ᠡᠬᠡ ᠣᠷᠣᠨ ᠤ ᠮᠠᠷᠭᠠᠰᠢ - ᠴᠣ ᠂ ᠣᠷᠱᠤᠨ Эх орны маргааш – Чо ᠂ Оршин
ᠡᠬᠡ ᠣᠷᠣᠨ ᠤ ᠮᠠᠷᠭᠠᠰᠢ
ᠡᠬᠡ ᠳ᠋ᠡᠭᠡᠨ ᠴᠢ ᠪᠣᠯ ᠦᠷ᠎ᠡ ᠪᠢᠯᠡ
ᠡᠬᠡ ᠣᠷᠣᠨ ᠳ᠋ᠠᠭᠠᠨ ᠴᠢ ᠪᠣᠯ ᠬᠣᠢᠴᠢ ᠪᠢᠯᠡ᠂
ᠠᠪᠤ ᠳ᠋ᠠᠭᠠᠨ ᠴᠢ ᠪᠣᠯ ᠠᠯᠳᠠᠷᠠᠢ ᠪᠢᠯᠡ
ᠠᠷᠠᠳ ᠲᠦᠮᠡᠨ ᠳ᠋ᠡᠭᠡᠨ ᠴᠢ ᠪᠣᠯ ᠡᠷᠳᠡᠨᠢ ᠪᠢᠯᠡ᠃
ᠭᠡᠪᠡᠴᠦ ᠣᠳᠣ ᠰᠤᠷᠭᠠᠭᠤᠯᠢ ᠳᠠᠪᠰᠢᠵᠤ
ᠭᠡᠷ ᠨᠤᠲᠤᠭ ᠠ᠋ᠴᠠ ᠪᠠᠨ ᠠᠶᠠᠷᠯᠠᠬᠤ ᠪᠣᠯᠤᠯ᠎ᠠ᠂
ᠰᠠᠨᠠᠵᠤ ᠪᠣᠳᠣᠬᠤ ᠢᠲᠡᠭᠡᠯ ᠭᠡᠪᠡᠯ
ᠰᠠᠭᠠᠷᠠᠯ ᠦᠭᠡᠢ ᠬᠢᠴᠢᠶᠡᠬᠦ ᠯᠡ ᠬᠡᠷᠡᠭ᠃
ᠬᠥᠯ ᠢ᠋ᠶ᠋ᠡᠷ ᠬᠦᠷᠬᠦ ᠦᠭᠡᠢ ᠠᠯᠤᠰ ᠭᠠᠵᠠᠷ ᠠ᠋ᠴᠠ
ᠬᠥᠮᠦᠨ ᠦ᠌ ᠭᠠᠢᠬᠠᠮᠰᠢᠭ ᠢ᠋ ᠠᠪᠴᠢᠷᠠᠨ᠎ᠠ ᠭᠡᠳᠡᠭ᠂
ᠵᠣᠷᠢᠭ ᠰᠥᠰᠥ ᠲᠡᠢ ᠰᠤᠷᠤᠯᠴᠠᠬᠤ ᠳ᠋ᠤ᠌ ᠪᠣᠢ
ᠵᠣᠷᠢᠯᠭ᠎ᠠ ᠬᠠᠷᠠᠯᠲᠠ ᠲᠠᠢ ᠲᠡᠮᠡᠴᠡᠬᠦ ᠳ᠋ᠦ᠍ ᠯᠡ ᠪᠣᠢ᠃
ᠡᠷᠳᠡᠮ ᠮᠡᠳᠡᠯᠭᠡ ᠶ᠋ᠢ ᠰᠢᠨᠤᠨ ᠬᠦᠷᠳᠡᠭᠴᠢᠳ
ᠢᠳᠡᠵᠦ ᠲᠠᠷᠭᠤᠯᠠᠨ ᠭᠡᠳᠡᠰᠦᠯᠡᠬᠦ ᠪᠢᠰᠢ᠂
ᠡᠷᠪᠡᠢ ᠪᠡᠶ᠎ᠡ ᠪᠡᠨ ᠣᠶᠤᠨ ᠢ᠋ᠶ᠋ᠠᠷ ᠵᠡᠪᠰᠡᠭᠯᠡᠵᠦ
ᠡᠨᠡᠷᠢᠯ ᠦ᠋ᠨ ᠠᠴᠢ ᠶ᠋ᠢ ᠬᠠᠷᠢᠭᠤᠯᠬᠤ ᠳ᠋ᠤ᠌ ᠪᠣᠢ᠃
ᠦᠷ᠎ᠡ ᠶ᠋ᠢᠨ ᠭᠠᠭᠴᠠ ᠴᠢᠮ᠎ᠠ ᠶ᠋ᠢ ᠡᠷᠬᠡᠯᠡᠭᠦᠯᠦᠭᠰᠡᠨ ᠦᠭᠡᠢ
ᠦᠶ᠎ᠡ ᠶ᠋ᠢᠨ ᠨᠥᠬᠥᠳ ᠴᠢᠨᠢ ᠭᠠᠳᠠᠭᠤᠷᠴᠢᠯᠠᠭᠰᠠᠨ ᠦᠭᠡᠢ᠂
ᠪᠠᠷᠳᠠᠮ ᠢ᠋ ᠲᠡᠪᠴᠢᠵᠦ ᠳᠠᠷᠤᠤ ᠶ᠋ᠢ ᠡᠷᠬᠢᠮᠯᠡᠭᠡᠳ
ᠪᠠᠰᠠ ᠴᠣᠯᠭᠣᠷᠠᠬᠤ ᠳ᠋ᠤ᠌ ᠤᠷᠮ᠎ᠠ ᠴᠢᠨᠢ ᠬᠥᠭᠵᠢᠯᠡ᠃
ᠥᠴᠥᠭᠡᠳᠦᠷ ᠭᠡᠬᠦ ᠳ᠋ᠦ᠍ ᠴᠢ ᠮᠢᠨᠢ ᠥᠰᠪᠥᠷᠢ
ᠦᠰᠦᠭ ᠢ᠋ ᠰᠢᠮᠡᠳᠬᠡᠵᠦ ᠣᠷᠭᠢᠯ ᠳ᠋ᠤ᠌ ᠠᠪᠠᠷᠢᠯᠠ
ᠥᠨᠥᠳᠥᠷ ᠪᠣᠯᠬᠤ ᠳ᠋ᠤ᠌ ᠴᠢ ᠮᠢᠨᠢ ᠥᠰᠴᠦ
ᠥᠭᠭᠢᠶᠡᠮᠦᠷ ᠰᠣᠶᠣᠯ ᠤ᠋ᠨ ᠳᠡᠭᠲᠡᠷ ᠲᠦ᠍ ᠮᠠᠴᠤᠯ᠎ᠠ᠃
ᠡᠬᠡ ᠴᠢᠨᠢ ᠴᠢᠮ᠎ᠠ ᠶ᠋ᠢ ᠰᠠᠨᠠᠨ᠎ᠠ ᠭᠡᠳᠡᠭ
ᠡᠷᠳᠡᠮ ᠢ᠋ᠶ᠋ᠡᠷ ᠰᠢᠮᠡᠵᠢᠪᠡᠯ ᠰᠠᠨᠠᠭ᠎ᠠ ᠠᠮᠤᠷᠤᠨᠠ᠂
ᠡᠴᠢᠭᠡ ᠴᠢᠨᠢ ᠴᠢᠮ᠎ᠠ ᠶ᠋ᠢ ᠪᠣᠳᠣᠨ᠎ᠠ ᠭᠡᠭᠴᠢ
ᠮᠡᠳᠡᠯᠭᠡ ᠡᠪᠦᠷᠯᠡᠪᠡᠯ ᠴᠡᠭᠡᠵᠢ ᠲᠡᠨᠢᠢᠨ᠎ᠡ᠃
ᠡᠨᠡ ᠪᠦᠭᠦᠳᠡ ᠵᠢᠷᠦᠬᠡᠨ ᠦ᠌ ᠮᠢᠨᠢ ᠪᠡᠯᠭᠡᠳᠡᠯ
ᠡᠷᠡᠨ ᠦ᠌ ᠦᠢᠯᠡᠰ ᠴᠢᠨᠦ ᠬᠣᠷᠸ᠎ᠠ᠂
ᠡᠷᠭᠢᠭᠡᠳ ᠪᠠᠰᠠ ᠴᠢᠮ᠎ᠠ ᠳ᠋ᠠᠭᠠᠨ ᠨᠠᠢᠳᠠᠬᠤ
ᠡᠬᠡ ᠣᠷᠣᠨ ᠤ᠋ ᠵᠢᠪᠬᠤᠭᠠᠲᠤ ᠮᠠᠷᠭᠠᠰᠢ᠃
ᠵᠠᠰᠠᠮᠵᠢ ᠪᠠᠷ ᠰᠦᠯᠡᠭᠰᠡᠨ ᠰᠢᠯᠦᠭ ᠦ᠋ᠨ ᠬᠦᠰᠡᠯ
ᠪᠦᠷᠢᠨ ᠰᠤᠷᠤᠯᠭ᠎ᠠ ᠶ᠋ᠢᠨ ᠴᠢᠨᠢ ᠡᠷᠴᠢ ᠪᠣᠯᠪᠠᠯ᠂
ᠵᠠ ᠶᠠᠭᠠᠬᠢᠬᠤᠪ᠂ ᠠᠪᠤ ᠴᠢᠨᠢ ᠡᠨᠳᠡ ᠪᠡᠨ
ᠪᠦᠲᠦᠮᠵᠢ ᠴᠢᠩᠨᠠᠵᠤ ᠪᠡᠶᠡᠰᠦᠨ ᠰᠠᠭᠤᠨ᠎ᠠ ᠳᠠ᠃
ᠢᠷᠡᠯᠲᠡ᠄· ᠴᠣ· ᠣᠷᠱᠤᠨ ᠤ᠋《 ᠮᠠᠯᠴᠢᠨ ᠬᠥᠮᠦᠨ ᠦ᠌ ᠳᠠᠭᠤᠤ》 ᠨᠣᠮ ᠠ᠋ᠴᠠ ᠡᠰᠢᠯᠡᠪᠡ᠃
ᠦᠰᠦᠭ ᠠᠮᠢᠯᠠᠭᠤᠯᠤᠭᠴᠢ᠄ ᠪᠠᠶᠠᠷᠴᠡᠴᠡᠭ
2024 04 26
