ᠵᠢᠩᠴᠢᠨ ᠦ᠌ ᠳᠠᠭᠤᠤ -ᠣᠶᠤᠨᠪᠢᠯᠢᠭ᠌Jinchny duu-OyuunbilegЖинчны дуу-Оюунбилэг ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠢᠩᠴᠢᠨ ᠦ᠌ ᠳᠠᠭᠤᠤ -ᠣᠶᠤᠨᠪᠢᠯᠢᠭ᠌Jinchny duu-OyuunbilegЖинчны дуу-Оюунбилэг

ᠵᠢᠩᠴᠢᠨ ᠦ᠌ ᠳᠠᠭᠤᠤ -ᠣᠶᠤᠨᠪᠢᠯᠢᠭ᠌Jinchny duu-OyuunbilegЖинчны дуу-Оюунбилэг

ᠠᠩᠭᠢᠯᠠᠯ:ᠳᠠᠭᠤᠤ ᠬᠥᠭᠵᠢᠮ
2026-08-29

3

ᠵᠢᠩᠴᠢᠨ ᠦ᠌ ᠳᠠᠭᠤᠤ


 ᠦᠭᠡ ᠄ ᠪᠤᠷᠴᠠᠭ 
 ᠠᠶ᠎ᠠ ᠄ ᠰᠠᠷᠭᠠᠢ 
 ᠬᠥᠭᠵᠢᠮ ᠄ ᠪ ᠂ ᠮᠥᠩᠬᠡᠵᠢᠷᠭᠠᠯ 
 ᠳᠠᠭᠤᠴᠢᠨ᠄ ᠣᠶᠤᠨᠪᠢᠯᠢᠭ᠌  

ᠲᠡᠮᠡᠭᠡᠨ ᠵᠢᠩ ᠦ᠋ᠨ ᠪᠠᠷ᠎ᠠ ᠨᠢ ᠲᠡᠭᠷᠢ ᠶ᠋ᠢᠨ ᠬᠠᠶᠠᠭ᠎ᠠ ᠶ᠋ᠢ ᠲᠠᠯᠠᠨ᠎ᠠ 
ᠲᠡᠷᠲᠡᠭᠡ ᠰᠦᠮᠡᠯᠵᠡᠬᠦ ᠠᠭᠤᠯᠠᠰ ᠡᠴᠡ ᠳᠣᠮᠣᠭ ᠶᠠᠷᠢᠶ᠎ᠠ ᠦᠷᠭᠦᠯᠵᠢᠯᠡᠨ᠎ᠡ 
ᠠᠶᠠᠰ ᠤ᠋ᠨ ᠰᠠᠯᠬᠢᠨ ᠤ᠋ ᠰᠡᠪᠢᠯᠵᠡᠭᠡᠨ ᠳ᠋ᠦ᠍ ᠨᠢ ᠠᠲᠠᠨ ᠲᠡᠮᠡᠭᠡᠳ ᠪᠣᠢᠯᠠᠨ᠎ᠠ 
ᠠᠮᠠᠷᠠᠭ ᠢ᠋ᠶ᠋ᠠᠨ ᠰᠠᠨᠠᠭᠰᠠᠨ ᠰᠡᠳᠬᠢᠯ ᠮᠢᠨᠢ ᠠᠯᠤᠰ ᠢ᠋ ᠰᠢᠷᠲᠡᠭᠡᠳ ᠭᠠᠩᠰᠠᠷᠠᠨ᠎ᠠ 
ᠠᠶᠠᠨ ᠤ᠋ ᠤᠷᠲᠤᠬᠠᠨ ᠬᠣᠨᠣᠭ ᠤ᠋ᠳ ᠲᠤ᠌ ᠠᠮᠠᠷᠠᠭ ᠬᠣᠩᠭᠣᠷ ᠮᠢᠨᠢ ᠡᠷᠢᠭᠳᠡᠨ᠎ᠡ 
ᠬᠦᠰᠡᠯ ᠦ᠋ᠨ ᠭᠡᠭᠡᠨ ᠬᠠᠷᠭᠤᠢ ᠳ᠋ᠤ᠌ ᠬᠥᠭᠡᠷᠦᠬᠦᠢ ᠦᠷ᠎ᠡ ᠮᠢᠨᠢ ᠨᠢᠯᠬᠠᠷᠠᠨ᠎ᠠ 

ᠪᠤᠭᠤᠷᠤᠯ ᠲᠠᠯ᠎ᠠ ᠶ᠋ᠢᠨ ᠥᠷᠥᠴᠡᠨ ᠳ᠋ᠦ᠍ ᠪᠣᠲᠣᠭᠣᠨ ᠪᠣᠢᠯᠠᠭ᠎ᠠ ᠨᠢ ᠭᠤᠩᠭᠠᠨᠢᠨ᠎ᠠ
ᠪᠣᠳᠣᠯ ᠤ᠋ᠨ ᠲᠣᠷᠭᠠᠨ ᠡᠭᠡᠰᠢᠭ ᠲᠦ᠍ ᠨᠢ ᠪᠤᠶᠠᠨᠲᠠᠢ ᠬᠣᠶᠠᠷ ᠮᠢᠨᠢ ᠪᠥᠷᠲᠥᠯᠵᠡᠨ᠎ᠡ
ᠲᠡᠮᠡᠭᠡᠨ ᠵᠢᠩ ᠦ᠋ᠨ ᠪᠠᠷ᠎ᠠ ᠨᠢ ᠲᠠᠯ᠎ᠠ ᠶ᠋ᠢᠨ ᠵᠡᠷᠭᠡᠯᠭᠡᠨ ᠳ᠋ᠦ᠍ ᠮᠢᠷᠠᠯᠵᠠᠨ᠎ᠠ
ᠲᠡᠷᠲᠡᠭᠡ ᠲᠤᠨᠤᠯᠵᠠᠬᠤ ᠤᠰᠤᠨ ᠳ᠋ᠤ᠌ ᠨᠢ ᠲᠡᠦᠬᠡ ᠶ᠋ᠢᠨ ᠮᠥᠷ ᠲᠣᠳᠣᠷᠠᠨ᠎ᠠ
ᠲᠡᠷᠲᠡᠭᠡ ᠬᠣᠯᠠ ᠶ᠋ᠢᠨ ᠨᠡᠭᠦᠳᠡᠯ ᠡᠴᠡ ᠵᠢᠩ ᠦ᠋ᠨ ᠬᠣᠩᠬᠣ ᠨᠢ ᠰᠣᠨᠣᠰᠤᠭᠳᠠᠨ᠎ᠠ
ᠳᠡᠩᠳᠡᠭᠦᠦ ᠤᠶᠠᠬᠠᠨ ᠰᠡᠳᠬᠢᠯ ᠡᠴᠡ ᠵᠢᠩᠴᠢᠨ ᠦ᠌ ᠳᠠᠭᠤᠤ ᠨᠢ ᠤᠶᠠᠩᠭᠠᠷᠠᠨ᠎ᠠ
ᠠᠶᠠᠨ ᠤ᠋ ᠤᠷᠲᠤᠬᠠᠨ ᠬᠣᠨᠣᠭ ᠤ᠋ᠳ ᠲᠤ᠌ ᠠᠮᠠᠷᠠᠭ ᠬᠣᠩᠭᠣᠷ ᠮᠢᠨᠢ ᠡᠷᠢᠭᠳᠡᠨ᠎ᠡ
ᠬᠦᠰᠡᠯ ᠦ᠋ᠨ ᠭᠡᠭᠡᠨ ᠬᠠᠷᠭᠤᠢ ᠳ᠋ᠤ᠌ ᠬᠥᠭᠡᠷᠦᠬᠦᠢ ᠦᠷ᠎ᠡ ᠮᠢᠨᠢ ᠨᠢᠯᠬᠠᠷᠠᠨ᠎ᠠ
ᠬᠥᠭᠡᠷᠦᠬᠦᠢ ᠦᠷ᠎ᠡ ᠮᠢᠨᠢ ᠨᠢᠯᠬᠠᠷᠠᠨ᠎ᠠ

 ᠢᠷᠡᠯᠲᠡ᠄ ᠰᠦᠯᠵᠢᠶ᠎ᠡ
 ᠪᠢᠴᠢᠯᠭᠡ᠂ ᠦᠰᠦᠭ ᠠᠮᠢᠯᠠᠭᠤᠯᠵᠤ ᠬᠠᠲᠠᠭᠰᠠᠨ ᠨᠢ ᠄ ᠭᠠᠸᠠ
 ᠬᠢᠨᠠᠭᠴᠢ ᠄ ᠢᠷᠡᠭᠡᠳᠦᠢ