢ᠋ᠶ᠋ᠠᠷ ᠵᠢᠭᠠᠵᠤ 
 ᠠᠷᠠᠪ ᠲᠣᠭ᠎ᠠ ᠶ᠋ᠢ ᠳᠦᠷᠰᠦ ᠪᠡᠷ ᠬᠡᠯᠡᠵᠦ  
 ᠣᠨ ᠬᠤᠭᠤᠴᠠᠭ᠎ᠠ ᠶ᠋ᠢ ᠤᠯᠠᠷᠢᠭᠤᠯᠤᠨ ᠥᠩᠭᠡᠷᠡᠭᠡᠵᠦ  
 ᠣᠯᠠᠨ ᠬᠡᠦᠬᠡᠳ ᠦ᠋ᠨ ᠬᠠᠷᠠᠭ᠎ᠠ ᠶ᠋ᠢ ᠬᠣᠯᠠᠳᠬᠠᠬᠤ ᠳ᠋ᠤ᠌  

 ᠨᠠᠷᠭᠢᠮ᠎ᠠ ᠡᠷᠡᠨ ᠮᠢᠨᠢ ᠬᠡᠳᠦᠢᠨᠡᠢ ᠣᠳᠴᠤ  
 ᠨᠠᠮᠤᠷ ᠤ᠋ᠨ ᠬᠢᠷᠠᠭᠤ ᠦᠰᠦᠨ ᠳ᠋ᠦ᠍ ᠪᠠᠭᠤᠵᠤ 
 ᠣᠶᠤᠨ ᠤ᠋ ᠰᠢᠮ᠎ᠡ ᠪᠡᠨ ᠲᠡᠳᠡᠨ ᠳ᠋ᠦ᠍ ᠶᠡᠭᠦᠯᠡᠵᠦ 
 ᠣᠭᠲᠠᠷᠭᠤᠢ ᠳᠦᠭᠦᠷᠡᠩ ᠣᠳᠣᠨ ᠲᠦᠭᠡᠭᠡᠵᠡᠢ᠃ 

 ᠡᠬᠡ ᠣᠷᠣᠨ ᠮᠢᠨᠢ ᠥᠨᠢᠳᠡ ᠥᠲᠡᠯᠬᠦ ᠦᠭᠡᠢ 
 ᠦᠢᠯᠡᠰ ᠢᠷᠡᠭᠡᠳᠦᠢ ᠥᠭᠡᠳᠡᠷᠬᠡᠭ ᠭᠡᠳᠡᠭ ᠲᠦ᠍ 
 ᠡᠷᠳᠡᠮ ᠢ᠋ᠶ᠋ᠡᠷ ᠰᠡᠯᠪᠢᠬᠦ ᠤᠬᠠᠭᠠᠨ ᠰᠣᠢᠭᠰᠠᠨ  
 ᠡᠷᠡᠨ ᠢ᠋ᠶ᠋ᠡᠷ ᠵᠠᠭᠠᠭᠯᠠᠬᠤ ᠮᠡᠳᠡᠭᠡ ᠰᠤᠷᠭᠠᠭᠰᠠᠨ  

 ᠡᠩ ᠦ᠋ᠨ ᠪᠠᠭᠰᠢ ᠶ᠋ᠢᠨ ᠠᠯᠳᠠᠷ ᠬᠦᠨᠳᠦ ᠶ᠋ᠢ  
 ᠡᠷᠬᠢᠮ ᠬᠥᠳᠡᠯᠮᠦᠷᠢ ᠶ᠋ᠢᠨ ᠦᠨ᠎ᠡ ᠴᠠᠨ᠎ᠠ ᠶ᠋ᠢ  
 ᠪᠤᠭᠤᠷᠤᠯ ᠮᠥᠷ ᠨᠠᠮᠲᠠᠷ ᠬᠠᠢᠯᠠᠵᠤ 
 ᠪᠣᠳᠠᠭᠠᠯᠢ ᠴᠢᠨᠠᠷ ᠨᠢᠳᠡᠷ ᠢ᠋ᠶ᠋ᠡᠷ ᠲᠡᠮᠳᠡᠭᠯᠡᠨ᠎ᠡ᠃ 

 ᠥᠰᠴᠦ ᠪᠣᠢᠵᠢᠬᠤ ᠳ᠋ᠠᠭᠠᠨ 
      ᠤᠷᠭ᠎ᠠ ᠲᠤᠯᠵᠤ 
 ᠥᠰᠪᠥᠷᠢ ᠨᠠᠰᠤᠨ ᠳ᠋ᠠᠭᠠᠨ 
      ᠦᠵᠦᠭ ᠲᠦᠰᠢᠵᠦ 
 ᠥᠷᠨᠢᠬᠦ ᠦᠶ᠎ᠡ ᠳ᠋ᠡᠭᠡᠨ 
      ᠪᠢᠴᠢᠭ ᠱᠠᠭᠠᠢᠭᠰᠠᠨ  
 ᠪᠢ ᠶᠡᠷᠦ ᠨᠢ  
      ᠲᠠᠯ᠎ᠠ ᠶ᠋ᠢᠨ ᠮᠠᠯᠴᠢᠨ ᠤ᠋ ᠬᠥᠪᠡᠭᠦᠨ ᠦᠷ᠎ᠡ  
      ᠲᠠᠨᠢᠯ ᠨᠢᠭᠡᠨ  ᠪᠠᠭᠰᠢ ᠬᠥᠮᠦᠨ᠃ 

  ᠢᠷᠡᠯᠲᠡ᠄· ᠴᠣ· ᠣᠷᠱᠤᠨ ᠤ᠋《 ᠮᠠᠯᠴᠢᠨ ᠬᠥᠮᠦᠨ ᠦ᠌ ᠳᠠᠭᠤᠤ》 ᠨᠣᠮ ᠠ᠋ᠴᠠ ᠡᠰᠢᠯᠡᠪᠡ᠃
           ᠦᠰᠦᠭ ᠠᠮᠢᠯᠠᠭᠤᠯᠤᠭᠴᠢ᠄ ᠪᠠᠶᠠᠷᠴᠡᠴᠡᠭ 
               2024 04 27