ᠶᠥᠷᠬᠥᠭЕрхөг

ᠶᠥᠷᠬᠥᠭ
ᠦᠶᠡᠲᠦ ᠤᠷᠭᠤᠮᠠᠯ ᠤ᠋ᠨ ᠢᠵᠠᠭᠤᠷ
ᠣᠯᠠᠨ ᠨᠠᠰᠤᠲᠤ ᠡᠪᠡᠰᠦᠯᠢᠭ ᠤᠷᠭᠤᠮᠠᠯ᠂
ᠡᠯᠡᠰᠦᠨ ᠳᠤᠭᠲᠤᠢᠲᠤ ᠣᠯᠠᠨ ᠰᠠᠬᠠᠯ ᠦᠨᠳᠦᠰᠦ ᠲᠡᠢ᠃ ᠰᠦᠷᠡᠯ ᠨᠢ ᠴᠥᠭᠡᠨ ᠬᠡᠳᠦ ᠪᠡᠷ ᠪᠤᠲᠠᠯᠠᠵᠤ ᠤᠷᠭᠤᠨ᠎ᠠ᠂ ᠳᠡᠭᠡᠳᠦ ᠬᠡᠰᠡᠭ ᠲᠦ᠋ᠨᠢ ᠣᠬᠣᠷ ᠦᠰᠦ ᠲᠡᠢ᠂ 30—60 (75)cm ᠥᠨᠳᠥᠷ᠂ 2—3 ᠦᠶ᠎ᠡ ᠲᠡᠢ᠃ ᠨᠠᠪᠴᠢᠨ ᠤ᠋ ᠲᠣᠭᠳᠣᠢ ᠨᠢ ᠡᠰᠢ ᠪᠡᠨ ᠴᠢᠩᠭ᠎ᠠ ᠪᠠᠭᠯᠠᠵᠤ ᠪᠣᠢ᠂ ᠦᠶ᠎ᠡ ᠶ᠋ᠢᠨ ᠵᠠᠢ ᠠ᠋ᠴᠠ ᠪᠠᠨ ᠣᠬᠣᠷ ; ᠨᠠᠪᠴᠢ ᠨᠢ5—20cm ᠤᠷᠲᠤ᠂ 2—5 ᠥᠷᠭᠡᠨ᠂ ᠬᠠᠲᠠᠭᠤ ᠮᠥᠷᠲᠡᠭᠡᠨ ᠠᠷᠵᠠᠭᠠᠷ᠂ ᠶᠡᠷᠦ ᠳ᠋ᠦ᠍ ᠪᠡᠨ ᠳᠣᠲᠣᠭᠰᠢ ᠪᠠᠨ ᠬᠤᠮᠢᠷᠠᠨ᠎ᠠ᠃ ᠲᠦᠷᠦᠭᠦᠦ ᠬᠡᠯᠪᠡᠷᠢᠲᠦ ᠪᠠᠭ ᠴᠡᠴᠡᠭ ᠨᠢ ᠰᠢᠯᠤᠭᠤᠨ ᠤᠷᠭᠤᠨ᠎ᠠ᠂2.5—5.5cm ᠤᠷᠲᠤ᠂ 8—15mm ᠥᠷᠭᠡᠨ ; ᠵᠢᠵᠢᠭ ᠲᠦᠷᠦᠭᠦᠦ ᠨᠢ ᠬᠣᠶᠠᠷ ᠮᠥᠷ ᠢ᠋ᠶ᠋ᠡᠷ ᠢᠬᠴᠤ ᠪᠠᠢᠷᠢᠯᠠᠵᠤ ᠲᠡᠭᠰᠢᠬᠡᠨ ᠰᠠᠮ ᠤ᠋ᠨ ᠰᠢᠲᠦ ᠰᠢᠭ ᠬᠡᠯᠪᠡᠷᠢ ᠲᠡᠢ ᠪᠠᠢᠳᠠᠭ᠂ 4—7 ᠴᠡᠴᠡᠭ ᠳᠡᠯᠭᠡᠷᠡᠨ᠎ᠡ᠂ 10—13mm ᠤᠷᠲᠤ᠂ 3mm ᠣᠷᠴᠢᠮ ᠥᠷᠭᠡᠨ ; ᠬᠠᠯᠢᠰᠤ ᠨᠢ ᠰᠤᠮᠤᠨ ᠣᠩᠭᠣᠴᠠ ᠶ᠋ᠢᠨ ᠲᠥᠯᠥᠪ ᠲᠡᠢ ; ᠨᠢᠭᠡᠳᠦᠭᠡᠷ ᠬᠠᠯᠢᠰᠤ ᠨᠢ2—3mm ᠤᠷᠲᠤ᠂ ᠬᠣᠶᠠᠳᠤᠭᠠᠷ ᠬᠠᠯᠢᠰᠤ ᠨᠢ3—4mm ᠤᠷᠲᠤ᠂ ᠪᠡᠶ᠎ᠡ ᠡᠴᠡ ᠪᠡᠨ ᠪᠠᠬᠠᠨ ᠣᠬᠣᠷ ᠪᠤᠶᠤ ᠪᠠᠬᠠᠨ ᠤᠷᠲᠤ ᠰᠤᠷ ᠲᠠᠢ ; ᠭᠠᠳᠠᠷ ᠬᠡᠪᠡᠭ ᠨᠢ6—7mm ᠤᠷᠲᠤ᠂ ᠢᠪᠴᠤᠬᠠᠨ ᠨᠢᠮᠭᠡᠨ ᠬᠥᠪᠡᠭᠡ ᠲᠡᠢ᠂ ᠣᠬᠣᠷ ᠥᠷᠭᠡᠰᠦ ᠦᠰᠦ ᠲᠡᠢ᠂ 2—4mm ᠤᠷᠲᠤ ᠰᠤᠷ ᠲᠠᠢ ; ᠳᠣᠲᠣᠷ ᠬᠡᠪᠡᠭ ᠨᠢ ᠭᠠᠳᠠᠷ ᠬᠡᠪᠡᠭ ᠲᠡᠢ ᠪᠡᠨ ᠪᠠᠷᠤᠭ ᠢᠵᠢᠯ ᠤᠷᠲᠤ᠂ ᠣᠨᠢ ᠪᠦᠬᠦᠢ ᠱᠣᠪᠣᠭᠣᠷ ᠦᠵᠦᠭᠦᠷ ᠲᠡᠢ᠂ ᠠᠷᠤ ᠶ᠋ᠢᠨ ᠭᠣᠣᠯ ᠰᠤᠳᠠᠯ ᠳ᠋ᠤᠨᠢ ᠣᠬᠣᠷᠬᠠᠨ ᠵᠢᠵᠢᠭ ᠥᠷᠭᠡᠰᠦ ᠦᠰᠦ ᠪᠣᠢ ; ᠲᠣᠭᠣᠰᠣᠪᠴᠢ ᠨᠢ ᠰᠢᠷ᠎ᠠ᠂ 3mm ᠣᠷᠴᠢᠮ ᠤᠷᠲᠤ᠃ ᠠᠮᠤ ᠵᠢᠮᠢᠰ ᠨᠢ 4mm ᠤᠷᠲᠤ᠃
ᠶᠡᠷᠦ ᠳ᠋ᠦ᠍ ᠪᠡᠨ ᠭᠠᠩ ᠬᠠᠭᠤᠷᠠᠢ ᠬᠡᠭᠡᠷ᠎ᠡ ᠲᠠᠯ᠎ᠠ ᠪᠠᠷ ᠤᠷᠭᠤᠨ᠎ᠠ᠃
ᠮᠠᠨ ᠤ᠋ ᠤᠯᠤᠰ ᠤ᠋ᠨ ᠥᠪᠥᠷ ᠮᠣᠩᠭᠣᠯ᠂ ᠾᠧᠪᠧᠢ᠂ ᠱᠠᠨ ᠰᠢ ᠂ ᠬᠥᠬᠡᠨᠠᠭᠤᠷ᠂ ᠭᠠᠨᠰᠦ᠂ ᠰᠢᠨᠵᠢᠶᠠᠩ ᠬᠢᠭᠡᠳ ᠵᠡᠭᠦᠨ ᠬᠣᠢᠲᠤ ᠣᠷᠣᠨ ᠤ᠋ ᠡᠯ᠎ᠡ ᠮᠣᠵᠢ ᠪᠠᠷ ᠪᠦᠷ ᠤᠷᠭᠤᠳᠠᠭ᠃
ᠴᠢᠨᠠᠷ ᠰᠠᠢᠲᠠᠢ ᠪᠡᠯᠴᠢᠭᠡᠷ ᠡᠪᠡᠰᠦ ᠮᠥᠨ᠃
ᠬᠢᠲᠠᠳ ᠨᠡᠷ᠎ᠡ᠄冰草
ᠠᠩᠭ᠌ᠯᠢ ᠨᠡᠷ᠎ᠡ᠄ Agropyron cristatum (L.) Gaertn.
ᠦᠰᠦᠭ ᠠᠮᠢᠯᠠᠭᠤᠯᠤᠭᠴᠢ᠄ ᠳ᠂ ᠡᠷᠬᠢᠮᠪᠠᠭᠠᠲᠤᠷ
ᠬᠢᠨᠠᠭᠴᠢ᠄ ᠫᠣ· ᠴᠠᠭᠠᠨ
