ᠲᠠᠮᠠᠴᠢ ᠶ᠋ᠢᠨ ᠶᠡᠬᠡ ᠲᠠᠯ᠎ᠠ- ᠶᠣ᠂ ᠡᠷᠳᠡᠨᠢᠲᠣᠭᠲᠠᠬᠤТамцийн их тал-Ё Эрдэнэтогтох
ᠲᠠᠮᠠᠴᠢ ᠶ᠋ᠢᠨ ᠶᠡᠬᠡ ᠲᠠᠯ᠎ᠠ
ᠶᠣ᠂ ᠡᠷᠳᠡᠨᠢᠲᠣᠭᠲᠠᠬᠤ
ᠲᠠᠯ᠎ᠠ ᠰᠢᠭ᠋ ᠲᠠᠯ᠎ᠠ ᠲᠡᠮᠡᠴᠢ ᠶ᠋ᠢᠨ ᠶᠡᠬᠡ ᠲᠠᠯ᠎ᠠ
ᠲᠠᠯᠪᠢᠭᠤᠨ ᠲᠡᠪᠴᠢᠶᠡᠷᠢ ᠲᠡᠢ ᠪᠠᠢᠬᠤ ᠶ᠋ᠢᠨ ᠭᠦᠨ ᠤᠬᠠᠭᠠᠨ ᠤ᠋ ᠲᠠᠯ᠎ᠠ
ᠲᠠᠯ᠎ᠠ ᠶ᠋ᠢᠨ ᠲᠠᠯ᠎ᠠ ᠲᠡᠮᠡᠴᠢ ᠶ᠋ᠢᠨ ᠶᠡᠬᠡ ᠲᠠᠯ᠎ᠠ
ᠳᠠᠶᠠᠩ ᠳᠡᠯᠡᠬᠡᠢ ᠶ᠋ᠢ ᠠᠭᠤᠵᠢᠷᠠᠭᠤᠯᠤᠭᠰᠠᠨ ᠭᠦᠨᠵᠡᠭᠡᠢ ᠠᠮᠢᠰᠬᠤᠯᠲᠤ ᠲᠠᠯ᠎ᠠ
ᠣᠳᠣᠨ ᠴᠡᠩᠬᠡᠷ ᠪᠥᠮᠪᠥᠷᠴᠡᠭ ᠮᠢᠨᠢ ᠡᠬᠢᠯᠡᠨ ᠲᠣᠭᠲᠠᠨᠢᠬᠤ ᠳ᠋ᠤ᠌
ᠣᠷᠣᠨ ᠵᠠᠢ ᠶ᠋ᠢ ᠨᠢ ᠲᠡᠯᠡᠵᠦ ᠥᠭᠭᠦᠭᠰᠡᠨ ᠤᠴᠢᠷ ᠲᠠᠢ ᠲᠠᠯ᠎ᠠ
ᠬᠥᠬᠡ ᠲᠩᠷᠢ ᠲᠡᠷᠡ ᠴᠢᠭ ᠢ᠋ᠶ᠋ᠡᠷ ᠢ᠋ᠶ᠋ᠡᠨ ᠭᠠᠵᠠᠷ ᠲᠤ᠌ ᠪᠠᠭᠤᠭᠰᠠᠨ ᠶᠤᠮ ᠰᠢᠭ᠋
ᠬᠥᠬᠡᠷᠡᠨ ᠨᠡᠯᠦᠢᠬᠦ ᠳᠠᠯᠠᠢ ᠪᠠᠷ ᠳᠠᠪᠠᠯᠭᠠᠯᠠᠵᠤ ᠪᠠᠢᠭᠰᠠᠨ ᠲᠠᠯ᠎ᠠ
ᠮᠥᠰᠥᠲᠥᠯ ᠦ᠋ᠨ ᠭᠠᠯᠪᠠ ᠶ᠋ᠢᠨ ᠶᠡᠭᠦᠷᠡᠭᠰᠡᠨ ᠶᠡᠬᠡ ᠭᠠᠮᠰᠢᠭ ᠲᠤ᠌
ᠮᠥᠬᠥᠯ ᠦᠭᠡᠢ ᠲᠠᠯᠪᠢᠭᠤᠨ ᠴᠢᠭ ᠢ᠋ᠶ᠋ᠡᠷ ᠢ᠋ᠶ᠋ᠡᠨ ᠦᠯᠡᠳᠡᠭᠰᠡᠨ ᠲᠠᠯ᠎ᠠ
ᠮᠥᠷᠡᠨ ᠳᠠᠯᠠᠢ ᠴᠠᠯᠭᠢᠭᠤᠯᠵᠤ ᠪᠠᠢᠭᠰᠠᠨ ᠣᠮᠣᠭᠯᠠᠩ ᠲᠡᠦᠬᠡ ᠪᠡᠨ
ᠮᠥᠨ ᠴᠦ᠍ ᠣᠯᠠᠨ ᠢᠷᠮᠡᠭ ᠴᠠᠪᠴᠢᠷ ᠢ᠋ᠶ᠋ᠠᠷ ᠢ᠋ᠶ᠋ᠠᠨ ᠥᠩᠭᠡᠢᠭᠰᠡᠨ ᠲᠠᠯ᠎ᠠ
ᠥᠯᠭᠡ ᠬᠦᠷᠪᠡᠯ ᠦ᠋ᠨ ᠵᠡᠭᠦᠳᠦ ᠬᠥᠷᠥᠰᠥᠨ ᠳᠣᠣᠷ᠎ᠠ ᠨᠢ ᠮᠠᠨᠠᠭᠳᠠᠭᠠᠳ
ᠥᠨᠢ ᠢᠵᠠᠭᠤᠷ ᠤ᠋ᠨ ᠪᠤᠭᠤᠷᠤᠯ ᠳᠣᠮᠣᠭ ᠢ᠋ᠶ᠋ᠠᠷ ᠠᠮᠢᠰᠬᠤᠭᠰᠠᠨ ᠲᠠᠯ᠎ᠠ
ᠴᠡᠭᠡᠵᠢᠨ ᠦ᠌ ᠬᠢᠨᠢ ᠭᠦᠨ ᠳ᠋ᠦ᠍ ᠡᠷᠲᠡᠨ ᠦ᠌ ᠭᠣᠣᠯ ᠨᠢᠭᠤᠭᠳᠠᠨ ᠤᠨᠳᠤᠷᠤᠭᠠᠳ
ᠴᠢᠭᠢᠭᠯᠢᠭ ᠴᠡᠩᠬᠡᠷ ᠵᠡᠷᠭᠡᠯᠭᠡᠨ ᠬᠤᠪᠢᠯᠵᠤ ᠮᠢᠷᠠᠯᠵᠠᠨ ᠬᠠᠲᠠᠷᠢᠭᠰᠠᠨ ᠲᠠᠯ᠎ᠠ
ᠡᠷᠲᠡᠨ ᠦ᠌ ᠳᠡᠭᠡᠳᠦᠰ ᠮᠢᠨᠢ ᠠᠩᠬ᠎ᠠ ᠡᠨᠳᠡ ᠲᠤᠬᠠᠯᠠᠨ ᠰᠠᠭᠠᠳᠠᠭᠠᠳ
ᠡᠭᠦᠯᠡᠨ ᠬᠥᠬᠡ ᠪᠢᠯᠡᠭᠦᠦ ᠪᠡᠷ ᠨᠢ ᠤᠬᠠᠭᠠᠨ ᠢ᠋ᠶ᠋ᠠᠨ ᠢᠷᠯᠡᠭᠰᠡᠨ ᠲᠠᠯ᠎ᠠ
ᠡᠯᠢᠭᠡᠨ ᠬᠦᠷᠡᠩ ᠬᠠᠳᠠ ᠶ᠋ᠢ ᠨᠢ ᠰᠦᠭ ᠵᠢᠷᠤᠭ ᠢ᠋ᠶ᠋ᠠᠷ ᠬᠠᠶᠢᠭᠯᠠᠵᠤ
ᠡᠳᠦᠭᠡ ᠶ᠋ᠢᠨ ᠪᠢᠳᠡᠨ ᠳ᠋ᠦ᠍ ᠢᠯᠡᠭᠡᠭᠰᠡᠨ ᠡᠷᠳᠡᠮ ᠦ᠋ᠨ ᠴᠠᠳᠢᠭ ᠲᠠᠢ ᠲᠠᠯ᠎ᠠ
ᠲᠠᠯ᠎ᠠ ᠰᠢᠭ᠋ ᠲᠠᠯ᠎ᠠ ᠲᠡᠮᠡᠴᠢ ᠶ᠋ᠢᠨ ᠶᠡᠬᠡ ᠲᠠᠯ᠎ᠠ
ᠲᠠᠯᠪᠢᠭᠤᠨ ᠬᠦᠴᠦᠷᠬᠡᠭ ᠪᠠᠢᠬᠤ ᠶ᠋ᠢᠨ ᠭᠦᠨ ᠤᠬᠠᠭᠠᠨ ᠤ᠋ ᠲᠠᠯ᠎ᠠ
ᠲᠠᠯ᠎ᠠ ᠶ᠋ᠢᠨ ᠲᠠᠯ᠎ᠠ ᠲᠡᠮᠡᠴᠢ ᠶ᠋ᠢᠨ ᠶᠡᠬᠡ ᠲᠠᠯ᠎ᠠ
ᠳᠠᠶᠠᠩ ᠳᠡᠯᠡᠬᠡᠢ ᠶ᠋ᠢ ᠠᠭᠤᠵᠢᠷᠠᠭᠤᠯᠤᠭᠰᠠᠨ ᠭᠦᠨᠵᠡᠭᠡᠢ ᠠᠮᠢᠰᠬᠤᠯᠲᠤ ᠲᠠᠯ᠎ᠠ
ᠲᠡᠦᠬᠡ ᠶ᠋ᠢᠨ ᠳᠤᠷᠠᠨ ᠢ᠋ᠶ᠋ᠠᠷ ᠥᠩᠭᠡᠷᠡᠭᠰᠡᠨ ᠢ᠋ ᠨᠢ ᠲᠠᠲᠠᠵᠤ ᠬᠠᠷᠠᠪᠠᠯ
ᠲᠦᠮᠡᠨ ᠬᠦᠯᠦᠭ ᠢ᠋ᠶ᠋ᠡᠨ ᠰᠣᠢᠵᠤ ᠪᠠᠢᠭᠰᠠᠨ ᠲᠠᠮᠠᠴᠢ ᠴᠡᠷᠢᠭ ᠦ᠋ᠨ ᠲᠠᠯ᠎ᠠ
ᠠᠮᠪᠠᠭᠠᠢ ᠬᠠᠭᠠᠨ ᠤ᠋ ᠭᠡᠷᠢᠶᠡᠰ ᠢ᠋ᠶ᠋ᠡᠷ ᠪᠢᠯᠡᠭᠦᠳᠡᠭᠰᠡᠨ ᠮᠠᠬᠢᠷ ᠰᠡᠯᠡᠮ᠎ᠡ ᠪᠡᠨ ᠭᠢᠯᠠᠯᠵᠠᠭᠤᠯᠤᠭᠠᠳ
ᠠᠯᠲᠠᠨ ᠤᠯᠤᠰ ᠤ᠋ᠨ ᠪᠣᠷᠣ ᠬᠡᠷᠡᠮ ᠢ᠋ ᠦᠶᠡᠷ ᠰᠢᠭ ᠨᠤᠷᠠᠭᠠᠭᠰᠠᠨ ᠪᠠᠭᠠᠲᠤᠷᠴᠤᠳ ᠤ᠋ᠨ ᠲᠠᠯ᠎ᠠ
ᠬᠠᠭᠠᠨ ᠴᠡᠷᠢᠭ ᠦ᠋ᠨ ᠵᠢᠭᠰᠠᠭᠠᠯ ᠢ᠋ ᠬᠡᠢᠮᠣᠷᠢᠯᠠᠨ ᠪᠠᠷᠰ ᠰᠢᠭ᠋ ᠳᠠᠭᠠᠷᠢᠭᠰᠠᠨ
ᠬᠠᠷᠢᠶ᠎ᠠ ᠶᠡᠬᠡᠲᠦ ᠬᠠᠷ᠎ᠠ ᠰᠦᠯᠳᠡᠲᠦ ᠰᠥᠨᠢᠳ ᠲᠦᠮᠡᠨ ᠦ᠌ ᠲᠠᠯ᠎ᠠ
ᠡᠵᠡᠨ ᠪᠣᠭᠳᠠ ᠶ᠋ᠢᠨ ᠠᠯᠲᠠᠨ ᠱᠠᠷᠢᠯ ᠮᠣᠤ ᠶ᠋ᠢᠨ ᠬᠥᠬᠡᠪᠦᠷ ᠲᠦ᠍ ᠰᠠᠭᠠᠲᠠᠬᠤ ᠳ᠋ᠤ᠌
ᠡᠮᠭᠡᠨᠢᠯᠲᠦ ᠰᠢᠯᠦᠭ ᠢ᠋ᠶ᠋ᠡᠷ ᠢ᠋ᠶ᠋ᠡᠨ ᠭᠤᠶᠤᠨ ᠭᠠᠷᠭᠠᠭᠰᠠᠨ ᠭᠢᠯᠦᠭᠡᠨ ᠪᠠᠭᠠᠲᠤᠷ ᠤ᠋ᠨ ᠲᠠᠯ᠎ᠠ
ᠲᠠᠩᠰᠤᠭ ᠨᠤᠲᠤᠭ ᠳᠠᠷᠬᠠᠨ ᠤᠳᠤᠮ ᠢ᠋ᠶ᠋ᠠᠨ ᠬᠠᠷᠢᠲᠠᠨ ᠠ᠋ᠴᠠ ᠥᠮᠥᠭᠡᠷᠡᠨ
ᠲᠠᠩᠭᠢᠰ ᠮᠡᠷᠭᠡᠨ ᠳᠠᠢᠴᠢᠨ ᠨᠣᠶᠠᠨ ᠤ᠋ ᠪᠠᠭᠠᠲᠤᠷᠯᠠᠨ ᠲᠡᠮᠡᠴᠡᠭᠰᠡᠨ ᠲᠠᠯ᠎ᠠ
ᠲᠠᠷᠨᠢ ᠶ᠋ᠢᠨ ᠰᠢᠳᠢᠲᠡᠢ ᠨᠠᠢᠷᠠᠭ ᠢ᠋ᠶ᠋ᠠᠨ ᠳᠠᠷᠠᠰᠤ ᠲᠠᠢ ᠣᠩᠭᠣᠳ ᠢ᠋ᠶ᠋ᠠᠷ ᠬᠥᠯᠭᠡᠯᠡᠵᠦ
ᠳᠠᠶᠠᠭᠠᠷ ᠣᠯᠠᠨ ᠳ᠋ᠤ᠌ ᠪᠠᠨ ᠰᠢᠪᠰᠢᠨ ᠡᠷᠭᠦᠭᠰᠡᠨ ᠲᠣᠭᠰᠢᠨ ᠬᠤᠲᠤᠭᠲᠤ ᠶ᠋ᠢᠨ ᠲᠠᠯ᠎ᠠ
ᠰᠢᠳᠤᠷᠭᠤ ᠶ᠋ᠢ ᠱᠤᠯᠤᠵᠤ᠂ ᠱᠤᠯᠤᠮ ᠢ᠋ ᠳᠠᠬᠢᠬᠴᠢᠳ ᠤ᠋ᠨ ᠰᠥᠰᠥ ᠶ᠋ᠢ ᠬᠡᠮᠬᠡᠯᠵᠦ ᠪᠠᠢᠭᠰᠠᠨ
ᠰᠢᠯᠢ ᠶ᠋ᠢᠨ ᠰᠠᠢᠨ ᠡᠷ᠎ᠡ ᠮᠥᠩᠭᠥᠨ ᠫᠠᠪᠠᠭ· ᠳᠣᠷᠣᠢ ᠪᠠᠨᠳᠢ· ᠵᠠᠨᠢᠮᠠᠢᠳᠠᠷ ᠦ᠋ᠨ ᠦᠯᠢᠭᠡᠷ ᠳᠣᠮᠣᠭᠲᠤ ᠲᠠᠯ᠎ᠠ
ᠠᠬᠤᠢ ᠨᠤᠲᠤᠭ ᠤ᠋ᠨ ᠢ᠋ᠶ᠋ᠠᠨ ᠠᠯᠳᠠᠷ ᠨᠡᠷ᠎ᠡ ᠶ᠋ᠢ ᠠᠷᠪᠠᠨ ᠵᠦᠭ ᠲᠦ᠍ ᠳᠠᠭᠤᠷᠢᠰᠬᠠᠭᠰᠠᠨ
ᠠᠪᠤᠷᠭᠤ ᠲᠠᠪᠤᠲᠠᠢ᠂ ᠠᠷᠪᠠᠨ ᠵᠢᠷᠭᠤᠭᠠᠲᠤ ᠠᠭᠸᠠᠩᠭᠡᠨᠳᠦᠨ ᠨᠠᠷ ᠤ᠋ᠨ ᠪᠠᠷᠢᠯᠳᠤᠵᠤ ᠶᠠᠪᠤᠭᠰᠠᠨ ᠲᠠᠯ᠎ᠠ
ᠲᠠᠯ᠎ᠠ ᠰᠢᠭ᠋ ᠲᠠᠯ᠎ᠠ ᠲᠡᠮᠡᠴᠢ ᠶ᠋ᠢᠨ ᠶᠡᠬᠡ ᠲᠠᠯ᠎ᠠ
ᠲᠠᠯᠪᠢᠭᠤᠨ ᠶᠡᠬᠡᠮᠰᠦᠭ ᠪᠠᠢᠬᠤ ᠶ᠋ᠢᠨ ᠭᠦᠨ ᠤᠬᠠᠭᠠᠨ ᠤ᠋ ᠲᠠᠯ᠎ᠠ
ᠲᠠᠯ᠎ᠠ ᠶ᠋ᠢᠨ ᠲᠠᠯ᠎ᠠ ᠲᠠᠮᠠᠴᠢ ᠶ᠋ᠢᠨ ᠶᠡᠬᠡ ᠲᠠᠯ᠎ᠠ
ᠳᠠᠶᠠᠩ ᠳᠡᠯᠡᠬᠡᠢ ᠶ᠋ᠢ ᠠᠭᠤᠵᠢᠷᠠᠭᠤᠯᠤᠭᠰᠠᠨ ᠭᠦᠨᠵᠡᠭᠡᠢ ᠠᠮᠢᠰᠬᠤᠯᠲᠤ ᠲᠠᠯ᠎ᠠ
ᠪᠣᠰᠤᠭ᠎ᠠ ᠲᠡᠦᠬᠡ ᠪᠡᠨ ᠡᠷᠭᠦᠨ ᠲᠩᠷᠢ ᠲᠤᠯᠲᠠᠯ᠎ᠠ ᠰᠢᠷᠤᠩᠬᠠᠢᠯᠠᠭᠰᠠᠨ
ᠪᠣᠷᠵᠢᠭᠢᠨ ᠬᠥᠭ ᠠᠶᠠᠯᠭᠤ ᠲᠠᠢ ᠤᠷᠲᠤ ᠶ᠋ᠢᠨ ᠳᠠᠭᠤᠤ ᠶ᠋ᠢᠨ ᠲᠠᠯ᠎ᠠ
ᠠᠷᠭᠤᠮᠠᠭ ᠤ᠋ᠨ ᠬᠤᠷᠳᠤ ᠲᠠᠢ ᠰᠢᠨᠳᠠᠰᠤ ᠪᠠᠨ ᠤᠳᠤᠮ ᠳᠠᠮᠵᠢᠭᠤᠯᠤᠨ ᠥᠪᠯᠡᠭᠦᠯᠦᠭᠡᠳ
ᠠᠷᠠᠳ ᠤ᠋ᠨ ᠳᠠᠭᠤᠤ ᠪᠠᠷ ᠮᠥᠩᠬᠡᠷᠡᠭᠰᠡᠨ ᠬᠥᠭᠰᠢᠨ ᠬᠣᠤᠬᠤᠩ ᠤ᠋ᠨ ᠲᠠᠯ᠎ᠠ
ᠰᠦᠮᠡᠲᠡᠢ ᠪᠤᠳᠠᠷ ᠤ᠋ᠨ ᠴᠢᠯᠠᠭᠤ ᠪᠠᠨ ᠬᠣᠢᠮᠣᠷ ᠲᠤ᠌ ᠪᠠᠨ ᠳᠡᠭᠡᠳᠦᠯᠡᠨ ᠵᠠᠰᠠᠭᠠᠳ
ᠰᠥᠨᠢᠳ ᠬᠣᠨᠢᠨ ᠡᠷᠳᠡᠨᠢ ᠪᠡᠷ ᠬᠣᠷᠭᠣᠢ ᠨᠤᠲᠤᠭ ᠢ᠋ᠶ᠋ᠠᠨ ᠴᠢᠮᠡᠭᠯᠡᠭᠰᠡᠨ ᠲᠠᠯ᠎ᠠ
ᠰᠦᠨ ᠰᠢᠮᠡᠳᠦ ᠭᠣᠪᠢ ᠪᠠᠨ ᠡᠩᠭᠡᠷ ᠲᠦ᠍ ᠪᠡᠨ ᠨᠡᠷᠡᠯᠡᠨ ᠰᠢᠷᠭᠠᠯᠲᠤᠭᠤᠯᠤᠭᠠᠳ
ᠰᠦᠮᠪᠦᠨ ᠰᠢᠷᠡᠭᠡ ᠲᠡᠮᠡᠭᠡᠳ ᠢ᠋ᠶ᠋ᠡᠨ ᠥᠯᠥᠭᠡᠢᠳᠡᠨ ᠪᠦᠪᠡᠢᠯᠡᠭᠰᠡᠨ ᠲᠠᠯ᠎ᠠ
ᠮᠢᠩᠭᠠᠨ ᠲᠠᠬᠢᠯ ᠰᠦᠮᠡᠲᠦ ᠶ᠋ᠢᠨ ᠪᠤᠯᠠᠭ ᠤ᠋ᠳ ᠨᠢ ᠰᠦᠵᠢᠷᠡᠨ ᠤᠨᠳᠤᠷᠤᠭᠠᠳ
ᠮᠢᠨᠵᠢ ᠶ᠋ᠢᠨ ᠰᠤᠷ ᠰᠢᠭ᠋ ᠲᠣᠷᠭᠠᠨ ᠪᠡᠯᠴᠢᠭᠡᠷ ᠢ᠋ᠶ᠋ᠡᠨ ᠷᠠᠰᠢᠶᠠᠯᠠᠭᠰᠠᠨ ᠲᠠᠯ᠎ᠠ
ᠮᠢᠩᠭᠠᠨ ᠲᠠᠢᠵᠢ ᠶ᠋ᠢᠨ ᠪᠠᠭᠤᠴᠠ ᠲᠠᠢ ᠳᠥᠷᠪᠡᠨ ᠴᠠᠭ ᠤ᠋ᠨ ᠨᠤᠲᠤᠭ ᠢ᠋ᠶ᠋ᠠᠨ
ᠮᠢᠷᠠᠯᠵᠠᠨ ᠢᠪᠡᠯᠦᠭᠰᠡᠨ ᠡᠩᠭᠡᠷ ᠨᠦᠬᠡᠰ᠂ ᠬᠠᠯᠢᠭᠤᠲᠤ ᠶ᠋ᠢᠨ ᠭᠣᠣᠯ ᠨᠤᠭᠤᠳ ᠨᠢ ᠤᠮᠳᠠᠯᠠᠭᠰᠠᠨ ᠲᠠᠯ᠎ᠠ
ᠬᠣᠷᠸ᠎ᠠ ᠶ᠋ᠢᠨ ᠠᠮᠤᠭᠤᠯᠠᠩ ᠢ᠋ ᠮᠥᠩᠬᠡ ᠲᠩᠷᠢ ᠳ᠋ᠦ᠍ ᠪᠡᠨ ᠵᠠᠯᠪᠠᠷᠢᠨ ᠰᠦᠮᠪᠦᠷᠯᠡᠭᠰᠡᠨ
ᠬᠣᠰᠢᠭᠤ ᠣᠪᠣᠭ᠎ᠠ᠂ ᠪᠠᠶᠠᠨ ᠣᠪᠣᠭᠠᠨ ᠤ᠋ ᠥᠭᠭᠢᠶᠡᠮᠦᠷ ᠬᠤᠷ᠎ᠠ ᠶ᠋ᠢᠨ ᠬᠡᠰᠢᠭ ᠲᠡᠢ ᠲᠠᠯ᠎ᠠ
ᠰᠠᠷᠠᠭᠤᠯᠬᠠᠨ ᠠᠯᠤᠰ ᠠ᠋ᠴᠠ ᠪᠠᠷ᠎ᠠ ᠪᠠᠷ᠎ᠠ ᠪᠠᠨ ᠬᠠᠷᠠᠨ ᠢᠵᠢᠯᠢᠰᠢᠨ ᠵᠦᠮᠪᠦᠷᠯᠡᠭᠰᠡᠨ
ᠰᠠᠢᠬᠠᠨ ᠥᠯᠵᠡᠢ᠂ ᠳᠠᠷᠬᠠᠨ ᠬᠠᠢᠷᠬᠠᠨ ᠤ᠋ ᠥᠨᠳᠥᠷ ᠪᠤᠶᠠᠨ ᠤ᠋ ᠲᠦᠰᠢᠭ ᠲᠡᠢ ᠲᠠᠯ᠎ᠠ
ᠲᠠᠯ᠎ᠠ ᠰᠢᠭ᠋ ᠲᠠᠯ᠎ᠠ ᠲᠡᠮᠡᠴᠢ ᠶ᠋ᠢᠨ ᠶᠡᠬᠡ ᠲᠠᠯ᠎ᠠ
ᠲᠠᠯᠪᠢᠭᠤᠨ ᠲᠠᠩᠰᠤᠭ ᠪᠠᠢᠬᠤ ᠶ᠋ᠢᠨ ᠭᠦᠨ ᠤᠬᠠᠭᠠᠨ ᠤ᠋ ᠲᠠᠯ᠎ᠠ
ᠲᠠᠯ᠎ᠠ ᠶ᠋ᠢᠨ ᠲᠠᠯ᠎ᠠ ᠲᠡᠮᠡᠴᠢ ᠶ᠋ᠢᠨ ᠶᠡᠬᠡ ᠲᠠᠯ᠎ᠠ
ᠳᠠᠶᠠᠩ ᠳᠡᠯᠡᠬᠡᠢ ᠶ᠋ᠢ ᠠᠭᠤᠵᠢᠷᠠᠭᠤᠯᠤᠭᠰᠠᠨ ᠭᠦᠨᠵᠡᠭᠡᠢ ᠠᠮᠢᠰᠬᠤᠯᠲᠤ ᠲᠠᠯ᠎ᠠ
ᠠᠯᠲᠠᠨ ᠨᠠᠷᠠᠨ ᠳ᠋ᠤ᠌ ᠠᠳᠤᠭᠤ ᠮᠠᠯ ᠤ᠋ᠨ ᠬᠢᠨᠢ ᠵᠢᠰᠦ ᠭᠢᠯᠲᠠᠭᠠᠨᠠᠭᠠᠳ
ᠠᠷᠢᠭᠤᠨ ᠠᠭᠠᠷ ᠨᠢ ᠠᠢᠷᠠᠭ ᠤ᠋ᠨ ᠦᠨᠦᠷ ᠢ᠋ᠶ᠋ᠡᠷ ᠠᠮᠢᠰᠬᠤᠨ ᠰᠡᠩᠭᠢᠨᠡᠭᠰᠡᠨ ᠲᠠᠯ᠎ᠠ
ᠠᠯᠤᠰ ᠤ᠋ᠨ ᠴᠢᠮᠡᠭᠡ ᠨᠢ《ᠦᠯᠡᠮᠵᠢ ᠶ᠋ᠢᠨ ᠴᠢᠨᠠᠷ》 ᠢ᠋ᠶ᠋ᠠᠷ ᠤᠶᠠᠩᠭᠠᠯᠠᠨ ᠰᠢᠷᠣᠩᠬᠠᠢᠯᠠᠭᠠᠳ
ᠠᠶᠠᠰ ᠤ᠋ᠨ ᠰᠠᠯᠬᠢ ᠨᠢ《ᠠᠯᠲᠠᠨᠵᠤᠯᠠ ᠴᠡᠴᠡᠭ》 ᠢ᠋ᠶ᠋ᠡᠷ ᠪᠡᠶᠡᠰᠦᠨ ᠪᠥᠵᠢᠭᠰᠡᠨ ᠲᠠᠯ᠎ᠠ
ᠥᠷᠯᠥᠭᠡ ᠶ᠋ᠢᠨ ᠨᠠᠷᠠᠨ ᠳᠡᠨᠵᠢᠨ ᠳᠡᠭᠡᠷ᠎ᠡ ᠡᠴᠡ ᠨᠢ ᠰᠢᠭᠦᠳᠡᠷᠢ ᠭᠢᠯᠲᠠᠭᠠᠨᠠᠭᠤᠯᠤᠨ ᠮᠠᠨᠳᠤᠬᠤ ᠳ᠋ᠤ᠌
ᠦᠯᠢᠭᠡᠷ ᠦ᠋ᠨ ᠳᠠᠭᠢᠨᠢ ᠰᠢᠭ᠋ ᠦᠵᠡᠰᠬᠦᠯᠡᠩ ᠪᠦᠰᠡᠭᠦᠢ ᠰᠦ ᠪᠡᠨ ᠳᠡᠭᠡᠵᠢᠯᠡᠵᠦ ᠡᠷᠭᠦᠭᠰᠡᠨ ᠲᠠᠯ᠎ᠠ
ᠳᠣᠯᠣᠭᠠᠨ ᠥᠩᠭᠡ ᠪᠡᠷ ᠨᠤᠮᠤᠯᠠᠭᠰᠠᠨ ᠥᠯᠵᠡᠢᠲᠦ ᠰᠣᠯᠣᠩᠭᠠᠨ ᠳᠣᠭᠤᠤᠷ
ᠲᠤᠤᠯᠢᠰ ᠤ᠋ᠨ ᠪᠠᠭᠠᠲᠤᠷ ᠰᠢᠭ᠋ ᠠᠳᠤᠭᠤᠴᠢᠨ ᠵᠠᠯᠠᠭᠤ ᠰᠦᠷᠦᠭ ᠢ᠋ᠶ᠋ᠡᠨ ᠬᠤᠷᠢᠶᠠᠵᠤ ᠳᠠᠪᠬᠢᠭᠰᠠᠨ ᠲᠠᠯ᠎ᠠ
ᠲᠤᠩ ᠴᠠᠭᠠᠨ ᠭᠡᠷ ᠦ᠋ᠳ ᠨᠢ ᠲᠡᠭᠷᠢ ᠶ᠋ᠢᠨ ᠬᠠᠶᠠᠭᠠᠨ ᠠ᠋ᠴᠠ ᠮᠥᠩᠭᠥᠷᠡᠨ ᠴᠠᠢᠯᠵᠠᠭᠠᠳ
ᠳᠤᠷᠳᠤᠩ ᠴᠡᠩᠬᠡᠷ ᠠᠷᠭᠠᠯ ᠤ᠋ᠨ ᠤᠲᠤᠭ᠎ᠠ ᠨᠢ ᠠᠮᠤᠭᠤᠯᠠᠩ ᠰᠤᠪᠤᠷᠠᠭᠰᠠᠨ ᠲᠠᠯ᠎ᠠ
ᠮᠠᠨᠳᠠᠯᠲᠤ ᠰᠠᠢᠬᠠᠨ ᠲᠠᠯ᠎ᠠ ᠬᠣᠲᠠᠬᠠᠨ ᠴᠡᠭᠡᠯ ᠳ᠋ᠦ᠍ ᠨᠢ ᠢᠵᠢᠯᠢᠰᠢᠨ ᠵᠦᠮᠪᠦᠷᠯᠡᠭᠡᠳ
ᠮᠠᠷᠭᠠᠰᠢ ᠶ᠋ᠢᠨ ᠰᠠᠢᠬᠠᠨ ᠬᠥᠭᠵᠢᠯ ᠭᠠᠨᠳᠠᠷᠢᠯᠠᠨ ᠬᠠᠷᠠᠭᠳᠠᠭᠰᠠᠨ ᠲᠠᠯ᠎ᠠ
ᠥᠷᠯᠥᠭ ᠳᠡᠭᠡᠳᠦᠰ ᠮᠢᠨᠢ ᠠᠮᠢᠨ ᠠ᠋ᠴᠠ ᠪᠠᠨ ᠢᠯᠡᠭᠦᠦ ᠬᠠᠷᠠᠮᠨᠠᠭᠠᠳ
ᠥᠨᠳᠥᠷ ᠵᠠᠶᠠᠭ᠎ᠠ ᠥᠷᠭᠡᠨ ᠬᠡᠰᠢᠭ ᠲᠡᠢ ᠨᠢ ᠪᠢᠳᠡᠨ ᠳ᠋ᠦ᠍ ᠦᠯᠡᠳᠡᠭᠡᠭᠰᠡᠨ ᠲᠠᠯ᠎ᠠ
ᠦᠶ᠎ᠡ ᠶ᠋ᠢᠨ ᠦᠶ᠎ᠡ ᠳ᠋ᠦ᠍ ᠪᠡᠨ ᠠᠮᠢ ᠲᠠᠢ ᠪᠠᠨ ᠬᠣᠯᠪᠣᠨ ᠨᠠᠨᠳᠢᠩᠨᠠᠭᠠᠳ
ᠥᠪ ᠰᠣᠶᠣᠯ ᠥᠨᠢᠷ ᠪᠠᠶᠠᠯᠢᠭ ᠲᠠᠢ ᠨᠢ ᠦᠷ᠎ᠡ ᠬᠣᠢᠴᠢᠰ ᠲᠤ᠌ ᠪᠠᠨ ᠥᠪᠯᠡᠭᠦᠯᠬᠦ ᠲᠠᠯ᠎ᠠ
ᠲᠠᠯ᠎ᠠ ᠰᠢᠭ᠋ ᠲᠠᠯ᠎ᠠ ᠲᠠᠮᠠᠴᠢ ᠶ᠋ᠢᠨ ᠶᠡᠬᠡ ᠲᠠᠯ᠎ᠠ
ᠲᠠᠯᠪᠢᠭᠤᠨ ᠲᠠᠢᠪᠤᠩ ᠪᠠᠢᠬᠤ ᠶ᠋ᠢᠨ ᠭᠦᠨ ᠤᠬᠠᠭᠠᠨ ᠤ᠋ ᠲᠠᠯ᠎ᠠ
ᠲᠠᠯ᠎ᠠ ᠶ᠋ᠢᠨ ᠲᠠᠯ᠎ᠠ ᠲᠠᠮᠠᠴᠢ ᠶ᠋ᠢᠨ ᠶᠡᠬᠡ ᠲᠠᠯ᠎ᠠ
ᠳᠠᠶᠠᠩ ᠳᠡᠯᠡᠬᠡᠢ ᠶ᠋ᠢ ᠠᠭᠤᠵᠢᠷᠠᠭᠤᠯᠤᠭᠰᠠᠨ ᠭᠦᠨᠵᠡᠭᠡᠢ ᠠᠮᠢᠰᠬᠤᠯᠲᠤ ᠲᠠᠯ᠎ᠠ
ᠦᠰᠦᠭ ᠠᠮᠢᠯᠠᠭᠤᠯᠤᠭᠴᠢ᠄ ᠮᠢᠳᠤᠭᠮ᠎ᠠ
ᠦᠰᠦᠭ ᠬᠠᠲᠠᠭᠴᠢ᠄ ᠮᠢᠳᠤᠭᠮ᠎ᠠ
ᠬᠢᠨᠠᠭᠴᠢ᠄ ᠮᠥᠴᠢᠷ᠂ ᠣᠳᠬᠠᠨᠰᠣ᠎ᠠ
