ᠪᠣᠭᠳᠠ ᠯᠣᠣᠶᠠ ᠶ᠋ᠢᠨ ᠪᠦᠷᠢᠨ ᠲᠥᠯᠭᠡ  21~30 Богд лууяны бүрэн төлөг 21~30 ᠵᠠᠩ ᠦᠢᠯᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠣᠭᠳᠠ ᠯᠣᠣᠶᠠ ᠶ᠋ᠢᠨ ᠪᠦᠷᠢᠨ ᠲᠥᠯᠭᠡ  21~30 Богд лууяны бүрэн төлөг 21~30

ᠪᠣᠭᠳᠠ ᠯᠣᠣᠶᠠ ᠶ᠋ᠢᠨ ᠪᠦᠷᠢᠨ ᠲᠥᠯᠭᠡ  21~30 Богд лууяны бүрэн төлөг 21~30

ᠠᠩᠭᠢᠯᠠᠯ:ᠵᠠᠩ ᠦᠢᠯᠡ
2024-05-04

233


      ᠬᠣᠷᠢᠨ ᠨᠢᠭᠡᠳᠦᠭᠡᠷ ᠲᠥᠯᠭᠡ ᠂ ᠤᠯᠠᠭᠠᠨ ᠬᠥᠬᠡ᠂ ᠳᠣᠣᠷ᠎ᠠ ᠶ᠋ᠢᠨ ᠳᠣᠣᠷ᠎ᠠ : ᠲᠥᠯᠭᠡ ᠶ᠋ᠢᠨ ᠪᠡᠯᠭᠡ ᠠᠨᠤ : ᠰᠦᠨ ᠪᠢᠨ ᠹᠠᠩ ᠵᠢᠶᠠᠨ ᠴᠢᠳᠠᠯ ᠲᠡᠩᠰᠡᠵᠦ ᠦᠰᠦᠯᠳᠦᠭᠰᠡᠨ : ᠡᠷᠲᠡ ᠴᠠᠭ ᠲᠤᠷ ᠴᠢᠮᠠᠯᠤᠭ᠎ᠠ ᠥᠰᠢᠶ᠎ᠡ ᠵᠠᠩᠭᠢᠳᠤᠪᠠᠢ᠂ ᠡᠨᠡ ᠡᠳᠦᠷ ᠤᠴᠠᠷᠠᠭᠠᠳ ᠬᠡᠷᠬᠢᠨ ᠢᠷᠦᠭᠡᠯ ᠪᠠᠷᠢᠯᠳᠤᠮᠤ᠂ ᠨᠣᠮ ᠭᠦᠷᠢᠮ ᠢ ᠰᠠᠢᠲᠤᠷ ᠬᠢᠴᠢᠶᠡᠨ ᠭᠡᠷ ᠦ᠋ᠨ ᠳᠣᠲᠣᠷ᠎ᠠ ᠡᠬᠡᠨᠡᠷ ᠢ᠋ᠶ᠋ᠡᠨ ᠰᠠᠬᠢᠨ ᠵᠠᠯᠪᠠᠷᠢᠲᠤᠭᠠᠢ᠃  
      ᠪᠣᠭᠳᠠ ᠶ᠋ᠢᠨ ᠲᠠᠭᠠᠯᠠᠯ : ᠬᠡᠷᠡᠭ ᠪᠦᠲᠦᠬᠦ ᠦᠭᠡᠢ᠂ ᠡᠪᠡᠳᠴᠢᠲᠡᠨ ᠵᠠᠯᠪᠠᠷᠢᠪᠠᠰᠤ ᠡᠳᠡᠭᠡᠮᠦᠢ᠂ ᠭᠠᠷᠪᠠᠰᠤ ᠰᠠᠢᠨ ᠦᠭᠡᠢ᠂ ᠵᠠᠷᠭᠤ ᠭᠣᠣᠯ ᠲᠠᠢ ᠪᠣᠯᠬᠤ᠂ ᠡᠪᠡᠳᠴᠢᠲᠡᠨ᠎ᠡ ᠭᠠᠢ ᠲᠠᠢ ᠪᠣᠷᠬᠠᠨ᠎ᠡ ᠠᠪᠤᠷᠠᠯ ᠡᠷᠢ᠂ ᠡᠳ᠋ ᠲᠣᠷ ᠬᠣᠮᠣᠭᠤᠯᠵᠠᠪᠠᠰᠤ ᠡᠴᠦᠰ ᠲᠦ᠍ᠷ ᠡᠪᠳᠡᠷᠡᠮᠦᠢ᠃ 
      ᠲᠠᠢᠯᠪᠤᠷᠢ ᠥᠭᠦᠯᠡᠯ : ᠡᠨᠡ ᠲᠥᠯᠭᠡ ᠳ᠋ᠦ᠍ᠷ ᠬᠠᠭᠤᠴᠢᠨ ᠥᠰᠢᠶ᠎ᠡ ᠪᠠᠢᠬᠤ ᠲᠤᠯᠠ ᠬᠡᠷᠡᠭ ᠢᠷᠦᠭᠡᠯ ᠦᠭᠡᠢ᠂ ᠵᠠᠷᠭᠤ ᠳ᠋ᠤᠷ ᠮᠠᠭᠤ᠂ ᠡᠷᠭᠢᠨ ᠬᠥᠮᠦᠨ ᠦᠵᠡᠭᠦᠯᠪᠡᠰᠦ ᠰᠠᠢᠨ ᠦᠭᠡᠢ᠂ ᠶᠡᠷᠦ ᠶ᠋ᠢᠨ ᠬᠥᠮᠦᠨ ᠦᠵᠡᠭᠦᠯᠪᠡᠰᠦ ᠰᠠᠢᠨ ᠦᠭᠡᠢ᠂ ᠬᠦᠰᠡᠯ ᠪᠦᠲᠦᠬᠦ ᠦᠭᠡᠢ᠂ ᠡᠪᠡᠳᠴᠢᠲᠡᠨ ᠢ ᠠᠰᠠᠭᠤᠪᠠᠰᠤ ᠰᠠᠬᠢᠭᠤᠯᠰᠤᠨ ᠢ ᠰᠢᠲᠦᠪᠡᠰᠦ ᠰᠠᠢᠨ᠂ ᠡᠳ᠋ ᠠᠯᠳᠠᠭᠰᠠᠨ ᠢ ᠠᠰᠠᠭᠤᠪᠠᠰᠤ ᠣᠯᠳᠠᠬᠤ ᠦᠭᠡᠢ᠃  
      ᠰᠠᠨᠠᠭ᠎ᠠ ᠲᠠᠢᠯᠤᠭᠰᠠᠨ : ᠠᠯᠢᠪᠠ ᠬᠡᠷᠡᠭ ᠰᠠᠢᠨ ᠤᠴᠠᠷᠠᠯ ᠪᠣᠢ ᠪᠣᠯᠪᠠᠴᠤ ᠡᠴᠦᠰ ᠲᠦ᠍ᠷ ᠪᠦᠲᠦᠬᠦ ᠦᠭᠡᠢ᠂ ᠠᠯᠳᠠᠷᠰᠢᠭᠰᠠᠨ ᠥᠭᠦᠯᠡᠯ ᠳ᠋ᠦ᠍ᠷ ᠢᠷᠦᠭᠡᠯ ᠦᠭᠡᠢ ᠪᠣᠯᠪᠠᠰᠤ ᠬᠠᠷᠢᠯᠴᠠᠨ ᠨᠢᠭᠤᠷ ᠦᠵᠡᠯᠴᠡᠭᠡᠳ ᠠᠭᠤᠯᠵᠠᠬᠤ ᠦᠭᠡᠢ ᠤᠷᠤᠭ ᠪᠣᠯᠪᠠᠰᠤ ᠲᠣᠬᠢᠶᠠᠯ ᠦᠭᠡᠢ᠂ ᠰᠠᠢᠨ ᠮᠠᠭᠤ ᠬᠡᠨ ᠳ᠋ᠦ᠍ᠷ ᠴᠦ᠍ ᠬᠡᠷᠡᠭ ᠳᠤᠭᠤᠲᠠᠨ ᠬᠤᠪᠢᠰᠤᠯᠲᠠᠢ᠂ ᠶᠠᠪᠤᠳᠠᠯ ᠤ᠋ᠨ ᠬᠥᠮᠦᠨ ᠪᠥᠭᠡᠰᠦ ᠤᠷᠢᠳ ᠮᠡᠳᠡᠭᠡ ᠪᠣᠢ᠂ ᠡᠪᠡᠳᠴᠢᠨ ᠪᠣᠯᠪᠠᠰᠤ ᠳᠠᠷᠤᠢ ᠳ᠋ᠤᠷ ᠮᠠᠭᠤ᠂ ᠡᠬᠡᠨᠡᠷ ᠬᠡᠮᠡᠭᠴᠢ ᠪᠢᠯᠢᠭ ᠦ᠋ᠨ ᠳᠦᠷᠢᠮ ᠲᠤᠯᠠ᠂ ᠰᠢᠨᠡᠳᠬᠡᠯ ᠳ᠋ᠦ᠍ᠷ ᠲᠥᠯᠭᠡ ᠪᠠᠭᠤᠪᠠᠰᠤ ᠡᠬᠡᠨᠡᠷ ᠦ᠋ᠨ ᠬᠡᠯᠡ ᠠᠮᠠ ᠪᠣᠢ᠂ ᠠᠷᠪᠠᠨ ᠲᠠᠪᠤᠨ᠎ᠠ ᠪᠠᠭᠤᠪᠠᠰᠤ ᠡᠨᠡ ᠮᠡᠲᠦ ᠪᠤᠰᠤ᠃  
      ᠪᠡᠯᠭᠡ ᠶ᠋ᠢᠨ ᠲᠣᠬᠢᠶᠠᠯᠳᠤᠪᠤᠷᠢ : ᠨᠢᠭᠡᠨ ᠬᠥᠮᠦᠨ ᠤ ᠪᠡᠷᠢ ᠡᠪᠡᠳᠦᠭᠡᠳ ᠦᠵᠡᠭᠦᠯᠪᠡᠰᠦ ᠡᠨᠡ ᠲᠥᠯᠭᠡ ᠪᠠᠭᠤᠵᠤᠬᠤᠢ᠂ ᠬᠣᠵᠢᠮ ᠲᠡᠭᠦᠨ ᠦ᠌ ᠪᠡᠷᠢ ᠰᠣᠯᠢᠭᠤ ᠥᠭᠦᠯᠡᠬᠦ ᠠᠨᠤ᠂ ᠪᠢ ᠤᠷᠢᠳᠠ ᠲᠥᠷᠥᠯ ᠳ᠋ᠦ᠍ᠷ ᠬᠤᠯᠠᠭᠠᠢᠴᠢ ᠪᠥᠯᠥᠭᠡ᠂ ᠣᠯᠤᠭᠰᠠᠨ ᠡᠳ᠋ ᠢ᠋ᠶ᠋ᠡᠨ ᠪᠤᠯᠲᠤ ᠴᠢᠨᠦ ᠭᠡᠷ ᠲᠦ᠍ᠷ ᠥᠭᠭᠦᠭᠰᠡᠨ ᠪᠣᠢ᠂ ᠡᠳᠦᠭᠡ ᠨᠠᠮᠠᠶ᠋ᠢ ᠠᠮᠤᠷ ᠪᠣᠯᠭᠠᠰᠤᠭᠠᠢ ᠬᠡᠮᠡᠪᠡᠰᠦ ᠡᠳ᠋ ᠢ ᠬᠣᠯᠠ ᠪᠣᠯᠭᠠᠵᠤ ᠰᠠᠬᠢᠭᠤᠯᠰᠤᠨ ᠢ ᠰᠢᠲᠦᠪᠡᠰᠦ ᠠᠶᠤᠯ ᠦᠭᠡᠢ  ᠬᠡᠮᠡᠪᠡᠢ᠂ ᠬᠣᠵᠢᠮ ᠲᠡᠭᠦᠨ ᠤ ᠦᠭᠡ ᠪᠡᠷ ᠪᠣᠯᠭᠠᠵᠤᠬᠤᠢ᠃  
      ᠬᠣᠷᠢᠨ ᠬᠣᠶᠠᠳᠤᠭᠠᠷ ᠲᠥᠯᠭᠡ : ᠤᠯᠠᠭᠠᠨ ᠬᠥᠬᠡᠭᠴᠢᠨ᠂  ᠳᠡᠭᠡᠳᠦ ᠰᠠᠢᠨ᠂ ᠲᠥᠯᠭᠡ ᠶ᠋ᠢᠨ ᠪᠡᠯᠭᠡ ᠠᠨᠤ : ᠯᠢ ᠲᠢ ᠪᠧ ᠳᠠᠩ ᠮᠢᠩ ᠬᠤᠸᠠᠩ ᠳ᠋ᠤᠷ ᠠᠭᠤᠯᠵᠠᠭᠰᠠᠨ : ᠬᠥᠬᠡ ᠬᠠᠰ ᠨᠠᠭᠤᠷ ᠤ᠋ᠨ ᠳᠤᠮᠳᠠ ᠠ᠋ᠴᠠ ᠴᠠᠭᠠᠨ ᠯᠢᠩᠬᠤ᠎ᠠ ᠳᠡᠯᠭᠡᠷᠡᠮᠦᠢ᠂ ᠲᠥᠷᠥᠯᠬᠢ ᠶ᠋ᠢᠨ ᠥᠩᠭᠡ ᠲᠦᠷᠢᠰᠦ ᠶ᠋ᠢᠨ ᠵᠣᠬᠢᠶᠠᠯ ᠲᠡᠭᠦᠰᠪᠡᠢ᠂ ᠪᠡᠶ᠎ᠡ ᠪᠠᠢᠳᠠᠯ ᠪᠤᠰᠤᠳ ᠠ᠋ᠴᠠ ᠬᠡᠲᠦᠷᠬᠡᠢ ᠭᠠᠷᠪᠠᠢ᠂ ᠬᠥᠮᠦᠨ ᠤ ᠳᠣᠲᠣᠷᠠᠬᠢ ᠡᠷᠭᠢᠨ ᠰᠢᠳᠡᠲᠡᠨ ᠭᠡᠮᠡᠨ ᠰᠠᠢᠰᠢᠶᠠᠪᠠᠢ᠃  
      ᠪᠣᠭᠳᠠ ᠶ᠋ᠢᠨ ᠲᠠᠭᠠᠯᠠᠯ :  ᠵᠠᠷᠭᠤ ᠮᠠᠭᠠᠳ ᠠᠪᠤᠮᠤᠢ ᠨᠡᠷ᠎ᠡ ᠬᠢᠯᠪᠠᠷ ᠪᠦᠲᠦᠮᠦᠢ᠂ ᠡᠪᠡᠳᠴᠢᠲᠡᠨ ᠡᠳᠡᠭᠡᠮᠦᠢ ᠡᠳ᠋ ᠠᠷᠪᠢᠳᠤᠮᠤᠢ ᠤᠷᠤᠭ ᠵᠣᠬᠢᠮᠤᠢ᠂ ᠵᠢᠷᠮᠦᠰᠦᠨ ᠡᠷᠭᠢᠨ ᠬᠥᠪᠡᠭᠦᠨ ᠬᠥᠩᠭᠡᠵᠢᠮᠦᠢ᠂ ᠭᠡᠷ ᠦ᠋ᠨ ᠶᠣᠰᠣᠨ ᠪᠦᠷᠢᠳᠦᠮᠦᠢ᠂ ᠠᠯᠢᠪᠠ ᠬᠡᠷᠡᠭ ᠪᠦᠲᠦᠮᠦ᠃ 
      ᠲᠠᠢᠯᠪᠤᠷᠢ ᠥᠭᠦᠯᠡᠯ : ᠡᠨᠡ ᠲᠥᠯᠭᠡ ᠳ᠋ᠦ᠍ᠷ ᠡᠳ᠋ ᠬᠦᠰᠡᠪᠡᠰᠦ ᠪᠣᠯᠤᠮᠤ᠂ ᠬᠡᠷᠡᠭ ᠲᠦ᠍ᠷ ᠶᠠᠪᠤᠪᠠᠴᠤ ᠪᠦᠲᠦᠮᠦ᠂ ᠪᠡᠯᠡᠨ ᠪᠦᠬᠦᠢ ᠮᠡᠲᠦ ᠬᠢᠴᠢᠶᠡᠯ ᠦᠭᠡᠭᠦᠶ᠎ᠡ ᠣᠯᠳᠠᠮᠤᠢ᠂ ᠵᠠᠷᠭᠤ ᠨᠢᠭᠡᠨᠲᠡ ᠲᠠᠰᠤᠷᠠᠪᠠ᠂ ᠨᠡᠷ᠎ᠡ ᠠᠰᠢᠭ ᠪᠦᠲᠦᠪᠡ᠂ ᠡᠪᠡᠳᠴᠢᠨ ᠥᠯᠵᠡᠢ ᠲᠡᠢ᠂ ᠤᠷᠤᠭ ᠪᠣᠯᠤᠯᠴᠠᠪᠠ᠂ ᠠᠯᠢᠪᠠ ᠦᠢᠯᠡᠰ ᠲᠣᠷ ᠴᠥᠮ ᠰᠠᠢᠨ᠃
      ᠰᠠᠨᠠᠭ᠎ᠠ ᠲᠠᠢᠯᠤᠭᠰᠠᠨ :  ᠴᠡᠴᠡᠭ ᠬᠡᠳᠦᠢ ᠳᠡᠭᠡᠷ᠎ᠡ ᠪᠠᠢᠪᠠᠴᠤ ᠦᠷᠡᠰ ᠠᠨᠤ ᠢᠷᠣᠭᠠᠷ ᠲᠤᠷ ᠪᠣᠢ᠂ ᠨᠡᠷ᠎ᠡ ᠠᠰᠢᠭ ᠪᠣᠯᠪᠠᠰᠤ ᠨᠠᠰᠤᠵᠢᠭᠰᠠᠨ ᠴᠠᠭ ᠲᠤᠷ ᠣᠯᠤᠮᠤ᠂ ᠵᠠᠯᠠᠭᠤᠰ ᠪᠥᠭᠡᠰᠦ ᠰᠠᠨᠠᠭᠠᠨ ᠳ᠋ᠤᠷ ᠦᠯᠦ ᠬᠦᠷᠬᠦ ᠡᠪᠡᠳᠴᠢᠨ ᠪᠥᠭᠡᠰᠦ ᠵᠢᠷᠮᠦᠰᠦᠨ᠎ᠡ ᠥᠯᠵᠡᠢ ᠲᠡᠢ ᠰᠤᠪᠠᠢ ᠳ᠋ᠤᠷ ᠮᠠᠭᠤ᠂ ᠤᠷᠤᠭ ᠢ ᠠᠰᠠᠭᠤᠪᠠᠰᠤ ᠬᠠᠭᠤᠴᠢᠨ ᠰᠦᠢ ᠯᠦᠭᠡ ᠪᠡᠨ ᠠᠭᠤᠯᠵᠠᠮᠤᠢ᠂ ᠵᠢᠷᠮᠦᠰᠦᠨ ᠢ ᠠᠰᠠᠭᠤᠪᠠᠰᠤ ᠥᠬᠢᠨ ᠬᠥᠩᠭᠡᠵᠢᠮᠦᠢ᠂ ᠬᠡᠷᠡᠭ ᠤᠴᠢᠷ ᠵᠤᠨ ᠨᠠᠮᠤᠷ ᠲᠤᠷ ᠰᠠᠢᠨ᠂ ᠬᠥᠬᠡ ᠬᠠᠰ ᠨᠠᠭᠤᠷ ᠤ᠋ᠨ ᠳᠤᠮᠳᠠ ᠠ᠋ᠴᠠ ᠴᠠᠭᠠᠨ ᠯᠢᠩᠬᠤ᠎ᠠ ᠳᠡᠯᠭᠡᠷᠡᠮᠦᠢ ᠬᠡᠮᠡᠭᠰᠡᠨ ᠠᠨᠤ ᠠᠷᠰᠢ ᠨᠠᠷ ᠲᠤᠷ ᠪᠣᠢ᠂ ᠬᠣᠭᠣᠰᠣᠨ ᠦᠭᠡᠰ ᠭᠡᠮᠡᠨ ᠰᠠᠨᠠᠭᠳᠠᠮᠤ᠂ ᠦᠵᠡᠭᠦᠯᠦᠭᠴᠢ ᠬᠥᠮᠦᠨ ᠰᠢᠨᠵᠢᠯᠡᠭᠲᠦᠨ᠃ 
      ᠪᠡᠯᠭᠡ ᠶ᠋ᠢᠨ ᠲᠣᠬᠢᠶᠠᠯᠳᠤᠪᠤᠷᠢ : ᠨᠢᠭᠡᠨ ᠬᠥᠮᠦᠨ ᠪᠤᠰᠤ ᠬᠣᠲᠠᠨ ᠳ᠋ᠤᠷ ᠲᠦᠩ ᠱᠧᠩ ᠰᠢᠯᠭᠠᠷ᠎ᠠ ᠣᠳᠬᠤᠢ ᠳ᠋ᠤᠷ ᠦᠵᠡᠭᠦᠯᠪᠡᠰᠦ ᠡᠨᠡ ᠲᠥᠯᠭᠡ ᠪᠠᠭᠤᠵᠤᠬᠤᠢ᠂ ᠬᠣᠵᠢᠮ ᠲᠡᠷᠡ ᠭᠠᠵᠠᠷ ᠠ᠋ᠴᠠ ᠬᠥᠭᠡᠭᠡᠭᠳᠡᠭᠡᠳ ᠬᠠᠷᠢᠬᠤ ᠳ᠋ᠠᠭᠠᠨ ᠵᠠᠮ ᠠ᠋ᠴᠠ ᠨᠢᠭᠡᠨ ᠬᠣᠮᠰᠢᠮ ᠪᠣᠳᠢᠰᠳᠤᠤ᠎ᠡ ᠶ᠋ᠢ ᠴᠠᠭᠠᠨ ᠯᠢᠩᠬᠤᠤ᠎ᠡ ᠳᠡᠭᠡᠷ᠎ᠡ ᠰᠠᠭᠤᠭᠰᠠᠨ ᠢ ᠵᠠᠯᠠᠵᠤ ᠡᠭᠡᠪᠡᠢ᠃  
      ᠬᠣᠷᠢᠨ ᠭᠤᠷᠪᠠᠳᠤᠭᠠᠷ ᠲᠥᠯᠭᠡ : ᠤᠯᠠᠭᠠᠨ ᠤᠯᠠᠭᠠᠨ᠂ ᠳᠣᠣᠷ᠎ᠠ ᠶ᠋ᠢᠨ ᠳᠣᠣᠷ᠎ᠠ᠂ ᠲᠥᠯᠭᠡ ᠶ᠋ᠢᠨ ᠪᠡᠯᠭᠡ ᠠᠨᠤ : ᠡᠤ ᠸᠠᠩ ᠰᠢ ᠰᠢ ᠶ᠋ᠢ ᠡᠨᠡᠷᠢᠭᠰᠡᠨ : ᠴᠡᠴᠡᠭ ᠵᠤᠯᠭᠠᠷᠠᠬᠤ ᠬᠠᠪᠤᠷ ᠤ᠋ᠨ ᠰᠠᠯᠬᠢᠨ ᠳ᠋ᠤᠷ ᠪᠣᠢ᠂ ᠰᠠᠢᠨ ᠮᠠᠭᠤ ᠮᠤᠬᠤᠷᠳᠠᠬᠤ ᠳᠡᠯᠭᠡᠷᠡᠬᠦ ᠵᠠᠭᠤᠨ ᠵᠢᠯ ᠦ᠋ᠨ ᠳᠣᠲᠣᠷ᠎ᠠ᠂ ᠴᠢᠨᠦ ᠭᠠᠢᠬᠠᠮᠰᠢᠭ ᠪᠠᠶᠠᠨ ᠰᠠᠢᠨ ᠡᠳᠦᠭᠡ ᠮᠤᠬᠤᠷᠳᠠᠵᠤᠬᠤᠢ ᠂ ᠡᠴᠦᠰ ᠲᠡᠭᠡᠨ ᠲᠦᠮᠡᠨ ᠬᠡᠷᠡᠭ ᠬᠣᠭᠣᠰᠣᠨ ᠪᠣᠯᠤᠮᠤᠢ᠃  
      ᠪᠣᠭᠳᠠ ᠶ᠋ᠢᠨ ᠲᠠᠭᠠᠯᠠᠯ : ᠨᠡᠷ᠎ᠡ ᠠᠰᠢᠭ ᠬᠡᠮᠡᠪᠡᠰᠦ ᠬᠣᠭᠣᠰᠣᠨ ᠰᠡᠴᠢᠭ ᠮᠡᠲᠦ᠂ ᠵᠠᠷᠭᠤ ᠠᠯᠳᠠᠮᠤᠢ᠂ ᠡᠪᠡᠳᠴᠢᠨ ᠨᠡᠮᠡᠷᠢᠲᠡᠢ᠂ ᠤᠷᠤᠭ ᠪᠦᠲᠦᠭᠡᠳᠦᠢ᠂ ᠶᠠᠪᠤᠳᠠᠯ ᠤ᠋ᠨ ᠬᠥᠮᠦᠨ ᠬᠣᠯᠠ᠂ ᠬᠡᠷᠡᠭ ᠵᠣᠬᠢᠯᠳᠤᠬᠤ ᠦᠭᠡᠢ᠂ ᠬᠣᠢᠴᠢ ᠰᠠᠨᠠᠭ᠎ᠠ ᠠᠯᠳᠠᠮᠤᠢ ᠢ᠎ᠠ᠃  
      ᠲᠠᠢᠯᠪᠤᠷᠢ ᠥᠭᠦᠯᠡᠯ : ᠡᠨᠡ ᠲᠥᠯᠭᠡ ᠳ᠋ᠦ᠍ᠷ ᠬᠦᠰᠡᠭᠰᠡᠨ ᠬᠡᠷᠡᠭ ᠪᠦᠲᠦᠬᠦ᠂ ᠡᠪᠳᠡᠷᠡᠬᠦ ᠪᠣᠢ᠂ ᠠᠰᠠᠬᠠᠨ ᠳ᠋ᠠᠭᠠᠨ ᠰᠠᠨᠠᠭᠠᠨ ᠳ᠋ᠤᠷ ᠬᠦᠷᠪᠡᠴᠦ ᠡᠴᠦᠰ ᠲᠦ᠍ᠷ ᠭᠡᠮ ᠲᠡᠢ᠂ ᠰᠠᠢᠨ ᠤ᠋ ᠳᠣᠲᠣᠷ᠎ᠠ ᠮᠠᠭᠤ᠂ ᠪᠠᠭᠤᠷᠠᠭᠰᠠᠨ ᠤ᠋ ᠳᠣᠲᠣᠷ᠎ᠠ ᠳᠡᠯᠭᠡᠷᠡᠬᠦ ᠪᠣᠢ᠂ ᠪᠡᠶ᠎ᠡ ᠪᠡᠨ ᠰᠠᠬᠢᠨ ᠬᠠᠳᠠᠭᠠᠯᠠᠬᠤ ᠦᠭᠡᠢ ᠪᠣᠯᠪᠠᠰᠤ ᠬᠣᠢᠴᠢ ᠡᠳᠦᠷ ᠵᠣᠪᠠᠯᠠᠩ ᠶᠡᠬᠡ᠂ ᠨᠡᠷ᠎ᠡ ᠠᠰᠢᠭ ᠬᠣᠭᠣᠰᠣᠨ᠂ ᠵᠠᠷᠭᠤ ᠪᠢᠲᠡᠭᠡᠢ ᠡᠳᠦᠭᠲᠦᠨ ᠡᠪᠡᠳᠴᠢᠨ ᠢ ᠠᠰᠠᠭᠤᠪᠠᠰᠤ ᠬᠥᠭᠰᠢᠨ ᠬᠥᠮᠦᠨ ᠳ᠋ᠦ᠍ᠷ ᠮᠠᠭᠤ᠂ ᠤᠷᠤᠭ ᠪᠦᠲᠦᠭᠡᠳᠦᠢ᠂ ᠶᠠᠪᠤᠳᠠᠯ ᠤ᠋ᠨ ᠬᠥᠮᠦᠨ ᠤᠳᠠᠭᠠᠨ᠂ ᠡᠳ᠋ ᠭᠠᠷᠤᠵᠠ ᠲᠠᠢ : ᠠᠯᠢᠪᠠ ᠬᠡᠷᠡᠭ ᠲᠦ᠍ᠷ ᠰᠠᠢᠨ ᠦᠭᠡᠢ᠃ 
      ᠰᠠᠨᠠᠭ᠎ᠠ ᠲᠠᠢᠯᠤᠭᠰᠠᠨ : ᠰᠠᠢᠨ ᠮᠠᠭᠤ ᠮᠣᠬᠣᠷᠠᠬᠤ ᠳᠡᠯᠭᠡᠷᠡᠬᠦ ᠡᠨᠡ ᠳᠥᠷᠪᠡ᠂ ᠡᠷᠭᠢᠬᠦ ᠣᠷᠴᠢᠬᠤ ᠣᠯᠬᠤ ᠠᠯᠳᠠᠬᠤ ᠤᠳᠠᠭᠠᠨ ᠦᠭᠡᠢ ᠠᠨᠤ᠂ ᠴᠡᠴᠡᠭ ᠳᠡᠯᠭᠡᠷᠡᠬᠦ ᠵᠤᠯᠭᠠᠷᠠᠬᠤ ᠳ᠋ᠤ᠌ ᠴᠠᠭ ᠦᠭᠡᠢ ᠮᠡᠲᠦ᠂ ᠡᠳᠦᠭᠡ ᠮᠣᠬᠣᠷᠵᠤᠬᠤᠢ ᠬᠡᠮᠡᠭᠰᠡᠨ ᠠᠨᠤ᠂ ᠠᠯᠢᠪᠠ ᠬᠡᠷᠡᠭ ᠳᠡᠯᠭᠡᠷᠡᠬᠦ ᠶ᠋ᠢᠨ ᠡᠴᠦᠰ ᠪᠠᠭᠤᠷᠠᠬᠤ᠂ ᠪᠠᠭᠤᠷᠠᠭᠰᠠᠨ ᠤ᠋ ᠡᠴᠦᠰ ᠳᠡᠯᠭᠡᠷᠡᠬᠦ᠂ ᠡᠨᠡ ᠬᠡᠮᠡᠭᠴᠢ ᠲᠣᠭᠠᠨ ᠤ᠋ ᠲᠤᠢᠯ᠂ ᠬᠤᠪᠢᠯᠬᠤ ᠶ᠋ᠢᠨ ᠲᠡᠷᠢᠭᠦᠨ ᠮᠥᠨ ᠪᠣᠯᠠᠢ ᠦᠵᠡᠭᠦᠯᠦᠭᠴᠢ ᠬᠥᠮᠦᠨ ᠳᠡᠯᠭᠡᠷᠡᠪᠡ ᠭᠡᠮᠡᠨ ᠪᠢᠲᠡᠭᠡᠢ ᠣᠮᠣᠷᠬᠠᠭᠲᠤᠨ᠂ ᠡᠪᠡᠳᠴᠢᠨ ᠪᠥᠭᠡᠰᠦ ᠬᠥᠭᠰᠢᠨ ᠢ ᠰᠡᠷᠡᠮᠵᠢᠯᠡ᠂ ᠬᠡᠭᠡᠷ᠎ᠡ ᠪᠥᠭᠡᠰᠦ ᠡᠳ᠋ ᠠᠯᠳᠠᠬᠤ ᠶ᠋ᠢ ᠰᠡᠷᠡᠮᠵᠢᠯᠡ᠂ ᠤᠷᠤᠭ ᠪᠥᠭᠡᠰᠦ ᠰᠠᠯᠤᠯᠴᠠᠬᠤ ᠶ᠋ᠢ ᠰᠡᠷᠡᠮᠵᠢᠯᠡ ᠂ ᠵᠢᠷᠮᠦᠰᠦᠨ ᠥᠬᠢᠨ ᠬᠥᠩᠭᠡᠵᠢᠮᠦᠢ᠃
      ᠪᠡᠯᠭᠡ ᠶ᠋ᠢᠨ ᠲᠣᠬᠢᠶᠠᠯᠳᠤᠪᠤᠷᠢ : ᠨᠢᠭᠡᠨ ᠪᠢᠴᠢᠭ ᠦ᠋ᠨ ᠬᠥᠮᠦᠨ ᠤᠴᠠᠷᠠᠯ ᠴᠠᠭ ᠲᠤ᠌ ᠮᠤᠬᠤᠷᠳᠠᠵᠤ ᠶᠠᠪᠤᠭᠰᠠᠭᠠᠷ ᠰᠢᠯᠭᠠᠬᠤ ᠲᠣᠬᠢᠶᠠᠯᠳᠤᠵᠤ ᠦᠵᠡᠭᠦᠯᠪᠡᠰᠦ ᠡᠨᠡ ᠲᠥᠯᠭᠡ ᠪᠠᠭᠤᠵᠤᠬᠤᠢ᠂ ᠥᠪᠡᠷ ᠢ᠋ᠶ᠋ᠡᠨ ᠣᠯᠬᠤ ᠦᠭᠡᠢ ᠪᠣᠢ ᠢ᠎ᠠ ᠭᠡᠮᠡᠨ ᠰᠠᠨᠠᠵᠤ ᠰᠢᠯᠭᠠᠬᠤ ᠬᠦᠷᠢᠶᠡᠨ ᠳ᠋ᠦ᠍ᠷ ᠬᠣᠭᠣᠰᠣᠨ ᠬᠡᠮᠡᠬᠦ ᠦᠰᠦᠭ ᠦ᠋ᠨ ᠲᠡᠮᠳᠡᠭ ᠲᠡᠢ ᠭᠡᠷ ᠲᠦ᠍ᠷ ᠰᠢᠯᠭᠠᠭᠠᠳ ᠬᠠᠷᠢᠨ ᠵᠢᠦᠢ ᠷᠸᠠ ᠪᠣᠯᠵᠤᠬᠤᠢ᠂ ᠡᠨᠡ ᠠᠨᠤ ᠬᠣᠭᠣᠰᠣᠨ ᠪᠣᠯᠤᠨ ᠬᠡᠮᠡᠭᠰᠡᠨ ᠦᠭᠡᠰ ᠯᠦ᠍ᠭᠡ ᠨᠡᠢᠯᠡᠵᠦᠬᠤᠢ᠃  
      ᠬᠣᠷᠢᠨ ᠳᠥᠲᠥᠭᠡᠷ ᠲᠥᠯᠭᠡ : ᠤᠯᠠᠭᠠᠨ ᠤᠯᠠᠭᠴᠢᠨ᠂ ᠳᠤᠮᠳᠠ ᠲᠡᠭᠰᠢ᠂ ᠲᠥᠯᠭᠡ ᠶ᠋ᠢᠨ ᠪᠡᠯᠭᠡ ᠠᠨᠤ : ᠵᠠᠩ ᠴᠢᠶᠠᠨ ᠡᠨᠳᠡᠭᠦᠷᠴᠦ ᠳ᠋ᠧᠦ ᠵᠧᠦ ᠣᠷᠳᠣᠨ᠎ᠠ ᠣᠷᠣᠪᠠ᠂ ᠨᠢᠭᠡᠨ ᠬᠠᠪᠤᠷ ᠲᠦᠮᠡᠨ ᠬᠡᠷᠡᠭ ᠲᠦ᠍ᠷ ᠮᠠᠰᠢ ᠵᠣᠪᠠᠠᠭᠰᠠᠨ ᠪᠥᠯᠥᠭᠡ᠂ ᠵᠤᠨ ᠤ᠋ ᠴᠠᠭ ᠲᠤ᠌ ᠬᠦᠰᠡᠭᠰᠡᠨ ᠦᠢᠯᠡᠰ ᠰᠠᠶᠢ ᠵᠣᠬᠢᠰᠲᠠᠢ ᠪᠣᠯᠪᠠᠢ ᠂ ᠨᠠᠮᠤᠷ ᠪᠠ ᠡᠪᠦᠯ ᠦ᠋ᠨ ᠴᠠᠭ ᠤ᠋ᠨ ᠬᠣᠢᠨ᠎ᠠ ᠪᠣᠯᠪᠠᠰᠤ ᠂ ᠠᠯᠲᠠ ᠶ᠋ᠢ ᠡᠪᠦᠷᠯᠡᠵᠦ ᠠᠯ ᠰᠡᠭᠦᠯ ᠢ ᠬᠥᠯᠥᠭᠯᠡᠨ ᠳᠡᠭᠳᠡᠭᠰᠡᠨ ᠮᠡᠲᠦ ᠪᠣᠢ᠃  
      ᠪᠣᠭᠳᠠ ᠶ᠋ᠢᠨ ᠲᠠᠭᠠᠯᠠᠯ : ᠨᠡᠷ᠎ᠡ ᠠᠰᠢᠭ ᠪᠠᠢᠨᠠᠮ᠂ ᠶᠠᠭᠠᠷᠠᠬᠤ ᠬᠡᠷᠡᠭ ᠦᠭᠡᠢ᠂ ᠵᠠᠷᠭᠤ ᠠᠯᠳᠠᠷᠠᠮᠤᠢ᠂ ᠤᠷᠤᠭ ᠪᠣᠯᠪᠠᠰᠤ ᠵᠣᠬᠢᠮᠤᠢ᠂ ᠶᠠᠪᠤᠳᠠᠯ ᠤ᠋ᠨ ᠬᠥᠮᠦᠨ ᠬᠣᠯᠠ᠂ ᠡᠪᠡᠳᠴᠢᠨ ᠪᠠᠬᠠᠨ ᠨᠤᠨᠵᠢᠭᠠᠢ᠂ ᠪᠠᠶᠠᠨ ᠰᠠᠢᠨ ᠬᠡᠮᠡᠭᠴᠢ ᠥᠪᠡᠷ ᠢ᠋ᠶ᠋ᠡᠨ ᠴᠠᠭ ᠪᠣᠢ᠃  
      ᠲᠠᠢᠯᠪᠤᠷᠢ ᠥᠭᠦᠯᠡᠯ : ᠡᠨᠡ ᠲᠥᠯᠭᠡ ᠳ᠋ᠦ᠍ᠷ ᠤᠷᠢᠳᠠ ᠬᠦᠴᠢᠷ ᠬᠣᠢᠨ᠎ᠠ ᠬᠢᠯᠪᠠᠷ᠂ ᠲᠦᠰᠢᠮᠡᠯ ᠬᠥᠮᠦᠨ ᠦᠵᠡᠭᠦᠯᠪᠡᠰᠦ ᠳᠡᠭᠡᠭᠰᠢ ᠳᠡᠪᠰᠢᠬᠦ ᠶ᠋ᠢᠨ ᠪᠠᠶᠠᠷ ᠪᠣᠢ᠂ ᠪᠢᠴᠢᠭ ᠦ᠋ᠨ ᠬᠥᠮᠦᠨ ᠪᠥᠭᠡᠰᠦ ᠨᠡᠷ᠎ᠡ ᠠᠰᠢᠭ ᠣᠷᠣᠢ ᠪᠦᠲᠦᠮᠦᠢ᠂ ᠰᠠᠨᠠᠭᠰᠠᠨ ᠬᠡᠷᠡᠭ ᠬᠣᠢᠰᠢ ᠰᠠᠢᠨ᠂ ᠶᠠᠪᠤᠳᠠᠯ ᠤ᠋ᠨ ᠬᠥᠮᠦᠨ ᠬᠣᠯᠠ᠂ ᠡᠪᠡᠳᠴᠢᠨ ᠡᠳᠡᠭᠡᠬᠦᠶ᠎ᠡ ᠪᠡᠷᠬᠡ᠂ ᠠᠯᠢᠪᠠ ᠬᠡᠷᠡᠭ ᠥᠪᠡᠰᠦᠪᠡᠨ ᠪᠦᠲᠦᠬᠦ ᠪᠣᠯᠠᠢ᠃  
      ᠰᠠᠨᠠᠭ᠎ᠠ ᠲᠠᠢᠯᠤᠭᠰᠠᠨ : ᠡᠷᠲᠡ ᠨᠢᠭᠡᠨ ᠬᠥᠮᠦᠨ ᠪᠠᠶᠠᠨ ᠪᠣᠯᠬᠤ ᠳ᠋ᠤ᠌ ᠳᠤᠷᠠᠲᠠᠢ᠂ ᠨᠢᠭᠡᠨ ᠬᠥᠮᠦᠨ ᠨᠣᠶᠠᠨ ᠪᠣᠯᠬᠤ ᠳ᠋ᠤ᠌ ᠳᠤᠷᠠᠲᠠᠢ ᠨᠢᠭᠡᠨ ᠬᠥᠮᠦᠨ ᠰᠢᠳᠡᠲᠡᠨ ᠪᠣᠯᠬᠤ ᠳ᠋ᠤ᠌ ᠳᠤᠷᠠᠲᠠᠢ᠂ ᠨᠢᠭᠡᠨ ᠬᠥᠮᠦᠨ ᠠᠷᠪᠠᠨ ᠲᠦᠮᠡᠨ ᠬᠡᠯᠬᠡᠶ᠎ᠡ ᠪᠢᠰᠡᠯᠡᠵᠦ ᠠᠯ ᠰᠡᠭᠦᠯ ᠤᠨᠤᠭᠠᠳ ᠶᠠᠩᠵᠸᠦ ᠳ᠋ᠦ᠍ᠷ ᠤᠤᠬᠤᠢ ᠳ᠋ᠤᠷ ᠳᠤᠷᠠᠲᠠᠢ᠂ ᠲᠡᠷᠡ ᠴᠠᠭ ᠲᠤᠷ ᠶᠠᠩᠵᠸᠤ ᠶ᠋ᠢᠨ ᠲᠦᠰᠢᠮᠡᠯ ᠦ᠋ᠨ ᠴᠣᠯᠠ ᠠᠨᠤ ᠪᠠᠶᠠᠨ ᠡᠷᠭᠢᠨ ᠰᠢᠳᠡᠲᠡᠨ ᠬᠡᠮᠡᠵᠦᠬᠦᠢ᠂ ᠭᠠᠭᠴᠠ ᠡᠨᠡ ᠬᠥᠮᠦᠨ ᠦ ᠨᠡᠷ᠎ᠡ ᠡᠨᠡ ᠮᠡᠲᠦ ᠪᠣᠯᠪᠠᠴᠤ ᠴᠣᠬᠣᠮ ᠠᠨᠤ ᠡᠨᠡ ᠮᠡᠲᠦ ᠪᠤᠰᠤ᠂ ᠲᠡᠢᠮᠦ ᠶ᠋ᠢᠨ ᠲᠤᠯᠠ ᠨᠡᠷ᠎ᠡ ᠠᠰᠢᠭ ᠬᠦᠰᠡᠭᠴᠢᠳ ᠵᠢᠷᠤᠮ ᠪᠠ ᠵᠠᠶᠠᠭᠠᠨ ᠢ ᠪᠠᠷᠢᠵᠤ ᠳᠤᠷ᠎ᠠ ᠪᠠᠷ ᠪᠢᠲᠡᠭᠡᠢ ᠦᠢᠯᠡᠳᠦᠭᠲᠦᠨ᠂ ᠠᠯᠢᠪᠠ ᠬᠡᠷᠡᠭ ᠵᠤᠨ ᠨᠠᠮᠤᠷ ᠡᠪᠦᠯ ᠰᠠᠨᠠᠭ᠎ᠠ ᠳ᠋ᠤᠷ ᠭᠥᠷᠥᠮᠦ᠂ ᠭᠠᠭᠴᠠ ᠬᠠᠪᠤᠷ ᠲᠤᠷ ᠣᠯᠳᠠᠪᠤᠷᠢ ᠦᠭᠡᠢ᠃  
      ᠪᠡᠯᠭᠡ ᠶ᠋ᠢᠨ ᠳᠣᠬᠢᠶᠠᠯᠳᠤᠪᠤᠷᠢ᠄ ᠨᠢᠭᠡᠨ ᠬᠥᠮᠦᠨ ᠲᠦᠰᠢᠮᠡᠯ ᠳᠡᠪᠰᠢᠬᠦ ᠶ᠋ᠢᠨ ᠲᠤᠯᠠ ᠦᠵᠡᠭᠦᠯᠪᠡᠰᠦ ᠡᠨᠡ ᠲᠥᠯᠭᠡ ᠪᠠᠭᠤᠵᠤᠬᠤᠢ᠂ ᠲᠡᠭᠦᠪᠡᠷ ᠪᠢ ᠬᠡᠷᠬᠢᠵᠦ ᠶᠠᠩᠵᠸᠤ ᠶ᠋ᠢᠨ ᠲᠦᠰᠢᠮᠡᠯ ᠪᠣᠯᠤᠮᠤ ᠭᠡᠮᠡᠨ ᠰᠠᠨᠠᠨ ᠠᠲᠠᠯ᠎ᠠ ᠾᠧᠨᠠᠨ ᠤ᠋ ᠰᠢᠨ ᠶᠠᠩ ᠵᠧᠦ ᠳ᠋ᠦ᠍ᠷ ᠵᠧᠦ ᠶ᠋ᠢ ᠮᠡᠳᠡᠭᠴᠢ ᠪᠣᠯᠵᠤᠬᠤᠢ ᠂ ᠡᠨᠡ ᠨᠢ ᠦᠰᠦᠭ ᠠᠳᠠᠯᠢ ᠪᠤᠰᠤ ᠠᠶᠠᠯᠭᠤ ᠠᠳᠠᠯᠢ ᠮᠡᠲᠦ ᠪᠣᠢ ᠯᠤᠭ᠎ᠠ ᠲᠣᠬᠢᠶᠠᠯᠳᠤᠵᠤᠬᠤᠢ᠃  
      ᠬᠣᠷᠢᠨ ᠲᠠᠪᠤᠳᠤᠭᠠᠷ ᠲᠥᠯᠭᠡ : ᠤᠯᠠᠭᠠᠨ ᠰᠢᠷ᠎ᠠ᠂ ᠳᠤᠮᠳᠠ ᠲᠡᠭᠰᠢ᠂ ᠲᠥᠯᠭᠡ ᠶ᠋ᠢᠨ ᠪᠡᠯᠭᠡ ᠠᠨᠤ : ᠳᠠᠩ ᠮᠢᠩ ᠬᠤᠸᠠᠩ ᠰᠠᠷᠠᠨ ᠣᠷᠳᠣᠨ ᠢ ᠬᠡᠰᠦᠭᠰᠡᠨ : ᠪᠠᠷᠰ ᠮᠣᠷᠢ ᠨᠣᠬᠠᠢ ᠵᠢᠯ ᠳ᠋ᠦ᠍ᠷ ᠪᠣᠭᠣᠭᠳᠠᠬᠤ ᠬᠠᠭᠠᠭᠳᠠᠬᠤ ᠣᠯᠠᠨ᠂ ᠭᠠᠬᠠᠢ ᠬᠤᠯᠤᠭᠠᠨ᠎ᠠ ᠦᠬᠡᠷ ᠰᠠᠷ᠎ᠠ ᠳ᠋ᠤᠷ ᠤᠯᠠᠮ ᠨᠡᠪᠲᠡᠷᠡᠵᠦ ᠳᠡᠯᠭᠡᠷᠡᠮᠦᠢ᠂ ᠵᠤᠨ ᠤ᠋ ᠴᠠᠭ ᠲᠤᠷ ᠬᠠᠰ ᠲᠠᠤᠯᠠᠢ ᠠᠯᠲᠠᠨ ᠲᠠᠬᠢᠶ᠎ᠠ ᠲᠣᠬᠢᠶᠠᠯᠳᠤᠪᠠᠰᠤ ᠬᠤᠪᠠᠬᠠᠢᠷᠠᠭᠰᠠᠨ ᠮᠣᠳᠣᠨ ᠬᠠᠪᠤᠷ ᠤ᠋ᠨ ᠰᠢᠮ᠎ᠡ ᠳ᠋ᠦ᠍ᠷ ᠥᠪᠡᠷ ᠢ᠋ᠶ᠋ᠡᠨ ᠴᠡᠴᠡᠭᠯᠡᠮᠦᠢ᠃  
      ᠪᠣᠭᠳᠠ ᠶ᠋ᠢᠨ ᠲᠠᠭ᠋ᠭᠠᠯᠠᠯ : ᠵᠠᠷᠭᠤ ᠣᠯᠠᠨ ᠵᠣᠪᠠᠨᠢᠯᠲᠠᠢ ᠡᠴᠦᠰ ᠲᠦ᠍ᠷ ᠠᠮᠤᠷᠵᠢᠮᠤᠢ᠂ ᠨᠡᠷ᠎ᠡ ᠠᠰᠢᠭ ᠤᠳᠠᠭᠠᠨ᠂ ᠤᠷᠤᠭ ᠪᠣᠯᠪᠠᠰᠤ ᠰᠠᠢᠨ᠂ ᠵᠢᠷᠮᠦᠰᠦᠨ ᠢ ᠠᠶᠤᠯ ᠠ᠋ᠴᠠ ᠰᠠᠬᠢᠬᠤᠢ ᠳ᠋ᠤᠷ ᠭᠦᠷᠢᠮ ᠬᠡᠷᠡᠭᠲᠡᠢ᠂ ᠶᠠᠪᠤᠳᠠᠯ ᠤ᠋ᠨ ᠬᠥᠮᠦᠨ ᠠᠰᠠᠭᠤᠪᠠᠰᠤ ᠮᠠᠭᠠᠳ ᠢᠷᠡᠬᠦ ᠪᠣᠢ᠃  
      ᠲᠠᠢᠯᠪᠤᠷᠢ ᠥᠭᠦᠯᠡᠯ : ᠡᠨᠡ ᠲᠥᠯᠭᠡ ᠳ᠋ᠦ᠍ᠷ ᠬᠡᠷᠡᠭ ᠦᠢᠯᠡᠳᠬᠦ ᠳ᠋ᠡᠭᠡᠨ ᠳᠤᠨᠣᠮᠵᠢᠯᠠᠯᠲᠠᠢ᠂ ᠡᠪᠦᠯ ᠦ᠋ᠨ ᠭᠤᠷᠪᠠᠨ ᠰᠠᠷ᠎ᠠ ᠳ᠋ᠤᠷ ᠴᠥᠮ ᠳᠡᠯᠭᠡᠷᠡᠮᠦᠢ᠂ ᠲᠠᠤᠯᠠᠢ ᠲᠠᠬᠢᠶ᠎ᠠ ᠰᠠᠷ᠎ᠠ ᠡᠳᠦᠷ ᠰᠠᠨᠠᠭᠰᠠᠨ ᠬᠡᠷᠡᠭ ᠴᠠᠭ ᠲᠤᠷ ᠠᠭᠤᠯᠵᠠᠭᠠᠳ ᠬᠤᠪᠬᠠᠢᠷᠠᠭᠰᠠᠨ ᠮᠣᠳᠣᠨ ᠠ᠋ᠴᠠ ᠴᠡᠴᠡᠭ ᠳᠡᠯᠭᠡᠷᠡᠭᠰᠡᠨ ᠮᠡᠲᠦ ᠰᠠᠨᠠᠭᠰᠠᠨ ᠬᠡᠷᠡᠭ ᠰᠡᠳᠬᠢᠯ ᠬᠦᠴᠦᠨ ᠢ ᠵᠣᠪᠠᠭᠠᠬᠤ ᠦᠭᠡᠢ ᠪᠡᠷ ᠪᠦᠲᠦᠮᠦᠢ᠃  ᠪᠠᠷᠰ᠂ ᠮᠣᠷᠢ᠂ ᠨᠣᠬᠠᠢ᠂ ᠭᠠᠬᠠᠢ᠂ ᠬᠤᠯᠤᠭᠠᠨ᠎ᠠ᠂ ᠦᠬᠡᠷ ᠵᠢᠯ ᠰᠠᠷ᠎ᠠ ᠳ᠋ᠤᠷ ᠲᠣᠬᠢᠶᠠᠯᠳᠤᠪᠠᠰᠤ ᠰᠡᠳᠬᠢᠯᠴᠢᠯᠡᠨ ᠪᠦᠲᠦᠮᠦᠢ᠂ ᠠᠶᠤᠬᠤ ᠰᠣᠴᠢᠬᠤ ᠡᠴᠦᠰ ᠲᠡᠭᠡᠨ ᠠᠮᠤᠷᠯᠢᠮᠤᠢ᠃ ᠨᠡᠷ᠎ᠡ ᠠᠰᠢᠭ ᠤᠳᠠᠭᠠᠨ᠂ ᠤᠷᠤᠭ ᠪᠠᠷᠢᠯᠳᠤᠪᠠᠰᠤ ᠥᠯᠵᠡᠢᠲᠡᠢ᠂ ᠶᠠᠪᠤᠳᠠᠯ ᠤ᠋ᠨ ᠬᠥᠮᠦᠨ ᠢᠷᠡᠮᠦᠢ᠃  
      ᠰᠠᠨᠠᠭ᠎ᠠ ᠲᠠᠢᠯᠤᠭᠰᠠᠨ : ᠠᠷᠪᠠᠨ ᠬᠣᠶᠠᠷ ᠴᠠᠭ ᠲᠣᠷ ᠪᠠᠷᠰ ᠮᠣᠷᠢ ᠨᠣᠬᠠᠢ ᠲᠣᠬᠢᠶᠠᠯᠳᠤᠪᠠᠰᠤ ᠬᠡᠷᠡᠭ ᠰᠠᠭᠠᠳ ᠲᠠᠢ ᠲᠤᠯᠠ ᠦᠢᠯᠡᠳᠬᠦᠢ ᠳ᠋ᠦ᠍ᠷ ᠪᠡᠷᠬᠡᠰᠢᠶᠡᠯ ᠲᠡᠢ᠂ ᠭᠠᠬᠠᠢ ᠬᠤᠯᠤᠭᠠᠨ᠎ᠠ ᠦᠬᠡᠷ ᠲᠣᠷ ᠤᠴᠠᠷᠠᠪᠠᠰᠤ ᠵᠣᠪᠠᠯᠠᠩ ᠠᠷᠢᠯᠤᠭᠠᠳ ᠰᠠᠢᠵᠢᠷᠠᠮᠤ᠂ ᠲᠠᠤᠯᠠᠢ ᠲᠠᠬᠢᠶ᠎ᠠ ᠳ᠋ᠤᠷ ᠮᠠᠰᠢ ᠰᠠᠢᠨ᠂ ᠨᠡᠷ᠎ᠡ ᠠᠰᠢᠭ ᠪᠦᠲᠦᠭᠡᠳ ᠪᠠᠶᠠᠨ ᠨᠣᠶᠠᠨ ᠢ ᠤᠯᠬᠤᠢ ᠳ᠋ᠤᠷ ᠡᠪᠡᠰᠦᠨ ᠠᠪᠬᠤ ᠮᠡᠲᠦ᠂ ᠠᠯᠢᠪᠠ ᠬᠡᠷᠡᠭ ᠢ ᠵᠢᠯ ᠰᠠᠷ᠎ᠠ ᠶ᠋ᠢ ᠦᠵᠡᠵᠦ ᠵᠠᠶᠠᠭᠠᠨ ᠯᠤᠭ᠎ᠠ ᠲᠣᠬᠢᠶᠠᠯᠳᠤᠪᠠᠰᠤ ᠭᠠᠬᠠᠢ ᠬᠤᠯᠤᠭᠠᠨ᠎ᠠ ᠦᠬᠡᠷ ᠲᠠᠤᠯᠠᠢ ᠲᠠᠬᠢᠶ᠎ᠠ ᠨᠣᠬᠠᠢ ᠳ᠋ᠤᠷ ᠰᠡᠳᠬᠢᠯᠴᠢᠯᠡᠨ ᠪᠦᠲᠦᠮᠦᠢ᠂ ᠮᠡᠷᠭᠡᠳ ᠲᠣᠬᠢᠶᠠᠯᠳᠤᠪᠠᠰᠤ ᠲᠦᠰᠢᠮᠡᠯ ᠳ᠋ᠦ᠍ᠷ ᠬᠥᠷᠥᠮᠦ᠂ ᠳᠣᠣᠷᠠᠳᠤᠰ ᠲᠣᠬᠢᠶᠠᠯᠳᠤᠪᠠᠰᠤ ᠬᠡᠰᠡᠭ ᠲᠣᠷ ᠭᠥᠷᠳᠡᠮᠦ᠃  
      ᠪᠡᠯᠭᠡ ᠶ᠋ᠢᠨ ᠲᠣᠬᠢᠶᠠᠯᠳᠤᠪᠦᠷᠢ : ᠨᠢᠭᠡᠨ ᠬᠥᠮᠦᠨ ᠡᠪᠡᠳᠦᠭᠡᠳ ᠦᠵᠡᠭᠦᠯᠪᠡᠰᠦ ᠡᠨᠡ ᠲᠥᠯᠭᠡ ᠪᠠᠭᠤᠵᠤᠬᠤᠢ᠂ ᠵᠤᠨ ᠤ᠋ ᠡᠳᠦᠷ ᠨᠢᠭᠡᠨ ᠡᠮᠴᠢ ᠶ᠋ᠢ ᠵᠠᠯᠠᠭᠠᠳ ᠢᠷᠡᠭᠰᠡᠨ ᠠᠨᠤ ᠤᠳᠠᠵᠤᠬᠤᠢ᠂ ᠬᠡᠷᠬᠢᠵᠦ ᠤᠳᠠᠪᠠ ᠭᠡᠮᠡᠨ ᠠᠰᠠᠭᠤᠪᠠᠰᠤ ᠨᠠᠷᠠᠨ ᠭᠬᠢᠷᠲᠦᠭᠰᠡᠨ ᠢ ᠦᠵᠡᠭᠰᠡᠭᠡᠷ ᠤᠳᠠᠪᠠ ᠬᠡᠮᠡᠪᠡ᠂ ᠨᠠᠷᠠᠨ ᠬᠡᠷᠬᠢᠵᠦ ᠭᠬᠢᠷᠲᠦᠮᠦ ᠭᠡᠮᠡᠨ ᠠᠰᠠᠭᠤᠪᠠᠰᠤ ᠨᠠᠷᠠᠨ ᠰᠠᠷᠠᠨ ᠠᠭᠤᠯᠵᠠᠭᠰᠠᠨ ᠤᠴᠢᠷ ᠬᠡᠮᠡᠭᠰᠡᠨ ᠢ ᠰᠣᠨᠣᠰᠤᠭᠠᠳ ᠬᠠᠰ ᠲᠠᠤᠯᠠᠢ ᠠᠯᠲᠠᠨ᠂ ᠲᠠᠬᠢᠶ᠎ᠠ ᠲᠣᠬᠢᠶᠠᠯᠳᠤᠪᠠᠰᠤ ᠬᠤᠪᠠᠬᠠᠢᠷᠠᠭᠰᠠᠨ ᠮᠣᠳᠣᠨ ᠴᠡᠴᠡᠭᠯᠡᠮᠦᠢ ᠬᠡᠮᠡᠭᠰᠡᠨ ᠢ ᠪᠣᠳᠣᠭᠠᠳ ᠡᠪᠡᠳᠴᠢᠲᠡᠨ ᠶᠡᠬᠡ ᠪᠠᠶᠠᠷᠯᠠᠨ ᠨᠢᠭᠡᠨ ᠤᠤᠭᠤᠬᠤ ᠡᠮ ᠢ᠋ᠶ᠋ᠡᠷ ᠠᠮᠤᠷᠵᠢᠪᠠ᠃  
      ᠬᠣᠷᠢᠨ ᠵᠢᠷᠭᠤᠳᠤᠭᠠᠷ ᠲᠥᠯᠭᠡ : ᠤᠯᠠᠭᠠᠨ ᠰᠢᠷᠠᠭᠴᠢᠨ᠂ ᠳᠤᠮᠳᠠ ᠰᠠᠢᠨ᠂ ᠲᠥᠯᠭᠡ ᠶ᠋ᠢᠨ ᠪᠡᠯᠭᠡ ᠠᠨᠤ : ᠰᠠᠤ ᠶᠠᠤ ᠦ ᠲᠩᠷᠢ ᠲᠦᠷ ᠵᠠᠯᠪᠠᠷᠢᠭᠰᠠᠨ : ᠵᠢᠯ ᠪᠦᠷᠢ ᠶ᠋ᠢᠨ ᠠᠷᠪᠢᠨ ᠬᠣᠪᠣᠷ ᠪᠤᠯᠲᠤ ᠲᠡᠭᠷᠢ ᠶ᠋ᠢᠨ ᠲᠣᠭ᠎ᠠ ᠂ ᠶᠡᠷᠦ ᠳ᠋ᠡᠭᠡᠨ ᠵᠢᠯ ᠦ᠋ᠨ ᠭᠠᠩ ᠪᠣᠯᠬᠤ ᠠᠨᠤ ᠪᠠᠬᠠᠨ ᠢᠯᠡᠭᠦᠦ᠂ ᠴᠢᠮ᠎ᠠ ᠯᠤᠭ᠎ᠠ ᠭᠤᠷᠪᠠᠨ ᠬᠣᠨᠣᠭ ᠤ᠋ᠨ ᠳᠣᠲᠣᠷ᠎ᠠ ᠲᠣᠭᠲᠠᠭᠠᠨ ᠪᠣᠯᠵᠣᠰᠤᠭᠠᠢ᠂ ᠲᠠᠷᠢᠶᠠᠯᠠᠩ ᠤ᠋ᠨ ᠭᠠᠵᠠᠷ ᠬᠠᠨᠤᠲᠠᠯ᠎ᠡ ᠷᠠᠰᠢᠶᠠᠨ ᠬᠤᠷ᠎ᠠ ᠣᠷᠣᠮᠤᠢ᠃  
      ᠪᠣᠭᠳᠠ ᠶ᠋ᠢᠨ ᠲᠠᠭᠠᠯᠠᠯ : ᠨᠡᠷ᠎ᠡ ᠪᠠ ᠠᠰᠢᠭ ᠡᠳᠦᠭᠡ ᠪᠠᠭᠤᠷᠠᠪᠠᠴᠤ ᠴᠠᠭ ᠲᠣᠬᠢᠶᠠᠯ ᠠᠭᠤᠯᠵᠠᠪᠠᠰᠤ  ᠢᠵᠠᠭᠤᠷ ᠤ᠋ᠨ ᠶᠣᠰᠣ ᠪᠠᠷ ᠪᠣᠯᠬᠤ᠂ ᠵᠠᠷᠭᠤ ᠠᠯᠳᠠᠷᠠᠵᠤ ᠪᠣᠯᠤᠮᠤ᠂ ᠡᠪᠡᠳᠴᠢᠲᠡᠨ ᠠᠮᠤᠷ ᠪᠣᠯᠬᠤ᠂ ᠤᠷᠤᠭ ᠵᠣᠬᠢᠯᠳᠤᠬᠤ᠂ ᠶᠠᠪᠤᠳᠠᠯ ᠤ᠋ᠨ ᠬᠥᠮᠦᠨ ᠳᠠᠷᠤᠢ ᠢᠷᠡᠮᠦᠢ᠃  
      ᠲᠠᠢᠯᠪᠤᠷᠢ ᠥᠭᠦᠯᠡᠯ : ᠡᠨᠡ ᠲᠥᠯᠭᠡ ᠳ᠋ᠦ᠍ᠷ ᠰᠠᠨᠠᠭᠰᠠᠨ ᠬᠡᠷᠡᠭ ᠤᠷᠢᠳᠠ ᠬᠦᠴᠢᠷ ᠬᠣᠵᠢᠮ ᠰᠠᠢᠨ᠂ᠡᠪᠡᠳᠴᠢᠲᠡᠨ ᠬᠡᠢ ᠮᠣᠷᠢᠨ ᠳᠡᠯᠭᠡᠷᠡᠭᠡᠳᠦᠢ ᠲᠤᠯᠠ ᠨᠢᠳᠦᠨ ᠦ᠌ ᠠᠮᠤᠨ᠎ᠠ ᠪᠦᠷᠬᠦᠭᠳᠡᠵᠦ ᠪᠣᠢ᠂ ᠥᠯᠵᠡᠢ ᠲᠡᠢ ᠪᠣᠯᠬᠤ ᠶ᠋ᠢ ᠰᠠᠨᠠᠪᠠᠰᠤ ᠴᠠᠭᠠᠨ ᠮᠡᠴᠢᠨ ᠡᠳᠦᠷ ᠲᠣᠬᠢᠶᠠᠯᠳᠤᠵᠤ ᠠᠮᠤᠷᠵᠢᠮᠤᠢ᠂ ᠵᠠᠷᠭᠤ ᠠᠯᠳᠠᠷᠠᠬᠤ᠂ ᠨᠡᠷ᠎ᠡ ᠠᠰᠢᠭ ᠦᠭᠡᠢ᠂ ᠠᠯᠢᠪᠠ ᠬᠡᠷᠡᠭ ᠠᠰᠢᠭ ᠲᠠᠢ ᠪᠣᠯᠬᠤ᠃  
      ᠰᠠᠨᠠᠭ᠎ᠠ ᠲᠠᠢᠯᠤᠭᠰᠠᠨ : ᠪᠠᠶᠠᠨ ᠡᠷᠬᠢᠮ ᠴᠥᠮ ᠲᠡᠭᠷᠢ ᠶ᠋ᠢᠨ ᠲᠣᠭ᠎ᠠ ᠪᠣᠢ᠂ ᠬᠥᠮᠦᠨ ᠦ᠌ ᠬᠦᠴᠦᠨ ᠢ᠋ᠶ᠋ᠡᠷ ᠪᠣᠯᠬᠤ ᠪᠤᠰᠤ᠂ ᠠᠯᠢᠪᠠ ᠵᠠᠭᠤᠨ ᠵᠦᠢᠯ ᠦ᠋ᠨ ᠬᠡᠷᠡᠭ ᠴᠠᠭ ᠲᠠᠭᠠᠨ ᠭᠠᠴᠢᠭᠳᠠᠵᠤ ᠳᠡᠯᠭᠡᠷᠡᠬᠦ ᠪᠣᠯᠲᠤᠭᠠᠢ᠂ ᠭᠤᠷᠪᠠᠨ ᠬᠣᠨᠣᠭ ᠤ᠋ᠨ ᠳᠣᠲᠣᠷ᠎ᠠ ᠲᠣᠭᠲᠠᠭᠠᠨ ᠬᠡᠮᠡᠭᠰᠡᠨ ᠠᠨᠤ ᠬᠣᠵᠢᠮ ᠳ᠋ᠠᠭᠠᠨ ᠬᠤᠪᠢᠯᠠᠬᠤ ᠬᠡᠮᠡᠭᠰᠡᠨ ᠪᠣᠯᠠᠢ᠂ ᠴᠠᠭᠠᠨ ᠬᠡᠮᠡᠭᠴᠢ ᠬᠤᠪᠢᠯᠠᠬᠤ ᠦᠭᠡᠰ ᠴᠠᠭᠠᠨ ᠤ᠋ ᠤᠷᠢᠳᠠ ᠭᠤᠷᠪᠠᠨ ᠡᠳᠦᠷ ᠤᠯᠠᠭᠠᠭᠴᠢᠨ᠂ ᠴᠠᠭᠠᠨ ᠤ᠋ ᠬᠣᠢᠨ᠎ᠠ ᠭᠤᠷᠪᠠᠨ ᠡᠳᠦᠷ ᠬᠠᠷᠠᠭᠴᠢᠨ᠂ ᠡᠨᠡ ᠬᠣᠶᠠᠷ ᠦᠰᠦᠭ ᠮᠠᠭᠤ ᠠᠨᠤ ᠬᠤᠪᠢᠯᠵᠤ ᠰᠠᠢᠨ ᠳ᠋ᠤᠷ ᠤᠷᠪᠠᠬᠤ ᠪᠣᠯᠠᠢ᠂ ᠨᠡᠷ᠎ᠡ ᠪᠦᠲᠦᠬᠦ᠂ ᠠᠰᠢᠭ ᠣᠯᠬᠤ᠂ ᠪᠡᠶ᠎ᠡ ᠪᠡᠨ ᠬᠢᠴᠢᠶᠡᠩᠭᠦᠢᠯᠡᠨ ᠵᠠᠯᠠᠷᠠᠭᠤᠯ᠂ ᠪᠢᠲᠡᠭᠡᠢ ᠳᠤᠷ᠎ᠠ ᠪᠠᠷ ᠶᠠᠪᠤ ᠂ ᠡᠪᠡᠳᠴᠢᠨ ᠪᠣᠯᠪᠠᠰᠤ ᠰᠠᠬᠢᠭᠤᠯᠰᠤᠨ ᠢ ᠰᠢᠲᠦᠭᠲᠦᠨ᠃ ᠬᠥᠪᠡᠭᠦᠨ ᠢ ᠬᠦᠰᠡᠪᠡᠰᠦ ᠲᠠᠪᠤᠨ ᠬᠥᠪᠡᠭᠦᠨ ᠪᠣᠢ᠂ ᠶᠡᠬᠡ ᠲᠥᠯᠥᠪ ᠠᠨᠤ ᠬᠣᠭᠣᠰᠣᠨ ᠨᠡᠷ᠎ᠡ ᠡᠴᠡ ᠪᠤᠰᠤ ᠪᠣᠳᠠᠲᠠᠢ ᠠᠨᠤ ᠴᠥᠭᠡᠨ ᠪᠣᠯᠠᠢ᠃ 
      ᠪᠡᠯᠭᠡ ᠶ᠋ᠢᠨ ᠲᠣᠬᠢᠶᠠᠯᠳᠤᠪᠦᠷᠢ : ᠨᠢᠭᠡᠨ ᠪᠢᠴᠢᠭ ᠦ᠋ᠨ ᠬᠥᠮᠦᠨ ᠨᠠᠮᠤᠷ ᠰᠢᠯᠭᠠᠬᠤ ᠶ᠋ᠢ ᠦᠵᠡᠭᠦᠯᠪᠡᠰᠦ ᠡᠨᠡ ᠲᠥᠯᠭᠡ ᠪᠠᠭᠤᠵᠤᠬᠤᠢ᠂ ᠭᠤᠷᠪᠠᠨ ᠤᠳᠠᠭ᠎ᠠ ᠰᠢᠯᠭᠠᠬᠤᠢ ᠳ᠋ᠤᠷ ᠭᠤᠷᠪᠠᠨ ᠤᠳᠠᠭ᠎ᠠ ᠬᠤᠷ᠎ᠠ ᠲᠣᠬᠢᠶᠠᠯᠳᠤᠪᠠ᠂ ᠲᠡᠷᠡ ᠬᠥᠮᠦᠨ ᠵᠢᠦᠢ ᠷᠸᠨ ᠣᠯᠤᠭᠠᠳ ᠰᠡᠭᠦᠯ ᠦᠨ ᠬᠣᠶᠠᠷ ᠦᠰᠦᠭ ᠲᠣᠬᠢᠷᠠᠯᠳᠤᠭᠰᠠᠨ ᠢ ᠮᠡᠳᠡᠪᠡᠢ᠃  
      ᠬᠣᠷᠢᠨ ᠳᠣᠯᠣᠳᠤᠭᠠᠷ ᠲᠥᠯᠭᠡ : ᠤᠯᠠᠭᠠᠨ ᠴᠠᠭᠠᠨ᠂ ᠳᠣᠣᠷ᠎ᠠ ᠶ᠋ᠢᠨ ᠳᠣᠣᠷ᠎ᠠ᠂ ᠲᠥᠯᠭᠡ ᠶ᠋ᠢᠨ ᠪᠡᠯᠭᠡ ᠠᠨᠤ :  ᠵᠢᠶᠠᠩ ᠳ᠋ᠦᠩ ᠰᠢᠳᠢ ᠶ᠋ᠢ ᠣᠯᠤᠭᠰᠠᠨ : ᠣᠷᠴᠢᠯᠠᠩ ᠤ᠋ᠨ ᠶᠠᠭᠤᠮ᠎ᠠ ᠴᠥᠮ ᠡᠵᠡᠨ ᠲᠡᠢ᠂ ᠨᠢᠭᠡᠨ ᠠᠮᠤ ᠨᠢᠭᠡᠨ ᠬᠢᠯᠭᠠᠰᠤ ᠪᠣᠯᠪᠠᠴᠤ ᠠᠪᠬᠤ ᠬᠡᠷᠡᠭ ᠦᠭᠡᠢ᠂ ᠮᠡᠷᠭᠡᠨ ᠪᠠᠭᠠᠲᠤᠷ ᠲᠠᠰᠤᠷᠬᠠᠢ ᠡᠷᠭᠢᠨ ᠲᠡᠭᠷᠢ ᠡᠴᠡ ᠵᠠᠶᠠᠭᠠᠲᠠᠢ᠂ ᠠᠯᠬᠤᠬᠤ ᠪᠦᠷᠢ ᠶᠣᠰᠣᠨ ᠬᠡᠮᠵᠢᠶᠡᠨ ᠢ ᠳᠠᠭᠠᠬᠤ ᠪᠣᠢ᠃  
      ᠪᠣᠭᠳᠠ ᠶ᠋ᠢᠨ ᠲᠠᠭᠠᠯᠠᠯ : ᠵᠠᠷᠭᠤ ᠪᠢᠲᠡᠭᠡᠢ ᠡᠭᠦᠰᠬᠡ᠂ ᠡᠪᠡᠳᠴᠢᠲᠡᠨ ᠡᠮᠴᠢ ᠶ᠋ᠢ ᠬᠢᠨᠠᠭᠳᠠᠬᠤᠢ᠂ ᠨᠡᠷ᠎ᠡ ᠠᠰᠢᠭ ᠵᠠᠶᠠᠭ᠎ᠠ ᠪᠠᠨ ᠬᠦᠯᠢᠶ᠎ᠡ᠂ ᠶᠠᠪᠤᠳᠠᠯ ᠤ᠋ᠨ ᠬᠥᠮᠦᠨ ᠤᠳᠠᠮᠤᠢ᠂ ᠤᠷᠤᠭ ᠲᠣᠭᠲᠠᠭᠠᠳᠤᠢ᠂ ᠠᠯᠢᠪᠠ ᠬᠡᠷᠡᠭ ᠬᠡᠪ ᠢ᠋ᠶ᠋ᠡᠨ ᠰᠠᠬᠢᠭᠰᠠᠨ ᠰᠠᠢᠨ ᠪᠣᠢ᠃ 
      ᠲᠠᠢᠯᠪᠤᠷᠢ ᠥᠭᠦᠯᠡᠯ : ᠡᠨᠡ ᠲᠥᠯᠭᠡ ᠭᠠᠭᠴᠠ ᠬᠠᠭᠤᠴᠢᠨ ᠬᠡᠪ ᠢ᠋ᠶ᠋ᠡᠨ ᠰᠠᠬᠢᠲᠤᠭᠠᠢ᠂ ᠪᠢᠲᠡᠭᠡᠢ ᠳᠤᠷ᠎ᠠ ᠪᠠᠷ ᠦᠢᠯᠡᠳ᠂ ᠬᠡᠷᠪᠡ ᠬᠡᠷᠡᠭ ᠦᠢᠯᠡᠳᠪᠡᠰᠦ ᠬᠠᠷᠢᠨ ᠵᠣᠪᠠᠯᠠᠩ ᠢᠷᠡᠮᠦᠢ᠂ ᠬᠥᠮᠦᠨ ᠢ ᠳᠠᠷᠤᠯᠠᠪᠠᠰᠤ ᠦᠯᠦ ᠪᠣᠯᠬᠤ᠂ ᠵᠠᠷᠭᠤ ᠪᠣᠯᠪᠠᠰᠤ ᠡᠷᠬᠡᠪᠰᠢ ᠵᠣᠬᠢᠯᠳᠤ᠂ ᠨᠡᠷ᠎ᠡ ᠠᠰᠢᠭ ᠪᠣᠢ᠂ ᠡᠳ᠋ ᠬᠦᠰᠡᠬᠦᠢ ᠵᠣᠷ ᠵᠣᠪᠠᠭᠤᠷᠢ ᠲᠠᠢ᠂ ᠶᠠᠪᠤᠳᠠᠯ ᠤ᠋ᠨ ᠬᠥᠮᠦᠨ ᠰᠠᠭᠠᠳ ᠲᠠᠢ᠂ ᠡᠪᠡᠳᠴᠢᠲᠡᠨ ᠪᠤᠶᠠᠨ ᠦᠢᠯᠡᠳᠪᠡᠰᠦ ᠰᠠᠢᠨ᠂ ᠤᠷᠤᠭ ᠵᠣᠬᠢᠯᠳᠤᠬᠤ ᠦᠭᠡᠢ ᠪᠣᠯᠠᠢ᠃  
      ᠰᠠᠨᠠᠭ᠎ᠠ ᠲᠠᠢᠯᠤᠭᠰᠠᠨ : ᠨᠡᠷ᠎ᠡ ᠠᠰᠢᠭ ᠣᠢᠷ᠎ᠠ ᠪᠣᠯᠪᠠᠴᠤ ᠣᠯᠬᠤ ᠦᠭᠡᠢ᠂ ᠬᠣᠯᠠ ᠪᠣᠯᠪᠠᠴᠤ ᠪᠡᠷᠬᠡᠰᠢᠶᠡᠯ ᠲᠡᠢ᠂ ᠲᠦᠮᠡᠨ ᠪᠣᠳᠠᠰ ᠥᠪᠡᠰᠦᠪᠡᠨ ᠡᠵᠡᠨᠲᠦ ᠪᠣᠢ᠂ ᠡᠨᠡ ᠲᠥᠯᠭᠡ ᠴᠡᠭᠡᠷᠯᠡᠭᠰᠡᠨ ᠠᠨᠤ᠂ ᠬᠦᠴᠦᠲᠡᠢ ᠭᠡᠮᠡᠨ ᠵᠥᠭᠡᠯᠡᠨ ᠢ ᠪᠢᠲᠡᠭᠡᠢ ᠳᠠᠷᠤᠯᠠ᠂ ᠪᠠᠶᠠᠨ ᠡᠷᠭᠢᠨ ᠦᠭᠡᠢᠭᠦᠦ ᠳᠣᠣᠷᠠᠳᠤᠰ ᠥᠪᠡᠷ ᠢ᠋ᠶ᠋ᠡᠨ ᠬᠤᠪᠢ ᠵᠠᠶᠠᠭ᠎ᠠ ᠪᠣᠢ ᠲᠤᠯᠠ᠂ ᠬᠡᠷᠪᠡ ᠳᠤᠷ᠎ᠠ ᠪᠠᠷ ᠦᠢᠯᠡᠳᠪᠡᠰᠦ ᠨᠡᠷ᠎ᠡ ᠡᠪᠳᠡᠷᠡᠬᠦ ᠪᠥᠭᠡᠲᠡᠯ᠎ᠡ ᠬᠡᠷᠬᠢᠵᠦ ᠬᠣᠯᠠ ᠶᠡᠬᠡ ᠠᠰᠢᠭ ᠢ ᠣᠯᠤᠮᠤ᠂ ᠡᠨᠡ ᠲᠥᠯᠭᠡ ᠶ᠋ᠢᠨ ᠶᠡᠬᠡ ᠲᠥᠯᠥᠪ ᠠᠨᠤ ᠭᠣᠣᠯ ᠶᠣᠰᠣᠨ ᠢ᠋ᠶ᠋ᠠᠷ ᠶᠠᠪᠤᠪᠠᠰᠤ ᠲᠡᠭᠷᠢ ᠢᠪᠡᠭᠡᠬᠦ ᠂ ᠡᠪᠡᠳᠴᠢᠲᠡᠨ ᠥᠪᠡᠰᠦᠪᠡᠨ ᠠᠮᠤᠷ ᠪᠣᠯᠬᠤ᠃  
      ᠪᠡᠯᠭᠡ ᠶ᠋ᠢᠨ ᠲᠣᠬᠢᠶᠠᠯᠳᠤᠪᠦᠷᠢ : ᠵᠢᠶᠠᠩ ᠳ᠋ᠦᠩ ᠦ᠋ᠨ ᠰᠠᠬᠢᠭᠤᠯᠰᠤᠨ ᠤ᠋ ᠰᠦᠮ᠎ᠡ ᠳ᠋ᠦ᠍ ᠨᠢᠭᠡᠨ ᠶᠡᠬᠡ ᠮᠣᠳᠣᠨ ᠪᠣᠢ ᠪᠥᠯᠥᠭᠡ᠂ ᠲᠡᠷᠡ ᠮᠣᠳᠣᠨ ᠢ ᠳ᠋ᠠᠢ ᠮᠢᠩ ᠲᠡᠢ ᠱᠧᠦ ᠬᠠᠭᠠᠨ ᠣᠭᠲᠣᠯᠣᠰᠤᠭᠠᠢ ᠭᠡᠮᠡᠨ ᠦᠵᠡᠭᠦᠯᠪᠡᠰᠦ ᠡᠨᠡ ᠲᠥᠯᠭᠡ ᠪᠠᠭᠤᠵᠤᠬᠤᠢ᠂ ᠰᠠᠨᠠᠭᠠᠨ ᠳ᠋ᠤᠷ ᠲᠣᠬᠢᠶᠠᠯ ᠭᠡᠮᠡᠨ ᠪᠣᠳᠣᠭᠠᠳ ᠵᠢᠴᠢ ᠭᠣᠶᠣᠪᠠᠰᠤ ᠮᠥᠨ ᠲᠥᠯᠭᠡ ᠪᠠᠭᠤᠭᠰᠠᠨ ᠳ᠋ᠤᠷ ᠣᠭᠲᠣᠯᠬᠤ ᠪᠠᠨ ᠵᠣᠭᠰᠣᠪᠠᠢ᠂ ᠪᠠᠰᠠ ᠨᠢᠭᠡᠨ ᠰᠢᠨ᠎ᠡ ᠵᠢᠦᠢ ᠺᠡᠸᠨ ᠳ᠋ᠦ᠍ ᠡᠨᠡ ᠲᠥᠯᠭᠡ ᠪᠠᠭᠤᠭᠰᠠᠨ ᠢ᠋ᠶ᠋ᠠᠷ ᠬᠠᠪᠤᠷ ᠤ᠋ᠨ ᠰᠢᠯᠭᠠᠬᠤᠢ ᠳ᠋ᠤᠷ ᠶᠡᠬᠡᠳᠡ ᠳᠠᠪᠰᠢᠪᠠᠢ᠂ ᠡᠨᠡ ᠢᠨᠤ ᠠᠯᠬᠤᠬᠤ ᠪᠦᠷᠢ ᠬᠡᠮᠡᠭᠰᠡᠨ ᠦᠭᠡᠰ ᠯᠦᠭᠡ ᠲᠣᠬᠢᠶᠠᠯᠳᠤᠵᠤᠬᠤᠢ᠃ ᠨᠢᠭᠡᠨ ᠤᠳᠠᠭ᠎ᠠ ᠰᠢᠯᠭᠠᠬᠤ ᠪᠥᠭᠡᠰᠦ ᠠᠰᠢᠭ ᠦᠭᠡᠢ᠃  
      ᠬᠣᠷᠢᠨ ᠨᠠᠢ᠍ᠮᠠᠳᠤᠭᠠᠷ ᠲᠥᠯᠭᠡ ᠂ ᠤᠯᠠᠭᠠᠨ ᠴᠠᠭᠠᠭᠴᠢᠨ᠂ ᠳᠡᠭᠡᠳᠦ ᠰᠠᠢᠨ᠂ ᠲᠥᠯᠭᠡ ᠶ᠋ᠢᠨ ᠪᠡᠯᠭᠡ ᠠᠨᠤ : ᠰᠢᠶᠠᠩ ᠵᠧᠦ ᠬᠥᠭᠦᠷᠭᠡᠨ ᠳ᠋ᠦ᠍ᠷ ᠰᠢᠯᠦᠭᠯᠡᠭᠰᠡᠨ: ᠬᠦᠩ ᠾᠧᠦ ᠵᠢᠶᠠᠩᠵᠢᠶᠦᠨ ᠰᠠᠢᠰᠢᠶᠠᠩ ᠥᠪᠡᠷ ᠦ᠋ᠨ ᠵᠠᠶᠠᠭᠠᠨ ᠪᠣᠢ᠂ ᠬᠢᠴᠢᠶᠡᠩᠭᠦᠢ ᠪᠡᠷᠬᠡ ᠶᠠᠪᠤᠳᠠᠯ ᠢ᠋ᠶ᠋ᠠᠨ ᠲᠡᠭᠷᠢ ᠯᠦᠭᠡ ᠵᠣᠬᠢᠯᠳᠤᠭᠤᠯ᠂ ᠬᠥᠮᠦᠨ ᠤ ᠬᠡᠷᠡᠭ ᠪᠤᠯᠲᠤ ᠲᠡᠭᠷᠢ ᠶ᠋ᠢᠨ ᠶᠣᠰᠣᠨ ᠳ᠋ᠤᠷ ᠦᠵᠡᠭᠳᠡᠮᠦ᠂ ᠡᠷᠳᠡᠮ ᠦᠪᠡᠳᠡᠭᠰᠢ ᠪᠣᠢ᠂ ᠪᠣᠯᠪᠠᠰᠤ ᠬᠡᠷᠬᠢᠵᠦ ᠠᠢᠯ ᠪᠦᠯᠦᠭ ᠲᠣᠷ ᠳᠠᠷᠤᠭᠳᠠᠮᠤ᠃  
      ᠪᠣᠭᠳᠠ ᠶ᠋ᠢᠨ ᠲᠠᠭᠠᠯᠠᠯ : ᠡᠪᠡᠳᠴᠢᠨ ᠪᠠ ᠵᠠᠷᠭᠤ ᠤᠳᠠᠵᠤ ᠰᠠᠶᠢ ᠠᠯᠳᠠᠷᠠᠮᠤᠢ᠂ ᠨᠡᠷ᠎ᠡ ᠠᠰᠢᠭ ᠢ ᠲᠦᠷ ᠬᠦᠯᠢᠶᠡᠬᠦ ᠬᠡᠷᠡᠭᠲᠡᠢ᠃ ᠠᠯᠳᠠᠭᠰᠠᠨ ᠡᠳ᠋ ᠨᠢ ᠡᠷᠢᠪᠡᠰᠦ ᠣᠯᠳᠠᠬᠤ᠂ ᠡᠳᠦᠭᠡ ᠬᠡᠳᠦᠢ ᠵᠣᠪᠠᠪᠠᠴᠤ ᠡᠴᠦᠰ ᠲᠦ᠍ᠷ ᠠᠮᠤᠷᠵᠢᠬᠤ ᠪᠣᠢ᠃  
      ᠲᠠᠢᠯᠪᠤᠷᠢ ᠥᠭᠦᠯᠡᠯ : ᠡᠨᠡ ᠲᠥᠯᠭᠡ ᠳ᠋ᠦ᠍ᠷ ᠮᠠᠰᠢ ᠰᠠᠢᠨ᠂ ᠠᠯᠢᠪᠠ ᠬᠡᠷᠡᠭ ᠲᠦ᠍ᠷ ᠪᠢᠲᠡᠭᠡᠢ ᠭᠠᠰᠢᠭᠤᠳᠠ᠂ ᠲᠦᠷ ᠰᠡᠳᠬᠢᠯ ᠢ ᠵᠠᠰᠠᠵᠤ ᠪᠤᠶᠠᠨ ᠦᠢᠯᠡᠳᠪᠡᠰᠦ ᠰᠠᠢᠨ ᠤᠴᠠᠷᠠᠯ ᠪᠣᠢ᠂ ᠵᠠᠷᠭᠤ ᠤᠳᠠᠭᠠᠨ ᠳ᠋ᠠᠭᠠᠨ ᠨᠠᠮᠬᠠᠷᠠᠮᠤᠢ᠂ ᠨᠡᠷ᠎ᠡ ᠠᠰᠢᠭ ᠳᠡᠯᠭᠡᠷᠡᠮᠦᠢ᠂ ᠠᠯᠳᠠᠭᠰᠠᠨ ᠡᠳ᠋ ᠢ ᠡᠷᠢ᠂ ᠡᠪᠡᠳᠴᠢᠲᠡᠨ ᠪᠤᠶᠠᠨ ᠦᠢᠯᠡᠳ : ᠶᠠᠪᠤᠳᠠᠯ ᠤ᠋ᠨ ᠬᠥᠮᠦᠨ ᠪᠤᠴᠠᠪᠠ᠂ ᠡᠳ᠋ ᠡᠷᠢᠪᠡᠰᠦ ᠣᠯᠤᠮᠤ᠃  
      ᠰᠠᠨᠠᠭ᠎ᠠ ᠲᠠᠢᠯᠤᠭᠰᠠᠨ : ᠡᠨᠡ ᠲᠥᠯᠭᠡ ᠪᠠᠶᠠᠨ ᠡᠷᠭᠢᠨ ᠢ ᠬᠢᠴᠢᠶᠡᠪᠡᠰᠦ ᠣᠯᠵᠤ ᠪᠥᠭᠡᠲᠡᠯ᠎ᠡ ᠥᠲᠡᠯ᠎ᠡ ᠠᠷᠠᠳ ᠤᠭ ᠲᠤᠷ ᠬᠥᠮᠦᠨ ᠭᠡᠮᠡᠨ ᠢᠯᠭᠠᠨ ᠥᠭᠦᠯᠡᠪᠡᠰᠦ᠂ ᠴᠢᠳᠠᠯᠲᠠᠨ ᠮᠡᠷᠭᠡᠳ ᠲᠣᠷ ᠢᠵᠠᠭᠤᠷ ᠳᠣᠣᠷ᠎ᠠ ᠭᠡᠮᠡᠨ ᠢᠯᠭᠠᠪᠤᠷᠢ ᠦᠭᠡᠢ ᠂ ᠨᠢᠳᠦᠨ ᠡᠮᠦᠨ᠎ᠡ ᠬᠡᠳᠦᠢ ᠭᠠᠴᠢᠭᠳᠠᠪᠠᠴᠤ ᠴᠠᠭ ᠬᠦᠷᠦᠭᠡᠳᠦᠢ ᠪᠢᠲᠡᠭᠡᠢ ᠭᠠᠰᠠᠯᠠᠭ᠋ᠳᠤᠨ᠂ ᠡᠷᠳᠡᠮ ᠦᠪᠡᠳᠡᠭᠰᠢ ᠬᠥᠮᠦᠨ ᠤ ᠬᠡᠷᠡᠭ ᠪᠦᠷᠢᠳᠦᠭᠰᠡᠨ ᠲᠤᠯᠠ ᠲᠡᠭᠷᠢ ᠢᠪᠡᠭᠡᠭᠡᠳ ᠡᠰᠡ ᠬᠦᠰᠡᠪᠡᠴᠦ ᠢᠷᠠᠮᠤ᠂ ᠠᠯᠪᠠ ᠬᠡᠷᠡᠭ ᠶᠣᠰᠣᠨ ᠢ ᠪᠠᠷᠢᠵᠤ ᠪᠢᠲᠡᠭᠡᠢ ᠳᠤᠷ᠎ᠠ ᠪᠠᠷ ᠶᠠᠪᠤᠭᠲᠤᠨ᠃  
      ᠪᠡᠯᠭᠡ ᠶ᠋ᠢᠨ ᠳᠤᠬᠢᠶᠠᠯᠳᠤᠪᠤᠷᠢ : ᠨᠢᠭᠡᠨ ᠬᠥᠮᠦᠨ ᠶᠡᠷᠦ ᠶ᠋ᠢᠨ ᠲᠤᠯᠠ ᠦᠵᠡᠭᠦᠯᠪᠡᠰᠦ ᠡᠨᠡ ᠲᠥᠯᠭᠡ ᠪᠠᠭᠤᠵᠤᠬᠤᠢ᠂ ᠬᠣᠵᠢᠮ᠂ ᠴᠡᠷᠢᠭ ᠦ᠋ᠨ ᠡᠷᠳᠡᠮ ᠰᠤᠷᠪᠠᠴᠤ ᠠᠰᠢᠭ ᠦᠭᠡᠢ ᠳ᠋ᠦ᠍ᠷ ᠴᠢᠤᠸᠠᠨ ᠵᠧᠦ ᠡᠤ ᠶ᠋ᠢᠨ ᠵᠥᠪᠯᠡᠭᠴᠢ ᠪᠣᠯᠤᠭᠠᠳ ᠲᠡᠷᠡ ᠭᠠᠵᠠᠷ ᠲᠤᠷ ᠨᠥᠭᠴᠢᠪᠡ᠃  
      ᠬᠣᠷᠢᠨ ᠶᠢᠰᠦᠳᠦᠭᠡᠷ ᠲᠥᠯᠭᠡ : ᠤᠯᠠᠭᠠᠨ ᠬᠠᠷ᠎ᠠ᠂ ᠳᠡᠭᠡᠳᠦ ᠶ᠋ᠢᠨ ᠳᠡᠭᠡᠳᠦ᠂ ᠲᠥᠯᠭᠡ ᠶ᠋ᠢᠨ ᠪᠡᠯᠭᠡ ᠠᠨᠤ ᠰᠧ ᠮᠠ᠋ ᠸᠸᠨ ᠬᠦᠩ ᠡᠰᠡ ᠬᠡᠷᠡᠭᠯᠡᠭᠳᠡᠭᠰᠡᠨ ᠳ᠋ᠦ᠍ᠷ ᠭᠠᠴᠢᠭᠳᠠᠭᠰᠠᠨ : ᠡᠴᠢᠭᠡ ᠡᠪᠦᠭᠡ ᠪᠤᠶᠠᠨ ᠬᠤᠷᠢᠶᠠᠵᠤ ᠣᠯᠠᠨ ᠣᠨ ᠪᠣᠯᠪᠠᠢ᠃ ᠡᠬᠢᠨ ᠬᠣᠯᠠ ᠲᠤᠯᠠ ᠤᠷᠤᠰᠬᠠᠯ ᠤᠷᠲᠤ ᠪᠣᠯᠵᠤ ᠴᠡᠩᠭᠡᠯ ᠥᠪᠡᠷ ᠦ᠋ᠨ ᠪᠣᠢ ᠵᠢᠴᠢ ᠪᠠᠰᠠ ᠪᠠᠷᠢᠨ ᠵᠠᠰᠠᠵᠤ ᠲᠠᠰᠤᠷᠠᠯ ᠦᠭᠡᠢ ᠪᠣᠯᠪᠠᠰᠤ᠂ ᠲᠡᠭᠷᠢ ᠴᠢᠮᠠᠳᠤᠷ ᠬᠠᠭᠤᠴᠢᠨ ᠳᠡᠪᠢᠰᠬᠡᠷ᠎ ᠢ ᠴᠢᠨᠦ ᠰᠣᠶᠣᠷᠬᠠᠮᠤᠢ᠃ 
      ᠪᠣᠭᠳᠠ ᠶ᠋ᠢᠨ ᠲᠠᠭᠠᠯᠠᠯ : ᠲᠡᠭᠷᠢ ᠪᠤᠶᠠᠨᠲᠠᠨ ᠢ ᠢᠪᠡᠭᠡᠮᠦᠢ᠂ ᠰᠠᠢᠨ ᠬᠥᠪᠡᠭᠦᠨ ᠲᠡᠢ ᠪᠣᠯᠤᠮᠤᠢ᠂ ᠡᠪᠡᠳᠴᠢᠲᠡᠨ ᠡᠳᠡᠭᠡᠮᠦᠢ ᠂ ᠵᠠᠷᠭᠤ ᠠᠪᠤᠮᠤᠢ᠂ ᠨᠡᠷ᠎ᠡ ᠠᠰᠢᠭ ᠢ ᠣᠯᠤᠮᠤᠢ᠂ ᠶᠠᠪᠤᠳᠠᠯ ᠤ᠋ᠨ ᠬᠥᠮᠦᠨ ᠢᠷᠡᠮᠦᠢ᠂ ᠬᠦᠰᠡᠯ ᠪᠦᠭᠦᠳᠡ ᠶ᠋ᠢ ᠬᠠᠩᠭᠠᠮᠤᠢ᠃ 
      ᠲᠠᠢᠯᠪᠤᠷᠢ ᠥᠭᠦᠯᠡᠯ : ᠡᠨᠡ ᠲᠥᠯᠭᠡ ᠳ᠋ᠦ᠍ᠷ ᠡᠭᠦᠳᠡ ᠡᠷᠦᠬᠡ ᠶ᠋ᠢ ᠦᠵᠡᠭᠦᠯᠪᠡᠰᠦ ᠮᠠᠰᠢ ᠥᠯᠵᠡᠢ ᠲᠡᠢ᠂ ᠲᠦᠰᠢᠮᠡᠯ ᠪᠥᠭᠡᠰᠦ ᠳᠡᠭᠡᠭᠰᠢ ᠳᠡᠪᠰᠢᠬᠦ᠂ ᠥᠲᠡᠯ᠎ᠡ ᠠᠷᠠᠳ ᠪᠥᠭᠡᠰᠦ ᠠᠷᠪᠢᠳᠬᠤ ᠶ᠋ᠢᠨ ᠨᠢᠭᠤᠷ ᠪᠣᠢ᠂ ᠵᠠᠷᠭᠤ ᠪᠣᠯᠪᠠᠰᠤ ᠣᠯᠬᠤ᠂ ᠡᠪᠡᠳᠴᠢᠲᠡᠨ ᠬᠢᠯᠪᠠᠷ ᠠᠮᠤᠷᠵᠢᠮᠤ᠂ ᠤᠷᠤᠭ ᠡᠷᠬᠡᠪᠰᠢ ᠪᠦᠲᠦᠮᠦ᠂ ᠨᠡᠷ᠎ᠡ ᠠᠰᠢᠭ ᠢ ᠣᠯᠬᠤ᠂ ᠶᠠᠪᠤᠳᠠᠯ ᠤ᠋ᠨ ᠬᠥᠮᠦᠨ ᠳᠠᠷᠤᠢ ᠢᠷᠡᠮᠦᠢ᠂ ᠠᠯᠢᠪᠠ ᠬᠡᠷᠡᠭ ᠰᠡᠳᠬᠢᠯᠴᠢᠯᠡᠨ ᠪᠦᠲᠦᠮᠦᠢ ᠂ ᠭᠠᠭᠴᠠ ᠰᠡᠳᠬᠢᠯ ᠢ ᠵᠠᠰᠠᠵᠤ ᠪᠤᠶᠠᠨ ᠢ ᠬᠤᠷᠢᠶᠠᠭᠲᠤᠨ᠂ ᠪᠢᠲᠡᠭᠡᠢ ᠶᠠᠭᠠᠷᠠ᠃  
      ᠰᠠᠨᠠᠭ᠎ᠠ ᠲᠠᠢᠯᠤᠭᠰᠠᠨ : ᠠᠯᠢᠪᠠ ᠬᠡᠷᠡᠭ ᠰᠡᠳᠬᠢᠯᠴᠢᠯᠡᠨ ᠪᠦᠲᠦᠬᠦ ᠠᠨᠤ ᠡᠴᠢᠭᠡ ᠡᠬᠡ ᠶ᠋ᠢᠨ ᠬᠤᠷᠢᠶᠠᠭᠰᠠᠨ ᠪᠤᠶᠠᠨ ᠠ᠋ᠴᠠ ᠪᠣᠯᠤᠭᠰᠠᠨ ᠮᠥᠨ᠂ ᠨᠡᠩ ᠢᠯᠠᠩᠭᠤᠶ᠎ᠠ ᠶᠣᠰᠣᠨ ᠯᠤᠭ᠎ᠠ ᠵᠣᠬᠢᠯᠳᠤᠨ ᠶᠠᠪᠤᠵᠤ ᠳᠠᠷᠤᠯᠠᠬᠤ ᠬᠥᠨᠥᠭᠡᠬᠦᠢ ᠶ᠋ᠢ ᠲᠡᠪᠴᠢᠪᠡᠰᠦ ᠡᠷᠬᠡᠪᠰᠢ ᠰᠠᠢᠨ ᠢ ᠡᠳ᠋ᠯᠡᠬᠦ ᠶ᠋ᠢ ᠮᠠᠭᠠᠳᠯᠠᠲᠤᠭᠠᠢ᠂ ᠬᠠᠭᠤᠴᠢᠨ ᠳᠡᠪᠢᠰᠬᠡᠷ ᠬᠡᠮᠡᠭᠰᠡᠨ ᠠᠨᠤ ᠤᠭ ᠤ᠋ᠨ ᠬᠥᠷᠥᠩᠭᠡ ᠮᠥᠨ ᠪᠣᠯᠠᠢ᠂ ᠰᠣᠶᠣᠷᠬᠠᠮᠤᠢ ᠬᠡᠮᠡᠭᠰᠡᠨ ᠠᠨᠤ ᠠᠯᠳᠠᠭᠰᠠᠨ ᠢ ᠳᠠᠬᠢᠵᠤ ᠣᠯᠬᠤ ᠪᠠ ᠪᠠᠭᠤᠷᠠᠭᠰᠠᠨ ᠠᠨᠤ ᠳᠠᠬᠢᠵᠤ ᠳᠡᠯᠭᠡᠷᠡᠬᠦ ᠬᠡᠮᠡᠭᠰᠡᠨ ᠦᠭᠡᠰ ᠪᠣᠯᠠᠢ᠃ 
      ᠪᠡᠯᠭᠡ ᠶ᠋ᠢᠨ ᠲᠣᠬᠢᠶᠠᠯᠳᠤᠪᠦᠷᠢ᠄ ᠨᠢᠭᠡᠨ ᠪᠢᠴᠢᠭ ᠦ᠋ᠨ ᠬᠥᠮᠦᠨ ᠰᠢᠯᠭᠠᠭᠠᠳ ᠣᠯᠤᠭᠰᠠᠨ ᠦᠭᠡᠢ ᠦᠵᠡᠭᠦᠯᠪᠡᠰᠦ ᠡᠨᠡ ᠲᠥᠯᠭᠡ ᠪᠠᠭᠤᠵᠤᠬᠤᠢ᠂ ᠳᠠᠷᠠᠭ᠎ᠠ ᠵᠢᠯ ᠰᠢᠯᠭᠠᠭᠠᠳ ᠲᠡᠷᠢᠭᠦᠨ ᠰᠢᠯᠭᠠᠪᠠᠢ ᠡᠨᠡ ᠨᠢ ᠳᠥᠲᠥᠭᠡᠷ ᠦᠭᠡᠰ ᠯᠦᠭᠡ ᠲᠣᠬᠢᠶᠠᠯᠳᠤᠴᠤᠬᠤᠢ᠃  
      ᠭᠤᠴᠢᠳᠤᠭᠠᠷ ᠲᠥᠯᠭᠡ : ᠤᠯᠠᠭᠠᠨ ᠬᠠᠷᠠᠭᠴᠢᠨ : ᠳᠤᠮᠳᠠ ᠰᠠᠢᠨ᠂ ᠲᠥᠯᠭᠡ ᠶ᠋ᠢᠨ ᠪᠡᠯᠭᠡ ᠠᠨᠤ: ᠯᠢᠦ ᠢ ᠪᠢᠴᠢᠭ ᠢᠯᠡᠭᠡᠭᠰᠡᠨ : ᠭᠣᠣᠯ ᠶᠣᠰᠣᠨ ᠢ ᠪᠠᠷᠢᠵᠤ ᠰᠡᠳᠬᠢᠯ ᠢ᠋ᠶ᠋ᠡᠨ ᠪᠢᠲᠡᠭᠡᠢ ᠬᠠᠭᠤᠷᠠᠭᠳᠠᠬᠤᠢ᠂ ᠳᠡᠯᠭᠡᠷᠡᠨ ᠲᠤᠭᠤᠯᠵᠤ ᠰᠠᠢᠨ ᠪᠤᠶᠠᠨ ᠢᠷᠡᠬᠦ ᠪᠣᠢ ᠨᠢᠳᠦᠨ ᠣ ᠡᠮᠦᠨ᠎ᠡ ᠠᠷᠭᠠᠴᠠᠵᠤ ᠬᠦᠰᠡᠬᠦ ᠶ᠋ᠢ ᠪᠠᠢᠬᠤ ᠬᠡᠷᠡᠭᠲᠡᠢ᠂ ᠨᠠᠮᠤᠷ ᠤ᠋ᠨ ᠰᠠᠢᠨ ᠮᠡᠳᠡᠭᠡ ᠢᠷᠡᠬᠦ ᠶ᠋ᠢ ᠪᠤᠯᠵᠣᠵᠤ ᠪᠣᠯᠤᠮᠤ᠃  
      ᠪᠣᠭᠳᠠ ᠶ᠋ᠢᠨ ᠲᠠᠭᠠᠯᠠᠯ᠂ ᠠᠰᠢᠭ ᠪᠣᠢ ᠪᠣᠯᠪᠠᠴᠤ ᠳᠡᠮᠡᠢ ᠪᠢᠲᠡᠭᠡᠢ ᠬᠦᠳᠡᠯᠡᠭᠳᠡᠭᠦᠢ᠂ ᠵᠠᠷᠭᠤ ᠡᠪᠰᠡᠪᠡᠰᠦ ᠰᠠᠢᠨ ᠡᠪᠡᠳᠴᠢᠲᠡᠨ ᠡᠮ ᠰᠢᠲᠦᠭᠳᠡᠭᠦᠢ᠂ ᠨᠡᠷ᠎ᠡ ᠴᠠᠭ ᠢ ᠬᠦᠯᠢᠶ᠎ᠡ᠂ ᠤᠷᠤᠭ ᠪᠦᠲᠦᠮᠦᠢ ᠲᠡᠢ᠂ ᠰᠡᠳᠬᠢᠯ ᠢ᠋ᠶ᠋ᠡᠨ ᠨᠣᠮᠣᠬᠠᠳᠬᠠᠪᠠᠰᠤ ᠪᠦᠭᠦᠳᠡ ᠠᠮᠤᠷ ᠵᠢᠷᠭᠠᠯ ᠪᠣᠢ᠃  
      ᠲᠠᠢᠯᠪᠤᠷᠢ ᠥᠭᠦᠯᠡᠯ : ᠡᠨᠡ ᠲᠥᠯᠭᠡ ᠳ᠋ᠦ᠍ᠷ ᠨᠢᠳᠦᠨ ᠣ ᠡᠮᠦᠨ᠎ᠡ ᠪᠢᠲᠡᠭᠡᠢ ᠳᠤᠷ᠎ᠠ ᠪᠠᠷ ᠦᠢᠯᠡᠳ᠂ ᠬᠤᠪᠢ ᠪᠠᠨ ᠰᠠᠬᠢᠲᠤᠭᠠᠢ᠂ ᠲᠦᠰᠢᠮᠡᠯ ᠬᠥᠮᠦᠨ ᠦᠵᠡᠭᠦᠯᠪᠡᠰᠦ ᠡᠷᠬᠡᠪᠰᠢ ᠵᠣᠪᠠᠬᠤ ᠰᠡᠵᠢᠭᠯᠡᠬᠦ ᠦᠢᠯᠡ ᠪᠣᠢ᠂ ᠬᠢᠴᠢᠶᠡᠩᠭᠦᠢᠯᠡᠨ ᠰᠠᠬᠢᠨ ᠴᠢᠳᠠᠪᠠᠰᠤ ᠰᠠᠶᠢ ᠪᠣᠯᠤᠮᠤᠢ᠂ ᠪᠢᠴᠢᠭ ᠦ᠋ᠨ ᠬᠥᠮᠦᠨ ᠪᠣᠯᠪᠠᠰᠤ ᠲᠦᠷ ᠢᠷᠡᠬᠦ ᠴᠠᠭ ᠢ ᠬᠦᠯᠢᠶ᠎ᠡ᠂ ᠶᠡᠷᠦ ᠶ᠋ᠢᠨ ᠬᠥᠮᠦᠨ ᠪᠣᠯᠪᠠᠰᠤ ᠬᠣᠶᠠᠷ ᠲᠤᠷ ᠲᠡᠭᠰᠢ᠂ ᠡᠪᠡᠳᠴᠢᠲᠡᠨ ᠡᠮ ᠡᠰᠡ ᠤᠤᠭᠤᠬᠤ᠂ ᠵᠠᠷᠭᠤ ᠶ᠋ᠢ ᠪᠢᠲᠡᠭᠡᠢ ᠡᠭᠦᠰᠬᠡ᠂ ᠤᠷᠤᠭ ᠪᠦᠲᠦᠮᠵᠢ ᠪᠣᠢ : ᠬᠦᠰᠡᠭᠰᠡᠨ ᠬᠡᠷᠡᠭ ᠤᠷᠢᠲᠠᠨ ᠬᠦᠴᠢᠷ ᠬᠣᠵᠢᠮ ᠬᠢᠯᠪᠠᠷ᠂ ᠱᠠᠭᠠᠷᠳᠠᠨ ᠦᠢᠯᠡᠳᠬᠦ ᠬᠡᠷᠡᠭ ᠦᠭᠡᠢ᠂ ᠬᠤᠪᠢ ᠪᠠᠨ ᠰᠠᠬᠢᠪᠠᠰᠤ ᠨᠠᠮᠤᠷ ᠴᠠᠭ ᠲᠤᠷ ᠰᠠᠶᠢ ᠪᠣᠯᠬᠤ ᠪᠣᠯᠠᠢ᠃ 
      ᠰᠠᠨᠠᠭ᠎ᠠ ᠲᠠᠢᠯᠤᠭᠰᠠᠨ᠄ ᠡᠷᠭᠢᠨ ᠬᠥᠮᠦᠨ ᠪᠣᠯᠪᠠᠰᠤ ᠡᠷᠡᠭᠦᠦ ᠬᠣᠣᠷ ᠤ᠋ᠨ ᠵᠣᠪᠠᠯᠠᠩ ᠪᠣᠢ᠂ ᠪᠢᠴᠢᠭ ᠦ᠋ᠨ ᠬᠥᠮᠦᠨ ᠪᠣᠯᠪᠠᠰᠤ ᠳᠠᠷᠤᠢ ᠳ᠋ᠠᠭᠠᠨ ᠰᠠᠨᠠᠭᠠᠨ ᠳ᠋ᠤᠷ ᠬᠦᠷᠬᠦ ᠦᠭᠡᠢ᠂ ᠨᠠᠮᠤᠷ ᠤ᠋ᠨ ᠴᠠᠭ ᠢ ᠬᠦᠯᠢᠶᠡᠪᠡᠰᠦ ᠰᠠᠢᠨ ᠮᠡᠳᠡᠭᠡ ᠪᠣᠢ᠂ ᠶᠡᠷᠦ ᠶ᠋ᠢᠨ ᠲᠤᠯᠠ ᠦᠵᠡᠭᠦᠯᠪᠡᠰᠦ ᠲᠥᠪ ᠰᠢᠳᠤᠷᠭᠤ ᠪᠠᠷ ᠶᠠᠪᠤᠭᠠᠳ ᠴᠠᠭ ᠢ ᠬᠦᠯᠢᠶᠡᠵᠦ ᠬᠥᠳᠡᠯᠡᠪᠡᠰᠦ ᠪᠣᠯᠤᠮᠤᠢ᠃ 
      ᠪᠡᠯᠭᠡ ᠶ᠋ᠢᠨ ᠲᠣᠬᠢᠶᠠᠯᠳᠤᠪᠤᠷᠢ : ᠨᠢᠭᠡᠨ ᠬᠥᠮᠦᠨ ᠪᠠᠭ᠎ᠠ ᠠ᠋ᠴᠠ ᠰᠡᠳᠬᠢᠯ ᠲᠥᠪ ᠰᠢᠳᠤᠷᠭᠤ᠂ ᠶᠠᠮᠤᠨ ᠳ᠋ᠤ᠌ ᠣᠷᠣᠭᠠᠳ ᠵᠢᠯ ᠤᠳᠠᠭᠠᠨ ᠶᠠᠪᠤᠵᠤ ᠲᠡᠩᠭᠡᠬᠦ ᠦᠭᠡᠢ ᠳ᠋ᠡᠭᠡᠨ ᠦᠵᠡᠭᠦᠯᠪᠡᠰᠦ ᠡᠨᠡ ᠲᠥᠯᠭᠡ ᠪᠠᠭᠤᠵᠤᠬᠤᠢ᠂ ᠨᠠᠮᠤᠷ ᠤ᠋ᠨ ᠴᠠᠭ ᠲᠤᠷ ᠨᠢᠭᠡᠨ ᠦᠭᠡᠢᠭᠦᠦ ᠪᠢᠴᠢᠭ ᠦ᠋ᠨ ᠬᠥᠮᠦᠨ ᠤᠷᠤᠭ ᠪᠣᠯᠵᠤ ᠲᠡᠭᠦᠨ ᠣ ᠥᠬᠢᠨ ᠢ ᠪᠡᠷᠢ ᠪᠣᠯᠭᠠᠵᠤ ᠠᠪᠤᠭᠠᠳ᠂ ᠬᠥᠪᠡᠭᠦᠨ ᠤ ᠬᠠᠳᠠᠮ ᠲᠦᠰᠢᠮᠡᠯ ᠪᠣᠯᠤᠭᠰᠠᠨ ᠳ᠋ᠤᠷ ᠡᠴᠢᠭᠡ ᠬᠥᠪᠡᠭᠦᠨ ᠲᠡᠢ ᠣᠯᠵᠠ ᠶ᠋ᠢ ᠮᠠᠰᠢ ᠶᠡᠬᠡ ᠣᠯᠪᠠ᠃