ᠲᠤᠱᠠ ᠡᠪᠡᠰᠦТуш өвс

ᠲᠤᠱᠠ ᠡᠪᠡᠰᠦ
ᠦᠶᠡᠲᠦ ᠤᠷᠭᠤᠮᠠᠯ ᠤ᠋ᠨ ᠢᠵᠠᠭᠤᠷ
ᠣᠯᠠᠨ ᠨᠠᠰᠤᠲᠤ ᠡᠪᠡᠰᠦᠯᠢᠭ ᠤᠷᠭᠤᠮᠠᠯ᠂ ᠬᠠᠲᠠᠭᠤ ᠮᠥᠷᠲᠡᠭᠡᠨ ᠪᠥᠬᠡ ᠣᠯᠠᠨ ᠰᠠᠬᠠᠯ ᠦᠨᠳᠦᠰᠦ ᠲᠡᠢ᠃ ᠰᠦᠷᠡᠯ ᠨᠢ 15—25cm ᠥᠨᠳᠥᠷ᠂ ᠵᠠᠷᠢᠮ ᠳ᠋ᠠᠭᠠᠨ ᠭᠠᠵᠠᠷ ᠳᠡᠭᠡᠷ᠎ᠡ ᠮᠥᠯᠬᠥᠭᠡ ᠤᠷᠭᠤᠨ᠎ᠠ᠂ 80cm ᠣᠷᠴᠢᠮ ᠤᠷᠲᠤ ᠪᠣᠯᠳᠠᠭ᠂ ᠦᠶ᠎ᠡ ᠳ᠋ᠦ᠍ᠨᠢ ᠨᠢᠭ ᠵᠥᠭᠡᠯᠡᠨ ᠦᠰᠦ ᠲᠡᠢ᠂ ᠣᠵᠣᠭᠣᠷ ᠤ᠋ᠨ ᠬᠡᠰᠡᠭ ᠢ᠋ ᠨᠢ ᠬᠠᠢᠷᠰᠤᠨ ᠢᠯᠲᠠᠰᠤ ᠰᠢᠭ᠋ ᠨᠠᠪᠴᠢᠨ ᠤ᠋ ᠲᠣᠭᠳᠣᠢ ᠬᠤᠴᠢᠵᠤ ᠪᠣᠢ᠃ ᠨᠠᠪᠴᠢᠨ ᠤ᠋ ᠲᠣᠭᠳᠣᠢ ᠨᠢ ᠣᠯᠠᠩᠬᠢ ᠳ᠋ᠠᠭᠠᠨ ᠦᠶ᠎ᠡ ᠶ᠋ᠢᠨ ᠵᠠᠢ ᠠ᠋ᠴᠠ ᠤᠷᠲᠤ ; ᠨᠠᠪᠴᠢ ᠨᠢ ᠬᠠᠲᠠᠭᠤ᠂ 1.5—5cm ᠤᠷᠲᠤ᠂ 1.5—4mm ᠥᠷᠭᠡᠨ᠂ ᠶᠡᠷᠦ ᠳ᠋ᠡᠭᠡᠨ ᠬᠤᠮᠢᠷᠠᠭᠠᠳ ᠵᠡᠭᠦᠦ ᠮᠡᠲᠦ ᠪᠣᠯᠳᠠᠭ᠃ ᠱᠣᠷᠣᠯᠵᠢᠨ ᠬᠡᠯᠪᠡᠷᠢᠲᠦ ᠪᠠᠭ ᠴᠡᠴᠡᠭ ᠨᠢ ᠶᠡᠷᠦ ᠳ᠋ᠡᠭᠡᠨ ᠲᠦᠷᠦᠭᠦᠦ ᠬᠡᠯᠪᠡᠷᠢ ᠲᠡᠢ᠂ 2.5—6cm ᠤᠷᠲᠤ᠂ 5—12mm ᠥᠷᠭᠡᠨ᠂ ᠵᠢᠵᠢᠭ ᠲᠦᠷᠦᠭᠦᠦ ᠨᠢ ᠪᠠᠭ ᠴᠡᠴᠡᠭ ᠦ᠋ᠨ ᠤᠭ ᠠ᠋ᠴᠠ ᠣᠷᠣᠢ ᠬᠦᠷᠲᠡᠯ᠎ᠡ ᠢᠭᠴᠢ ᠪᠠᠢᠷᠢᠯᠠᠨ᠎ᠠ ; ᠵᠢᠵᠢᠭ ᠲᠦᠷᠦᠭᠦᠦ ᠨᠢ ᠥᠨᠳᠡᠭᠡᠯᠵᠢᠨ ᠬᠠᠪᠲᠠᠭᠠᠢ ᠲᠡᠪᠡᠨᠡ ᠬᠡᠯᠪᠡᠷᠢ ᠲᠡᠢ᠄ 4—10 ᠬᠦᠢᠰ ᠴᠡᠴᠡᠭ ᠲᠡᠢ᠂ 4—6mm ᠤᠷᠲᠤ ; ᠬᠠᠯᠢᠰᠤ ᠨᠢ ᠰᠠᠷᠢᠰᠤᠯᠢᠭ᠂ ᠨᠢᠮᠭᠡᠨ ᠬᠥᠪᠡᠭᠡ ᠲᠡᠢ᠂ ᠨᠢᠭᠡᠳᠦᠭᠡᠷ ᠬᠠᠯᠢᠰᠤ ᠨᠢ 1.5—2mm ᠤᠷᠲᠤ᠂ ᠭᠤᠷᠪᠠᠨ ᠰᠤᠳᠠᠯ ᠲᠠᠢ᠂ ᠬᠣᠶᠠᠳᠤᠭᠠᠷ ᠬᠠᠯᠢᠰᠤ ᠨᠢ 2—2.5mm ᠤᠷᠲᠤ᠂ 5—7 ᠰᠤᠳᠠᠯ ᠲᠠᠢ ; ᠭᠠᠳᠠᠷ ᠬᠡᠪᠡᠭ ᠨᠢ ᠱᠣᠪᠬᠣ ᠦᠵᠦᠭᠦᠷ ᠲᠡᠢ᠂ 9—10 ᠰᠤᠳᠠᠯ ᠲᠠᠢ᠂ ᠠᠷᠤ ᠳ᠋ᠤᠨᠢ ᠦᠰᠦ ᠦᠭᠡᠢ ; ᠰᠠᠭᠤᠷᠢ ᠲᠠᠪᠠᠭ ᠨᠢ ᠲᠠᠷᠠᠮᠠᠭ ᠵᠢᠵᠢᠭ ᠦᠰᠦ ᠲᠡᠢ ; ᠳᠣᠲᠣᠷ ᠬᠡᠪᠡᠭ ᠨᠢ ᠭᠠᠳᠠᠷ ᠬᠡᠪᠡᠭ ᠲᠡᠢ ᠢᠵᠢᠯ ᠤᠷᠲᠤ᠂ ᠠᠷᠤ ᠶ᠋ᠢᠨ ᠬᠢᠨᠢ ᠭᠣᠣᠯ ᠰᠤᠳᠠᠯ ᠳ᠋ᠤ᠌ ᠵᠢᠵᠢᠭ ᠦᠰᠦ ᠲᠡᠢ ; ᠲᠣᠭᠣᠰᠣᠪᠴᠢ ᠨᠢ 1.5mm ᠣᠷᠴᠢᠮ ᠤᠷᠲᠤ᠃
ᠬᠤᠵᠢᠷᠯᠢᠭ ᠭᠠᠵᠠᠷ᠂ ᠳᠠᠯᠠᠢ ᠶ᠋ᠢᠨ ᠬᠥᠪᠡᠭᠡ ᠪᠡᠷ ᠤᠷᠭᠤᠨ᠎ᠠ᠃
ᠮᠠᠨ ᠤ᠋ ᠤᠯᠤᠰ ᠤ᠋ᠨ ᠬᠥᠬᠡᠮᠥᠷᠡᠨ ᠡᠴᠡ ᠤᠮᠠᠷᠠᠲᠤᠬᠢ ᠳᠠᠯᠠᠢ ᠶ᠋ᠢᠨ ᠡᠷᠭᠢ ᠳᠠᠭᠠᠤ ᠡᠯ᠎ᠡ ᠮᠣᠵᠢ ᠬᠢᠭᠡᠳ ᠥᠪᠥᠷ ᠮᠣᠩᠭᠣᠯ᠂ ᠭᠠᠨᠰᠦ᠂ ᠨᠢᠩᠰᠢᠶᠠ ᠵᠡᠷᠭᠡ ᠮᠣᠵᠢ ᠣᠷᠣᠨ ᠳ᠋ᠤ᠌ ᠪᠦᠷ ᠤᠷᠭᠤᠳᠠᠭ᠃
ᠡᠯᠡᠰᠦ ᠲᠣᠭᠲᠠᠭᠠᠬᠤ ᠰᠢᠯᠢᠳᠡᠭ ᠰᠠᠢᠨ ᠤᠷᠭᠤᠮᠠᠯ ᠮᠥᠨ᠃
ᠬᠢᠲᠠᠳ ᠨᠡᠷ᠎ᠡ᠄獐毛(马绊草)
ᠠᠩᠭ᠌ᠯᠢ ᠨᠡᠷ᠎ᠡ᠄ Aeluropus sinensis (Debeaux) Tzvel.
ᠦᠰᠦᠭ ᠠᠮᠢᠯᠠᠭᠤᠯᠤᠭᠴᠢ᠄ ᠳ· ᠡᠷᠬᠢᠮᠪᠠᠭᠠᠲᠤᠷ
ᠬᠢᠨᠠᠭᠴᠢ᠄ ᠫᠣ· ᠴᠠᠭᠠᠨ
