ᠮᠣᠩᠭᠣᠯ ᠶᠥᠷᠬᠥᠭ Монгол ерхөг

ᠮᠣᠩᠭᠣᠯ ᠶᠥᠷᠬᠥᠭ
ᠦᠶᠡᠲᠦ ᠤᠷᠭᠤᠮᠠᠯ ᠤ᠋ᠨ ᠢᠵᠠᠭᠤᠷ
ᠣᠯᠠᠨ ᠨᠠᠰᠤᠲᠤ ᠡᠪᠡᠰᠦᠯᠢᠭ ᠤᠷᠭᠤᠮᠠᠯ᠂ ᠦᠨᠳᠦᠰᠦᠯᠢᠭ ᠡᠰᠢ ᠲᠡᠢ᠃ ᠰᠠᠬᠠᠯ ᠦᠨᠳᠦᠰᠦ ᠨᠢ ᠠᠷᠪᠢᠨ ᠮᠥᠷᠲᠡᠭᠡᠨ ᠤᠷᠲᠤ᠂ ᠡᠯᠡᠰᠦᠨ ᠲᠣᠭᠳᠣᠢ ᠲᠠᠢ᠃ ᠰᠦᠷᠡᠯ ᠨᠢ ᠴᠥᠭᠡᠬᠡᠨ ᠢ᠋ᠶ᠋ᠡᠷ ᠪᠤᠲᠠᠯᠠᠵᠤ ᠤᠷᠭᠤᠨ᠎ᠠ᠂20—60cm ᠥᠨᠳᠥᠷ᠂2—3 ᠦᠶ᠎ᠡ ᠲᠡᠢ ᠪᠠ ᠦᠶ᠎ᠡ ᠨᠢ ᠶᠡᠷᠦ ᠳ᠋ᠡᠭᠡᠨ ᠡᠪᠦᠳᠦᠭ ᠰᠢᠭ ᠮᠤᠷᠤᠢ ᠪᠠᠢᠳᠠᠭ; ᠵᠠᠷᠢᠮ ᠳ᠋ᠠᠭᠠᠨ ᠡᠰᠢᠨ ᠦ᠌ ᠤᠵᠠᠭᠤᠷ ᠬᠡᠰᠡᠭ ᠨᠢ ᠬᠡᠪᠲᠡᠭᠡ ᠤᠷᠭᠤᠵᠤ ᠦᠶ᠎ᠡ ᠡᠴᠡ ᠨᠢ ᠦᠨᠳᠦᠰᠦ ᠬᠠᠳᠬᠤᠨ᠎ᠠ᠃ ᠨᠠᠪᠴᠢᠨ ᠤ᠋ ᠲᠣᠭᠳᠣᠢ ᠨᠢ ᠡᠰᠢ ᠪᠡᠨ ᠴᠢᠩᠭ᠎ᠠ ᠪᠠᠭᠯᠠᠵᠤ ᠪᠣᠢ᠂ ᠦᠶ᠎ᠡ ᠶ᠋ᠢᠨ ᠵᠠᠢ ᠠ᠋ᠴᠠ ᠪᠠᠨ ᠣᠬᠣᠷ; ᠨᠠᠪᠴᠢ ᠨᠢ10—15cm ᠤᠷᠲᠤ᠂2—3mm ᠥᠷᠭᠡᠨ᠂ ᠦᠰᠦ ᠦᠭᠡᠢ᠂ ᠳᠣᠲᠣᠭᠰᠢ ᠬᠤᠮᠢᠷᠠᠭᠠᠳ ᠵᠡᠭᠦᠦ ᠬᠡᠯᠪᠡᠷᠢ ᠲᠡᠢ ᠪᠣᠯᠳᠠᠭ᠃ ᠲᠦᠷᠦᠭᠦᠦ ᠬᠡᠯᠪᠡᠷᠢᠲᠦ ᠪᠠᠭ ᠴᠡᠴᠡᠭ ᠨᠢ3—9nm ᠤᠷᠲᠤ᠂5—7mm ᠥᠷᠭᠡᠨ; ᠲᠦᠷᠦᠭᠦᠦ ᠶ᠋ᠢᠨ ᠲᠡᠩᠭᠡᠯᠢᠭ ᠦ᠋ᠨ ᠦᠶ᠎ᠡ ᠶ᠋ᠢᠨ ᠵᠠᠢ ᠨᠢ ᠶᠡᠷᠦ ᠳ᠋ᠡᠭᠡᠨ3—5cm ᠤᠷᠲᠤ; ᠵᠢᠵᠢᠭ ᠲᠦᠷᠦᠭᠦᠦ ᠨᠢ8—14cm ᠤᠷᠲᠤ᠂3—5mm ᠥᠷᠭᠡᠨ᠂3—8 ᠴᠡᠴᠡᠭ ᠳᠡᠯᠭᠡᠷᠡᠨ᠎ᠡ; ᠬᠠᠯᠢᠰᠤ ᠨᠢ3—5 ᠰᠤᠳᠠᠯ ᠲᠠᠢ᠂ ᠨᠢᠮᠭᠡᠨ ᠬᠥᠪᠡᠭᠡ ᠲᠡᠢ; ᠨᠢᠭᠡᠳᠦᠭᠡᠷ ᠬᠠᠯᠢᠰᠤ ᠨᠢ3—6mm ᠤᠷᠲᠤ᠂ ᠬᠣᠶᠠᠳᠤᠭᠠᠷ ᠬᠠᠯᠢᠰᠤ ᠨᠢ4—7mm ᠤᠷᠲᠤ; ᠭᠠᠳᠠᠷ ᠬᠡᠪᠡᠭ ᠲᠠᠪᠤᠨ ᠰᠤᠳᠠᠯ ᠲᠠᠢ᠂ ᠦᠰᠦ ᠦᠭᠡᠢ ᠪᠤᠶᠤ ᠵᠢᠵᠢᠭ ᠦᠰᠦ ᠲᠡᠢ᠂ ᠨᠢᠮᠭᠡᠨ ᠬᠥᠪᠡᠭᠡ ᠲᠡᠢ; ᠳᠣᠲᠣᠷ ᠬᠡᠪᠡᠭ ᠨᠢ ᠭᠠᠳᠠᠷ ᠬᠡᠪᠡᠭ ᠡᠴᠡ ᠪᠡᠨ ᠪᠠᠬᠠᠨ ᠣᠬᠣᠷ ᠣᠬᠣᠷ ᠪᠤᠶᠤ ᠢᠵᠠᠯ ᠤᠷᠲᠤ᠂ ᠠᠷᠤ ᠶ᠋ᠢᠨ ᠭᠣᠣᠯ ᠰᠤᠳᠠᠯ ᠳ᠋ᠤᠨᠢ ᠰᠢᠷᠬᠡᠭ ᠮᠡᠲᠦ ᠦᠰᠦ ᠲᠡᠢ; ᠲᠣᠭᠣᠰᠣᠪᠴᠢ ᠨᠢ ᠰᠢᠷᠠᠪᠲᠤᠷ ᠪᠤᠶᠤ ᠴᠠᠭᠠᠪᠲᠤᠷ᠂3—4.5mm ᠤᠷᠲᠤ; ᠤᠮᠠᠢ ᠶ᠋ᠢᠨ ᠬᠢᠨᠢ ᠣᠷᠣᠢ ᠳ᠋ᠤ᠌ ᠦᠰᠦ ᠲᠡᠢ᠃ ᠠᠮᠤ ᠵᠢᠮᠢᠰ ᠵᠤᠤᠪᠠᠩ᠂4mm ᠣᠷᠴᠢᠮ ᠤᠷᠲᠤ᠃
ᠭᠠᠩ ᠬᠠᠭᠤᠷᠠᠢ ᠬᠡᠭᠡᠷ᠎ᠡ ᠲᠠᠯ᠎ᠠ᠂ ᠡᠯᠡᠰᠦᠷᠬᠡᠭ ᠭᠠᠵᠠᠷ ᠳᠤ ᠤᠷᠭᠤᠨ᠎ᠠ᠃
ᠮᠠᠨ ᠤ᠋ ᠤᠯᠤᠰ ᠤ᠋ᠨ ᠥᠪᠥᠷ ᠮᠣᠩᠭᠣᠯ᠂ ᠱᠠᠨᠰᠢ ᠵᠡᠷᠭᠡ ᠮᠣᠵᠢ ᠣᠷᠣᠨ ᠳ᠋ᠤ᠌ ᠤᠷᠭᠤᠳᠠᠭ ᠪᠡᠯᠴᠢᠭᠡᠷ ᠦ᠋ᠨ ᠡᠪᠡᠰᠦ ᠮᠥᠨ᠃
ᠬᠢᠲᠠᠳ ᠨᠡᠷ᠎ᠡ᠄沙芦草
ᠠᠩᠭ᠌ᠯᠢ ᠨᠡᠷ᠎ᠡ᠄Agropyron monglicum Keng
ᠦᠰᠦᠭ ᠠᠮᠢᠯᠠᠭᠤᠯᠤᠭᠴᠢ᠄ ᠫᠣ ·ᠴᠠᠭᠠᠨ
ᠬᠢᠨᠠᠭᠴᠢ᠄ ᠲᠤᠶᠠᠭ᠎ᠠ
